ᠡᠵᠡᠡ᠎ᠳᠡᠭᠡᠨ ᠪᠤᠴᠠᠬ᠍ᠰᠡᠨ ᠴᠢᠳᠣᠷ
2025-07-23 10:34:00
ᠵᠣᠬᠢᠶᠠᠭ᠍ᠴᠢ᠄
ᠳᠠᠯᠠᠶ᠋ᠢᠬᠦᠦ
ᠣᠩᠱᠢᠭ᠍ᠰᠠᠨ ᠣᠳᠠᠭ᠎ᠠ᠄
★★★☆☆

ᠰᠠᠩᠵᠢ ᠨᠠᠰᠣᠳᠠᠨ ᠠ᠋ᠨᠡ ᠵᠢᠯ 78 ᠨᠠᠰᠣᠨ ᠰᠡᠬᠦᠳᠡᠷ᠎ᠢ ᠵᠤᠭᠣᠭᠯᠠᠵᠣ᠌ ᠶᠠᠪᠣᠭ᠎ᠠ ᠣᠬᠠᠭᠠᠨ ᠰᠠᠷᠠᠭᠣᠯ ᠪᠡᠶ᠎ᠡ ᠳᠡᠩᠬᠡᠯᠡᠬᠦᠨ ᠨᠢᠬᠡᠨ ᠪᠤᠯᠪᠠᠴᠤ ᠣᠶ᠋ᠢᠷ᠎ᠠ ᠵᠢᠨ ᠬᠡᠳᠣᠨ ᠵᠢᠯ ᠡᠴᠠ ᠬᠠᠷᠠᠭ᠎ᠠ ᠨᠢ ᠮᠠᠭᠤᠳᠠᠭᠠᠳ ᠬᠣᠯᠠ ᠵᠢ ᠬᠠᠷᠠᠬᠣ᠌ ᠳ᠋ᠥ ᠮᠠᠨᠠᠨᠳᠤᠭᠠᠳ᠂ ᠣᠶ᠋ᠢᠷ᠎ᠠ ᠵᠢ ᠬᠠᠷᠠᠬᠣ᠌ ᠳ᠋ᠥ ᠳᠠᠪᠬᠣᠷᠳᠠᠭᠠᠳ ᠡᠪᠦᠭᠡᠨ᠎ᠢ ᠶᠡᠬᠡ ᠳᠠᠷᠴᠢᠯᠭᠠᠳᠠᠭ ᠴᠤ᠌ ᠣᠶ᠋ᠢᠷ᠎ᠠ ᠵᠠᠭᠣᠷ᠎ᠠ ᠵᠢᠨ ᠳᠠᠰᠣᠯ ᠣᠷᠴᠢᠨ ᠳᠣᠭᠣᠷᠢᠨ ᠳᠣᠳᠣᠷ᠎ᠠ ᠪᠠᠨ ᠬᠠᠷᠢᠨ ᠴᠢᠯᠦᠬᠡᠳᠡᠢ ᠶᠠᠪᠣᠵᠣ᠌ ᠴᠢᠳᠠᠳᠠᠭ ᠪᠢᠯᠡ᠃ ᠭᠣᠷᠪᠠᠨ ᠵᠢᠯ ᠤ᠋ᠨ ᠠ᠋ᠮᠣᠨ᠎ᠡ ᠬᠦᠦ ᠨᠢ ᠬᠦᠳᠡᠬᠡ ᠭᠡᠷ ᠡᠴᠠ ᠨᠢ ᠠᠪᠴᠣ᠌ ᠢᠷᠡᠬᠡᠳ ᠬᠣᠳᠠ ᠳ᠋ᠥ ᠰᠠᠭᠣᠯᠭᠠᠭᠰᠠᠨ ᠠᠵᠢ᠃ ᠠ᠋ᠬᠢᠨ ᠳ᠋ᠡᠭᠡᠨ ᠬᠦᠳᠡᠬᠡ ᠵᠢᠨ ᠡᠪᠣᠬᠡᠨ ᠬᠣᠳᠠ ᠵᠢᠨ ᠣᠷᠴᠢᠨ᠂ ᠠᠮᠢᠳᠣᠷᠠᠯ ᠳ᠋ᠥ ᠣᠨᠳᠠᠵᠣ᠌ ᠴᠢᠳᠠᠬᠣ᠌ ᠦᠭᠡᠢ ᠢᠳᠡᠵᠣ᠌ ᠣᠷᠣᠬᠣ᠌ ᠦᠭᠡᠢ ᠨᠡᠯᠢᠶᠡᠳ ᠲᠠᠪᠠᠳᠠᠬᠰᠨᠨ  ᠪᠣᠯᠪᠠᠴᠣ᠌ ᠬᠠᠷᠢᠨ ᠬᠦᠦ ᠬᠢᠬᠡᠳ ᠠᠴᠢ ᠬᠡᠤᠬᠡᠨ (ᠤᠮᠪᠤᠯᠦ ᠦᠬᠢᠨ)᠎ᠤ ᠪᠠᠨ ᠳᠠᠮᠵᠢᠯᠬᠡ ᠳᠣᠣᠷ᠎ᠠ ᠨᠡᠯᠢᠶᠡᠳ ᠭᠠᠶ᠋ᠢᠭᠣᠢ ᠳᠠᠰᠣᠭᠰᠠᠨ ᠪᠢᠯᠡ᠃ ᠡᠨᠡ ᠪᠦᠬᠦᠨ ᠨᠢ᠂ ᠬᠦᠳᠡᠬᠡ ᠬᠡᠬᠡᠷ᠎ᠡ ᠨᠠᠰᠣᠨ᠎ᠤ ᠪᠠᠨ ᠶᠡᠬᠡ ᠬᠠᠭᠠᠰ᠎ᠢ ᠠᠪᠣᠭᠰᠠᠨ ᠬᠦᠮᠦᠨ ᠳ᠋ᠥ ᠠᠪᠴᠦ ᠬᠡᠯᠡᠪᠡᠯ ᠳᠣᠯᠣᠭᠠᠨ ᠵᠦᠪ ᠪᠢᠵᠡ ᠳᠡ᠃ 

ᠡᠪᠣᠬᠡᠨ᠎ᠳᠤ ᠰᠠᠨᠠᠭ᠎ᠠ ᠪᠣᠯᠬᠣ᠌ ᠵᠣᠶ᠋ᠢᠯ ᠠᠷᠪᠢᠨ ᠪᠣᠢ᠂ ᠦᠰᠴᠦ ᠳᠣᠷᠨᠢᠭ᠍ᠰᠠᠨ ᠨᠣᠳᠣᠭ ᠣᠰᠣᠨ᠂ ᠠᠶᠠᠯᠠᠵᠣ᠌ ᠳᠤᠭᠣᠯᠵᠣ᠌ ᠶᠠᠪᠣᠭᠰᠠᠨ ᠠᠭᠣᠯᠠ ᠬᠠᠶ᠋ᠢᠷᠬᠠᠨ᠂ ᠣᠣᠭᠣᠵᠣ᠌ ᠣᠮᠳᠠᠯᠠᠵᠣ᠌ ᠶᠠᠪᠣᠭᠰᠠᠨ ᠣᠰᠣ᠌ ᠮᠦᠷᠡᠨ᠂ ᠬᠠᠶ᠋ᠢᠷᠠᠯᠠᠵᠣ᠌ ᠬᠠᠮᠠᠭᠠᠯᠠᠵᠣ᠌ ᠶᠠᠪᠣᠭᠰᠠᠨ ᠮᠠᠯ ᠰᠦᠷᠦᠭ᠂ ᠦᠶᠡᠷᠬᠡᠵᠣ᠌ ᠶᠠᠪᠣᠭᠰᠠᠨ ᠦᠶ᠎ᠡ ᠳᠠᠩ ᠤ᠋ᠨ ᠬᠢᠨ ᠭᠡᠳ ᠵᠠᠬ᠎ᠠ ᠵᠤᠬ᠎ᠠ ᠦᠬᠡᠢ ᠣᠯᠠᠨ ᠶᠠᠭᠣᠮᠠᠨ ᠳ᠋ᠥ ᠰᠡᠳᠬᠢᠯ ᠳᠠᠳᠠᠭᠳᠠᠭᠠᠳ ᠰᠠᠨᠠᠭ᠎ᠠ ᠪᠠᠶ᠋ᠢᠪᠠᠴᠣ᠌ ᠣᠨᠣᠭ᠎ᠠ ᠬᠦᠷᠬᠦ ᠦᠭᠡᠢ ᠵᠢᠨ ᠵᠣᠪᠠᠯᠠᠩ ᠳ᠋ᠥ ᠪᠠᠬᠠᠨ ᠪᠠᠷᠢᠭ᠍ᠳᠠᠨ᠎ᠠ᠃ ᠠ᠋ᠬᠢᠨ᠎ᠤ ᠬᠠᠭᠠᠰ ᠵᠢᠯ ᠠᠴᠢ ᠬᠡᠤᠬᠡᠨ ᠨᠢ ᠪᠠᠷᠤᠭ ᠯᠡ  ᠠ᠋ᠳᠣᠷᠵᠢᠨ ᠡᠪᠣᠬᠡ ᠠᠪᠣ ᠪᠠᠨ ᠳᠠᠭᠠᠭᠣᠯᠣᠨ ᠬᠣᠳᠠ ᠵᠢᠨ ᠦᠨᠴᠦᠭ ᠪᠣᠯᠣᠩ ᠦᠯᠡᠳᠡᠭᠡᠯ ᠦᠭᠡᠢ ᠰᠢᠬᠠᠮ ᠳᠣᠭᠣᠷᠢᠭᠣᠯᠣᠨ᠂ ᠳᠠᠨᠢᠵᠣ᠌ ᠮᠡᠳᠡᠳᠡᠭ ᠠᠶ᠋ᠢᠯ ᠠᠶ᠋ᠢᠮᠠᠭ᠎ᠦᠨ ᠬᠢᠨ᠎ᠢᠶᠠᠷ ᠨᠢ ᠠᠢᠯᠴᠢᠯᠠᠭᠤᠯᠵᠦ᠂ ᠬᠣᠳᠠ ᠵᠢᠨ ᠣᠷᠴᠢᠨ ᠠᠬᠣᠢ ᠵᠢ ᠪᠠᠬᠠᠨ ᠳᠠᠨᠢᠯᠴᠠᠭᠣᠯᠵᠠᠢ᠃ ᠭᠠᠭᠴᠠᠭᠠᠷ᠎ᠢᠶᠠᠨ ᠠᠰᠠᠷ ᠤ᠋ᠨ ᠮᠣᠬᠣᠷ ᠰᠠᠬᠢᠭ᠍ᠰᠠᠭᠠᠷ ᠪᠠᠶ᠋ᠢᠭᠠᠳ ᠣᠶ᠋ᠢᠳᠬᠣ᠌ ᠵᠢᠨ ᠳᠣᠶ᠋ᠢᠯ ᠳ᠋ᠥ ᠳᠣᠯᠬᠣ᠌ ᠳ᠋ᠠᠭᠠᠨ ᠬᠦᠳᠡᠬᠡ ᠳ᠋ᠡᠭᠡᠨ ᠬᠠᠷᠢᠨ᠎ᠠ ᠬᠡᠳ ᠵᠣᠪᠠᠭᠠᠬᠣ᠌ ᠡᠴᠠ ᠠᠶᠣᠭᠰᠠᠨ ᠬᠦᠦ ᠨᠢ ᠬᠡᠣᠬᠡᠨ ᠳ᠋ᠡᠭᠡᠨ ᠠ᠋ᠶ᠋ᠢᠮᠣ᠌ ᠵᠠᠷᠯᠢᠭ᠋ ᠪᠠᠭᠣᠯᠭᠠᠭᠰᠠᠨ ᠪᠠᠶ᠋ᠢᠵᠡᠢ᠃ ᠶᠠᠪᠣᠭᠠᠨ ᠳ᠋ᠠᠭᠠᠨ ᠡᠪᠣᠬᠡᠨ ᠬᠦᠦ ᠵᠢᠨ ᠵᠢᠡᠨ ᠠᠮᠢᠳᠣᠷᠠᠳᠠᠭ ᠰᠠᠭᠣᠭᠠᠯᠢ ᠠᠷᠠᠳ ᠤ᠋ᠨ ᠳᠣᠭᠣᠷᠢᠭ᠋᠎ᠦᠨ ᠳᠣᠳᠣᠷ᠎ᠠ ᠨᠡᠯᠢᠶᠡᠳ ᠨᠠᠰᠣ᠌ ᠬᠣᠷᠠᠭ ᠬᠡᠳᠣᠨ ᠡᠪᠣᠬᠡᠨ ᠠ᠋ᠮᠡᠬᠡᠨ ᠳᠠᠢ ᠳᠠᠨᠢᠯᠴᠠᠵᠣ᠌᠂ ᠬᠦᠷᠢᠶᠡᠨ᠎ᠤ ᠳᠣᠳᠣᠷᠠᠬᠢ ᠰᠡᠷᠢᠬᠦᠨ ᠲᠠᠭᠲᠤ ᠳᠣᠣᠷᠠᠬᠢ ᠮᠣᠳᠣᠨ ᠰᠠᠨᠳᠠᠯᠢ ᠳᠡᠭᠡᠷ᠎ᠡ ᠭᠣᠣᠯ ᠨᠢᠷᠣᠭᠣ᠌ ᠪᠠᠨ ᠨᠠᠷᠠᠨ ᠳ᠋ᠥ ᠠ᠋ᠬᠡᠬᠡᠨ ᠰᠠᠯᠬᠢ ᠦᠨᠦᠷᠯᠡᠨ᠂ ᠣᠶ᠋ᠢᠷ᠎ᠠ ᠬᠠᠪᠢ ᠵᠢᠨ ᠬᠡᠳᠣᠨ ᠡᠪᠣᠭᠡᠨ ᠠ᠋ᠮᠡᠬᠡᠨ ᠳᠠᠢ ᠶᠠᠷᠢᠶ᠎ᠠ ᠬᠦᠬᠡᠷᠦᠬᠡ ᠪᠣᠯᠵᠣ᠌᠂ ᠬᠠᠵᠠᠭᠣ᠌ ᠪᠠᠷ ᠨᠢ ᠪᠠᠰᠠ ᠬᠦᠵᠦᠷ ᠨᠠᠭᠠᠳᠣᠨ ᠠ᠋ᠳᠣᠷ ᠰᠠᠷ᠎ᠠ ᠵᠢ ᠨᠦᠭᠴᠢᠭᠡᠳᠡᠭ ᠪᠣᠯᠵᠡᠢ᠃

ᠨᠢᠭᠡ ᠠ᠋ᠳᠣᠷ ᠤᠮᠪᠦᠯᠦ ᠦᠬᠢᠨ ᠨᠢ ᠡᠪᠣᠬᠡ ᠠᠪᠣ ᠪᠠᠨ ᠳᠠᠭᠠᠭᠣᠯᠣᠨ ᠬᠣᠳᠠ ᠵᠢᠨ ᠮᠦᠽᠸᠢ ᠪᠠᠷ ᠳᠣᠭᠣᠷᠢᠭᠣᠯᠬᠣ᠌ ᠪᠠᠷ ᠳᠣᠭᠳᠠᠭᠰᠠᠨ ᠣᠴᠢᠷ ᠡᠴᠠ ᠡᠪᠣᠬᠡᠨ ᠠᠴᠢ ᠬᠡᠤᠬᠡᠨ ᠎ᠢᠶᠠᠨ ᠬᠦᠯᠢᠶᠠᠨ ᠰᠠᠭᠣᠵᠣ᠌ ᠪᠠᠶ᠋ᠢᠯ᠎ᠠ᠂ ᠣᠳᠠᠭᠰᠠᠨ ᠦᠭᠡᠢ ᠭᠠᠷ ᠣᠳᠠᠰᠣ᠌ ᠨᠢ ᠳᠣᠣᠭᠠᠷᠣᠨ ᠠᠴᠢ ᠬᠡᠣᠬᠡᠨ ᠨᠢ ᠠᠰᠠᠷ ᠡᠴᠠ ᠪᠠᠭᠣᠵᠣ᠌ ᠢᠷᠡᠬᠦ ᠵᠠᠷᠯᠢᠭ᠋ ᠳᠠᠯᠪᠢᠯ᠎ᠠ᠃ ᠠ᠋ᠨᠡ ᠬᠡᠷ ᠳᠣᠳᠣᠷ᠎ᠠ ᠡᠪᠣᠬᠡ ᠠᠪᠣ ᠠᠴᠢ ᠬᠡᠤᠬᠡᠨ ᠬᠣᠶᠠᠭᠣᠯᠠ ᠪᠣᠯ ᠬᠠᠮᠣᠭ ᠤ᠋ᠨ ᠠ᠋ᠷᠬᠡ ᠴᠢᠯᠦᠬᠡᠳᠡᠢ ᠬᠣᠶᠠᠷ᠂ ᠬᠦᠦ ᠬᠢᠬᠡᠳ ᠬᠦᠦ ᠪᠡᠷᠢ ᠬᠣᠶᠠᠷ ᠨᠢ ᠳᠣᠭᠳᠠᠮᠠᠯ ᠠᠵᠢᠯ ᠠᠯᠪᠠ ᠳᠠᠢ᠂ ᠴᠠᠭ ᠤ᠋ᠨ ᠠ᠋ᠷᠬᠡᠨ ᠳ᠋ᠥ ᠶᠠᠭᠠᠷᠠᠵᠠᠭᠠᠳᠠᠭ ᠣᠯᠣᠰ᠃ ᠠᠴᠢ ᠬᠡᠤᠬᠡᠨ ᠨᠢ ᠪᠣᠯ ᠬᠠᠷᠢᠨ ᠠ᠋ᠷᠬᠡ ᠴᠢᠯᠦᠭᠡᠳᠡᠢ ᠠᠮᠢᠳᠣᠷᠠᠳᠠᠭ ᠨᠢᠬᠡᠨ᠂ ᠳᠣᠷᠠᠳᠠᠢ ᠳ᠋ᠠᠭᠠᠨ ᠶᠠᠪᠣᠨ᠎ᠠ᠂ ᠳᠣᠷ᠎ᠠ ᠦᠭᠡᠢ ᠪᠣᠯ ᠣᠨᠳᠠᠨ᠎ᠠ᠃ ᠠᠴᠢ ᠬᠡᠤᠬᠡᠨ ᠨᠢ ᠠ᠋ᠨᠡ ᠦᠷᠯᠦᠭᠡ ᠭᠠᠳᠠᠭᠣᠷ ᠠᠵᠢᠯ᠎ᠢᠶᠠᠨ ᠵᠣᠬᠢᠴᠠᠭᠣᠯᠣᠭᠠᠳ ᠢᠷᠡᠨ᠎ᠡ ᠭᠡᠳ ᠭᠠᠷᠣᠭᠠᠳ ᠳᠠᠪᠬᠢᠭ᠍ᠰᠠᠨ᠂ ᠣᠳᠣ᠌ ᠠ᠋ᠷᠬᠢᠵᠣ᠌ ᠢᠷᠡᠵᠣ᠌ ᠪᠠᠶ᠋ᠢᠭ᠎ᠠ ᠨᠢ ᠠ᠋ᠨᠡ ᠠᠵᠢ᠃ ᠠᠴᠢ ᠬᠡᠤᠬᠡᠨ ᠨᠢ ᠡᠪᠣᠬᠡ ᠠᠪᠣ ᠳ᠋ᠠᠭᠠᠨ ᠮᠠᠰᠢ ᠶᠡᠬᠡ ᠬᠠᠶ᠋ᠢᠷᠠᠳᠠᠢ᠂ ᠡᠪᠣᠬᠡ ᠠᠪᠣ ᠨᠢ ᠴᠦ᠍ ᠠᠴᠢ ᠬᠡᠤᠬᠡᠨ᠎ᠤ ᠪᠠᠨ ᠦᠬᠡ ᠰᠠᠨᠠᠭ᠎ᠠ ᠡᠴᠠ ᠭᠠᠷᠬᠣ᠌ ᠦᠭᠡᠢ᠂ ᠠ᠋ᠨᠡ ᠭᠡᠷ ᠳᠣᠳᠣᠷ᠎ᠠ ᠬᠠᠮᠣᠭ ᠤ᠋ᠨ ᠠ᠋ᠯᠪᠡᠷᠢᠯ ᠳᠡᠢ ᠬᠣᠶᠠᠷ᠃

ᠡᠪᠣᠬᠡᠨ ᠠᠰᠠᠷ᠎ᠤᠨ ᠴᠠᠬᠢᠯᠭᠠᠨ ᠱᠠᠳᠣ᠌ ᠪᠠᠷ ᠪᠠᠭᠣᠨ ᠢᠷᠡᠵᠣ᠌᠂ ᠠᠴᠢ ᠬᠡᠣᠬᠡᠨ ᠎ᠤ ᠪᠠᠨ ᠵᠢᠵᠢᠭ ᠣᠯᠠᠭᠠᠨ ᠮᠠᠰᠢᠨ ᠳ᠋ᠥ ᠰᠠᠭᠣᠯ᠎ᠠ᠃ ᠠᠴᠢ ᠬᠡᠣᠬᠡᠨ ᠨᠢ ᠮᠠᠰᠢᠨ᠎ᠢᠶᠠᠨ ᠬᠦᠳᠡᠯᠬᠡᠬᠦ ᠡᠴᠠ ᠣᠷᠢᠳᠡ᠄

︱ ᠬᠦᠭᠰᠢ (ᠡᠪᠦᠭᠡ ᠠᠪᠤ)᠂ ᠦᠨᠦᠳᠣᠷ ᠪᠢᠳᠡ ᠬᠣᠶᠠᠭᠣᠯᠠ ᠪᠠᠨ ᠮᠦᠽᠸᠢ ᠵᠢ ᠳᠣᠭᠣᠷᠢᠵᠣ᠌ ᠪᠠᠷᠠᠭᠠᠳ ᠵᠡᠬᠦᠨ ᠪᠡᠶ᠎ᠡ ᠵᠢᠨ ᠠᠭᠣᠯᠠᠨ ᠳᠡᠬᠡᠷ᠎ᠡ ᠭᠠᠷᠴᠣ᠌ ᠳᠠᠡ ᠢ᠋ ᠰᠠᠯᠬᠢᠨ ᠳ᠋ᠥ ᠭᠠᠷᠭᠠᠶ᠎ᠠ᠂ ᠪᠠᠭᠣᠵᠣ᠌ ᠢᠷᠡᠭᠡᠳ ᠬᠣᠶᠠᠭᠣᠯᠠ ᠪᠠᠨ ᠮᠣᠩᠭᠣᠯ ᠬᠣᠭᠣᠯᠠᠨ ᠬᠡᠷ ᠲᠦ᠍ ᠢᠳᠡᠴᠢᠭᠡᠶ᠎ᠡ᠂ ᠬᠡᠷ ᠲᠦ᠍ ᠬᠠᠷᠢᠵᠣ᠌ ᠭᠡᠷᠡᠭ ᠦᠭᠡᠢ᠂ ᠪᠣᠯᠬᠣ᠌ ᠤᠤ ? ᠬᠡᠳ ᠡᠪᠣᠬᠡ ᠠᠪᠣ ᠵᠢᠨ᠎ᠢᠶᠠᠨ ᠬᠦᠵᠦᠬᠦᠨ ᠳᠡᠭᠡᠬᠦᠷ ᠨᠢ ᠭᠠᠷ ᠳᠠᠯᠪᠢᠨ᠂ ᠦᠬᠡᠳᠡ ᠡᠴᠠ ᠨᠢ ᠮᠦᠰᠢᠶᠡᠯ᠎ᠡ᠃ ᠡᠪᠣᠬᠡ ᠠᠪᠣ ᠨᠢ᠄

︱ ᠬᠦᠩᠵᠣ᠌ ᠡᠵᠡᠨ ᠲᠠ ᠮᠢᠨᠢ ᠯᠠ ᠮᠡᠳᠡᠨ᠎ᠡ ᠬᠡᠯ᠎ᠡ᠃

ᠬᠦᠩᠬᠡᠨ ᠮᠠᠰᠢᠨ ᠣᠬᠣᠰᠬᠢᠨ ᠬᠣᠷᠳᠣ᠌ ᠪᠠᠨ ᠨᠡᠮᠡᠵᠣ᠌ ᠣᠳᠠᠭᠰᠠᠨ ᠦᠭᠡᠢ ᠬᠣᠳᠠ ᠵᠢᠨ ᠮᠦᠽᠸᠢ ᠵᠢᠨ ᠠ᠋ᠬᠦᠳᠡᠨ ᠳ᠋ᠥ ᠵᠣᠭᠰᠣᠯ᠎ᠠ᠃ ᠮᠦᠽᠸᠢ ᠵᠢᠨ ᠠ᠋ᠬᠦᠳᠡᠨ ᠳ᠋ᠥ ᠠ᠋ᠷᠬᠢᠨ ᠳᠣᠭᠣᠷᠢᠬᠣ᠌ ᠪᠠᠷ ᠢᠷᠡᠭᠰᠡᠨ ᠬᠦᠮᠦᠨ ᠨᠡᠯᠢᠶᠡᠳ ᠣᠯᠠᠨ ᠪᠠᠶ᠋ᠢᠭ᠍ᠰᠠᠨ ᠪᠣᠯᠪᠠᠴᠣ᠌᠂ ᠲᠡᠷᠡ ᠬᠣᠶᠠᠷ ᠴᠦ᠍ ᠣᠳᠠᠭᠰᠠᠨ ᠳᠦᠳᠡᠭᠰᠡᠨ ᠦᠭᠡᠢ ᠳᠣᠳᠣᠭ᠍ᠰᠢ ᠪᠠᠨ ᠣᠷᠣᠨ ᠮᠦᠽᠸᠢ ᠵᠢᠨ ᠦᠵᠡᠮᠣᠷᠢ ᠵᠢ ᠰᠣᠨᠢᠷᠬᠠᠨ ᠠ᠋ᠬᠢᠯᠡᠯ᠎ᠡ᠃ ᠡᠪᠣᠬᠡᠨ ᠠᠩᠬ᠎ᠠ ᠠ᠋ᠬᠢᠯᠡᠨ ᠮᠦᠽᠸᠢ ᠵᠢᠨ ᠳᠠᠨᠢᠯᠴᠠᠭᠣᠯᠭ᠎ᠠ ᠵᠢ ᠠᠴᠢ ᠬᠡᠣᠬᠡᠨ ᠎ᠤ ᠪᠠᠨ ᠣᠩᠰᠢᠯᠭ᠎ᠠ ᠪᠠᠷ ᠪᠦᠷᠦᠭ ᠪᠠᠷᠣᠭ ᠣᠶ᠋ᠢᠯᠠᠭᠠᠯ᠎ᠠ᠂ ᠠ᠋ᠨᠡ ᠨᠢ ᠴᠦ᠍ ᠡᠪᠣᠬᠡᠨ ᠳ᠋ᠥ ᠳᠡᠶ᠋ᠢᠮᠣ᠌ ᠶᠡᠬᠡ ᠰᠣᠨᠢᠷᠬᠠᠯᠳᠠᠢ ᠵᠣᠶ᠋ᠢᠯ ᠪᠢᠰᠢ ᠪᠠᠶ᠋ᠢᠪᠠ᠃ ᠴᠠᠭᠠᠰᠢ ᠪᠠᠨ ᠣᠯᠠᠨ ᠠᠷᠪᠢᠨ ᠬᠠᠭᠣᠴᠢ ᠮᠠᠯᠳᠠᠮᠠᠯ ᠤ᠋ᠨ ᠦᠵᠡᠬᠦᠯᠪᠣᠷᠢ ᠵᠢ ᠰᠣᠨᠢᠷᠬᠠᠯ᠎ᠠ᠂ ᠡᠪᠣᠬᠡᠨ ᠶᠣᠸᠠᠨ ᠣᠯᠣᠰ᠎ᠦᠨ ᠦᠶ᠎ᠠ ᠵᠢᠨ ᠮᠣᠩᠭᠣᠯ ᠬᠦᠮᠦᠨ᠎ᠤ ᠬᠠᠳᠠᠮᠠᠯ ᠬᠡᠬᠦᠷ ᠤ᠋ᠨ ᠳᠡᠷᠬᠡᠳᠡ ᠢᠷᠡᠬᠡᠳ ᠨᠢᠷᠣᠭᠣ᠌ ᠪᠦᠬᠦᠶ᠋ᠢᠨ ᠭᠠᠷ ᠵᠢᠡᠡ ᠠ᠋ᠬᠦᠷᠦᠨ ᠬᠡᠷᠡᠯ ᠪᠠᠭᠣᠷᠠᠬ᠍ᠰᠠᠨ ᠬᠠᠷᠠᠴᠠ ᠪᠠᠨ ᠴᠢᠳᠠᠬᠣ᠌ ᠵᠢᠨ ᠬᠢᠷᠢᠨ᠎ᠠ ᠨᠡᠬᠡᠬᠡᠨ ᠬᠠᠷᠠᠵᠣ᠌ ᠵᠣᠭᠰᠣᠯ᠎ᠠ᠂ ᠡᠴᠣᠰ ᠳᠡᠬᠡᠨ ᠭᠠᠶ᠋ᠢᠬᠠᠭᠰᠠᠨ ᠴᠦ᠍ ᠪᠢᠰᠢ᠂ ᠳᠣᠷ᠎ᠠ ᠦᠭᠡᠶ᠋ᠢᠴᠡᠭᠰᠡᠨ ᠴᠦ᠍ ᠪᠢᠰᠢ ᠠᠶᠠᠰ᠎ᠢᠶᠠᠷ ᠳᠣᠳᠣᠷ᠎ᠠ ᠪᠠᠨ ᠢᠨᠢᠶᠡᠨ᠄ 《ᠬᠡᠳᠣᠨ ᠵᠠᠭᠣᠨ ᠵᠢᠯ ᠤ᠋ᠨ ᠠ᠋ᠮᠣᠨ᠎ᠡ ᠦᠬᠦᠭᠰᠡᠨ ᠬᠦᠮᠦᠨ᠎ᠢ ᠮᠠᠯᠳᠠᠵᠣ᠌ ᠭᠠᠷᠭᠠᠭᠠᠳ ᠬᠦᠮᠦᠨ ᠪᠣᠯᠭᠠᠨ ᠳ᠋ᠥ ᠦᠵᠡᠬᠦᠯᠦᠬᠡᠳ ᠪᠠᠶ᠋ᠢᠬᠣ᠌ ᠵᠢᠨ ᠣᠴᠢᠷ ᠴᠣᠬᠣᠮ ᠶᠠᠭᠣ᠌ ᠪᠠᠶ᠋ᠢᠳᠠᠭ ᠪᠢᠯᠡ᠂ ᠠ᠋ᠬᠦᠨ ᠳ᠋ᠥ ᠶᠡᠷᠣ᠌ ᠨᠢ ᠰᠣᠨᠢᠷᠬᠠᠮᠠᠷ ᠶᠠᠭᠣ᠌ ᠪᠠᠶ᠋ᠢᠨ᠎ᠠ ?》 ᠬᠡᠮᠡᠨ ᠪᠣᠳᠣᠵᠣ᠌ ᠴᠠᠭᠠᠰᠢ ᠪᠠᠨ ᠠ᠋ᠷᠬᠢᠯ᠎ᠡ᠃ ᠡᠪᠣᠬᠡᠨ ᠠ᠋ᠬᠦᠨ᠎ᠢ ᠬᠠᠷᠠᠨ ᠳᠡᠬᠦᠨ᠎ᠢ ᠰᠣᠨᠢᠷᠬᠠᠨ ᠶᠠᠪᠣᠭᠰᠠᠭᠠᠷ ᠪᠠᠶ᠋ᠢᠭᠠᠳ᠂ ᠨᠡᠬᠦᠳᠡᠯᠴᠢᠨ ᠦᠨᠳᠦᠰᠦᠳᠡᠨ᠎ᠤ ᠠᠮᠢᠳᠣᠷᠠᠯ ᠠᠬᠣᠢ ᠤ᠋ᠨ ᠪᠠᠭᠠᠵᠢ ᠬᠡᠷᠡᠭᠰᠡᠯ᠎ᠢ ᠳᠡᠯᠬᠡᠨ ᠦᠵᠡᠬᠦᠯᠦᠭᠰᠡᠨ ᠬᠡᠰᠡᠭ ᠲᠦ᠍ ᠬᠦᠷᠦᠯ᠎ᠡ᠃ ᠠ᠋ᠬᠦᠨ ᠳ᠋ᠥ ᠬᠠᠷᠢᠨ ᠡᠪᠣᠬᠡᠨ ᠎ᠤ ᠦᠵᠡᠵᠣ᠌ ᠰᠣᠨᠢᠷᠬᠠᠬᠣ᠌ ᠵᠣᠶ᠋ᠢᠯ ᠠᠷᠪᠢᠨ ᠪᠠᠶ᠋ᠢᠵᠣ᠌᠂ ᠶᠡᠬᠡᠩᠬᠢ ᠵᠣᠶ᠋ᠢᠯ ᠨᠢ ᠪᠦᠷ ᠡᠪᠣᠬᠡᠨ᠎ᠤ ᠦᠪᠡᠷ ᠤ᠋ᠨ ᠪᠡᠶ᠎ᠡ ᠪᠠᠷ᠎ᠢᠶᠠᠨ ᠠ᠋ᠳ᠋ᠯᠡᠵᠣ᠌ ᠬᠡᠷᠡᠭᠯᠡᠵᠣ᠌ ᠢᠷᠡᠭᠰᠡᠨ ᠵᠣᠶ᠋ᠢᠯ ᠪᠣᠯᠬᠣᠷ ᠨᠡᠯᠢᠶᠡᠳ ᠰᠣᠨᠢᠷᠬᠠᠯᠳᠠᠢ ᠪᠠᠶ᠋ᠢᠯ᠎ᠠ᠃ ᠠ᠋ᠮᠡᠭᠡᠯ ᠬᠠᠵᠠᠭᠠᠷ᠂ ᠳᠦᠷᠦᠬᠡ᠂ ᠭᠣᠮᠪᠣᠭ᠂ ᠳᠣᠯᠣᠮ᠂ ᠢᠷᠠᠬ᠎ᠠ᠂ ᠴᠣᠷᠭᠣ᠌᠂ ᠰᠠᠭᠠᠯᠢ ᠵᠢᠨ ᠠᠷᠢᠬᠢ ᠨᠡᠷᠡᠬᠦ ᠳᠣᠮᠣ᠌ ᠬᠦᠷᠡᠯ ᠳᠣᠭᠣᠭ᠎ᠠ ᠡᠴᠠ ᠠ᠋ᠬᠢᠯᠡᠨ ᠳᠡᠯᠬᠡᠭᠳᠡᠵᠡᠢ᠃ ᠡᠪᠣᠬᠡᠨ ᠠ᠋ᠨᠡ ᠪᠦᠬᠦᠨ᠎ᠢ ᠰᠣᠨᠢᠷᠬᠠᠨ ᠶᠠᠪᠣᠬᠣ᠌ ᠳ᠋ᠠᠭᠠᠨ᠄ 《 〈ᠠ᠋ᠳ᠋ ᠮᠦᠩᠬᠡ ᠡᠵᠡᠨ ᠬᠡᠪᠡᠷᠡᠭ 〉 ᠭᠡᠭᠴᠢ ᠦᠨᠡᠬᠡᠷ ᠠ᠋ᠨᠡ ᠪᠠᠶ᠋ᠢᠵᠠᠢ ᠳᠠ᠂ ᠠ᠋ᠳ᠋ᠯᠡᠵᠣ᠌ ᠭᠡᠷᠡᠭᠯᠡᠵᠣ᠌ ᠪᠠᠶ᠋ᠢᠭ᠍ᠰᠠᠨ ᠡᠵᠡᠨ ᠬᠦᠮᠦᠨ ᠨᠢ ᠪᠣᠷᠬᠠᠨ ᠊ᠣ ᠣᠷᠣᠨ ᠳ᠋ᠠᠭᠠᠨ ᠵᠠᠯᠠᠷᠠᠴᠢᠬᠠᠭᠰᠠᠨ ᠪᠠᠶ᠋ᠢᠬᠣ᠌ ᠳ᠋ᠥ ᠠ᠋ᠳ᠋ ᠨᠢ ᠬᠠᠷᠢᠨ ᠦᠯᠡᠳᠡᠵᠣ᠌ ᠬᠣᠴᠣᠷᠤᠭᠠᠳ ᠮᠦᠽᠸᠢ ᠳ᠋ᠥ ᠬᠠᠳᠠᠭᠠᠯᠠᠭᠳᠠᠨ ᠬᠦᠮᠦᠰ ᠤ᠋ᠨ ᠰᠣᠨᠢᠷᠬᠠᠮᠵᠢ ᠪᠣᠯᠵᠣ᠌ ᠪᠠᠶ᠋ᠢᠳᠠᠭ᠂ ᠠᠢ ᠳᠠ᠂ ᠴᠣᠬᠣᠷ ᠬᠣᠷᠸ᠎ᠠ》 ᠬᠡᠮᠡᠨ ᠳᠣᠳᠣᠷ᠎ᠠ ᠪᠠᠨ ᠰᠢᠪᠡᠨᠡᠨ ᠴᠠᠭᠠᠰᠢ ᠨᠢ ᠬᠡᠯᠳᠣᠷᠢᠯ᠎ᠡ᠃ ᠡᠪᠣᠬᠡᠨ ᠶᠠᠪᠣᠨ ᠶᠠᠪᠣᠭᠰᠠᠭᠠᠷ ᠰᠢᠯ ᠯᠠᠩᠬᠦᠢ ᠳᠣᠳᠣᠷ᠎ᠠ ᠳᠡᠯᠬᠡᠬᠡᠰᠦᠳᠡᠢ ᠰᠣᠷᠣᠨ ᠴᠢᠳᠣᠷ ᠤ᠋ᠨ ᠠ᠋ᠮᠣᠨ᠎ᠡ ᠬᠦᠷᠪᠡ᠃ ᠰᠣᠷᠣᠨ ᠴᠢᠳᠣᠷ᠎ᠢ ᠦᠵᠡᠭᠡᠳ ᠡᠪᠣᠬᠡᠨ ᠨᠢᠷᠣᠭᠣ᠌ ᠪᠦᠬᠦᠶ᠋ᠢᠨ ᠣᠯᠠᠮ ᠣᠶ᠋ᠢᠷᠠᠳᠣᠨ ᠣᠴᠢᠵᠣ᠌ ᠰᠢᠨᠵᠢᠯᠡᠨ ᠬᠠᠷᠠᠯ᠎ᠠ᠃ ᠡᠪᠣᠬᠡᠨ ᠦᠪᠡᠷ ᠤ᠋ᠨ ᠬᠠᠷᠠᠭᠰᠠᠨ᠎ᠢᠶᠠᠨ ᠢᠳᠡᠬᠡᠵᠣ᠌ ᠶᠠᠳᠠᠨ᠂ ᠬᠣᠶᠠᠷ ᠠᠯᠠᠭ᠎ᠠ ᠪᠠᠷ᠎ᠢᠶᠠᠨ ᠬᠣᠶᠠᠷ ᠨᠢᠳᠣ᠌ ᠪᠠᠨ ᠪᠢᠳᠡᠬᠦᠯᠡᠨ ᠯᠠᠩᠬᠦᠢ ᠵᠢᠨ ᠳᠡᠬᠡᠳᠣ᠌ ᠳᠠᠯ᠎ᠠ ᠵᠢᠨ ᠰᠢᠯ ᠡᠴᠠ ᠣᠶ᠋ᠢᠵᠣ᠌ ᠢᠷᠡᠭᠰᠡᠨ ᠬᠡᠷᠡᠯ᠎ᠢ ᠬᠠᠯᠬᠠᠯᠠᠨ᠂ ᠨᠢᠭᠣᠷ᠎ᠢᠶᠠᠨ ᠪᠠᠷᠣᠭ ᠰᠢᠯ ᠳᠡᠭᠡᠷ᠎ᠡ ᠨᠢ ᠨᠠᠭᠠᠬᠣᠶ᠋ᠢᠴᠠ ᠪᠣᠯᠪᠠ᠃

 ᠬᠠᠪᠢ ᠵᠢᠨ ᠬᠦᠮᠦᠰ ᠡᠪᠣᠬᠡᠨ ᠊ᠣ ᠠ᠋ᠨᠡᠬᠦ ᠬᠦᠳᠡᠯᠭᠡᠭᠡᠨ᠎ᠢ ᠰᠣᠨᠢᠭᠣᠴᠢᠯᠠᠨ᠂ ᠵᠠᠷᠢᠮ ᠨᠢ ᠪᠦᠷ ᠡᠪᠣᠬᠡᠨ᠎ᠢ ᠰᠣᠯᠢᠶᠠᠳᠠᠢ ᠶᠣᠮ ᠬᠡᠰᠡᠨ ᠮᠠᠶᠢᠭ᠋ ᠳᠠᠢ ᠳᠣᠭᠣᠬᠢᠯᠠᠭᠰᠠᠨ ᠬᠠᠷᠠᠴᠠ ᠪᠠᠷ ᠬᠠᠷᠠᠨ ᠵᠠᠪᠰᠠᠷ ᠬᠣᠭᠣᠷᠣᠨᠳᠣ᠌ ᠪᠠᠨ ᠰᠢᠪᠡᠨᠡᠯᠳᠣᠵᠣ᠌ ᠵᠣᠭᠰᠣᠵᠠᠭᠠᠪᠠ᠃ ᠳᠠᠭᠠᠵᠣ᠌ ᠶᠠᠪᠣᠭᠰᠠᠨ ᠠᠴᠢ ᠬᠡᠣᠬᠡᠨ ᠨᠢ ᠡᠪᠣᠬᠡ ᠠᠪᠣ ᠪᠠᠨ ᠴᠣᠬᠣᠮ ᠶᠠᠭᠣ᠌ ᠪᠣᠯᠵᠣ᠌ ᠪᠠᠶ᠋ᠢᠬᠣ᠌ ᠵᠢ ᠮᠡᠳᠡᠭᠰᠡᠨ ᠴᠦ᠍ ᠦᠭᠡᠢ᠂ ᠳᠣᠬᠣᠢ ᠡᠴᠠ ᠨᠢ ᠬᠣᠶ᠋ᠢᠰᠢ ᠳᠠᠳᠠᠬᠣᠶ᠋ᠢᠴᠠ ᠪᠣᠯᠣᠨ᠄ 《 ᠬᠦᠭᠰᠢ᠂ ᠲᠠ ᠯᠠᠩᠬᠦᠢ ᠳᠡᠭᠡᠷ᠎ᠡ ᠡᠴᠠ ᠵᠢᠭᠠᠬᠠᠨ ᠬᠣᠯᠠ ᠵᠣᠭᠰᠣᠬᠣ᠌ ᠭᠡᠷᠡᠭᠳᠡᠢ᠂ ᠬᠦᠮᠦᠰ ᠳᠠᠨ᠎ᠢ ᠭᠠᠯᠵᠠᠭᠣ᠌ ᠬᠦᠮᠦᠨ᠎ᠢᠶᠠᠷ ᠠ᠋ᠨᠳᠡᠬᠦᠷᠡᠵᠣ᠌ ᠮᠠᠭᠠᠳ》 ᠬᠡᠮᠡᠨ ᠨᠠᠭᠠᠳᠣᠮ ᠱᠣᠭ ᠤ᠋ᠨ ᠳᠣᠮᠳᠠᠭᠣᠷ ᠴᠢᠬᠢᠨ ᠳ᠋ᠥ ᠨᠢ ᠰᠢᠪᠡᠨᠡᠯ᠎ᠡ᠃ ᠠ᠋ᠨᠡ ᠦᠶ᠎ᠡ ᠳ᠋ᠥ ᠡᠪᠣᠬᠡᠨ ᠰᠠᠶᠢ ᠬᠦᠮᠦᠰ ᠤ᠋ᠨ ᠳᠣᠮᠳᠠ ᠡᠪ ᠦᠭᠡᠢ ᠪᠠᠶ᠋ᠢᠳᠠᠯ ᠭᠠᠷᠭᠠᠭᠰᠠᠨ᠎ᠢᠶᠠᠨ ᠮᠡᠳᠡᠨ ᠬᠣᠶ᠋ᠢᠰᠢ ᠪᠠᠨ ᠣᠬᠣᠷᠢᠨ ᠵᠣᠭ ᠳᠣᠰᠣᠨ ᠵᠣᠭᠰᠣᠪᠠ᠂ 《ᠬᠣᠷᠸ᠎ᠠ ᠳ᠋ᠥ ᠠ᠋ᠶ᠋ᠢᠮᠣ᠌ ᠠᠳᠠᠯᠢᠬᠠᠨ ᠶᠠᠭᠣᠮ᠎ᠠ ᠪᠠᠰᠠ ᠪᠠᠶ᠋ᠢᠨ᠎ᠠ ᠭᠡᠵᠤ ᠤᠤ ?》 ᠬᠡᠮᠡᠨ ᠳᠡᠷᠬᠡᠳᠡᠬᠢ ᠬᠦᠮᠦᠨ ᠪᠠᠷᠣᠭ ᠰᠣᠨᠣᠰᠳᠠᠮᠠᠷ ᠰᠢᠪᠡᠨᠡᠯ᠎ᠡ᠃ ᠳᠣᠭᠣᠷᠢᠬᠣ᠌ ᠪᠠᠷ ᠢᠷᠡᠭᠰᠡᠨ ᠬᠦᠮᠦᠰ ᠠ᠋ᠨᠡ ᠯᠠᠩᠬᠦᠢ ᠳ᠋ᠥ ᠨᠢᠬᠡ ᠶᠡᠬᠡ ᠰᠣᠨᠢᠷᠬᠠᠯ ᠦᠭᠡᠢ ᠣᠴᠢᠷ ᠡᠴᠠ ᠬᠣᠷᠳᠣᠬᠠᠨ ᠦᠩᠭᠡᠷᠡᠨ ᠶᠠᠪᠣᠵᠠᠭᠠᠵᠣ᠌ ᠪᠠᠶ᠋ᠢᠯ᠎ᠠ᠂ ᠭᠠᠭᠴᠠᠬᠦ ᠡᠪᠣᠬᠡᠨ ᠯᠠᠩᠬᠦᠢ ᠳᠣᠳᠣᠷᠠᠬᠢ ᠰᠣᠷᠣᠨ ᠴᠢᠳᠣᠷ᠎ᠢ ᠣᠳᠠᠳᠠᠯ᠎ᠠ ᠬᠠᠷᠠᠨ ᠵᠣᠭᠰᠣᠪᠠ᠃ ᠠ᠋ᠨᠡ ᠦᠶ᠎ᠡ ᠳ᠋ᠥ ᠠᠴᠢ ᠬᠡᠣᠬᠡᠨ ᠨᠢ᠄ 《 ᠬᠦᠭᠰᠢ᠂ ᠶᠠᠭᠠᠬᠢᠴᠢᠬᠠᠪᠠ ? ᠠ᠋ᠶ᠋ᠢᠰᠢ ᠪᠠᠨ ᠶᠠᠪᠣᠶ᠎ᠠ᠂ ᠳᠡᠨᠳᠡ ᠪᠠᠰᠠ ᠦᠵᠡᠮᠡᠷ ᠶᠠᠭᠣᠮ᠎ᠠ ᠠᠷᠪᠢᠨ ᠪᠠᠶ᠋ᠢᠭ᠎ᠠ》 ᠭᠡᠪᠡ᠃ ᠡᠪᠣᠬᠡᠨ ᠳᠣᠷ᠎ᠠ ᠳᠠᠢ ᠳᠣᠷ᠎ᠠ ᠦᠭᠡᠢ ᠴᠠᠭᠠᠰᠢ ᠬᠡᠯᠳᠣᠷᠢᠯ᠎ᠠ᠃ ᠠ᠋ᠷᠳᠡᠨ᠎ᠤ ᠬᠠᠭᠠᠨ ᠨᠣᠶᠠᠳ ᠤ᠋ᠨ ᠪᠣᠩᠬᠣᠨ ᠡᠴᠠ ᠮᠠᠯᠳᠠᠵᠣ᠌ ᠭᠠᠷᠭᠠᠭᠰᠠᠨ ᠠᠯᠳᠠ ᠮᠦᠩᠬᠦᠨ ᠵᠡᠰ ᠳᠡᠮᠣᠷ ᠠ᠋ᠳ᠋ᠯᠡᠯ ᠵᠢᠴᠢ ᠵᠠᠰᠠᠯ ᠵᠢᠮᠰᠡᠭ ᠤ᠋ᠨ ᠠ᠋ᠳ᠋ᠯᠡᠯ ᠡᠴᠠ ᠠᠪᠣᠭᠠᠳ᠂ ᠬᠣᠪᠴᠠᠰᠣ᠌ ᠬᠣᠨᠠᠷ᠂ ᠸᠠᠭᠠᠷ ᠰᠠᠪᠠ ᠁ ᠴᠠᠭᠠᠰᠢᠬᠢ ᠯᠠᠩᠬᠦᠢ ᠵᠢᠨ ᠳᠣᠳᠣᠷᠠᠬᠢ ᠣᠯᠠᠨ ᠣᠯᠠᠨ ᠵᠣᠶ᠋ᠢᠯᠡᠰ ᠡᠪᠣᠬᠡᠨ ᠎ᠤ ᠰᠣᠨᠢᠷᠬᠠᠯ᠎ᠢ ᠨᠢᠬᠡ ᠨᠢ ᠴᠦ᠍ ᠳᠠᠳᠠᠵᠣ᠌ ᠴᠢᠳᠠᠭᠰᠠᠨ ᠦᠭᠡᠢ᠃ ᠠᠴᠢ ᠬᠡᠣᠬᠡᠨ ᠨᠢ ᠡᠪᠣᠬᠡ ᠠᠪᠣ ᠪᠠᠨ ᠳᠠᠭᠠᠭᠣᠯᠣᠨ ᠮᠦᠽᠸᠢ ᠡᠴᠠ ᠭᠠᠷᠴᠣ᠌ ᠢᠷᠡᠭᠡᠳ ᠴᠠᠭ ᠨᠡᠯᠢᠶᠡᠳ ᠣᠷᠣᠢ ᠪᠣᠯᠣᠭᠰᠠᠨ ᠣᠴᠢᠷ ᠡᠴᠠ ᠠᠭᠣᠯᠠᠨ ᠳ᠋ᠥ ᠭᠠᠷᠬᠣ᠌ ᠳᠦᠯᠦᠪᠯᠡᠬᠡ ᠪᠠᠨ ᠣᠷᠬᠢᠭᠠᠳ ᠰᠢᠭᠣᠳ ᠮᠣᠩᠭᠣᠯ ᠬᠣᠭᠣᠯᠠᠨ ᠭᠡᠷ ᠵᠦᠭ ᠶᠠᠪᠣᠯ᠎ᠠ᠂ ᠡᠪᠣᠬᠡᠨ ᠭᠠᠭ᠍ᠴᠨ ᠴᠦ᠍ ᠦᠬᠡ ᠳᠣᠣᠭᠠᠷᠤᠭᠰᠠᠨ ᠦᠭᠡᠢ᠂ ᠪᠣᠳᠣᠯ ᠳ᠋ᠠᠭᠠᠨ ᠳᠠᠷᠣᠭᠳᠠᠨ ᠨᠢᠬᠡ ᠯᠠ ᠳᠦᠩᠰᠦᠭᠡᠷ᠃ ᠠᠴᠢ ᠬᠡᠣᠬᠡᠨ ᠨᠢ ᠶᠡᠬᠡᠳᠡ ᠭᠠᠶ᠋ᠢᠬᠠᠨ ᠡᠪᠣᠬᠡ ᠠᠪᠣ ᠨᠢ ᠴᠣᠬᠣᠮ ᠶᠠᠭᠣ᠌ ᠪᠣᠯᠣᠭᠰᠠᠨ ᠳᠣᠬᠠᠢ ᠰᠢᠭᠣᠳ ᠠᠰᠠᠭᠣᠬᠣ᠌ ᠭᠡᠰᠡᠨ ᠪᠣᠳᠣᠯ᠎ᠢᠶᠠᠨ ᠪᠣᠴᠠᠭᠠᠨ᠄

︱ ᠬᠦᠭᠰᠢ᠂ ᠮᠦᠽᠸᠢ ᠰᠠᠶ᠋ᠢᠬᠠᠨ ᠪᠠᠶ᠋ᠢᠨᠠᠣ ? ᠳᠠᠨ ᠳ᠋ᠥ ᠠᠯᠢ ᠨᠢ ᠰᠠᠶ᠋ᠢᠬᠠᠨ ᠬᠠᠷᠠᠭᠳᠠᠪᠠ ? ᠭᠡᠪᠡ᠃ ᠡᠪᠣᠬᠡᠨ ᠭᠡᠰᠡᠭ ᠳᠣᠭᠣᠢ ᠶᠠᠪᠣᠭᠰᠠᠨ᠎ᠢᠶᠠᠨ᠄

︱ ᠮᠢᠨᠣ᠌ ᠬᠡᠣᠬᠡᠨ ᠮᠦᠽᠸᠢ ᠵᠢᠨ ᠳᠠᠷᠣᠭ᠎ᠠ ᠵᠢ ᠳᠠᠨᠢᠬᠣ᠌ ᠤᠤ ? ᠬᠡᠮᠡᠨ ᠰᠠᠨᠠᠭᠠᠨ᠎ᠳᠤ ᠦᠬᠡᠢ ᠶᠠᠭᠣᠮ᠎ᠠ ᠠᠰᠠᠭᠣᠯ᠎ᠠ᠃ ᠠᠴᠢ ᠬᠡᠣᠬᠡᠨ ᠨᠢ ᠬᠣᠶᠠᠷ ᠨᠢᠳᠣ᠌ ᠪᠠᠨ ᠪᠦᠯᠳᠡᠶ᠋ᠢᠯᠬᠡᠨ ᠠᠮᠠ ᠪᠠᠨ ᠠᠩᠭᠠᠶ᠋ᠢᠨ᠄

︱ ᠬᠦᠭᠰᠢ᠂ ᠲᠠ ᠮᠦᠽᠸᠢ ᠵᠢᠨ ᠳᠠᠷᠣᠭ᠎ᠠ ᠪᠠᠷ ᠶᠠᠭᠣ᠌ ᠬᠢᠬᠦ ᠭᠡᠵᠤ ᠪᠠᠶ᠋ᠢᠨ᠎ᠠ ?

︱ ᠮᠢᠨᠣ᠌ ᠬᠡᠣᠬᠡᠨ ᠬᠦᠭᠰᠢ ᠳ᠋ᠡᠭᠡᠨ ᠳᠡᠷᠡ ᠰᠣᠷᠣᠨ ᠴᠢᠳᠣᠷ᠎ᠢ ᠯᠠᠩᠬᠦᠢ ᠡᠴᠠ ᠨᠢ ᠭᠠᠷᠭᠠᠭᠠᠠᠳ ᠦᠵᠡᠬᠦᠯᠴᠢᠭᠡᠵᠣ᠌ ᠴᠢᠳᠠᠬᠣ᠌ ᠤᠤ ? ᠬᠡᠵᠤ ᠭᠣᠷᠢᠳᠠᠩᠭᠣᠢ ᠠᠳᠠᠯ᠎ᠠ ᠪᠠᠨ ᠭᠣᠳᠤᠷᠠᠩᠭᠣᠢ ᠬᠠᠷᠠᠴᠠ ᠪᠠᠷ ᠠᠴᠢ ᠬᠡᠣᠬᠡᠨ᠎ᠢᠶᠠᠨ ᠬᠠᠷᠠᠯ᠎ᠠ᠃ ᠠᠴᠢ ᠬᠡᠣᠬᠡᠨ ᠨᠢ ᠡᠪᠣᠬᠡ ᠠᠪᠣ ᠵᠢᠨ᠎ᠢᠶᠠᠨ ᠴᠤᠭ ᠵᠤᠯᠢ ᠨᠢ ᠪᠠᠭᠣᠷᠠᠭᠰᠠᠨ ᠬᠠᠷᠠᠴᠠ᠂ ᠠᠷᠠᠴᠢᠭ᠎ᠠ ᠠᠯᠳᠠᠷᠠᠭᠰᠠᠨ ᠭᠣᠷᠢᠳᠠᠩᠭᠣᠢ ᠴᠢᠷᠠᠢ ᠵᠢ ᠨᠢ ᠬᠠᠷᠠᠭᠠᠳ ᠦᠷᠦ ᠡᠪᠡᠳᠬᠦ ᠰᠡᠳᠬᠢᠯ ᠲᠦᠷᠦᠭᠳᠡᠭᠰᠡᠨ ᠪᠤᠯᠬᠤᠷ ᠳᠣᠣᠷᠠᠬᠠᠨ᠎ᠢᠶᠠᠨ᠄

︱ ᠪᠣᠯᠣᠨ᠎ᠠ᠂ ᠪᠣᠯᠣᠯᠬᠦᠢ ᠶᠠᠭᠠᠬᠢᠬᠣ᠌ ᠪᠣᠢ᠂ ᠮᠠᠷᠭᠠᠰᠢ ᠪᠢ ᠳᠠᠷᠣᠭ᠎ᠠ ᠳ᠋ᠣᠨᠢ ᠬᠡᠯᠡᠵᠣ᠌ ᠪᠠᠶ᠋ᠢᠭᠠᠠᠳ ᠳᠠᠨ ᠳ᠋ᠥ ᠭᠠᠷᠭᠠᠭᠠᠳ ᠦᠵᠡᠬᠦᠯᠴᠢᠭᠡᠶ᠎ᠡ᠃

ᠠᠴᠢ ᠬᠡᠣᠬᠡᠨ ᠨᠢ ᠮᠦᠽᠸᠢ ᠵᠢᠨ ᠳᠠᠷᠣᠭ᠎ᠠ ᠵᠢ ᠳᠠᠨᠢᠬᠣ᠌ ᠦᠭᠡᠢ ᠴᠦ᠍ ᠭᠡᠰᠡᠨ ᠡᠪᠣᠬᠡ ᠠᠪᠣ ᠵᠢᠨ ᠠ᠋ᠨᠡᠬᠦ ᠬᠦᠰᠡᠯᠳᠡ ᠵᠢ ᠵᠠᠪᠠᠯ ᠪᠡᠶᠡᠯᠡᠬᠦᠯᠵᠣ᠌ ᠦᠭᠬᠦ ᠪᠠᠷ ᠰᠢᠢᠳᠪᠠ᠃ ᠬᠡᠳᠡᠯ᠎ᠡ ᠡᠪᠣᠬᠡ ᠠᠪᠣ ᠨᠢ ᠶᠠᠭᠠᠬᠢᠭᠠᠳ ᠳᠡᠷᠡᠬᠦ ᠠ᠋ᠩ ᠤ᠋ᠨ ᠨᠢᠬᠡᠨ ᠰᠣᠷᠣᠨ ᠴᠢᠳᠣᠷ᠎ᠢ ᠳᠡᠬᠡᠵᠣ᠌ ᠰᠣᠨᠢᠷᠬᠠᠵᠣ᠌ ᠪᠠᠶ᠋ᠢᠭ᠎ᠠ ᠪᠣᠯ ᠬᠡᠳᠡᠭ ᠲᠦ᠍ ᠠᠯᠠᠩᠳᠠᠷᠠᠵᠣ᠌ ᠪᠠᠶ᠋ᠢᠭ᠍ᠰᠠᠨ ᠪᠣᠯᠪᠠᠴᠣ᠌ ᠳᠡᠬᠦᠨ ᠎ᠤ ᠳᠣᠬᠠᠢ ᠡᠪᠣᠬᠡ ᠠᠪᠣ ᠡᠴᠠ ᠪᠠᠨ ᠠᠰᠠᠭᠣᠬᠣ᠌ ᠵᠢ ᠶᠡᠷᠦ ᠶᠠᠭᠠᠷᠠᠭᠰᠠᠨ ᠦᠭᠡᠢ᠃ ᠬᠣᠶᠠᠭᠣᠯᠠ ᠪᠠᠨ ᠮᠣᠩᠭᠣᠯ ᠬᠣᠭᠣᠯᠠᠨ ᠭᠡᠷ ᠲᠦ᠍ ᠬᠦᠷᠦᠬᠡᠳ ᠮᠢᠬᠠᠨ ᠪᠣᠣᠵᠠ᠂ ᠭᠣᠯᠢᠷ ᠳᠠᠢ ᠱᠦᠯᠦ ᠵᠠᠬᠢᠶᠠᠯᠠᠨ ᠴᠠᠳᠳᠠᠯ᠎ᠠ ᠪᠠᠨ ᠢᠳᠡᠬᠡᠳ ᠬᠡᠷ ᠲᠡᠭᠡᠨ ᠬᠠᠷᠢᠯ᠎ᠠ᠃

ᠰᠠᠩᠵᠢ ᠡᠪᠣᠬᠡᠨ ᠬᠡᠷ ᠲᠡᠭᠡᠨ ᠬᠠᠷᠢᠭᠠᠳ ᠦᠨᠦᠳᠦᠷ ᠮᠦᠽᠸᠢ ᠳ᠋ᠥ ᠦᠵᠡᠭᠰᠡᠨ ᠰᠣᠷᠣᠨ ᠴᠢᠳᠣᠷ᠎ᠦᠨ ᠳᠣᠬᠠᠢ ᠪᠣᠳᠣᠯ ᠪᠣᠯᠣᠨ ᠰᠠᠭᠣᠯ᠎ᠠ᠃ ᠭᠣᠴᠢᠨ ᠬᠡᠳᠣᠨ ᠵᠢᠯ ᠤ᠋ᠨ ᠠ᠋ᠮᠣᠨ᠎ᠡ ᠬᠦᠳᠡᠬᠡ ᠨᠣᠳᠣᠭ ᠲᠠᠭᠠᠨ ᠬᠡᠬᠡᠭᠰᠡᠨ ᠴᠢᠳᠣᠷ ᠦᠨᠦᠳᠦᠷ ᠠ᠋ᠨᠳᠡ ᠬᠣᠳᠠ ᠵᠢᠨ ᠮᠦᠽᠸᠢ ᠳ᠋ᠥ ᠬᠠᠷᠭᠣᠬᠣ᠌ ᠠ᠋ᠶ᠋ᠢᠮᠣ᠌ ᠰᠣᠨᠢᠬᠠᠨ ᠳᠣᠬᠢᠶᠠᠯᠳᠣᠯ ᠪᠠᠶ᠋ᠢᠳᠠᠭ ᠪᠢᠯᠢᠣ ᠬᠡᠮᠡᠨ ᠠ᠋ᠯᠳᠡᠪ᠎ᠢ ᠪᠣᠳᠣᠨ ᠰᠠᠭᠣᠭᠰᠠᠭᠠᠷ ᠪᠡᠶ᠎ᠡ ᠬᠠᠵᠠᠭᠣᠯᠣᠭᠰᠠᠨ ᠪᠣᠯᠪᠠᠴᠣ᠌ ᠨᠣᠶ᠋ᠢᠷ ᠬᠣᠯᠵᠢᠪᠠ᠃ ᠴᠢᠳᠣᠷ ᠤ᠋ᠨ ᠳᠣᠬᠠᠢ ᠪᠣᠳᠣᠯ ᠨᠢ ᠶᠠᠪᠣᠨ ᠶᠠᠪᠣᠭᠰᠠᠭᠠᠷ ᠡᠪᠣᠬᠡᠨ ᠎ᠤ ᠵᠠᠯᠠᠭᠣ᠌ ᠦᠶ᠎ᠡ ᠳ᠋ᠥ ᠰᠢᠯᠵᠢᠪᠡ᠃

ᠰᠠᠩᠵᠢ ᠡᠪᠣᠬᠡᠨ ᠵᠠᠯᠠᠭᠣ᠌᠎ᠳᠠᠭᠠᠨ ᠨᠣᠳᠣᠭ ᠲᠠᠭᠠᠨ ᠠᠯᠳᠠᠷ ᠳᠠᠢ ᠠ᠋ᠮᠨᠢᠭ᠌ᠴᠢᠨ ᠪᠠᠶ᠋ᠢᠯ᠎ᠠ᠃ ᠶᠠᠮᠠᠷᠴᠦ ᠳᠣᠭ᠍ᠰᠢᠨ ᠠᠷᠳᠠᠭ ᠠᠳᠣᠭᠣ᠌ ᠰᠠᠩᠵᠢ ᠵᠢᠨ ᠭᠠᠷ ᠲᠦ᠍ ᠳᠣᠣᠷᠠᠬᠠᠨ᠎ᠢᠶᠠᠨ ᠯᠠ ᠨᠣᠮᠣᠬᠠᠷᠠᠵᠣ᠌ ᠦᠭᠬᠦᠨ᠎ᠠ᠂ ᠶᠡᠷᠦ ᠨᠢ ᠶᠠᠮᠠᠷᠴᠣ᠌ ᠠ᠋ᠮᠨᠢᠭ᠌ ᠳᠣᠭ᠍ᠰᠢᠨ ᠪᠦᠳᠦᠬᠦᠨ ᠮᠣᠷᠢᠨ ᠊ᠣ ᠨᠢᠷᠣᠭᠣᠨ ᠳᠡᠬᠡᠷ᠎ᠡ ᠡᠴᠠ ᠭᠠᠵᠠᠷ ᠣᠨᠠᠵᠣ᠌ ᠪᠠᠶ᠋ᠢᠭ᠎ᠠ ᠦᠭᠡᠢ᠂ ᠳᠡᠷᠡ ᠮᠦᠷᠳᠡᠬᠡᠨ ᠪᠠᠶ᠋ᠢᠩᠭᠣ᠌ ᠮᠦᠷᠦᠨ᠎ᠳᠡᠭᠡᠨ ᠰᠣᠷ ᠳᠡᠬᠡᠰᠦ ᠮᠦᠷᠦᠪᠴᠢᠯᠡᠨ᠂ ᠳᠡᠪᠡᠯ ᠤ᠋ᠨ᠎ᠢᠶᠠᠨ ᠪᠦᠰᠡᠨ ᠳ᠋ᠥ ᠰᠣᠷ ᠦᠷᠦᠬᠡᠯ ᠰᠣᠷ ᠴᠢᠳᠦᠷ ᠬᠠᠪᠴᠢᠭᠣᠯᠣᠭᠠᠳ ᠶᠠᠪᠣᠳᠠᠭ ᠣᠴᠢᠷ ᠡᠴᠠ ᠨᠣᠳᠣᠭ ᠤ᠋ᠨ ᠬᠢᠨ ᠨᠢ 《 ᠪᠣᠰᠣᠭ᠎ᠠ ᠰᠠᠩᠵᠢ 》 《 ᠰᠣᠷ ᠰᠠᠩᠵᠢ 》 ᠬᠡᠬᠦ ᠮᠡᠳᠣᠴᠢᠯᠠᠨ ᠳᠠᠭᠣᠳᠠᠳᠠᠭ ᠪᠠᠶ᠋ᠢᠵᠠᠢ᠃ ᠨᠣᠳᠣᠭ ᠤ᠋ᠨ ᠬᠡᠨ ᠨᠢᠬᠡᠨ ᠨᠢ ᠰᠣᠷᠭᠠᠵᠣ᠌ ᠳᠡᠶ᠋ᠢᠯᠦᠭᠰᠡᠨ ᠦᠭᠡᠢ ᠠᠯᠢ ᠠᠷᠳᠠᠭ ᠳᠣᠭ᠍ᠰᠢᠨ ᠮᠣᠷᠢ ᠵᠢ ᠰᠠᠩᠵᠢ ᠬᠣᠶᠠᠷ ᠭᠣᠷᠪᠠᠨ ᠠ᠋ᠳᠣᠷ ᠨᠣᠴᠣᠯᠳᠣᠭᠠᠳ ᠯᠠ ᠮᠢᠯᠠᠭ᠎ᠠ ᠵᠢᠯᠣᠭᠣ᠌᠎ᠳᠤ ᠤᠷᠤᠭᠤᠯᠤᠭᠠᠳ ᠦᠭᠴᠢᠭᠡᠨ᠎ᠡ᠃ ᠠ᠋ᠶ᠋ᠢᠮᠣ᠌ ᠡᠴᠠ ᠰᠠᠩᠵᠢ ᠵᠠᠯᠠᠭᠣ᠌ ᠳ᠋ᠠᠭᠠᠨ ᠶᠣᠰᠤᠳᠠᠢ ᠯᠠ ᠮᠣᠷᠢᠨ ᠎ᠤ ᠰᠠᠶ᠋ᠢᠬᠠᠨ᠂ ᠰᠣᠷ ᠤ᠋ᠨ ᠬᠠᠳᠠᠭᠣ᠌ ᠪᠠᠷ ᠪᠡᠶ᠎ᠡ ᠪᠠᠨ ᠴᠢᠮᠡᠵᠣ᠌ ᠶᠠᠪᠣᠭᠰᠠᠨ ᠡᠷ᠎ᠡ ᠪᠢᠯᠡ᠃

ᠵᠣᠨ ᠎ᠤ ᠨᠢᠭᠡᠨ ᠰᠠᠶ᠋ᠢᠬᠠᠨ ᠠ᠋ᠳᠣᠷ᠂ ᠰᠠᠩᠵᠢ ᠵᠢᠨ ᠠᠪᠣ ᠭᠡᠷ ᠤ᠋ᠨ ᠬᠠᠵᠠᠭᠣᠳᠠᠬᠢ ᠴᠠᠬ᠎ᠠ ᠳᠣᠣᠷ᠎ᠠ ᠢᠳᠡᠬᠡᠯᠡᠵᠣ᠌ ᠠ᠋ᠯᠳᠡᠨ ᠬᠠᠳᠠᠭᠠᠯᠠᠭᠰᠠᠨ ᠰᠢᠷᠢ ᠪᠠᠨ ᠭᠠᠷᠭᠠᠨ᠂ ᠰᠢᠬᠢᠵᠢ ᠬᠣᠷᠣᠭᠣ᠌ ᠬᠢᠷᠢᠳᠡᠢ ᠦᠷᠬᠡᠨ᠂ ᠠᠯᠳᠠ ᠬᠢᠷᠢᠳᠡᠢ ᠤᠷᠳᠣ᠌ ᠠᠷᠪᠠᠭᠠᠳ ᠵᠦᠰᠦᠮ ᠵᠣᠢ᠍ᠰᠣᠵᠣ᠌ ᠠᠪᠣᠭᠠᠳ᠂ ᠮᠢᠡᠳᠠᠰᠣᠨ ᠭᠣᠣᠯ ᠳᠠᠢ ᠨᠠᠢ᠍ᠮᠠ᠎ᠶᠢᠨ ᠬᠦᠷᠦᠯᠬᠡ ᠪᠠᠷ ᠬᠦᠷᠦᠭᠰᠡᠨ ᠰᠣᠷᠣᠨ ᠴᠢᠳᠣᠷ ᠵᠠᠩᠬᠢᠳᠴᠣ᠌ ᠳᠠᠯᠪᠢᠪᠠ᠃ ᠴᠢᠯᠳᠠᠩ ᠣᠯᠠᠭᠠᠨ ᠰᠣᠬᠠᠢ ᠪᠠᠷ ᠨᠡᠯᠢᠶᠡᠳ ᠪᠦᠳᠦᠬᠦᠨ ᠴᠢᠭ᠍ᠳᠠᠭ᠎ᠠ ᠵᠣᠷᠣᠵᠣ᠌ ᠴᠢᠳᠣᠷ ᠤ᠋ᠨ᠎ᠢᠶᠠᠨ ᠭᠣᠷᠪᠠᠨ ᠠᠯᠠᠭᠠᠨ ᠳ᠋ᠥ ᠰᠠᠭᠣᠯᠭᠠᠪᠠ᠃ ᠮᠠᠷᠭᠠᠰᠢ ᠦᠷᠯᠦᠭᠡ ᠨᠢ ᠴᠠᠢ ᠣᠣᠭᠣᠬᠣ᠌ ᠵᠢᠨ ᠵᠠᠪᠰᠠᠷ᠎ᠢᠶᠠᠷ ᠠᠪᠣ ᠨᠢ ᠦᠴᠦᠭᠡᠳᠦᠷ ᠤ᠋ᠨ ᠬᠦᠷᠦᠵᠣ᠌ ᠵᠠᠩᠬᠢᠳᠣᠭᠰᠠᠨ ᠴᠢᠳᠣᠷ᠎ᠢᠶᠠᠨ ᠠ᠋ᠷᠬᠢᠬᠦᠯᠵᠣ᠌ ᠣᠷᠪᠠᠭᠣᠯᠣᠨ ᠳᠠᠳᠠᠵᠣ᠌ ᠦᠵᠡᠨ᠄ 《ᠵᠠ᠂ ᠬᠦᠦ ᠮᠢᠨᠢ᠂ ᠴᠢ ᠦᠪᠡᠷ᠎ᠢᠶᠠᠨ ᠯᠠ ᠬᠡᠬᠡᠴᠢᠬᠡᠬᠦ ᠦᠭᠡᠢ ᠶᠤᠮ ᠪᠣᠯ᠂ ᠶᠠᠮᠠᠷ ᠴᠦ᠍ ᠳᠣᠭ᠍ᠰᠢᠨ ᠠᠭᠳᠠ ᠳᠠᠰᠣᠯᠵᠣ᠌ ᠴᠢᠳᠠᠬᠣ᠌ ᠪᠠᠷ ᠦᠭᠡᠢ ᠪᠠᠳᠣ᠌ ᠠ᠋ᠳ᠋ ᠪᠣᠯᠣᠯ᠎ᠠ》 ᠭᠡᠳ ᠬᠦᠦ ᠳ᠋ᠡᠭᠡᠨ ᠭᠠᠷᠳᠠᠭᠣᠯᠪᠠ᠃ 

ᠰᠠᠩᠵᠢ᠂ ᠠᠪᠣ ᠵᠢᠨ᠎ᠢᠶᠠᠨ ᠳᠡᠷᠡᠬᠦ ᠰᠣᠷᠣᠨ ᠴᠢᠳᠣᠷ᠎ᠢ ᠪᠠᠶ᠎ᠠ ᠡᠴᠠ ᠪᠠᠨ ᠰᠠᠯᠭᠠᠯ ᠦᠭᠡᠢ ᠨᠠᠨᠳᠢᠩᠨᠠᠨ ᠬᠠᠳᠠᠭᠠᠯᠠᠵᠣ᠌᠂ ᠬᠢᠮᠨᠠᠭᠠᠳᠠᠨ ᠬᠡᠷᠡᠭᠯᠡᠵᠣ᠌ ᠶᠠᠪᠣᠳᠠᠭ ᠪᠣᠯᠪᠠ᠃ ᠠ᠋ᠬᠦᠨ ᠡᠴᠠ ᠬᠣᠶ᠋ᠢᠰᠢ ᠠᠷᠪᠠᠨ ᠬᠡᠳᠣᠨ ᠵᠢᠯ ᠤ᠋ᠨ ᠳᠠᠷᠠᠭ᠎ᠠ ᠨᠢᠬᠡᠨ ᠠ᠋ᠳᠣᠷ ᠰᠠᠩᠵᠢ ᠣᠷᠣᠭᠣᠳᠠᠭᠰᠠᠨ ᠠᠳᠣᠭᠣᠨ ᠎ᠤ ᠪᠠᠨ ᠬᠣᠶ᠋ᠢᠨ᠎ᠠ ᠡᠴᠠ ᠨᠡᠬᠡᠵᠣ᠌ ᠶᠠᠪᠣᠭᠠᠳ᠂ ᠰᠦᠨᠢ ᠣᠷᠣᠢ ᠪᠣᠯᠣᠭᠰᠠᠨ ᠳᠣᠯᠠ ᠡᠵᠡᠬᠦᠢ ᠬᠡᠭᠡᠷ᠎ᠡ ᠭᠠᠭᠴᠠᠭᠠᠷ᠎ᠢᠶᠠᠨ ᠬᠣᠨᠣᠭᠯᠠᠬᠣ᠌ ᠪᠠᠷ ᠪᠣᠯᠵᠣ᠌᠂ ᠠ᠋ᠳᠣᠷᠵᠢᠨ ᠳᠠᠪᠬᠢᠭᠣᠯᠣᠭᠰᠠᠨ ᠮᠣᠷᠢ ᠪᠠᠨ ᠴᠢᠳᠣᠷᠯᠠᠵᠣ᠌ ᠳᠠᠯᠪᠢᠭᠠᠳ᠂ ᠦᠪᠡᠷ᠎ᠢᠶᠠᠨ ᠠ᠋ᠮᠡᠬᠡᠯ᠎ᠢᠶᠠᠨ ᠳᠡᠷᠡᠯᠡᠨ ᠳᠣᠭᠬᠢᠪᠠ᠂ ᠰᠦᠨᠢ ᠳᠣᠮᠳᠠ ᠵᠢᠨ ᠦᠶ᠎ᠡ ᠪᠠᠷ ᠬᠡᠨᠡᠳᠳᠡ ᠴᠢᠳᠣᠷ ᠳᠠᠢ ᠮᠣᠷᠢ ᠨᠢ ᠬᠠᠮᠠᠷ ᠳᠤᠷᠬᠢᠨ ᠴᠣᠪᠬᠣᠴᠢᠵᠣ᠌ ᠠ᠋ᠬᠢᠯᠡᠬᠦ ᠪᠠᠷ ᠰᠠᠩᠵᠢ ᠶᠠᠭᠣ᠌ ᠪᠣᠯᠵᠣ᠌ ᠪᠠᠶ᠋ᠢᠭ᠎ᠠ ᠵᠢ ᠬᠠᠷᠠᠭᠰᠠᠨ ᠴᠢᠨᠢ ᠬᠠᠷᠠᠩᠭᠣᠢ ᠰᠦᠨᠢ ᠬᠡᠭᠡᠷ ᠮᠣᠷᠢ ᠵᠢ ᠨᠢ ᠭᠣᠷᠪᠠᠨ ᠴᠢᠨ᠋ᠸ᠎ᠠ ᠪᠦᠰᠡᠯᠡᠨ ᠠᠪᠴᠢᠬᠠᠭᠰᠠᠨ ᠳᠠᠭᠠᠷᠢᠵᠣ᠌ ᠪᠠᠶ᠋ᠢᠬᠣ᠌ ᠬᠠᠷᠠᠭᠳᠠᠪᠠ᠃ ᠰᠠᠩᠵᠢ ᠠᠶᠣᠭᠰᠠᠨ ᠬᠢᠷᠢᠨ᠎ᠡ ᠬᠠᠰᠬᠢᠷᠣᠨ ᠪᠣᠰᠴᠣ᠌ ᠮᠣᠷᠢᠨ ᠳ᠋ᠠᠭᠠᠨ ᠬᠦᠶᠦᠯ᠎ᠡ᠂ ᠦᠯᠦᠰᠬᠦᠯᠡᠩ ᠴᠢᠨ᠋ᠸ᠎ᠠ ᠬᠦᠮᠦᠨ᠎ᠤ ᠳᠠᠭᠣᠨ ᠡᠴᠠ ᠠᠶᠣᠬᠣ᠌ ᠰᠣᠴᠢᠬᠣ᠌ ᠶᠠᠩᠵᠣ᠌ ᠦᠭᠡᠢ᠂ ᠴᠢᠳᠣᠷ ᠳᠠᠢ ᠮᠣᠷᠢ ᠵᠢ ᠪᠠᠷᠣᠭ ᠵᠠᠭᠣᠭᠠᠳ ᠵᠠᠭᠣᠭᠠᠳ ᠠᠪᠴᠣ᠌ ᠪᠠᠶ᠋ᠢᠪᠠ᠂ ᠮᠣᠷᠢ ᠨᠢ ᠰᠣᠯᠠ ᠦᠯᠡᠳᠡᠭᠰᠡᠨ ᠭᠠᠭᠴᠠ ᠬᠦᠯ᠎ᠢᠶᠠᠷ᠎ᠢᠶᠠᠨ ᠠᠷᠣᠨᠰᠢ ᠪᠠᠨ ᠳᠡᠶ᠋ᠢᠷᠤᠨ᠂ ᠴᠢᠳᠣᠷ ᠲᠦ᠍ ᠳᠣᠱᠠᠭᠳᠠᠭᠰᠠᠨ ᠠ᠋ᠮᠣᠨ᠎ᠡ ᠬᠣᠶᠠᠷ ᠬᠦᠯ ᠵᠢᠡᠷ᠎ᠢᠶᠠᠨ ᠴᠢᠳᠠᠬᠣ᠌ ᠵᠢᠨ ᠬᠢᠷᠢᠨ᠎ᠡ ᠴᠣᠪᠬᠣᠴᠢᠵᠣ᠌᠂ ᠰᠣᠷᠣᠨ ᠴᠢᠳᠣᠷ᠎ᠢᠶᠠᠨ ᠪᠠᠷᠣᠭ ᠳᠠᠰᠣᠳᠠᠬᠣ᠌ ᠣᠶ᠋ᠢᠷᠠᠳᠴᠣ᠌ ᠪᠠᠶ᠋ᠢᠭ᠍ᠰᠠᠨ ᠪᠣᠯᠪᠠᠴᠣ᠌᠂ ᠰᠣᠷᠣᠨ ᠴᠢᠳᠣᠷ ᠳᠡᠩᠳᠡᠬᠦᠦ ᠪᠠᠳᠣ᠌ ᠪᠠᠶ᠋ᠢᠭ᠍ᠰᠠᠨ ᠳᠣᠯᠠ ᠳᠠᠰᠣᠳᠠᠵᠣ᠌ ᠴᠢᠳᠠᠭᠰᠠᠨ ᠦᠭᠡᠢ᠂ ᠰᠠᠩᠵᠢ ᠵᠢᠨ ᠬᠡᠬᠡᠷ ᠮᠣᠷᠢ ᠬᠡᠷᠪᠡ ᠴᠢᠳᠣᠷ ᠦᠭᠡᠢ ᠪᠠᠶ᠋ᠢᠭ᠍ᠰᠠ ᠪᠣᠯ ᠠ᠋ᠨᠡ ᠭᠣᠷᠪᠠᠨ ᠠᠮᠢᠳᠠᠨ᠎ᠢ ᠬᠠᠪᠢ ᠳ᠋ᠠᠭᠠᠨ ᠣᠶ᠋ᠢᠷᠠᠳᠣᠭᠣᠯᠬᠣ᠌ ᠮᠣᠷᠢ ᠪᠢᠰᠢ᠂ ᠰᠠᠩᠵᠢ ᠪᠠᠷᠢᠭ᠍ᠰᠠᠨ ᠰᠣᠷ ᠳᠡᠭᠡᠰᠣ᠌ ᠪᠠᠨ ᠳᠣᠯᠣᠭᠠᠢ ᠳᠡᠭᠡᠬᠦᠷ᠎ᠢᠶᠠᠨ ᠠ᠋ᠷᠬᠢᠬᠦᠯᠦᠨ ᠬᠠᠰᠬᠢᠷᠣᠨ ᠬᠦᠶᠦᠭᠰᠡᠭᠡᠷ ᠮᠣᠷᠢᠨ ᠳ᠋ᠠᠭᠠᠨ ᠬᠦᠷᠴᠦ ᠴᠣᠯᠪᠣᠭᠣᠷ ᠡᠴᠠ ᠨᠢ ᠪᠠᠷᠢᠨ ᠳᠣᠭᠳᠠᠭᠠᠵᠣ᠌ ᠠᠪᠣᠭᠠᠳ ᠴᠢᠳᠣᠷ᠎ᠢ ᠨᠢ ᠠᠪᠴᠣ᠌ ᠠᠮᠵᠢᠯ᠎ᠠ᠂ ᠠ᠋ᠨᠡ ᠦᠶ᠎ᠡ ᠳ᠋ᠥ ᠮᠣᠷᠢᠨ ᠎ᠤ ᠪᠠᠨ ᠳᠦᠷᠪᠡᠨ ᠬᠦᠯ᠎ᠢ ᠰᠣᠯᠠᠯᠠᠵᠣ᠌ ᠠᠮᠵᠢᠭ᠍ᠰᠠᠨ ᠰᠠᠩᠵᠢ ᠵᠣᠷᠢᠭ᠋ ᠣᠷᠣᠨ ᠰᠣᠷᠣᠨ ᠴᠢᠳᠣᠷ᠎ᠢᠶᠠᠨ ᠳᠣᠯᠣᠭᠠᠢ ᠳᠡᠬᠡᠬᠦᠷ᠎ᠢᠶᠠᠨ ᠠ᠋ᠷᠬᠢᠬᠦᠯᠦᠨ ᠣᠶ᠋ᠢᠷᠡᠳᠣᠭᠰᠠᠨ ᠴᠢᠨ᠋ᠸ᠎ᠠ ᠵᠢᠨ ᠬᠣᠩᠰᠢᠶᠠᠷ ᠳᠡᠬᠡᠬᠦᠷ ᠣᠷᠢᠶᠠᠯᠭᠠᠨ᠂ ᠮᠣᠷᠢ ᠳᠠᠢ ᠪᠠᠨ ᠬᠠᠮᠳᠣᠷᠠᠨ ᠴᠢᠨ᠋ᠸ᠎ᠠ ᠳᠠᠢ ᠳᠡᠮᠡᠴᠡᠯᠳᠣᠪᠠ᠂ ᠦᠯᠦᠰᠬᠦᠯᠡᠩ ᠴᠢᠨ᠋ᠸ᠎ᠠ ᠠᠮᠠᠨ ᠳ᠋ᠥ ᠢᠷᠡᠭᠰᠡᠨ ᠣᠯᠵᠠ ᠪᠠᠨ ᠠᠮᠠᠷᠬᠠᠨ ᠣᠷᠬᠢᠬᠣ᠌ ᠦᠭᠡᠢ ᠵᠢᠨ ᠲᠦᠯᠦᠭᠡ ᠮᠣᠷᠢ ᠬᠦᠮᠦᠨ ᠬᠣᠶᠠᠷ ᠣᠷᠣᠭᠣ᠌ ᠵᠡᠷᠬᠡ ᠳᠠᠭᠠᠷᠢᠪᠠ᠃ ᠨᠢᠬᠡ ᠴᠢᠨ᠋ᠸ᠎ᠠ ᠨᠢ ᠰᠠᠩᠵᠢ ᠵᠢᠨ ᠠᠰ ᠠ᠋ᠮᠣᠨ᠎ᠡ ᠡᠴᠠ ᠰᠢᠭᠣᠳ ᠳᠠᠭᠠᠷᠢᠨ ᠢᠷᠡᠯ᠎ᠡ᠂ ᠰᠠᠩᠵᠢ ᠴᠢᠳᠣᠷ ᠤ᠋ᠨ᠎ᠢᠶᠠᠨ ᠬᠣᠶᠠᠷ ᠦᠵᠦᠬᠦᠷ ᠡᠴᠠ ᠨᠢ ᠠᠯᠳᠠᠯᠠᠨ ᠠᠳᠬᠣᠵᠣ᠌ ᠠᠮᠵᠢᠭᠠᠳ ᠨᠢᠭᠣᠷ ᠦᠬᠡᠳᠡ ᠨᠢ ᠳᠠᠭᠠᠷᠢᠭ᠍ᠰᠠᠨ ᠴᠢᠨ᠋ᠸ᠎ᠠ ᠵᠢᠨ ᠠᠮᠠᠨ ᠦᠬᠡᠳᠡ ᠳᠣᠯᠭᠠᠵᠣ᠌ ᠠᠮᠵᠢᠯ᠎ᠠ᠂ ᠴᠢᠳᠣᠷ ᠤ᠋ᠨ ᠪᠡᠯᠴᠢᠷ ᠨᠢ ᠶᠠᠭ ᠰᠠᠶ᠋ᠢᠬᠠᠨ ᠬᠠᠷᠠᠶ᠋ᠢᠭ᠍ᠰᠠᠨ ᠴᠢᠨ᠋ᠸ᠎ᠠ ᠵᠢᠨ ᠠᠩᠭᠠᠶ᠋ᠢᠭ᠍ᠰᠠᠨ ᠠᠮᠠᠨ ᠳ᠋ᠥ ᠠᠮᠠᠭᠠᠶ᠋ᠢᠯᠠᠭᠳᠠᠨ ᠵᠠᠭᠣᠭᠳᠠᠪᠠ᠂ ᠳᠠᠭᠠᠷᠢᠭ᠍ᠰᠠᠨ ᠴᠢᠨ᠋ᠸ᠎ᠠ ᠰᠣᠷᠣᠨ ᠴᠢᠳᠣᠷ᠎ᠢ ᠪᠠᠷᠣᠭ ᠮᠢᠬ᠎ᠠ ᠪᠠᠷ ᠠ᠋ᠨᠳᠡᠬᠦᠷᠡᠭᠰᠡᠨ ᠮᠠᠶᠢᠭ᠍ᠳᠠᠢ ᠳᠠᠰᠣ᠌ ᠵᠠᠭᠣᠨ ᠬᠡᠳᠡᠷᠬᠦ ᠣᠭᠵᠠᠷᠠᠨ ᠭᠠᠷ ᠠᠯᠳᠠᠭᠣᠯᠪᠠ᠂ ᠠ᠋ᠨᠡ ᠭᠱᠠᠨ ᠳ᠋ᠥ ᠬᠡᠬᠡᠷ ᠮᠣᠷᠢ ᠨᠢ ᠴᠦ᠍ ᠨᠦᠬᠦᠬᠡ ᠨᠢᠬᠡ ᠴᠢᠨ᠋ᠸ᠎ᠠ ᠵᠢ ᠭᠠᠩᠬᠢᠨᠠᠳᠠᠯ᠎ᠠ ᠢᠰᠬᠦᠯᠵᠣ᠌ ᠠᠮᠵᠢᠪᠠ᠃ ᠢᠰᠬᠦᠯᠦᠬᠦᠯᠦᠭᠰᠡᠨ ᠴᠢᠨ᠋ᠸ᠎ᠠ ᠭᠠᠩᠭᠠᠨᠠᠨ ᠭᠠᠰᠠᠯᠤᠭᠰᠠᠭᠠᠷ ᠳᠦᠨᠡᠷ ᠬᠠᠷᠠᠩᠭᠣᠢ ᠵᠢᠨ ᠳᠣᠮᠳᠠ ᠣᠭᠣᠴᠠ ᠪᠠᠨ ᠴᠢᠷᠦᠨ ᠴᠠᠭᠠᠰᠢ ᠠ᠋ᠷᠬᠢᠪᠡ᠃ ᠨᠢᠭᠡᠨᠳᠡ ᠳᠡᠶ᠋ᠢᠯᠬᠦ ᠦᠭᠡᠢ ᠪᠠᠨ ᠮᠡᠳᠡᠭᠰᠡᠨ ᠴᠢᠳᠣᠷ ᠵᠠᠭᠣᠭᠰᠠᠨ ᠴᠢᠨ᠋ᠸ᠎ᠠ ᠴᠦ᠍ ᠨᠦᠬᠦᠬᠡ ᠨᠢᠬᠡ ᠴᠢᠨ᠋ᠸ᠎ᠠ ᠳᠠᠢ ᠪᠠᠨ ᠬᠠᠮᠳᠣᠷᠠᠨ ᠳᠣᠷ᠎ᠠ ᠳᠠᠢ ᠳᠣᠷ᠎ᠠ ᠦᠭᠡᠢ ᠴᠠᠭᠠᠰᠢ ᠬᠡᠯᠳᠣᠷᠢᠪᠡ᠂ ᠰᠠᠩᠵᠢ ᠠᠶᠣᠵᠣ᠌ ᠰᠣᠴᠢᠭ᠍ᠰᠠᠨ ᠮᠣᠷᠢ ᠪᠠᠨ ᠱᠣᠭᠰᠢᠷᠠᠨ ᠠᠷᠭᠠᠳᠠᠭᠰᠠᠭᠠᠷ ᠪᠠᠶ᠋ᠢᠵᠣ᠌ ᠳᠣᠭᠳᠠᠭᠠᠵᠣ᠌ ᠠᠪᠣᠯ᠎ᠠ᠃ 

ᠮᠣᠷᠢᠨ ᠎ᠤ ᠪᠠᠨ ᠪᠦᠳᠦᠬᠦᠨ ᠭᠣᠶ᠎ᠠ ᠣᠮᠣᠷᠣᠣ ᠵᠢ ᠨᠢ ᠳᠣᠷᠰᠢᠵᠣ᠌ ᠦᠵᠡᠪᠡᠯ᠂ ᠵᠦᠪ ᠪᠡᠶ᠎ᠡ ᠵᠢᠨ ᠭᠣᠶ᠎ᠠ ᠵᠢᠨ ᠬᠢᠨᠢ ᠪᠣᠯᠴᠢᠩ ᠴᠢᠰᠣᠳᠠᠢ ᠪᠠᠶ᠋ᠢᠬᠣ᠌ ᠳᠡᠮᠳᠡᠷᠢᠭᠳᠡᠪᠡ᠂ ᠳᠠᠬᠢᠨ ᠰᠠᠶ᠋ᠢᠨ ᠳᠣᠷᠰᠢᠵᠣ᠌ ᠦᠵᠡᠪᠡᠯ᠂ ᠨᠢᠬᠡ ᠯᠠ ᠰᠣᠶᠣᠭ᠎ᠠ ᠵᠢᠨ ᠣᠷᠣᠮ ᠪᠠᠶ᠋ᠢᠬᠣ᠌ ᠪᠦᠬᠡᠳ ᠴᠢᠰᠣ᠌ ᠴᠦ᠍ ᠪᠠᠭ᠎ᠠ ᠭᠠᠷᠴᠣ᠌ ᠪᠠᠶ᠋ᠢᠪᠠ᠂ ᠮᠣᠷᠢ ᠪᠠᠨ ᠬᠦᠳᠦᠯᠦᠨ ᠬᠦᠳᠡᠯᠬᠡᠵᠣ᠌ ᠦᠵᠡᠪᠡᠯ ᠳᠠᠬᠢᠷᠴᠣ᠌ ᠳᠣᠭᠣᠯᠣᠭᠰᠠᠨ ᠪᠠᠶ᠋ᠢᠳᠠᠯ ᠠᠯᠠᠭ᠎ᠠ ᠪᠣᠯᠬᠣᠷ ᠠ᠋ᠮᠡᠬᠡᠯᠯᠡᠪᠡ᠃ ᠨᠢᠬᠡᠨᠳᠡ ᠴᠢᠰᠣ᠌ ᠠᠮᠳᠠᠯᠠᠭᠰᠠᠨ ᠊ᠴᠢᠨ᠋ᠸ᠎ᠠ ᠠ᠋ᠷᠬᠢᠵᠣ᠌ ᠢᠷᠡᠵᠣ᠌ ᠮᠠᠭᠠᠳ ᠦᠭᠡᠢ ᠳᠣᠯᠠ ᠮᠣᠷᠢᠨ ᠳ᠋ᠠᠭᠠᠨ ᠮᠣᠷᠳᠠᠨ ᠬᠡᠷ ᠵᠦᠭ ᠵᠢᠡᠡ ᠬᠠᠳᠠᠷᠢᠭᠣᠯᠣᠯ᠎ᠠ᠃ ᠦᠷ ᠴᠠᠶ᠋ᠢᠬᠣ᠌ ᠵᠢᠨ ᠠ᠋ᠮᠣᠨ᠎ᠡ ᠬᠡᠷ ᠲᠡᠭᠡᠨ ᠬᠦᠷᠦᠬᠡᠳ ᠮᠣᠷᠢᠨ ᠎ᠤ ᠪᠠᠨ ᠰᠢᠷᠬ᠎ᠠ ᠵᠢ ᠣᠬᠢᠶᠠᠵᠣ᠌ ᠴᠡᠪᠡᠷᠯᠡᠨ ᠰᠣᠯᠠᠯᠠᠭᠠᠳ ᠪᠡᠯᠴᠢᠬᠡᠷ ᠵᠦᠭ ᠢ᠋ᠶ᠋ᠠᠨ ᠳᠠᠭᠣᠯ᠎ᠠ᠃ ᠴᠠᠢ ᠪᠠᠨ ᠣᠣᠭᠣᠭᠰᠠᠨ᠎ᠤ ᠳᠠᠷᠠᠭ᠎ᠠ ᠵᠡᠷᠬᠡᠯᠡᠳᠡᠬᠡ ᠠᠶ᠋ᠢᠯ ᠤ᠋ᠨ᠎ᠢᠶᠠᠨ ᠬᠦᠦ ᠵᠢ ᠳᠠᠭᠠᠭᠣᠯᠣᠨ ᠦᠩᠬᠡᠷᠡᠭᠰᠡᠨ ᠰᠦᠨᠢ ᠴᠢᠨ᠋ᠸ᠎ᠠ ᠳᠠᠢ ᠣᠷᠠᠯᠴᠠᠭᠰᠠᠨ ᠭᠠᠵᠠᠷ᠎ᠢ ᠪᠠᠷᠢᠨ ᠳᠣᠪᠳᠣᠯᠭᠠᠪᠠ᠂ ᠪᠠᠭ᠎ᠠ ᠦᠳᠡ ᠵᠢᠨ ᠠᠯᠳᠠ ᠳ᠋ᠥ᠂ ᠴᠢᠨ᠋ᠸ᠎ᠠ ᠳᠠᠢ ᠣᠷᠠᠯᠴᠠᠭᠰᠠᠨ ᠭᠠᠵᠠᠷ ᠲᠠᠭᠠᠨ ᠬᠦᠷᠪᠡᠯ ᠪᠠᠭ᠎ᠠ ᠬᠡᠷ ᠤ᠋ᠨ ᠣᠷᠣᠮ ᠤ᠋ᠨ ᠴᠢᠨᠡᠬᠡᠨ ᠭᠠᠵᠠᠷ ᠲᠥ ᠡᠪᠡᠰᠣ᠌ ᠰᠢᠷᠣᠢ ᠬᠢᠰᠬᠢᠯᠡᠨ ᠪᠣᠳᠠᠷᠠᠭᠠᠭᠰᠠᠨ ᠬᠠᠷᠠᠭᠳᠠᠨ᠎ᠠ᠃ ᠰᠠᠩᠵᠢ ᠨᠦᠬᠦᠳ ᠳᠠᠢ ᠪᠠᠨ ᠭᠣᠷᠪᠠᠨ ᠴᠢᠨ᠋ᠸ᠎ᠠ ᠵᠢᠨ ᠮᠦᠷ᠎ᠢ ᠮᠦᠷᠳᠡᠨ ᠬᠦᠬᠡᠬᠡᠯ᠎ᠠ᠂ ᠴᠠᠭ ᠭᠠᠷᠣᠢ ᠮᠦᠷᠳᠡᠭᠡᠳ ᠪᠠᠨᠳᠠᠭᠠᠷ ᠪᠣᠳᠠ ᠵᠢᠨ ᠬᠦᠨᠳᠡᠢ ᠳ᠋ᠥ ᠣᠭᠣᠴᠠ ᠪᠠᠨ ᠬᠣᠭᠣ᠌ ᠢᠰᠬᠦᠯᠦᠬᠦᠯᠦᠭᠰᠡᠨ ᠊ᠴᠢᠨ᠋ᠸ᠎ᠠ ᠭᠡᠪᠳᠡᠵᠣ᠌ ᠪᠠᠶ᠋ᠢᠬᠣ᠌ ᠳᠠᠢ ᠬᠠᠷᠭᠣᠵᠣ᠌᠂ ᠬᠣᠶᠠᠷ ᠵᠠᠯᠠᠭᠣ᠌ ᠳᠦᠷᠦᠬᠡ ᠪᠠᠨ ᠮᠦᠯᠳᠦᠯᠤᠨ ᠠᠪᠣᠭᠠᠳ ᠬᠣᠩᠰᠢᠶᠠᠷ᠎ᠢ ᠨᠢ ᠳᠠᠭᠠᠷᠠᠭᠣᠯᠣᠨ ᠴᠣᠬᠢᠵᠣ᠌ ᠣᠨᠠᠭᠠᠭᠠᠳ ᠠᠮᠢ᠎ᠢ ᠨᠢ ᠳᠠᠰᠣᠯᠤᠨ ᠪᠦᠭᠳᠦᠷᠢᠵᠣ᠌ ᠠᠪᠣᠭᠠᠳ ᠴᠠᠭᠠᠰᠢ ᠪᠠᠨ ᠨᠦᠬᠦᠬᠡ ᠬᠣᠶᠠᠷ ᠴᠢᠨ᠋ᠸ᠎ᠠ ᠵᠢᠨ ᠮᠦᠷ ᠮᠦᠰᠬᠢᠨ ᠶᠠᠪᠣᠯ᠎ᠠ᠃ ᠨᠠᠷᠠ ᠠᠭᠣᠯᠠ ᠵᠢᠨ ᠣᠷᠣᠢ ᠳ᠋ᠥ ᠳᠠᠰᠢᠬᠣ᠌ ᠬᠦᠷᠳᠡᠯ᠎ᠡ ᠬᠦᠬᠡᠬᠡᠬᠡᠳ ᠬᠦᠢᠴᠡᠵᠣ᠌ ᠴᠢᠳᠠᠭᠰᠠᠨ ᠦᠭᠡᠢ᠂ ᠴᠢᠨ᠋ᠸ᠎ᠠ ᠴᠦ᠍ ᠰᠣᠷᠣᠨ ᠴᠢᠳᠣᠷ᠎ᠢ ᠬᠠᠶᠠᠭᠰᠠᠨ ᠦᠭᠡᠢ᠂ ᠴᠢᠳᠣᠷ ᠤ᠋ᠨ ᠳᠠᠩ ᠠᠯᠠᠭ᠎ᠠ ᠵᠢ ᠭᠠᠵᠠᠷ ᠴᠢᠷᠦᠭᠰᠡᠨ ᠬᠡᠪ᠎ᠢᠶᠠᠷ᠎ᠢᠶᠠᠨ ᠪᠠᠷᠠᠭᠣᠨ ᠱᠠᠯᠠ ᠳ᠋ᠥ ᠭᠠᠷᠪᠠ᠃ ᠨᠢᠬᠡᠨᠳᠡ ᠬᠦᠢᠴᠡᠭᠳᠡᠬᠦ ᠡᠴᠠ ᠭᠠᠷᠣᠭᠰᠠᠨ ᠴᠢᠨ᠋ᠸ᠎ᠠ ᠵᠢᠨ ᠬᠣᠶ᠋ᠢᠨ᠎ᠠ ᠡᠴᠠ ᠬᠣᠶᠠᠷ ᠵᠠᠯᠠᠭᠣ᠌ ᠰᠢᠳᠣ᠌ ᠵᠠᠭᠣᠨ ᠬᠣᠴᠣᠷᠤᠯ᠎ᠠ᠃ ᠰᠠᠩᠵᠢ ᠢᠩᠬᠢᠬᠡᠳ ᠵᠠᠯᠠᠭᠣ᠌ ᠨᠠᠰᠣᠨ ᠎ᠤ ᠪᠠᠨ ᠠᠭᠠᠭ ᠬᠡᠶ᠋ᠢᠮᠣᠷᠢ ᠬᠣᠶᠠᠷ ᠵᠢᠡᠷ ᠴᠢᠨ᠋ᠸ᠎ᠠ ᠵᠢᠨ ᠠᠮᠠᠨ ᠡᠴᠠ ᠠᠮᠢᠳᠣ᠌ ᠮᠡᠨᠳᠣ᠌ ᠮᠦᠯᠳᠦᠷᠡᠭᠰᠡᠨ ᠪᠣᠯᠪᠠᠴᠣ᠌ ᠠᠪᠣ ᠵᠢᠨ ᠵᠢᠡᠨ ᠦᠭᠭᠦᠭᠰᠡᠨ ᠰᠣᠷᠣᠨ ᠴᠢᠳᠣᠷ᠎ᠢ ᠴᠢᠨ᠋ᠸ᠎ᠠ ᠵᠢᠨ ᠠᠮᠠᠨ ᠳ᠋ᠥ ᠠᠯᠳᠠᠵᠣ᠌ ᠶᠠᠪᠣᠭᠣᠯᠪᠠ᠃

ᠮᠠᠷᠭᠠᠰᠢ ᠦᠷᠯᠦᠬᠡ ᠨᠢ ᠠᠴᠢ ᠬᠡᠣᠬᠡᠨ ᠨᠢ ᠡᠪᠣᠬᠡ ᠠᠪᠣ ᠪᠠᠨ ᠳᠠᠭᠠᠭᠣᠯᠣᠨ ᠮᠦᠽᠸᠢ ᠵᠢᠨ ᠳᠠᠷᠣᠭ᠎ᠠ ᠵᠢᠨ ᠠᠯᠪᠠᠨ ᠬᠡᠷ ᠲᠦ᠍ ᠣᠴᠢᠪᠠ᠃ ᠮᠦᠽᠸᠢ ᠵᠢᠨ ᠳᠠᠷᠣᠭ᠎ᠠ ᠰᠠᠩᠵᠢ ᠡᠪᠣᠬᠡᠨ ᠡᠴᠠ ᠶᠠᠭᠣᠨ ᠳ᠋ᠥ ᠵᠠᠪᠠᠯ ᠳᠡᠷᠡ ᠴᠢᠳᠣᠷ᠎ᠢ ᠭᠠᠷ᠎ᠢᠶᠠᠷ᠎ᠢᠶᠠᠨ ᠪᠠᠷᠢᠵᠣ᠌ ᠦᠵᠡᠬᠦ ᠭᠡᠳ ᠪᠠᠶ᠋ᠢᠭ᠎ᠠ ᠵᠢ ᠠᠰᠠᠭᠣᠬᠣ᠌ ᠳ᠋ᠥ ᠰᠠᠩᠵᠢ ᠡᠪᠣᠬᠡᠨ ᠭᠣᠴᠢᠨ ᠬᠡᠳᠣᠨ ᠵᠢᠯ ᠤ᠋ᠨ ᠠ᠋ᠮᠣᠨ᠎ᠠ ᠪᠣᠯᠣᠭᠰᠠᠨ ᠨᠦᠬᠦᠬᠡ ᠶᠠᠪᠣᠳᠠᠯ᠎ᠢᠶᠠᠨ ᠶᠠᠷᠢᠵᠣ᠌ ᠦᠭᠪᠡ᠂ ᠠᠴᠢ ᠬᠡᠣᠬᠡᠨ ᠨᠢ ᠡᠪᠣᠬᠡ ᠠᠪᠣ ᠵᠢᠨ ᠶᠠᠷᠢᠭ᠍ᠰᠠᠨ᠎ᠢ ᠰᠣᠨᠣᠰᠣᠭᠠᠳ ᠠ᠋ᠮᠣᠨ᠎ᠡ ᠨᠢ ᠬᠠᠷᠠᠭᠳᠠᠵᠣ᠌ ᠪᠠᠶ᠋ᠢᠭ᠎ᠠ ᠬᠠᠳᠠᠭᠰᠠᠨ ᠨᠠᠪᠴᠢ ᠰᠢᠬ ᠡᠪᠣᠬᠡᠨ ᠵᠠᠯᠠᠭᠣ᠌ ᠽᠠᠨᠳᠠᠨ ᠦᠶ᠎ᠡ ᠳ᠋ᠡᠭᠡᠨ ᠳᠡᠶ᠋ᠢᠮᠣ᠌ ᠶᠡᠬᠡ ᠪᠢᠷ᠎ᠠ ᠴᠢᠳᠠᠯ ᠳᠠᠢ ᠬᠡᠶ᠋ᠢᠮᠣᠷᠢ ᠵᠣᠯᠪᠣᠭ᠎ᠠ ᠳᠠᠢ ᠬᠦᠮᠦᠨ ᠪᠠᠶ᠋ᠢᠭ᠍ᠰᠠᠨ᠎ᠢ ᠮᠡᠳᠡᠭᠡᠳ ᠪᠠᠬᠠᠷᠬᠠᠬᠣ᠌ ᠪᠢᠰᠢᠷᠡᠬᠦ ᠵᠡᠷᠬᠡᠴᠡᠨ ᠪᠠᠶ᠋ᠢᠯ᠎ᠠ᠃ ᠮᠦᠽᠸᠢ ᠵᠢᠨ ᠳᠠᠷᠣᠭ᠎ᠠ ᠡᠪᠣᠬᠡᠨ ᠎ᠤ ᠬᠡᠯᠡᠭᠰᠡᠨ ᠦᠩᠬᠡᠷᠡᠯᠳᠡ ᠵᠢ ᠰᠣᠨᠣᠰᠣᠭᠠᠳ ᠪᠢᠰᠢᠷᠡᠨ ᠬᠦᠨᠳᠦᠳᠬᠡᠬᠦ ᠬᠣᠣᠰᠯᠠᠨ ᠳᠣᠣᠷᠠᠬᠠᠨ᠎ᠢᠶᠠᠨ ᠨᠦᠬᠦᠬᠡ ᠯᠠᠩᠬᠦᠢ ᠳᠣᠳᠣᠷ᠎ᠠ ᠪᠠᠶ᠋ᠢᠭ᠎ᠠ ᠴᠢᠳᠣᠷ᠎ᠢ ᠠᠪᠴᠣ᠌ ᠢᠷᠡᠬᠦᠯᠬᠦ ᠵᠢᠨ ᠬᠠᠮᠳᠣ᠌ ᠴᠢᠳᠣᠷ ᠤ᠋ᠨ ᠢᠷᠡᠯ ᠤ᠋ᠨ ᠳᠣᠬᠠᠢ ᠳᠣᠳᠣᠷᠬᠠᠶ᠋ᠢᠯᠠᠪᠠ᠂ ᠣᠣᠯ ᠨᠢ ᠠ᠋ᠨᠡ ᠴᠢᠳᠣᠷ᠎ᠢ ᠠᠷᠪᠠᠭᠠᠳ ᠵᠢᠯ ᠤ᠋ᠨ ᠠ᠋ᠮᠣᠨ᠎ᠡ᠂ ᠮᠦᠽᠸᠢ ᠳ᠋ᠥ ᠬᠠᠭᠣᠴᠢᠨ ᠎ᠤ ᠠ᠋ᠳ᠋ᠯᠡᠯ ᠬᠡᠷᠡᠭᠰᠡᠯ᠎ᠢ ᠴᠣᠭᠯᠠᠭᠣᠯᠬᠣ᠌ ᠳᠣᠬᠠᠢ ᠣᠷᠢᠶᠠᠯᠠᠭ᠎ᠠ ᠭᠠᠷᠭᠠᠨ ᠨᠡᠶ᠋ᠢᠬᠡᠮ ᠳᠠᠶᠠᠭᠠᠷ ᠲᠦ᠍ ᠪᠢᠴᠢᠭ ᠳᠠᠷᠬᠠᠭᠠᠭᠰᠠᠨ᠎ᠦ ᠳ᠋ᠦᠩ ᠳ᠋ᠥ ᠠ᠋ᠨᠡ ᠴᠢᠳᠣᠷ ᠴᠣᠭᠯᠠᠭᠣᠯᠣᠭᠳᠠᠨ ᠢᠷᠡᠵᠡᠢ᠃ ᠬᠠᠨᠳᠢᠪᠯᠡᠭ᠌ᠰᠠᠨ ᠬᠦᠮᠦᠨ ᠨᠢ ᠨᠡᠷ᠎ᠡ ᠣᠰᠣ᠌ ᠪᠠᠨ ᠳᠣᠳᠣᠷᠬᠠᠢ ᠦᠯᠡᠳᠡᠭᠡᠭᠰᠡᠨ ᠦᠭᠡᠢ ᠣᠴᠢᠷ ᠡᠴᠠ ᠴᠣᠬᠣᠮ ᠬᠡᠨ ᠦᠭᠬᠦᠭᠰᠡᠨ᠎ᠢ ᠮᠡᠳᠡᠬᠦ ᠬᠦᠮᠦᠨ ᠠᠯᠠᠭ᠎ᠠ ᠪᠠᠶ᠋ᠢᠯ᠎ᠠ᠃ ᠡᠪᠣᠬᠡᠨ ᠴᠢᠳᠣᠷ᠎ᠢ ᠠ᠋ᠷᠬᠢᠬᠦᠯᠦᠨ ᠣᠷᠪᠠᠭᠣᠯᠣᠨ ᠪᠠᠷᠢᠵᠣ᠌ ᠦᠵᠡᠭᠰᠡᠨ᠎ᠢᠶᠠᠨ ᠴᠣᠭ ᠵᠤᠯᠢ ᠨᠢ ᠳᠡᠷᠡ ᠳᠣᠣᠷ᠎ᠠ ᠪᠠᠨ ᠰᠡᠷᠬᠦᠨ 《 ᠮᠦᠨ ᠪᠠᠶ᠋ᠢᠨ᠎ᠠ᠂ ᠶᠠᠭ ᠮᠢᠨᠣ᠌ ᠴᠢᠳᠣᠷ ᠮᠥᠨ ᠪᠠᠶ᠋ᠢᠨ᠎ᠠ 》 ᠭᠡᠵᠤ ᠳᠠᠭᠣ᠌ ᠠᠯᠳᠠᠪᠠ᠃ 

ᠰᠠᠩᠵᠢ ᠡᠪᠣᠬᠡᠨ ᠮᠦᠽᠸᠢ ᠵᠢᠨ ᠳᠠᠷᠣᠭ᠎ᠠ ᠬᠢᠬᠡᠳ ᠠᠴᠢ ᠬᠡᠣᠬᠡᠨ ᠳ᠋ᠡᠭᠡᠨ ᠴᠢᠳᠣᠷ ᠤ᠋ᠨ ᠪᠡᠯᠴᠢᠷ ᠤ᠋ᠨ ᠰᠣᠷᠣᠨ ᠵᠣᠢ᠍ᠰᠣᠮ ᠳᠡᠬᠡᠷ᠎ᠡ ᠴᠢᠨ᠋ᠸ᠎ᠠ ᠵᠢᠨ ᠰᠣᠶᠣᠭ᠎ᠠ ᠳ᠋ᠥ ᠵᠠᠭᠣᠭᠳᠠᠨ ᠨᠦᠬᠡᠯᠡᠭᠳᠡᠭᠰᠡᠨ ᠬᠣᠶᠠᠷ ᠨᠦᠬᠡ ᠵᠢ ᠦᠵᠡᠬᠦᠯᠦᠨ 《ᠠ᠋ᠨᠡ ᠨᠦᠬᠡ ᠶᠠᠭᠠᠬᠢᠬᠣ᠌ ᠵᠢᠨ ᠠᠷᠭ᠎ᠠ ᠦᠭᠡᠢ ᠳᠡᠷᠡ ᠰᠦᠨᠢ ᠨᠠᠳᠠ ᠣᠷᠣᠭᠣ᠌ ᠳᠠᠭᠠᠷᠢᠭ᠍ᠰᠠᠨ ᠴᠢᠨ᠋ᠸ᠎ᠠ ᠵᠢᠨ ᠰᠣᠶᠣᠭ᠎ᠠ ᠳ᠋ᠥ ᠵᠠᠭᠣᠬ᠍ᠳᠠᠨ ᠭᠠᠷᠣᠭᠰᠠᠨ ᠨᠦᠬᠡ ᠪᠠᠶ᠋ᠢᠨ᠎ᠠ》 ᠬᠡᠪᠡ᠃ ᠣᠣᠯ ᠨᠢ ᠰᠠᠩᠵᠢ ᠨᠦᠬᠦᠳ ᠳᠠᠢ ᠪᠠᠨ ᠪᠦᠳᠦᠨ ᠠ᠋ᠳᠣᠷ ᠢ᠋ᠶ᠋ᠠᠷ ᠮᠦᠷ᠎ᠢ ᠨᠢ ᠮᠦᠰᠬᠢᠨ ᠬᠦᠬᠡᠬᠡᠬᠦ ᠳ᠋ᠥ ᠴᠢᠳᠣᠷ ᠣᠨᠠᠭᠰᠠᠨ ᠦᠭᠡᠢ ᠰᠢᠯᠳᠠᠭᠠᠨ ᠨᠢ ᠴᠢᠨ᠋ᠸ᠎ᠠ ᠴᠢᠳᠣᠷ᠎ᠢ ᠬᠠᠶᠠᠭᠰᠠᠨ ᠦᠭᠡᠢ ᠪᠢᠰᠢ᠂ ᠬᠠᠷᠢᠨ ᠬᠦᠭᠰᠢᠨ ᠴᠢᠨ᠋ᠸ᠎ᠠ ᠵᠢᠨ ᠣᠷᠳᠣ᠌ ᠬᠣᠶᠠᠷ ᠰᠣᠶᠣᠭ᠎ᠠ ᠰᠣᠷᠣᠨ ᠴᠢᠳᠣᠷ ᠤ᠋ᠨ ᠪᠡᠯᠴᠢᠷ ᠲᠦ᠍ ᠰᠢᠬᠢᠳᠦᠨ ᠣᠷᠣᠭᠠᠳ ᠣᠨᠠᠵᠣ᠌ ᠦᠭᠬᠦ ᠦᠭᠡᠢ ᠪᠣᠯᠬᠣᠷ ᠠ᠋ᠳᠣᠷᠵᠢᠨ ᠵᠠᠭᠣᠭᠠᠳ ᠶᠠᠪᠣᠭᠠᠳ ᠪᠠᠶ᠋ᠢᠭ᠍ᠰᠠᠨ ᠬᠡᠷᠡᠭ ᠪᠠᠶ᠋ᠢᠵᠠᠢ᠃ ᠭᠣᠴᠢᠨ ᠬᠡᠳᠣᠨ ᠵᠢᠯ ᠤ᠋ᠨ ᠠ᠋ᠮᠣᠨᠠᠬᠢ ᠣᠨᠢᠰᠣᠭ᠎ᠠ ᠦᠨᠦᠳᠦᠷ ᠳᠠᠶ᠋ᠢᠯᠦᠬ᠍ᠳᠡᠨ᠂ ᠰᠠᠩᠵᠢ ᠡᠪᠣᠬᠡᠨ᠎ᠤ ᠴᠡᠬᠡᠵᠢᠨ ᠳ᠋ᠥ ᠳᠠᠷᠣᠭᠳᠠᠭᠰᠠᠨ ᠬᠠᠷᠠᠮᠰᠠᠯ ᠠ᠋ᠨᠡ ᠦᠶ᠎ᠡ ᠳ᠋ᠥ ᠪᠠᠶᠠᠷ ᠪᠠᠬᠠᠳᠣᠯ᠎ᠢᠶᠠᠷ ᠰᠣᠯᠢᠭ᠍ᠳᠠᠪᠠ᠃ ᠰᠠᠩᠵᠢ ᠡᠪᠣᠬᠡᠨ᠎ᠤ ᠬᠣᠪᠢ ᠳ᠋ᠥ ᠠ᠋ᠨᠡ ᠴᠢᠳᠣᠷ ᠵᠦᠪᠬᠡᠨ ᠠᠪᠣ ᠨᠢ ᠬᠦᠦ ᠳ᠋ᠡᠭᠡᠨ ᠦᠯᠡᠳᠡᠭᠡᠭᠰᠡᠨ ᠬᠡᠷᠢᠶᠡᠰᠣ᠌ ᠳᠡᠳᠣᠢ ᠪᠢᠰᠢ ᠬᠠᠷᠢᠨ ᠦᠯᠦᠨ ᠴᠢᠨ᠋ᠸ᠎ᠠ ᠵᠢᠨ ᠠᠮᠠᠨ ᠡᠴᠠ ᠠᠯᠳᠠᠨ ᠠᠮᠢ ᠵᠢ ᠨᠢ ᠠᠪᠣᠷᠠᠭᠰᠠᠨ ᠠᠮᠢᠨ ᠠ᠋ᠷᠳᠡᠨᠢ ᠨᠢ ᠪᠠᠶ᠋ᠢᠵᠡᠢ᠃ ᠮᠦᠽᠸᠢ ᠵᠢᠨ ᠳᠠᠷᠣᠭ᠎ᠠ ᠠ᠋ᠳ᠋ ᠢ᠋ ᠨᠢ ᠡᠵᠡᠨ ᠳ᠋ᠣᠨᠢ ᠪᠣᠴᠠᠭᠠᠯ᠎ᠠ᠃

ᠬᠡᠳᠣᠨ ᠠ᠋ᠳᠣᠷ ᠤ᠋ᠨ ᠳᠠᠷᠠᠭ᠎ᠠ ᠮᠦᠽᠸᠢ ᠵᠢᠨ ᠳᠡᠯᠬᠡᠨ ᠦᠵᠡᠬᠦᠯᠦᠯᠬᠡ ᠵᠢᠨ ᠯᠠᠩᠬᠦᠢ ᠳᠣᠳᠣᠷ᠎ᠠ ᠨᠦᠬᠦᠬᠡ ᠴᠢᠳᠣᠷ ᠪᠣᠴᠠᠨ ᠢᠷᠡᠭᠰᠡᠨ ᠪᠠᠶ᠋ᠢᠪᠠ᠂ ᠴᠢᠳᠣᠷ ᠤ᠋ᠨ ᠬᠠᠵᠠᠭᠣ᠌ ᠳ᠋ᠣᠨᠢ 《*** ᠨᠣᠳᠣᠭ ᠤ᠋ᠨ ᠪᠠᠳᠤᠵᠠᠪ᠎ᠦᠨ ᠰᠠᠩᠵᠢ ᠬᠦᠷᠬᠡᠪᠡ》 ᠬᠡᠰᠡᠨ ᠪᠢᠴᠢᠬᠡᠰᠦ ᠨᠡᠮᠡᠭᠳᠡᠭᠰᠡᠨ ᠪᠠᠶ᠋ᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号