ᠤᠨᠴᠠ ᠵᠠᠰᠠᠯ᠎ᠤᠨ ᠠᠨᠠᠭᠠᠭᠴᠢ — ᠮᠠᠯᠴᠢᠨ ᠪᠦᠰᠡᠭᠦᠢ ᠴᠢᠮᠡᠳ
2025-07-03 11:47:13
ᠵᠣᠬᠢᠶᠠᠭ᠍ᠴᠢ᠄
ᠴᠢᠩᠴᠤᠭᠲᠤ
ᠣᠩᠱᠢᠭ᠍ᠰᠠᠨ ᠣᠳᠠᠭ᠎ᠠ᠄
★★★☆☆

ᠪᠠᠭ᠎ᠠ ᠡᠴᠡ ᠪᠠᠨ ᠤᠳᠤᠮ ᠳᠠᠮᠵᠢᠭᠰᠠᠨ ᠤᠯᠠᠮᠵᠢᠯᠠᠯᠲᠤ ᠮᠤᠩᠭᠤᠯ ᠡᠮᠨᠡᠯᠭᠡ ᠵᠢᠨ ᠠᠷᠭ᠎ᠠ ᠳᠤᠮ ᠎ᠢ ᠡᠵᠡᠮᠰᠢᠵᠦ᠂ ᠤᠳᠠᠭᠠᠨ ᠵᠢᠯ᠎ᠤᠨ ᠰᠤᠷᠤᠯᠴᠠᠯᠭ᠎ᠠ ᠪᠠ ᠪᠦᠲᠦᠮᠵᠢᠲᠡᠢ ᠦᠢᠯᠡᠳᠦᠯᠭᠡ᠂ ᠡᠮᠴᠢᠯᠡᠭᠡ ᠵᠢᠨ ᠭᠠᠢᠬᠠᠯᠲᠠᠢ ᠰᠠᠢᠨ ᠦᠷ᠎ᠡ ᠳ᠋ᠦᠩ ᠵᠢᠠᠷ ᠵᠢᠠᠨ ᠤᠯᠠᠨ᠎ᠳᠤ ᠲᠠᠨᠢᠭᠳᠠᠭᠰᠠᠨ ᠴᠢᠮᠠᠳ ᠪᠤᠯ ᠬᠦᠯᠦᠨ ᠪᠤᠢᠷ ᠬᠤᠲᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ᠎ᠤ ᠭᠠᠨᠵᠤᠤᠷ ᠰᠤᠮᠤᠨ᠎ᠤ ᠮᠠᠯᠴᠢᠨ ᠪᠦᠰᠡᠭᠦᠢ ᠶᠤᠮ᠃ ᠭᠤᠴᠢᠭᠠᠳ ᠵᠢᠯ᠎ᠤᠨ ᠬᠤᠭᠤᠴᠠᠭᠠᠨ᠎ᠳᠤ ᠲᠡᠷᠡ ᠤᠷᠤᠨ ᠨᠤᠲᠤᠭ ᠲᠠᠭᠠᠨ ᠪᠠ ᠪᠤᠰᠤᠳ ᠮᠤᠵᠢ ᠬᠤᠲᠠ᠎ᠳᠤ ᠡᠮᠴᠢᠯᠡᠭᠡ ᠵᠠᠰᠠᠯ ᠬᠢᠵᠦ᠂ ᠡᠪᠡᠳᠴᠢᠲᠡᠨ ᠤᠯᠠᠨ᠎ᠤ ᠡᠯᠳᠡᠪ ᠠᠷᠬᠠᠭ ᠭᠡᠮ᠎ᠢ ᠡᠷᠲᠡ ᠳᠡᠭᠡᠳᠦ ᠵᠢᠨ ᠤᠨᠴᠠ ᠰᠤᠳᠤᠨ ᠠᠷᠭ᠎ᠠ ᠳᠤᠮ ᠵᠢᠠᠷ ᠵᠠᠰᠠᠨ ᠡᠳᠡᠭᠡᠷᠡᠭᠦᠯᠵᠦ᠂ ᠮᠤᠩᠭᠤᠯ ᠠᠨᠠᠭᠠᠬᠤ ᠤᠬᠠᠭᠠᠨ᠎ᠤ ᠤᠯᠠᠨ ᠭᠠᠢᠬᠠᠮᠰᠢᠭ ᠎ᠢ ᠨᠤᠲᠠᠯᠠᠨ ᠭᠡᠷᠡᠴᠢᠯᠡᠵᠦ ᠶᠠᠪᠤᠭ᠎ᠠ ᠪᠢᠯᠡ᠃


QQ截图20240904155222.png


QQ截图20250224163936.png


ᠴᠢᠮᠠᠳ ᠡᠮᠴᠢ ᠪᠤᠯ ᠰᠢᠨ᠎ᠡ ᠪᠠᠷᠭᠤ ᠵᠡᠭᠦᠨ ᠬᠤᠰᠢᠭᠤᠨ᠎ᠤ ᠤᠤᠭᠠᠯ᠂ 1953 ᠤᠨ᠎ᠤ 4 ᠰᠠᠷ᠎ᠠ ᠳ᠋ᠤ ᠲᠦᠷᠦᠵᠡᠢ᠃ ᠬᠠᠷᠠᠬᠠᠨ ᠪᠠᠭ᠎ᠠ ᠡᠴᠡ ᠠᠷᠠᠳ᠎ᠤᠨ ᠳᠤᠮᠳᠠᠬᠢ ᠮᠤᠩᠭᠤᠯ ᠠᠨᠠᠭᠠᠬᠤ ᠵᠠᠰᠠᠯ᠎ᠤᠨ ᠠᠷᠭ᠎ᠠ ᠳᠤᠮ᠎ᠢ ᠦᠵᠡᠵᠦ᠂ ᠰᠤᠷᠴᠦ᠂ ᠳᠡᠭᠡᠷ᠎ᠡ ᠵᠠᠭᠤᠨ᠎ᠤ ᠨᠠᠶᠠᠭᠠᠳ ᠤᠨ᠎ᠳᠤ ᠬᠤᠰᠢᠭᠤ ᠠᠢᠮᠠᠭ ᠡᠴᠡ ᠡᠷᠬᠢᠯᠡᠭᠰᠡᠨ ᠮᠤᠩᠭᠤᠯ ᠠᠨᠠᠭᠠᠬᠤ ᠤᠬᠠᠭᠠᠨ᠎ᠤ ᠰᠤᠷᠤᠯᠴᠠᠯᠭ᠎ᠠ᠎ᠳᠤ ᠤᠷᠤᠯᠴᠠᠵᠤ᠂ ᠡᠷᠳᠡᠮ ᠤᠨᠤᠯ᠎ᠤᠨ ᠲᠠᠯ᠎ᠠ ᠪᠠᠷ ᠮᠡᠳᠡᠯᠭᠡ ᠮᠡᠷᠭᠡᠵᠢᠯ ᠵᠢᠠᠨ ᠳᠡᠭᠡᠭᠰᠢᠯᠡᠭᠦᠯᠵᠦ ᠶᠠᠪᠤᠭᠰᠠᠨ ᠵᠢᠠᠨ 1993 ᠤᠨ ᠡᠴᠡ ᠪᠡᠶ᠎ᠡ ᠪᠠᠨ ᠳᠠᠭᠠᠭᠠᠨ ᠡᠪᠡᠳᠴᠢᠨ ᠵᠠᠰᠠᠵᠤ ᠡᠬᠢᠯᠡᠵᠡᠢ᠃ ᠭᠤᠤᠯᠳᠠᠭᠤ ᠶᠠᠰᠤ ᠪᠡᠷᠳᠡᠬᠦ᠂ ᠳᠠᠷᠢᠬᠢ ᠤᠨᠠᠬᠤ᠂ ᠬᠤᠳᠤᠭᠤᠳᠤ ᠭᠡᠳᠡᠰᠦ ᠳᠤᠷᠬᠢᠬᠤ ᠰᠢᠯᠵᠢᠬᠦ᠂ ᠬᠤᠳᠤᠭᠤᠳᠤ ᠭᠡᠳᠡᠰᠦᠨ᠎ᠤ ᠴᠠᠩᠬ᠎ᠠ᠂ ᠲᠠᠪᠤᠨ ᠴᠤᠯᠤ ᠵᠢᠷᠭᠤᠭᠠᠨ ᠰᠠᠪᠠ ᠵᠢᠨ ᠳᠤᠷᠭᠢᠯᠲᠠ ᠡᠴᠡ ᠪᠤᠯᠤᠭᠰᠠᠨ ᠭᠡᠮ ᠠᠷᠬᠠᠭ ᠵᠡᠷᠭᠡ ᠵᠢ ᠡᠷᠲᠡ ᠳᠡᠭᠡᠳᠦ ᠵᠢᠨ ᠤᠨᠴᠠ ᠰᠤᠳᠤᠨ ᠠᠷᠭ᠎ᠠ ᠳᠡᠮ ᠵᠢᠠᠷ ᠵᠠᠰᠠᠳᠠᠭ᠃ ᠪᠡᠭᠡᠵᠢᠩ᠂ ᠱᠠᠩᠬᠠᠢ᠂ ᠬᠠᠷᠪᠢᠨ ᠵᠡᠷᠭᠡ ᠲᠤᠮᠤᠬᠠᠨ ᠬᠤᠲᠠ᠎ᠳᠤ ᠤᠷᠢᠭᠲᠠᠨ ᠤᠴᠢᠵᠦ ᠡᠮᠴᠢᠯᠡᠭᠰᠡᠨ ᠲᠡᠦᠬᠡ ᠲᠡᠢ᠂ ᠭᠤᠴᠢᠭᠠᠳ ᠵᠢᠯ᠎ᠳᠤ ᠲᠡᠭᠦᠨ᠎ᠤ ᠵᠠᠰᠠᠨ ᠡᠳᠡᠭᠡᠷᠡᠭᠦᠯᠦᠭᠰᠡᠨ ᠡᠪᠡᠳᠴᠢᠲᠡᠨ ᠬᠡᠳᠦᠨ ᠮᠢᠩᠭ᠎ᠠ ᠬᠦᠷᠴᠡᠢ᠃ ᠠᠭᠤᠰᠬᠢᠨ ᠰᠦᠷᠢᠶ᠎ᠡ᠂ ᠡᠯᠢᠭᠡ ᠬᠠᠲᠠᠭᠤᠷᠠᠵᠤ ᠬᠡᠪᠡᠯᠢ᠎ᠳᠤ ᠤᠰᠤ ᠳᠦᠭᠦᠷᠦᠭᠰᠡᠨ᠂ ᠪᠦᠬᠦ ᠪᠡᠶ᠎ᠡ ᠨᠢ ᠬᠠᠪᠤᠳᠠᠷ ᠲᠸ᠋ ᠪᠠᠷᠢᠭᠳᠠᠬᠰᠠᠨ ᠪᠠ ᠬᠠᠷ᠎ᠠ ᠪᠦᠭᠡᠷ᠎ᠡ ᠵᠢᠨ ᠡᠪᠡᠳᠴᠢᠨ ᠵᠡᠷᠭᠡ᠎ᠳᠤ ᠨᠡᠷᠪᠡᠭᠳᠡᠭᠰᠡᠨ ᠬᠦᠨᠳᠦ ᠡᠪᠡᠳᠴᠢᠲᠡᠨ᠎ᠢ ᠵᠠᠰᠠᠨ ᠡᠳᠡᠭᠡᠷᠡᠭᠦᠯᠦᠭᠰᠡᠨ ᠵᠢᠱ᠌ᠢᠶ᠎ᠡ ᠤᠯᠠᠨ ᠪᠤᠢ᠃ ᠣᠨᠴᠠᠯᠠᠨ ᠳᠤᠷᠠᠳᠪᠠᠯ᠂ ᠳᠦᠮᠦᠰᠦ ᠨᠢ ᠭᠡᠮᠲᠦᠭᠡᠳ ᠮᠠᠰᠡ ᠵᠠᠰᠠᠯ ᠬᠢᠯᠭᠡᠨ ᠵᠠᠰᠠᠷᠠᠰᠢ ᠦᠭᠡᠢ ᠪᠤᠯᠵᠤ᠂ ᠡᠳᠦᠷ ᠬᠤᠨᠤᠭ ᠵᠢᠠᠨ ᠬᠦᠯᠢᠶᠡᠭᠰᠡᠨ ᠨᠢᠭᠡᠨ ᠬᠦᠨᠳᠦ ᠡᠪᠡᠳᠴᠢᠲᠡᠨ᠎ᠢ ᠦᠪᠠᠷᠮᠢᠴᠡ ᠵᠠᠰᠠᠯ ᠵᠢᠠᠷ ᠵᠢᠠᠨ ᠪᠦᠷᠢᠮᠦᠰᠦᠨ ᠡᠳᠡᠭᠡᠷᠡᠭᠦᠯᠦᠭᠰᠡᠨ ᠪᠤᠳᠠᠲᠤ ᠵᠢᠱ᠌ᠢᠶ᠎ᠡ ᠪᠤᠢ᠃ ᠲᠥᠪ ᠲᠸᠯᠸᠢᠰ᠎ᠤᠨ ᠨᠢᠭᠡᠨ ᠰᠤᠷᠪᠤᠯᠵᠢᠯᠠᠭᠴᠢ ᠬᠦᠯᠦᠨ ᠪᠦᠢᠷ ᠲᠸ᠋ ᠢᠷᠡᠭᠡᠳ ᠭᠡᠨᠡᠳᠲᠡ ᠵᠢᠨ ᠬᠦᠨᠳᠦ ᠲᠡᠷᠭᠡᠨ ᠡᠨᠳᠡᠯ᠎ᠳᠤ ᠳᠠᠭᠠᠷᠢᠭᠳᠠᠵᠤ᠂ ᠬᠥᠳᠡᠯᠵᠦ ᠳᠡᠢᠯᠬᠦ ᠦᠭᠡᠢ᠂ ᠳᠠᠭᠤ ᠲᠠᠯᠪᠢᠨ ᠶᠤᠤᠯᠠᠵᠤ ᠪᠠᠢᠭᠰᠠᠨ ᠦᠶ᠎ᠡ ᠳ᠋ᠤ ᠠᠵᠠ ᠪᠠᠷ ᠴᠢᠮᠡᠳ ᠡᠮᠴᠢ ᠲᠠᠢ ᠬᠠᠷᠭᠤᠵᠤ᠂ 《ᠲᠠ ᠨᠠᠮᠠᠢ᠍ᠢ ᠢᠲᠡᠭᠡᠪᠡᠯ᠂ ᠪᠢ ᠪᠠᠷᠳᠡᠭᠰᠡᠨ ᠶᠠᠰᠤ ᠵᠢ ᠲᠠᠨᠢ ᠪᠠᠷᠢᠵᠦ ᠦᠭᠭᠦᠶ᠎ᠡ᠂ ᠮᠡᠰᠡ ᠵᠠᠰᠠᠯ ᠬᠢᠯᠭᠡᠬᠦ ᠬᠡᠷᠡᠭ ᠦᠭᠡᠢ》 ᠭᠡᠰᠡᠨ ᠦᠭᠡᠨ᠎ᠳᠤ ᠨᠢ ᠪᠠᠲᠤ ᠢᠲᠡᠭᠡᠵᠦ᠂ ᠶᠠᠰᠤ ᠪᠠᠨ ᠪᠠᠷᠢᠭᠤᠯᠤᠭᠠᠳ ᠬᠤᠷᠢ ᠬᠤᠨᠤᠭᠰᠠᠨ ᠦᠭᠡᠢ ᠠᠵᠢᠭ ᠦᠭᠡᠢ ᠰᠠᠢᠬᠠᠨ ᠶᠠᠪᠤᠵᠤ ᠰᠠᠭᠤᠵᠤ ᠡᠳᠡᠭᠡᠷᠡᠭᠰᠡᠨ ᠳᠤᠬᠠᠢ ᠪᠠᠨ ᠴᠢᠮᠠᠳ ᠡᠮᠴᠢ᠎ᠳᠤ ᠳᠤᠰᠬᠠᠢᠯᠠᠨ ᠪᠢᠴᠢᠵᠦ ᠢᠷᠡᠭᠦᠯᠦᠭᠰᠡᠨ ᠳᠠᠯᠠᠷᠬᠠᠯ᠎ᠤᠨ ᠵᠡᠬᠢᠳᠠᠯ ᠳ᠋ᠠᠭᠠᠨ ᠲᠡᠮᠲᠡᠭᠯᠡᠵᠠᠢ᠃ ᠳᠤᠷᠠᠳᠤᠭᠤᠰᠢᠲᠠᠢ ᠨᠢ᠂ ᠡᠨᠡ ᠬᠦᠮᠦᠨ ᠤᠤᠯ ᠡᠴᠡ ᠪᠠᠨ ᠮᠤᠩᠭᠤᠯ ᠡᠮ ᠡᠮᠨᠡᠯᠭᠡ ᠵᠢᠨ ᠳᠤᠬᠠᠢ ᠤᠢᠯᠠᠭᠠᠨ ᠰᠤᠷᠪᠤᠯᠵᠢᠯᠠᠵᠦ ᠮᠡᠳᠡᠭᠡᠯᠡᠯ ᠬᠢᠵᠦ ᠶᠠᠪᠤᠭᠰᠠᠨ ᠪᠠᠢᠵᠤ᠂ ᠠᠶᠤᠯᠲᠠᠢ ᠴᠠᠭ ᠲᠸ᠋ ᠤᠯᠠᠮᠵᠢᠯᠠᠯᠲᠤ ᠵᠠᠰᠠᠯ᠎ᠤᠨ ᠨᠤᠲᠤᠭ᠎ᠤᠨ ᠡᠮᠴᠢ ᠵᠢ ᠢᠲᠡᠭᠡᠵᠦ ᠡᠮᠴᠢᠯᠡᠭᠦᠯᠦᠭᠰᠡᠨ᠎ᠤ ᠪᠠᠨ ᠰᠠᠢᠨ ᠵᠢᠠᠷ ᠮᠡᠰᠡ ᠵᠠᠰᠠᠯ ᠬᠢᠯᠭᠡᠵᠦ ᠡᠪᠡᠳᠴᠦ ᠬᠠᠪᠤᠳᠬᠤ ᠵᠤᠪᠠᠯᠠᠩ ᠡᠴᠡ ᠬᠡᠯᠳᠦᠷᠢᠨ ᠡᠷᠲᠡᠭᠡᠨ ᠡᠷᠡᠭᠦᠯᠵᠢᠵᠦ ᠴᠢᠳᠠᠭᠰᠠᠨ ᠪᠠᠢᠵᠠᠢ᠃


QQ截图20250224163902.png




QQ截图20250224163936.png


QQ截图20250415164924.png


ᠴᠢᠮᠡᠳ ᠡᠮᠴᠢ ᠬᠦᠨᠳᠦ ᠪᠡᠷᠬᠡ ᠡᠪᠡᠳᠴᠢᠲᠡᠨ᠎ᠢ ᠬᠦᠯᠢᠶᠡᠵᠦ ᠠᠪᠳᠠᠭ ᠳᠤᠬᠠᠢ ᠪᠢᠳᠡᠨ᠎ᠳᠤ ᠢᠩᠬᠢᠵᠦ ᠲᠠᠢᠯᠪᠤᠷᠢ ᠬᠢᠯ᠎ᠡ᠄

—  ᠪᠢ ᠬᠤᠪᠢ ᠵᠢᠨ ᠨᠡᠷ᠎ᠡ ᠲᠦᠷᠦ᠂ ᠠᠰᠢᠭ ᠬᠤᠨᠵᠢᠶ᠎ᠠ ᠳ᠋ᠤ ᠭᠤᠷᠢᠯᠠᠭᠰᠠᠨ ᠶᠠᠪᠤᠳᠠᠯ ᠪᠢᠰᠢ ᠡ᠂ ᠤᠴᠢᠷ ᠨᠢ ᠡᠳᠦᠭᠡ ᠴᠠᠭ ᠲᠸ᠋ ᠤᠨᠴᠠ ᠬᠦᠨᠳᠦ ᠡᠪᠡᠳᠴᠢᠲᠡᠨ᠎ᠢ ᠤᠯᠠᠩᠬᠢ ᠡᠮᠨᠡᠯᠭᠡ ᠵᠢᠨ ᠬᠤᠷᠢᠶ᠎ᠠ ᠠᠪᠬᠤ ᠳᠤᠷ᠎ᠠ ᠦᠭᠡᠢ᠂ ᠢᠳᠬᠠᠵᠤ ᠭᠡᠷ ᠨᠤᠲᠤᠭ ᠲᠤᠨᠢ ᠬᠠᠷᠢᠭᠤᠯᠳᠠᠭ ᠪᠤᠯᠬᠤᠷ᠂ ᠡᠳᠡᠭᠡᠷ ᠡᠪᠡᠳᠴᠢᠲᠡᠨ ᠦᠬᠦᠯ ᠵᠢᠠᠨ ᠬᠦᠯᠢᠶᠡᠬᠦ ᠡᠴᠡ ᠥᠭᠡᠷ᠎ᠡ ᠠᠷᠭ᠎ᠠ ᠦᠭᠡᠢ ᠪᠤᠯᠳᠠᠭ᠃ ᠨᠡᠭᠦᠳᠡᠯᠴᠢᠨ ᠮᠤᠩᠭᠤᠯᠴᠤᠳ᠎ᠤᠨ ᠤᠯᠠᠮᠵᠢᠯᠠᠯᠲᠤ ᠠᠨᠠᠭᠠᠬᠤ ᠤᠬᠠᠭᠠᠨ ᠨᠢ ᠬᠡᠳᠦᠨ ᠵᠠᠭᠤ ᠮᠢᠩᠭᠠᠨ ᠵᠢᠯ ᠥᠪᠯᠡᠨ ᠤᠯᠠᠮᠵᠢᠯᠠᠭᠳᠠᠭᠰᠠᠨ ᠪᠤᠯᠬᠤᠷ ᠲᠡᠭᠦᠨ᠎ᠳᠤ ᠠᠯᠢ ᠤᠯᠠᠨ ᠦᠢᠯᠡᠳᠦᠯᠭᠡ ᠪᠠᠷ ᠭᠡᠷᠡᠴᠢᠯᠡᠭᠳᠡᠭᠰᠡᠨ ᠤᠨᠴᠠ ᠭᠠᠢᠬᠠᠮᠰᠢᠭᠲᠠᠢ᠂ ᠷᠢᠳᠢ ᠰᠢᠳᠢ ᠪᠤᠯᠤᠮᠠᠷ ᠵᠠᠰᠠᠯ ᠠᠨᠠᠭᠠᠯᠭ᠎ᠠ ᠪᠠᠢᠳᠠᠭ᠃ ᠪᠢ ᠠᠯᠢ ᠪᠤᠯᠬᠤ ᠪᠠᠷ ᠡᠳᠡᠭᠡᠷ ᠠᠷᠭ᠎ᠠ ᠪᠠᠷᠢᠯ᠎ᠢ ᠬᠡᠷᠡᠭᠯᠡᠵᠦ᠂ ᠬᠦᠨᠳᠦ ᠡᠪᠡᠳᠴᠢᠲᠡᠨ᠎ᠳᠤ ᠠᠴᠢ ᠳᠤᠰᠠ ᠪᠤᠯᠵᠤ᠂ ᠪᠤᠶᠠᠨ ᠢᠪᠡᠭᠡᠯ ᠬᠦᠷᠭᠡᠶ᠎ᠡ ᠭᠡᠵᠦ ᠪᠤᠳᠤᠳᠠᠭ ᠪᠢᠯᠡ᠃ ᠵᠤᠯ ᠵᠢᠠᠷ᠂ ᠤᠯᠠᠮᠵᠢᠯᠠᠯᠲᠤ ᠮᠤᠩᠭᠤᠯ ᠠᠨᠠᠭᠠᠬᠤ ᠵᠠᠰᠠᠯ᠎ᠤᠨ ᠭᠠᠢᠬᠠᠮᠰᠢᠭ ᠵᠢᠠᠷ ᠭᠠᠰᠠᠯᠠᠩ ᠵᠤᠪᠠᠯᠠᠩ᠎ᠳᠤ ᠤᠨᠠᠭᠰᠠᠨ ᠡᠪᠡᠳᠴᠢᠲᠡᠨ ᠡᠳᠡᠭᠡᠷᠡᠵᠦ᠂ ᠡᠪᠡᠳᠴᠢᠲᠡᠨ᠎ᠤ ᠭᠡᠷ ᠪᠦᠯᠢ᠎ᠳᠤ ᠪᠠᠶᠠᠷ ᠪᠠᠶᠠᠰᠤᠯ ᠪᠤᠯᠵᠤ᠂ ᠮᠢᠨᠦ ᠬᠤᠪᠢ᠎ᠳᠤ ᠴᠸ᠋ ᠤᠷᠮ᠎ᠠ ᠪᠠᠬᠠᠳᠤᠯ ᠪᠤᠯᠳᠠᠭ ᠪᠢᠯᠡ ᠁ ᠭᠡᠯ᠎ᠠ᠃


QQ截图20240904155222.png


QQ截图20250415164924.png


QQ截图20250224163902.png


ᠴᠢᠮᠡᠳ ᠡᠮᠴᠢ ᠤᠳᠤ ᠬᠦᠯᠦᠨ ᠪᠤᠢᠷ ᠬᠤᠲᠠ ᠵᠢᠨ ᠪᠠᠷᠢᠶ᠎ᠠ ᠵᠠᠰᠠᠯ᠎ᠤᠨ ᠨᠡᠢᠭᠡᠮᠯᠢᠭ᠎ᠤᠨ ᠭᠡᠰᠢᠭᠦᠨ᠂ ᠬᠤᠪᠴᠠᠰᠤ ᠵᠠᠰᠠᠯ᠎ᠤᠨ ᠨᠡᠢᠭᠡᠮᠯᠢᠭ᠎ᠤᠨ ᠡᠷᠡᠭᠦᠯ ᠮᠡᠨᠳᠦ ᠪᠡᠶ᠎ᠡ ᠰᠡᠳᠬᠢᠯ ᠨᠢᠭᠦᠯᠡᠰᠦᠩᠭᠦᠢ ᠬᠠᠢᠷ᠎ᠠ ᠵᠢᠨ ᠢᠪᠡᠭᠡᠨ ᠲᠡᠳᠭᠦᠴᠢᠳ᠎ᠤᠨ ᠨᠡᠢᠭᠡᠮᠯᠢᠭ᠎ᠤᠨ ᠭᠡᠰᠢᠭᠦᠨ᠂ 《ᠪᠠᠷᠭᠤᠵᠢᠨ ᠭᠤᠸ᠎ᠠ》 ᠬᠤᠪᠴᠠᠰᠤ ᠵᠠᠰᠠᠯ᠎ᠤᠨ ᠨᠡᠢᠭᠡᠮᠯᠢᠭ᠎ᠤᠨ ᠭᠡᠰᠢᠭᠦᠨ ᠵᠡᠷᠭᠡ ᠨᠡᠢᠭᠡᠮ᠎ᠤᠨ ᠠᠵᠢᠯ ᠠᠯᠪᠠ ᠵᠢᠨ ᠢᠷᠠᠭᠤ ᠲᠢᠳᠢᠮ ᠲᠡᠢ᠃

《ᠬᠠᠨ ᠠᠭᠤᠯᠠ ᠵᠢ ᠴᠠᠰᠤ ᠳᠠᠷᠤᠵᠤ᠂ ᠬᠠᠢᠷᠬᠠᠨ ᠪᠡᠶ᠎ᠡ ᠵᠢ ᠨᠠᠰᠤ ᠳᠠᠷᠤᠳᠠᠭ》᠎ᠤᠨ ᠵᠢᠮ᠎ᠡ ᠪᠠᠷ᠂ ᠴᠢᠮᠠᠳ ᠡᠮᠴᠢ ᠬᠡᠳᠦᠢᠪᠡᠷ ᠳᠠᠯᠠ ᠵᠢᠨ ᠳᠠᠪᠠᠭ᠎ᠠ ᠳᠠᠪᠠᠵᠤ᠂ 《ᠡᠪᠦᠭᠡᠨ ᠰᠢᠪᠠᠭᠤ》 ᠰᠢᠬ ᠠᠭᠤᠯᠠ ᠤᠰᠤᠨ᠎ᠤ ᠪᠠᠨ ᠬᠢᠩᠭᠠᠨ ᠳᠡᠭᠡᠭᠦᠷ ᠳᠡᠪᠲᠡᠷᠢᠩᠬᠡᠨ ᠨᠢᠰᠪᠡᠴᠦ᠂ ᠦᠢ ᠲᠦᠮᠡᠨ ᠳ᠋ᠡᠭᠡᠨ ᠡᠷᠡᠭᠦᠯ ᠡᠩᠬᠡ ᠵᠢᠨ ᠠᠵᠠ ᠪᠤᠶᠠᠨ᠎ᠢ ᠢᠪᠡᠭᠡᠭᠰᠡᠭᠡᠷ ᠪᠠᠢᠬᠤ ᠨᠢ ᠪᠢᠰᠢᠷᠠᠭᠦᠰᠢᠲᠡᠢ ᠪᠦᠭᠡᠳ ᠪᠦᠬᠦ ᠰᠡᠳᠬᠢᠯ ᠪᠦᠬᠦ ᠵᠤᠷᠢᠭ ᠵᠢᠠᠷ ᠵᠢᠠᠨ ᠨᠡᠢᠭᠡᠮ ᠲᠦᠮᠡᠨ᠎ᠳᠤ ᠦᠢᠯᠡᠴᠢᠯᠡᠭᠰᠡᠨ ᠦᠯᠢᠭᠡᠷ ᠳᠠᠭᠤᠷᠢᠶᠠᠯ ᠪᠢᠯᠡ᠃ ᠲᠡᠭᠦᠨ᠎ᠤ ᠭᠤᠴᠢᠭᠠᠳ ᠵᠢᠯ᠎ᠤᠨ ᠡᠮᠴᠢᠯᠡᠭᠡ ᠵᠠᠰᠠᠯ ᠨᠢ ᠦᠨᠢ ᠤᠳᠠᠭᠠᠨ ᠥᠪ ᠤᠯᠠᠮᠵᠢᠯᠠᠯ ᠲᠠᠢ ᠮᠤᠩᠭᠤᠯ ᠠᠨᠠᠭᠠᠬᠤ ᠤᠬᠠᠭᠠᠨ ᠪᠤᠯ ᠦᠷᠭᠡᠨ ᠳᠡᠯᠭᠡᠷ ᠠᠭᠤᠯᠭ᠎ᠠ ᠲᠠᠢ᠂ ᠭᠦᠨ ᠨᠠᠷᠢᠨ ᠰᠢᠨᠵᠢᠯᠡᠭᠡ ᠲᠡᠢ᠂ ᠵᠠᠭᠤᠨ ᠮᠢᠩᠭᠠᠨ ᠤᠨ᠎ᠤ ᠤᠷᠤᠭ᠎ᠠ ᠪᠤᠰᠬᠠᠭ᠎ᠠ ᠵᠢ ᠲᠤᠭᠤᠯᠵᠤ ᠢᠷᠡᠭᠰᠡᠨ ᠮᠤᠩᠭᠤᠯ ᠠᠨᠠᠭᠠᠬᠤ ᠤᠬᠠᠭᠠᠨ᠎ᠳᠤ ᠮᠠᠰᠢ ᠤᠯᠠᠨ ᠭᠠᠢᠬᠠᠮᠰᠢᠭᠲᠤ ᠡᠮᠴᠢᠯᠡᠭᠡ ᠵᠢᠨ ᠷᠢᠳᠢ ᠰᠢᠳᠢ ᠪᠠᠢᠳᠠᠭ ᠭᠡᠳᠡᠭ᠎ᠢ ᠳᠠᠬᠢᠨᠲᠠ ᠨᠤᠲᠠᠯᠠᠨ ᠭᠡᠷᠡᠴᠢᠯᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号