— 《ᠵᠢᠪᠬᠤᠯᠠᠩᠳᠦ ᠬᠤᠩᠭᠤᠷ ᠠᠭᠤᠯᠠ》 ᠬᠡᠭᠦ᠌
ᠳᠠᠭᠤᠤ ᠵᠢ ᠰᠤᠨᠤᠰᠤᠭᠠᠳ
《ᠤᠷᠭᠤᠬᠤ ᠨᠠᠷᠠᠶᠢ ᠵᠤᠯᠠᠢ ᠳ᠋ᠠᠭᠠᠨ ᠳᠠᠬᠢᠭᠰᠠᠨ
ᠤᠭᠠᠯᠵᠠᠨ
ᠡᠭᠦᠯᠡᠰ ᠳᠤᠮᠳᠠ ᠨᠢ ᠬᠦᠪᠦᠯᠵᠡᠭᠰᠡᠨ
ᠠᠭᠤᠳᠠᠮ
ᠬᠤᠷᠮᠤᠢ ᠨᠢ ᠰᠦᠷᠦᠭᠢᠶᠠᠷ ᠨᠠᠯᠠᠶ᠋ᠢᠭᠠᠳ
ᠤᠴᠠᠷᠠᠭᠰᠠᠨ
ᠡᠵᠡᠳ ᠨᠢ ᠰᠢᠳᠦᠨ ᠤᠮᠤᠭᠰᠢᠭᠰᠠᠨ
ᠪᠢᠷᠤᠨ ᠦᠵᠦᠭ ᠰᠢᠭ ᠱᠤᠪᠬᠤᠨ ᠤᠷᠭᠢᠯ ᠨᠢ
ᠪᠢᠯᠢᠭᠤᠨ
ᠰᠢᠳᠢᠶᠢ ᠦᠷᠡᠰ ᠳᠡᠭᠡᠨ ᠰᠤᠶᠤᠷᠬᠠᠭᠰᠠᠨ
ᠪᠡᠶᠡᠴᠢᠯᠡᠨ
ᠢᠯᠡᠷᠡᠳᠡᠭ ᠤᠪᠤᠭᠠᠨ ᠡᠵᠡᠨ ᠨᠢ
ᠪᠡᠷᠬᠡ
ᠭᠠᠴᠢᠭ ᠡᠴᠠ ᠠᠷᠠᠳᠢᠶᠠᠨ ᠦᠮᠦᠭᠯᠡᠭᠰᠡᠨ
ᠠᠢ ᠬᠦ᠋
ᠵᠧ ᠬᠦ᠋
ᠦᠨᠢᠳᠡᠶᠢᠨ
ᠳᠠᠷᠬᠠᠨ ᠰᠢᠳᠦᠭᠡᠨ
ᠵᠢᠪᠬᠤᠯᠠᠩᠳᠦ
ᠬᠤᠩᠭᠤᠷ ᠠᠭᠤᠯᠠ ᠮᠢᠨᠢ
ᠠᠷᠴᠠ
ᠨᠠᠷᠠᠰᠦ ᠨᠢ ᠵᠠᠩᠵᠤᠯᠠᠨ ᠰᠡᠬᠦᠶ᠋ᠢᠭᠡᠳ
ᠠᠰᠬᠠ
ᠬᠠᠳᠠ ᠨᠢ ᠳᠦᠷᠢ ᠪᠠᠷ ᠠᠮᠢᠯᠠᠭᠰᠠᠨ
ᠠᠷᠢᠶᠡᠳᠠᠨ
ᠠᠮᠢᠳᠠᠳ ᠨᠢ ᠤᠢ ᠳ᠋ᠤ ᠨᠢ ᠰᠢᠪᠡᠭᠡᠯᠡᠭᠡᠳ
ᠡᠮᠳᠦ
ᠤᠷᠭᠤᠮᠠᠯ ᠨᠢ ᠰᠢᠮᠡ ᠪᠠᠷ ᠬᠠᠩᠬᠤᠯᠠᠭᠰᠠᠨ
ᠠᠯᠢᠮᠠᠳᠦᠶᠢᠨ
ᠠᠮᠠᠨ ᠳ᠋ᠤ ᠨᠢ ᠵᠢᠮᠢᠰ ᠪᠦᠩᠵᠤᠭᠡᠨᠡᠭᠡᠳ
ᠮᠦᠰᠦᠨ
ᠬᠦᠨᠳᠡᠢ ᠳ᠋ᠤ ᠨᠢ ᠠᠳᠤᠭᠤ ᠱᠤᠭᠤᠭᠰᠠᠨ
ᠵᠡᠷᠭᠡᠯᠭᠡᠨᠳᠦ ᠪᠤᠯᠠᠭᠢ
ᠨᠢ ᠮᠤᠭᠠᠢ ᠰᠠᠬᠢᠭᠠᠳ
ᠵᠢᠭᠦᠷᠳᠡᠨ
ᠰᠢᠪᠠᠭᠤᠳ ᠨᠢ ᠳᠠᠭᠤᠯᠠᠨ ᠳᠤᠩᠭᠤᠳᠤᠭᠰᠠᠨ
ᠠᠢ ᠬᠦ᠋
ᠵᠧ ᠬᠦ᠋
ᠦᠵᠡᠮᠵᠢᠶᠢᠨ
ᠰᠠᠶ᠋ᠢᠬᠠᠨ ᠴᠡᠴᠡᠷᠯᠢᠭ
ᠵᠢᠪᠬᠤᠯᠠᠩᠳᠦ
ᠬᠤᠩᠭᠤᠷ ᠠᠭᠤᠯᠠ ᠮᠢᠨᠢ
ᠠᠢ ᠬᠦ᠋
ᠵᠧ ᠬᠦ᠋
ᠦᠨᠢᠳᠡᠶᠢᠨ
ᠳᠠᠷᠬᠠᠨ ᠰᠢᠳᠦᠭᠡᠨ
ᠵᠢᠪᠬᠤᠯᠠᠩᠳᠦ
ᠬᠤᠩᠭᠤᠷ ᠠᠭᠤᠯᠠ ᠮᠢᠨᠢ》
ᠬᠦᠪᠡᠭᠡᠳᠦ
ᠰᠢᠷᠠ ᠬᠤᠰᠢᠭᠤᠨᠤ ᠠᠬᠠᠮᠠᠳ ᠤᠷᠠᠯᠢᠭᠴᠢᠨ᠂ ᠰᠤᠶᠤᠯᠤᠨ ᠵᠢᠳᠬᠦᠯᠳᠡᠨ ᠰᠤ᠂ ᠳᠤᠷᠵᠢᠵᠠᠪ ᠤᠨ ᠦᠭᠡ᠂ ᠬᠦᠪᠡᠭᠡᠳᠦ
ᠰᠢᠷᠠ ᠬᠤᠰᠢᠭᠤᠨᠤ ᠵᠠᠯᠠᠭᠤ ᠤᠷᠠᠨ ᠪᠦᠳᠦᠭᠡᠯᠴᠢ ᠰᠤ ᠪᠠᠭᠠᠳᠤᠷᠤᠨ ᠠᠶᠠᠯᠭᠤ ᠪᠠᠷ ᠪᠦᠳᠦᠵᠦ᠍᠂ ᠬᠦᠪᠡᠭᠡᠳᠦ
ᠰᠢᠷᠠ ᠬᠤᠰᠢᠭᠤᠨᠤ ᠨᠡᠷᠡᠳᠦ ᠤᠷᠳᠦᠶᠢᠨ ᠳᠠᠭᠤᠴᠢᠨ ᠨᠠᠴᠢᠨᠱᠤᠩᠬᠤᠷ ᠤᠨ ᠳᠠᠭᠤᠯᠠᠨ ᠠᠮᠢᠯᠠᠭᠤᠯᠤᠭᠰᠠᠨ 《ᠵᠢᠪᠬᠤᠯᠠᠩᠳᠦ
ᠬᠤᠩᠭᠤᠷ ᠠᠭᠤᠯᠠ》 ᠬᠡᠭᠦ᠌ ᠡᠨᠡ ᠳᠠᠭᠤᠤᠶᠢ 2018 ᠤᠨ ᠳ᠋ᠤ ᠠᠩᠬᠠ ᠰᠤᠨᠤᠰᠴᠦ᠍ ᠪᠢᠯᠡ᠃ ᠨᠢᠭᠡ ᠯᠡ ᠤᠳᠠᠭᠠ ᠰᠤᠨᠤᠰᠤᠭᠠᠳ
ᠰᠡᠳᠬᠢᠯ ᠳ᠋ᠤ ᠮᠢᠨᠢ ᠮᠠᠰᠢ ᠤᠶ᠋ᠢᠷᠠ ᠳᠤᠳᠤᠨᠤ ᠰᠠᠨᠠᠭᠳᠠᠵᠤ᠂ ᠵᠢᠷᠦᠬᠡ ᠰᠡᠳᠬᠢᠯ ᠮᠢᠨᠢ ᠦᠪᠡᠷᠤᠨ ᠡᠷᠬᠡ ᠦᠭᠡᠢ
ᠳᠤᠭᠳᠤᠯᠤᠨ᠂ ᠠᠬᠢᠨ ᠳᠠᠬᠢᠨ ᠰᠤᠨᠤᠰᠴᠦ᠍ ᠪᠢᠯᠡ᠃ ᠳᠡᠭᠦᠨ ᠡᠴᠠ ᠬᠤᠶ᠋ᠢᠰᠢ ᠡᠨᠡ ᠳᠠᠭᠤᠤᠶᠢ ᠬᠡᠴᠢᠨᠡᠨ ᠤᠳᠠᠭᠠ
ᠰᠤᠨᠤᠰᠤᠭᠰᠠᠨᠢᠶᠠᠨ ᠮᠠᠷᠳᠠᠵᠤ ᠤᠷᠬᠢᠵᠠᠢ᠃
ᠪᠢ ᠬᠦᠬᠡᠬᠤᠳᠠ
ᠳ᠋ᠤ ᠳᠦᠷᠦᠭᠰᠡᠨ᠂ ᠬᠦᠪᠡᠭᠡᠳᠦ ᠰᠢᠷᠠ ᠬᠤᠰᠢᠭᠤ ᠪᠤᠯ ᠠᠪᠤᠶᠢᠨ ᠮᠢᠨᠢ ᠳᠦᠷᠦᠭᠰᠡᠨ ᠨᠤᠳᠤᠭ ᠪᠢᠯᠡ᠃ ᠠᠪᠤᠶᠢᠨ
ᠮᠢᠨᠢ ᠳᠦᠷᠦᠭᠰᠡᠨ ᠨᠤᠳᠤᠭ ᠡᠴᠠ ᠬᠤᠩᠭᠤᠷ ᠤᠪᠤᠭᠠᠨᠤ ᠨᠤᠶᠠᠨ ᠤᠷᠭᠢᠯ ᠡᠭᠦᠯᠡ ᠮᠠᠨᠠᠨᠤ ᠳᠤᠮᠳᠠ ᠦᠵᠡᠭᠳᠡᠳᠡᠭ
ᠰᠠᠨ᠃ ᠵᠤᠨᠤ ᠴᠢᠯᠦᠭᠡ ᠪᠠᠷ ᠨᠤᠳᠤᠭᠲᠦ ᠪᠠᠨ ᠬᠠᠷᠢᠬᠤ ᠳ᠋ᠠᠭᠠᠨ ᠬᠤᠩᠭᠤᠷ ᠤᠪᠤᠭᠠᠨ ᠳ᠋ᠤ ᠬᠤᠶᠠᠷ ᠤᠳᠠᠭᠠ
ᠠᠪᠠᠷᠢᠵᠤ ᠦᠩᠭᠡᠷᠡᠭᠰᠡᠨ᠃ ᠤᠪᠤᠭᠠ ᠬᠡᠳᠦᠨ ᠵᠢᠯᠤᠨ ᠡᠮᠦᠨᠡ ᠪᠠᠶ᠋ᠢᠭᠰᠠᠨ ᠪᠤᠯᠬᠤᠷ ᠶᠠᠮᠠᠷᠬᠠᠨ ᠠᠭᠤᠯᠠ ᠪᠠᠶ᠋ᠢᠭᠰᠠᠨᠢ
ᠨᠢ ᠮᠠᠷᠳᠠᠬᠤ ᠳᠦᠭᠦᠵᠠᠢ᠃ ᠬᠠᠷᠢᠨ ᠡᠨᠡ ᠳᠠᠭᠤᠤᠶᠢ ᠰᠤᠨᠤᠰᠤᠭᠰᠠᠨ ᠡᠴᠠ ᠬᠤᠶ᠋ᠢᠰᠢ ᠳᠡᠷᠡ ᠠᠭᠤᠯᠠᠶᠢᠨ ᠳᠦᠷᠢ
ᠳᠦᠷᠬᠦ᠌ ᠰᠡᠳᠬᠢᠯᠤᠨ ᠭᠦᠨ ᠳ᠋ᠤ ᠮᠢᠨᠢ ᠳᠤᠳᠤᠷᠠᠵᠤ᠂ ᠨᠢᠳᠤᠨ ᠳ᠋ᠤ ᠮᠢᠨᠢ ᠦᠶᠡ ᠦᠶᠡ ᠦᠵᠡᠭᠳᠡᠬᠦ᠌ ᠪᠤᠯᠤᠭᠰᠠᠨ
ᠪᠢᠯᠡ᠃ ᠠᠭᠤᠯᠠ ᠬᠠᠳᠠ᠂ ᠠᠷᠴᠠ ᠮᠤᠳᠤ᠂ ᠤᠪᠤᠭᠠ ᠬᠠᠶ᠋ᠢᠷᠬᠠᠨ᠂ ᠪᠤᠯᠠᠭ ᠱᠠᠩᠳᠠ ᠵᠡᠷᠭᠡ ᠨᠢ ᠨᠢᠭᠡ ᠨᠢᠭᠡ ᠪᠠᠷᠢᠶᠠᠨ
ᠵᠢᠷᠦᠬᠡ ᠰᠡᠳᠬᠢᠯ ᠳ᠋ᠤ ᠮᠢᠨᠢ ᠤᠷᠭᠤᠨ ᠳᠤᠳᠤᠷᠠᠵᠤ᠂ ᠰᠡᠳᠬᠢᠯᠤᠨ ᠮᠢᠨᠢ ᠡᠴᠢᠨᠡ ᠳᠠᠯᠳᠠ ᠳ᠋ᠤ ᠨᠢᠭᠤᠭᠳᠠᠵᠤ
ᠪᠠᠶ᠋ᠢᠭᠰᠠᠨ ᠬᠠᠶ᠋ᠢᠷᠠ᠂ ᠬᠦᠰᠡᠯ ᠪᠦᠬᠦᠨᠢ ᠮᠢᠨᠢ ᠳᠠᠭᠤᠳᠠᠨ ᠰᠡᠷᠢᠭᠡᠬᠦ᠌ ᠰᠢᠭ ᠪᠤᠯᠤᠭᠰᠠᠨ ᠪᠢᠯᠡ᠃ ᠮᠤᠩᠭᠤᠯ
ᠬᠦᠮᠤᠨ ᠨᠤᠳᠤᠭ ᠳᠠᠢ ᠪᠠᠨ ᠠᠮᠢᠨ ᠰᠤᠳᠠᠰᠤᠨᠤ ᠬᠤᠯᠪᠤᠭᠠ ᠲᠠᠢ ᠭᠡᠳᠡᠭ ᠨᠢ ᠯᠠ ᠡᠨᠡ ᠪᠠᠶ᠋ᠢᠬᠠ᠃
ᠳᠠᠭᠤᠤ
ᠵᠢᠨ ᠦᠭᠡᠶᠢ ᠵᠤᠬᠢᠶᠠᠭᠰᠡᠨ ᠰᠤ·ᠳᠤᠷᠵᠢᠵᠠᠪ ᠨᠠᠰᠤᠳᠠᠨ ᠪᠤᠯ ᠬᠦᠪᠡᠭᠡᠳᠦ ᠰᠢᠷᠠ ᠬᠤᠰᠢᠭᠤᠨ ᠳ᠋ᠤ ᠳᠡᠳᠦᠢ ᠦᠭᠡᠢ
ᠦᠪᠦᠷ ᠮᠤᠩᠭᠤᠯ ᠳ᠋ᠤ ᠴᠤ᠌ ᠴᠦᠬᠡᠨ ᠪᠠᠶ᠋ᠢᠳᠠᠭ ᠠᠯᠳᠠᠷᠳᠦ ᠬᠦᠮᠤᠨ ᠪᠢᠯᠡ᠃ ᠨᠠᠰᠤᠨ ᠰᠡᠭᠦᠳᠡᠷ ᠨᠠᠶᠠ ᠳᠠᠪᠠᠭᠰᠠᠨ
ᠬᠢᠷᠢᠨᠡ ᠨᠤᠳᠤᠭ ᠤᠰᠤᠨᠤ ᠪᠠᠨ ᠤᠷᠠᠯᠢᠭ ᠰᠤᠶᠤᠯᠤᠨ ᠤᠶ᠋ᠢᠯᠡᠰᠲᠤ᠌ ᠴᠤᠴᠠᠯᠳᠠ ᠦᠭᠡᠢ ᠵᠢᠳᠬᠦᠵᠤ ᠶᠠᠪᠤᠭᠠ
ᠬᠦᠨᠳᠦᠲᠡᠢ ᠪᠤᠭᠤᠷᠤᠯ ᠪᠢᠯᠠ᠃ ᠳᠡᠷᠡ ᠪᠤᠯ ᠴᠠᠮ ᠪᠦᠵᠢᠭᠤᠨ ᠤᠷᠤᠨᠤ ᠳᠡᠰᠤᠨ ᠦᠪᠯᠡᠨ ᠤᠯᠠᠮᠵᠢᠯᠠᠭᠴᠢ᠂ ᠤᠯᠤᠰᠤᠨ
ᠨᠢᠭᠡᠳᠦᠭᠡᠷ ᠳᠡᠰᠤᠨ ᠵᠦᠴᠦᠭᠡᠶᠢᠨ ᠵᠤᠬᠢᠶᠠᠯᠴᠢ᠂ ᠴᠠᠭᠠᠨ ᠰᠦᠯᠳᠡᠶᠢᠨ ᠳᠠᠬᠢᠯᠭᠠᠶᠢᠨ ᠳᠤᠭᠴᠢ ᠵᠡᠷᠭᠡ
ᠮᠠᠰᠢ ᠤᠯᠠᠨ ᠨᠡᠶ᠋ᠢᠭᠡᠮᠤᠨ ᠵᠡᠷᠭᠡ ᠳᠤᠰᠢᠶᠠᠯ ᠲᠠᠢ ᠪᠢᠯᠡ᠃
ᠰᠤ·ᠳᠤᠷᠵᠢᠵᠠᠪ
ᠨᠠᠰᠤᠳᠠᠨ ᠮᠠᠨᠢ ᠡᠨᠡᠬᠦ᠌ ᠳᠠᠭᠤᠤ ᠵᠢᠨ ᠦᠭᠡᠨ ᠳ᠋ᠤ ᠦᠪᠡᠷᠤᠨ ᠠᠯᠢᠪᠠ ᠬᠠᠶ᠋ᠢᠷᠠ ᠰᠡᠳᠬᠢᠯ᠂ ᠬᠦᠰᠡᠯ ᠳᠡᠮᠡᠤᠯᠦᠯ᠂
ᠰᠦᠰᠦᠭ ᠪᠢᠰᠢᠷᠡᠯᠢᠶᠠᠨ ᠰᠢᠩᠭᠡᠭᠡᠵᠤ ᠪᠢᠴᠢᠭᠰᠡᠨ ᠭᠡᠳᠡᠭ ᠨᠢ ᠢᠯᠡᠳᠳᠡ ᠪᠠᠶ᠋ᠢᠯᠠ᠃
ᠪᠢ ᠡᠨᠡᠬᠦ᠌
ᠳᠠᠭᠤᠤ ᠳ᠋ᠤ ᠦᠪᠡᠷᠤᠨ ᠡᠷᠬᠡ ᠦᠬᠡᠢ ᠳᠠᠳᠠᠭᠳᠠᠵᠤ 《ᠵᠢᠪᠬᠤᠯᠠᠩᠳᠦ ᠬᠤᠩᠭᠤᠷ ᠠᠭᠤᠯᠠ》ᠶᠢᠨ
ᠳᠤᠬᠠᠢ ᠠᠪᠤ ᠡᠴᠠ ᠪᠠᠨ ᠠᠰᠠᠭᠤᠵᠤ᠂ ᠪᠠᠰᠠ ᠨᠤᠮ ᠪᠢᠴᠢᠭ ᠡᠴᠠ ᠬᠠᠶ᠋ᠢᠵᠤ ᠦᠵᠡᠳᠡᠭ ᠪᠤᠯᠤᠭᠰᠠᠨ ᠪᠢᠯᠡ᠃
ᠡᠩᠤᠨ
ᠴᠠᠭᠲᠤ᠌ ᠪᠠᠨ 《ᠬᠤᠩᠭᠤᠷ ᠤᠪᠤᠭᠠ》 ᠭᠡᠵᠦ᠍ ᠳᠠᠭᠤᠳᠠᠭᠳᠠᠳᠠᠭ 《ᠵᠢᠪᠬᠤᠯᠠᠩᠳᠦ ᠬᠤᠩᠭᠤᠷ ᠠᠭᠤᠯᠠ》 ᠨᠢ ᠮᠠᠨᠤ ᠬᠦᠪᠡᠭᠡᠳᠦ ᠰᠢᠷᠠ ᠬᠤᠰᠢᠭᠤᠨᠤ ᠵᠡᠭᠦᠨ ᠡᠮᠦᠨᠡ ᠪᠡᠶᠠᠳᠦ ᠪᠠᠶ᠋ᠢᠷᠢᠯᠠᠵᠦ᠍᠂ ᠳᠠᠯᠠᠢᠶᠢᠨ ᠳᠦᠪᠰᠢᠨ ᠡᠴᠠ 1600 ᠭᠠᠷᠤᠢ ᠮᠧᠲᠷ ᠡᠷᠭᠦᠭᠳᠡᠵᠦ᠍᠂
ᠨᠤᠳᠤᠭ ᠤᠰᠤᠨᠤ ᠪᠠᠨ ᠮᠠᠯᠴᠢᠨ ᠠᠷᠠᠳ ᠳᠡᠳᠦᠢ ᠦᠭᠡᠢ᠂ ᠬᠤᠯᠠ ᠤᠶ᠋ᠢᠷᠠᠶᠢᠨ ᠬᠤᠰᠢᠭᠤ ᠨᠤᠳᠤᠭᠤᠨ ᠮᠠᠯᠴᠢᠨ
ᠳᠦᠮᠡᠨᠤ ᠰᠡᠳᠬᠢᠯᠤᠨ ᠰᠢᠳᠦᠬᠡᠨ ᠪᠤᠯᠤᠭᠰᠠᠨ ᠰᠦᠷᠯᠢᠭ ᠦᠨᠳᠦᠷ ᠰᠢᠳᠦᠭᠡᠨᠳᠦ ᠬᠠᠶ᠋ᠢᠷᠬᠠᠨ ᠶᠤᠮ ᠪᠠᠶ᠋ᠢᠨᠠ᠃ ᠨᠤᠳᠤᠭ ᠤᠰᠤ᠂ ᠠᠷᠠᠳ ᠳᠦᠮᠡᠨ ᠵᠢᠠᠨ ᠬᠠᠮᠠᠭᠠᠯᠠᠵᠤ ᠪᠠᠶ᠋ᠢᠭᠠ ᠪᠠᠭᠠᠳᠤᠷ
ᠵᠠᠩᠵᠤᠨ ᠮᠡᠳᠦ ᠰᠡᠬᠦᠶ᠋ᠢᠨ ᠰᠦᠨᠳᠡᠷᠯᠡᠵᠦ᠍ ᠪᠠᠶ᠋ᠢᠳᠠᠭ᠃
ᠰᠤ·ᠳᠤᠷᠵᠢᠵᠠᠪ
ᠨᠠᠰᠤᠳᠠᠨᠤ ᠳᠠᠭᠤᠤ ᠵᠢᠨ ᠦᠭᠡ ᠡᠨᠡ ᠪᠦᠭᠦᠳᠡᠶᠢ ᠠᠭᠤᠰᠬᠠᠨ ᠰᠢᠩᠭᠡᠭᠡᠵᠤ᠂ 《ᠵᠢᠪᠬᠤᠯᠠᠩᠳᠦ
ᠬᠤᠩᠭᠤᠷ ᠠᠭᠤᠯᠠ》 ᠵᠢᠨ ᠳᠦᠷᠢ ᠪᠠᠶ᠋ᠢᠳᠠᠯ ᠪᠤᠯᠤᠨ ᠬᠦᠮᠤᠰᠤᠨ ᠰᠡᠳᠬᠢᠯ ᠵᠢᠷᠦᠬᠡᠨᠳᠠᠬᠢ ᠪᠠᠶ᠋ᠢᠷᠢ ᠰᠠᠭᠤᠷᠢᠶᠢ
ᠮᠠᠰᠢ ᠳᠤᠳᠤᠷᠬᠠᠢ᠂ ᠤᠷᠠᠨ ᠡᠪᠯᠢᠭᠢᠶᠠᠷ ᠳᠦᠷᠰᠦᠯᠡᠨ ᠢᠯᠡᠷᠬᠡᠶ᠋ᠢᠯᠡᠭᠰᠡᠨ ᠪᠠᠶ᠋ᠢᠨᠠ᠃
《ᠤᠷᠭᠤᠬᠤ ᠨᠠᠷᠠᠶᠢ ᠵᠤᠯᠠᠢ ᠳ᠋ᠠᠭᠠᠨ ᠳᠠᠬᠢᠭᠰᠠᠨ
ᠤᠭᠠᠯᠵᠠᠨ
ᠡᠭᠦᠯᠡᠰ ᠳᠤᠮᠳᠠ ᠨᠢ ᠬᠦᠪᠦᠯᠵᠡᠭᠰᠡᠨ
ᠠᠭᠤᠳᠠᠮ
ᠬᠤᠷᠮᠤᠢ ᠨᠢ ᠰᠦᠷᠦᠭᠢᠶᠠᠷ ᠨᠠᠯᠠᠶ᠋ᠢᠭᠠᠳ
ᠤᠴᠠᠷᠠᠭᠰᠠᠨ
ᠡᠵᠡᠳ ᠨᠢ ᠰᠢᠳᠦᠨ ᠤᠮᠤᠭᠰᠢᠭᠰᠠᠨ》 ᠭᠡᠬᠦ ᠡᠨᠡᠬᠦ᠌ ᠪᠠᠳᠠᠭᠲᠤ᠌ ᠵᠢᠪᠬᠤᠯᠠᠩᠳᠦ ᠬᠤᠩᠭᠤᠷ ᠠᠭᠤᠯᠠᠶᠢᠨ ᠦᠨᠳᠦᠷ ᠰᠦᠷᠯᠢᠭ᠂ ᠪᠠᠶᠠᠨ ᠳᠠᠩᠰᠤᠭᠢ
ᠬᠦᠢᠴᠡᠳ ᠬᠠᠷᠠᠭᠤᠯᠵᠤ᠂ ᠡᠨᠡ ᠪᠦᠭᠦᠳᠡᠶᠢᠨ ᠡᠵᠡᠨ ᠨᠢ ᠪᠤᠯᠤᠭᠰᠠᠨ ᠮᠠᠯᠴᠢᠨ ᠳᠦᠮᠡᠨᠤ ᠪᠠᠨ ᠰᠡᠳᠬᠢᠯ ᠳ᠋ᠤ ᠬᠡᠴᠢᠨᠡᠨ
ᠶᠡᠬᠡ ᠪᠠᠶ᠋ᠢᠷᠢ ᠰᠠᠭᠤᠷᠢ ᠲᠠᠢ ᠪᠠᠶ᠋ᠢᠳᠠᠭᠢ ᠦᠵᠡᠭᠦᠯᠵᠠᠢ᠃
《ᠪᠢᠷᠤᠨ ᠦᠵᠦᠭ ᠰᠢᠭ ᠱᠤᠪᠬᠤᠨ ᠤᠷᠭᠢᠯ ᠨᠢ
ᠪᠢᠯᠢᠭᠤᠨ
ᠰᠢᠳᠢᠶᠢ ᠦᠷᠡᠰ ᠳᠡᠭᠡᠨ ᠰᠤᠶᠤᠷᠬᠠᠭᠰᠠᠨ
ᠪᠡᠶᠡᠴᠢᠯᠡᠨ
ᠢᠯᠡᠷᠡᠳᠡᠭ ᠤᠪᠤᠭᠠᠨ ᠡᠵᠡᠨ ᠨᠢ
ᠪᠡᠷᠬᠡ
ᠭᠠᠴᠢᠭ ᠡᠴᠠ ᠠᠷᠠᠳᠢᠶᠠᠨ ᠦᠮᠦᠭᠯᠡᠭᠰᠡᠨ》 ᠭᠡᠬᠦ ᠡᠨᠡᠬᠦ᠌ ᠪᠠᠳᠠᠭᠲᠤ᠌ ᠬᠤᠩᠭᠤᠷ ᠤᠪᠤᠭᠠᠨᠤ ᠨᠤᠶᠠᠨ ᠤᠷᠭᠢᠯᠤᠨ
ᠦᠵᠦᠭᠤᠨ ᠬᠡᠯᠪᠡᠷᠢ ᠲᠠᠢ ᠳᠦᠷᠢ ᠪᠠᠶ᠋ᠢᠳᠠᠯ ᠨᠢ ᠰᠢᠳᠢᠯᠢᠭ ᠬᠡᠯᠪᠡᠷᠢ ᠪᠠᠷ ᠬᠦᠮᠤᠨ ᠠᠷᠠᠳᠢᠶᠠᠨ ᠢᠪᠡᠭᠡᠵᠦ᠍
ᠪᠠᠶ᠋ᠢᠳᠠᠭᠢ ᠢᠯᠡᠳᠬᠡᠭᠰᠡᠨ ᠪᠠᠶ᠋ᠢᠨᠠ᠃ ᠬᠦᠪᠡᠬᠡᠳᠦ ᠰᠢᠷᠠ ᠬᠤᠰᠢᠭᠤ ᠨᠢ ᠰᠤᠶᠤᠯᠳᠦ ᠨᠤᠳᠤᠭ ᠳ᠋ᠤᠺᠲ᠋ᠤᠷᠤᠨ
ᠦᠯᠦᠭᠡᠢ ᠭᠡᠵᠦ᠍ ᠠᠯᠳᠠᠷᠰᠢᠵᠤ᠂ ᠮᠠᠰᠢ ᠤᠯᠠᠨ ᠠᠪᠢᠶᠠᠰ ᠴᠢᠳᠠᠪᠤᠷᠢᠳᠠᠨ ᠬᠦᠮᠦᠵᠢᠬᠦᠯᠦᠨ᠂
ᠡᠬᠡ ᠤᠯᠤᠰ ᠪᠤᠯᠤᠨ ᠬᠦᠮᠤᠨ ᠳᠦᠷᠦᠯᠬᠢᠳᠡᠨᠦ ᠬᠦᠭᠵᠢᠯᠳᠡ ᠳ᠋ᠤ ᠤᠮᠳᠤᠭᠠᠶ᠋ᠢᠯᠠᠵᠤ ᠪᠤᠯᠤᠰᠢ ᠦᠭᠡᠢ ᠬᠤᠪᠢ ᠨᠡᠮᠡᠷᠢ
ᠦᠵᠡᠭᠦᠯᠦᠭᠰᠡᠨ ᠪᠢᠯᠡ᠃ ᠢᠯᠠᠩᠭᠤᠶᠠ ᠬᠤᠩᠭᠤᠷ ᠤᠪᠤᠭᠠᠨᠤ ᠡᠩᠭᠡᠷᠲᠤ᠌ ᠪᠠᠶ᠋ᠢᠷᠢᠯᠠᠵᠤ ᠪᠠᠶ᠋ᠢᠭᠰᠠᠨ ᠤᠤᠯᠤᠨ
ᠬᠤᠩᠭᠤᠷ ᠠᠭᠤᠯᠠ ᠰᠤᠷᠭᠠᠭᠤᠯᠢ ᠡᠴᠠ ᠮᠠᠰᠢ ᠤᠯᠠᠨ ᠡᠷᠳᠡᠮᠳᠡᠨ ᠴᠢᠳᠠᠪᠦᠷᠢᠳᠠᠨ ᠴᠤᠯᠭᠤᠷᠠᠭᠰᠠᠨ ᠭᠡᠳᠡᠭ᠃ ᠪᠠᠰᠠ
ᠬᠠᠮᠤᠭᠤᠨ ᠬᠦᠨᠳᠦ ᠪᠡᠷᠭᠡ ᠦᠶᠡ ᠬᠤᠩᠭᠤᠷ ᠤᠪᠤᠭᠠᠨᠤ ᠡᠵᠡᠨ ᠰᠠᠬᠢᠭᠤᠰᠤ ᠨᠢ ᠢᠯᠡᠷᠡᠨ ᠬᠦᠮᠤᠨ ᠠᠷᠠᠳᠢᠶᠠᠨ
ᠦᠮᠦᠭᠯᠡᠨ ᠬᠠᠮᠠᠭᠠᠯᠠᠵᠤ ᠪᠡᠷᠬᠡ ᠬᠠᠳᠠᠭᠤ ᠴᠠᠭ ᠦᠶᠡᠶᠢ ᠳᠤᠭᠤᠯᠤᠭᠤᠯᠵᠤ ᠪᠠᠶ᠋ᠢᠭᠰᠠᠨ ᠦᠯᠢᠭᠡᠷ ᠳᠤᠮᠤᠭ ᠪᠠᠶ᠋ᠢᠳᠠᠭ ᠭᠡᠳᠡᠭ ᠢ
ᠠᠪᠤ ᠮᠢᠨᠢ ᠶᠠᠷᠢᠵᠤ ᠪᠠᠶ᠋ᠢᠭᠰᠠᠨ ᠪᠢᠯᠡ᠂ ᠡᠨᠡ ᠨᠢ ᠮᠤᠩᠭᠤᠯ ᠬᠦᠮᠤᠨ ᠨᠤᠳᠤᠭ ᠪᠠᠶ᠋ᠢᠭᠠᠯᠢ ᠲᠠᠢ ᠪᠠᠨ ᠶᠠᠮᠠᠷᠬᠠᠨ
ᠠᠮᠢᠨ ᠬᠤᠯᠪᠤᠭᠠ ᠲᠠᠢ ᠬᠡᠳᠡᠭᠢ ᠢᠯᠡᠳᠬᠡᠭᠰᠡᠨ ᠬᠡᠷᠡᠭ ᠪᠢᠯᠡ᠃
《ᠠᠷᠴᠠ ᠨᠠᠷᠠᠰᠦ ᠨᠢ ᠵᠠᠩᠵᠤᠯᠠᠨ ᠰᠡᠬᠦᠶ᠋ᠢᠭᠡᠳ
ᠠᠰᠬᠠ
ᠬᠠᠳᠠ ᠨᠢ ᠳᠦᠷᠢ ᠪᠠᠷ ᠠᠮᠢᠯᠠᠭᠰᠠᠨ
ᠠᠷᠢᠶᠡᠳᠠᠨ
ᠠᠮᠢᠳᠠᠨ ᠤᠢ ᠳ᠋ᠤ ᠨᠢ ᠰᠢᠪᠡᠭᠡᠯᠡᠭᠰᠡᠨ
ᠡᠮᠳᠦ
ᠤᠷᠭᠤᠮᠠᠯ ᠨᠢ ᠰᠢᠮᠡ ᠪᠠᠷ ᠬᠠᠩᠬᠤᠯᠠᠭᠰᠠᠨ
ᠠᠯᠢᠮᠠᠳᠦᠶᠢᠨ
ᠠᠮᠠᠨ ᠳ᠋ᠤ ᠨᠢ ᠵᠢᠮᠢᠰ ᠪᠦᠩᠵᠤᠭᠡᠨᠡᠭᠡᠳ
ᠮᠦᠰᠦᠨ
ᠬᠦᠨᠳᠡᠢ ᠳ᠋ᠤ ᠨᠢ ᠠᠳᠤᠭᠤ ᠱᠤᠭᠤᠭᠰᠠᠨ
ᠵᠡᠷᠭᠡᠯᠬᠡᠨᠳᠦ ᠪᠤᠯᠠᠭ ᠢ
ᠨᠢ ᠮᠤᠭᠠᠢ ᠰᠠᠬᠢᠭᠠᠳ
ᠵᠢᠭᠦᠷᠳᠡᠨ
ᠰᠢᠪᠠᠭᠤᠳ ᠨᠢ ᠳᠠᠭᠤᠯᠠᠨ ᠳᠤᠩᠭᠤᠳᠤᠭᠰᠠᠨ》 ᠭᠡᠬᠦ ᠡᠨᠡᠬᠦ᠌ ᠬᠤᠶᠠᠷ ᠪᠠᠳᠠᠭᠲᠤ᠌ ᠬᠤᠩᠭᠤᠷ ᠠᠭᠤᠯᠠᠶᠢᠨ ᠪᠠᠷᠠᠭᠳᠠᠰᠢ
ᠦᠭᠡᠢ ᠪᠠᠶ᠋ᠢᠭᠠᠯᠢ ᠶᠢᠨ ᠡᠬᠢ ᠪᠠᠶᠠᠯᠢᠭ ᠪᠤᠯᠤᠨ ᠦᠪᠡᠷᠮᠢᠴᠡ ᠤᠨᠴᠠᠯᠢᠭ ᠪᠦᠬᠦᠢ ᠪᠠᠶ᠋ᠢᠭᠠᠯᠢᠶᠢᠨ ᠳᠤᠭᠳᠠᠴᠠ
ᠶᠢ ᠳᠤᠳᠤᠷᠬᠠᠢ ᠦᠵᠡᠭᠦᠯᠦᠭᠰᠡᠨ ᠪᠠᠶ᠋ᠢᠨᠠ᠃
《ᠠᠢ ᠬᠦ᠋ ᠵᠧ ᠬᠦ᠋
ᠦᠨᠢᠳᠡ
ᠵᠢᠨ ᠳᠠᠷᠬᠠᠨ ᠰᠢᠳᠦᠭᠡᠨ
ᠵᠢᠪᠬᠤᠯᠠᠩᠳᠦ
ᠬᠤᠩᠭᠤᠷ ᠠᠭᠤᠯᠠ ᠮᠢᠨᠢ》 ᠭᠡᠬᠦ᠌ ᠳᠠᠬᠢᠯᠳᠠ ᠨᠢ ᠬᠦᠮᠤᠨ ᠪᠠᠶ᠋ᠢᠭᠠᠯᠢ ᠵᠢᠨ ᠦᠨᠢᠳᠡᠶᠢᠨ ᠪᠠᠷᠢᠯᠳᠤᠯᠭᠠᠳᠤ ᠴᠢᠨᠠᠷᠢ
ᠳᠤᠳᠤᠷᠬᠠᠶ᠋ᠢᠯᠠᠨ᠂ ᠢᠯᠠᠩᠭᠤᠶᠠ ᠮᠤᠩᠭᠤᠯᠴᠤᠳᠤᠨ ᠨᠤᠳᠤᠭ ᠤᠰᠤ᠂ ᠠᠭᠤᠯᠠ ᠬᠠᠶ᠋ᠢᠷᠬᠠᠨ ᠲᠠᠢ ᠪᠠᠨ ᠡᠭᠦᠷᠢᠳᠡᠶᠢᠨ
ᠠᠮᠢᠨ ᠬᠤᠯᠪᠤᠭᠠ ᠲᠠᠢ ᠭᠡᠳᠡᠭ ᠢ ᠳᠠᠮᠢᠶᠠᠷ ᠳᠤᠰᠬᠠᠨ ᠳᠠᠭᠤᠤ ᠪᠠᠨ ᠦᠨᠳᠦᠷ ᠤᠷᠭᠢᠯ ᠳ᠋ᠤ ᠨᠢ ᠬᠦᠷᠭᠡᠵᠦ᠍
ᠴᠢᠳᠠᠭᠰᠠᠨ ᠪᠠᠶ᠋ᠢᠨᠠ᠃
ᠵᠠᠯᠠᠭᠤ
ᠤᠷᠠᠨ ᠪᠦᠳᠦᠭᠡᠯᠴᠢ ᠰᠤ·ᠪᠠᠭᠠᠳᠤᠷᠶᠢᠨ ᠠᠶᠠᠯᠭᠤ ᠨᠢ ᠠᠷᠠᠳᠤᠨ ᠳᠠᠭᠤᠤ ᠵᠢᠨ ᠬᠡᠪ ᠨᠠᠮᠪᠠ ᠲᠠᠢ ᠪᠠᠶ᠋ᠢᠵᠤ
ᠳᠠᠭᠤᠤ ᠵᠢᠨ ᠦᠭᠡᠶᠢ ᠠᠮᠢ ᠠᠮᠢᠰᠬᠤᠭᠠ ᠳᠠᠢ ᠪᠤᠯᠭᠠᠵᠤ᠂ ᠤᠯᠠᠨ ᠬᠦᠮᠤᠨᠤ ᠳᠤᠷᠠ ᠰᠤᠨᠢᠷᠬᠠᠯ ᠪᠤᠯᠤᠨ ᠬᠦᠯᠢᠶᠠᠨ
ᠠᠪᠴᠦ᠍ ᠰᠤᠨᠤᠰᠬᠤ ᠴᠢᠳᠠᠪᠤᠷᠢ ᠳ᠋ᠤ ᠨᠡᠶ᠋ᠢᠴᠡᠵᠦ᠍᠂ ᠳᠠᠭᠤᠴᠢᠨ ᠨᠠᠴᠢᠨᠱᠤᠩᠬᠤᠷᠤᠨ ᠬᠤᠭᠤᠯᠠᠢ ᠨᠢ ᠡᠨᠡᠬᠦ᠌
ᠳᠠᠭᠤᠤ ᠳ᠋ᠤ ᠶᠤᠰᠤᠳᠠᠢ ᠶᠠᠪ ᠴᠠᠪ ᠳᠤᠬᠢᠷᠠᠨ ᠵᠢᠭᠦᠷ ᠤᠷᠭᠤᠭᠤᠯᠤᠭᠰᠠᠨ ᠮᠡᠳᠦ ᠪᠤᠯᠵᠤ ᠡᠨᠡᠬᠦ᠌ ᠳᠠᠭᠤᠤ ᠨᠢ
ᠤᠬᠤᠷᠬᠠᠨ ᠬᠤᠭᠤᠴᠠᠭᠠᠨ ᠳ᠋ᠤ ᠳᠦᠮᠡᠨ ᠤᠯᠠᠨᠤ ᠪᠠᠬᠠᠷᠬᠠᠨ ᠰᠤᠨᠤᠰᠳᠠᠭ ᠨᠢᠭᠡ ᠰᠠᠶ᠋ᠢᠬᠠᠨ ᠳᠠᠭᠤᠤ ᠪᠤᠯᠤᠭᠰᠠᠨ
ᠪᠠᠶ᠋ᠢᠨᠠ᠃ 2017 ᠤᠨᠤ ᠦᠪᠦᠷ ᠮᠤᠩᠭᠤᠯᠤᠨ ᠷᠠᠳᠢᠣ᠋ ᠬᠤᠷᠢᠶᠠᠨᠤ ᠰᠢᠯᠢᠳᠡᠭ ᠠᠶᠠ ᠳᠠᠭᠤᠨᠤ ᠵᠢᠬᠰᠠᠭᠠᠯᠳᠠ
ᠳ᠋ᠤ ᠤᠨᠤ ᠮᠠᠩᠯᠠᠢ ᠪᠠᠷ ᠰᠢᠯᠭᠠᠷᠠᠨ ᠨᠤᠳᠤᠭ ᠤᠰᠤ ᠠᠷᠠᠳ ᠳᠦᠮᠡᠨᠢᠶᠠᠨ ᠪᠠᠶᠠᠰᠬᠠᠭᠰᠠᠨ ᠶᠤᠮ ᠪᠠᠶ᠋ᠢᠨᠠ᠃
ᠡᠨᠡ ᠳᠠᠭᠤᠤ
ᠨᠠᠳᠠᠳᠦ ᠮᠠᠰᠢ ᠤᠯᠠᠨ ᠶᠠᠭᠤᠮᠠ ᠪᠤᠳᠤᠭᠳᠠᠭᠤᠯᠤᠭᠰᠠᠨ ᠪᠢᠯᠡ᠂ ᠦᠷᠡ ᠬᠤᠶ᠋ᠢᠴᠢᠰ ᠨᠢ ᠪᠤᠯᠤᠭᠰᠠᠨ ᠵᠠᠯᠭᠠᠮᠵᠢ
ᠦᠶᠡᠶᠢᠨ ᠪᠢᠳᠡᠨᠢ ᠨᠤᠳᠤᠭ ᠤᠰᠤ ᠮᠢᠨᠢ ᠡᠴᠢᠨᠡ ᠳᠠᠯᠳᠠ ᠡᠴᠠ ᠦᠷᠭᠦᠯᠵᠢ ᠳᠠᠯᠠᠯᠤᠨ ᠳᠠᠭᠤᠳᠠᠵᠤ᠂ ᠦᠨᠢ
ᠮᠦᠩᠬᠡᠶᠢᠨ ᠴᠢᠰᠦᠨ ᠪᠠᠷᠢᠯᠳᠤᠯᠭᠠ᠂ ᠶᠠᠰᠤᠨ ᠬᠤᠯᠪᠤᠭᠠ ᠲᠠᠢᠶᠢ ᠮᠡᠳᠡᠷᠡᠭᠦᠯᠦᠨ᠂ ᠪᠢᠳᠡᠨᠤ ᠪᠠᠨ ᠬᠤᠵᠢᠮ
ᠢᠷᠡᠭᠡᠳᠦᠢ᠂ ᠬᠤᠶ᠋ᠢᠴᠢ ᠮᠠᠷᠭᠠᠰᠢᠶᠢ ᠴᠠᠭ ᠢᠮᠠᠭᠳᠠ ᠬᠠᠷᠠᠵᠤ ᠪᠠᠷᠠᠯᠠᠨ ᠢᠪᠡᠭᠡᠨ ᠳᠡᠳᠬᠦᠵᠦ᠍ ᠪᠠᠶ᠋ᠢᠳᠠᠭ
ᠶᠤᠮ ᠪᠠᠶ᠋ᠢᠨᠠ᠃
ᠡᠳᠦᠢ
ᠬᠦᠷᠳᠡᠯᠡ ᠪᠠᠨ ᠤᠯᠠᠨ ᠳᠠᠭᠤᠤ ᠰᠤᠨᠤᠰᠴᠦ᠍ ᠶᠠᠪᠤᠯᠠ᠂ ᠰᠤᠯᠤᠭᠠᠢ ᠪᠤᠷᠤᠭᠤ ᠳᠠᠭᠤᠯᠠᠵᠤ ᠴᠤ᠌ ᠶᠠᠪᠤᠯᠠ᠃ ᠢᠩᠭᠢᠵᠦ᠍
ᠰᠦᠭ ᠰᠦᠨᠡᠰᠦ ᠪᠠᠷᠢᠶᠠᠨ ᠳᠠᠳᠠᠭᠳᠠᠵᠤ᠂ ᠵᠢᠷᠦᠬᠡ ᠰᠡᠳᠬᠢᠯ ᠡᠴᠠ ᠪᠠᠨ ᠳᠤᠭᠳᠤᠯᠤᠭᠰᠠᠨ ᠨᠢ ᠦᠭᠡᠢ᠂ ᠡᠨᠡ ᠪᠦᠬᠦᠨᠢ
ᠪᠤᠳᠤᠵᠤ ᠰᠠᠭᠤᠬᠤ ᠳ᠋ᠤ ᠨᠤᠳᠤᠭ ᠤᠰᠤ᠂ ᠪᠠᠶ᠋ᠢᠭᠠᠯᠢ ᠳᠡᠯᠡᠬᠡᠢ ᠪᠠᠨ ᠬᠡᠴᠢᠨᠡᠨ ᠶᠡᠬᠡ ᠬᠠᠶ᠋ᠢᠷᠠᠯᠠᠨ ᠬᠠᠮᠠᠭᠠᠯᠠᠬᠤ
ᠬᠡᠷᠡᠭᠳᠡᠢ ᠭᠡᠳᠡᠭ ᠢ ᠤᠯᠠᠮ ᠢᠯᠡᠭᠦᠦ ᠤᠬᠠᠭᠠᠷᠠᠨ ᠣᠶ᠋ᠢᠯᠠᠭᠠᠵᠤ᠂ ᠢᠷᠡᠭᠡᠳᠦᠢ ᠳ᠋ᠤ ᠪᠠᠨ ᠢᠳᠡᠭᠡᠯ ᠵᠤᠷᠢᠭ
ᠳᠦᠭᠦᠷᠡᠩ ᠪᠤᠯᠵᠤ᠂ ᠪᠡᠶᠡ ᠰᠡᠳᠬᠢᠯ ᠮᠢᠨᠢ ᠬᠢᠵᠠᠭᠠᠷ ᠦᠭᠡᠢ ᠡᠷᠴᠢ ᠬᠦᠴᠦ᠍ ᠪᠠᠷ ᠳᠦᠭᠦᠷᠡᠩ ᠪᠤᠯᠵᠤ ᠪᠠᠶ᠋ᠢᠬᠤᠶᠢ
ᠮᠡᠳᠡᠷᠡᠬᠦ᠌ ᠶᠠᠭᠤᠳᠠᠢ ᠰᠠᠶ᠋ᠢᠬᠠᠨ᠃
ᠡᠨᠡ ᠵᠢᠯ
ᠠᠪᠤᠶᠢᠨ ᠨᠤᠳᠤᠭ ᠬᠦᠪᠡᠭᠡᠳᠦ ᠰᠢᠷᠠ ᠪᠠᠷ ᠮᠢᠨᠢ ᠪᠤᠷᠤᠭᠠᠨ ᠬᠤᠷᠠ ᠡᠯᠪᠡᠭ ᠰᠠᠶ᠋ᠢᠬᠠᠨ ᠵᠤᠨ ᠪᠤᠯᠵᠤ ᠪᠠᠶ᠋ᠢᠨᠠ
ᠭᠡᠰᠡᠨ᠃ ᠠᠪᠤᠶᠢ ᠪᠠᠨ ᠳᠠᠭᠠᠵᠤ ᠨᠢᠭᠡ ᠤᠴᠢᠵᠤ ᠬᠤᠩᠭᠤᠷ ᠤᠪᠤᠭᠠᠨ ᠳ᠋ᠤ ᠪᠠᠨ ᠮᠦᠷᠭᠦᠵᠤ ᠬᠡᠶ᠋ᠢᠮᠤᠷᠢ ᠪᠠᠨ
ᠰᠡᠷᠭᠦᠭᠡᠨᠡ ᠳ᠋ᠠ᠃
ᠠᠢ ᠬᠦ᠋
ᠵᠧ ᠬᠦ᠋
ᠦᠨᠢᠳᠡᠶᠢᠨ
ᠳᠠᠷᠬᠠᠨ ᠰᠢᠳᠦᠭᠡᠨ
ᠵᠢᠪᠬᠤᠯᠠᠩᠳᠦ
ᠬᠤᠩᠭᠤᠷ ᠠᠭᠤᠯᠠ ᠮᠢᠨᠢ᠃
(ᠵᠤᠭᠢᠶᠠᠭᠴᠢ ᠵᠢᠨ
ᠬᠠᠶᠢᠭ᠄ ᠳᠦᠪ ᠤᠨ ᠦᠨᠳᠦᠰᠦᠳᠡᠨ ᠤ ᠶᠡᠬᠡ ᠰᠤᠷᠭᠠᠭᠤᠯᠢ)