ᠠᠮᠠᠷᠠᠯᠳᠠ ᠳ᠋ᠠᠭᠠᠨ ᠢᠯᠡᠭᠦᠬᠡᠨ ᠨᠤᠮ ᠤᠩᠰᠢᠶ᠎ᠠ
2025-07-22 10:02:46
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠬᠢᠴᠢᠶᠡᠯ ᠰᠤᠷᠤᠯᠭ᠎ᠠ ᠬᠡᠵᠦ ᠨᠢᠬᠡ ᠬᠤᠭᠤᠴᠠᠭ᠎ᠠ ᠮᠤᠩᠭᠠᠨᠢᠭᠰᠠᠨ ᠵᠠᠯᠠᠭᠤᠴᠤᠳ ᠪᠠᠭᠠᠴᠤᠳ ᠮᠠᠨᠢ ᠵᠤᠨ᠎ᠤ ᠰᠠᠢᠬᠠᠨ ᠠᠮᠠᠷᠠᠯᠳᠠ ᠪᠠᠨ ᠤᠭᠳᠤᠯ᠎ᠠ᠃ ᠡᠨᠡ ᠬᠦ᠌ ᠤᠷᠳᠤ ᠠᠮᠠᠷᠠᠯᠳᠠ ᠨᠢ ᠲᠠ ᠪᠢᠳᠡᠨ᠎ᠤ ᠵᠢᠭᠤᠯᠴᠢᠯᠠᠨ ᠰᠡᠯᠡᠬᠦᠴᠡᠵᠦ ᠶᠠᠳᠠᠷᠠᠭ᠎ᠠ ᠴᠢᠯᠡᠬᠡ ᠪᠠᠨ ᠳᠠᠢᠯᠠᠬᠤ ᠰᠠᠢᠬᠠᠨ ᠮᠦᠴᠡ ᠪᠤᠯᠬᠤ ᠪᠡᠷ ᠪᠠᠷᠠᠬᠤ ᠦᠬᠡᠢ᠂ ᠨᠡᠩ ᠴᠤ᠌ ᠳᠠᠨᠢᠨ ᠮᠡᠳᠡᠬᠦᠢ ᠵᠢᠨ ᠵᠠᠭᠠᠭ ᠬᠢᠵᠠᠭᠠᠷ ᠵᠢᠡᠨ ᠦᠷᠬᠡᠳᠬᠡᠵᠦ ᠰᠤᠶᠤᠯ ᠮᠡᠳᠡᠯᠬᠡ ᠬᠤᠷᠠᠮᠳᠤᠭᠤᠯᠬᠤ ᠰᠠᠢᠬᠠᠨ ᠵᠠᠪᠰᠢᠶᠠᠨ ᠪᠤᠯᠬᠤ ᠶᠤᠮ᠃ ᠭᠠᠷ ᠤᠳᠠᠰᠤᠨ᠎ᠤ ᠳᠡᠯᠬᠡᠴᠡ ᠪᠡᠷ ᠳᠠᠷᠠᠬᠠᠢ ᠪᠤᠳᠠᠷᠬᠠᠢ ᠤᠩᠰᠢᠯᠭ᠎ᠠ ᠭᠠᠵᠠᠷ ᠵᠠᠢ ᠠᠪᠤᠭᠰᠠᠨ ᠦᠶ᠎ᠠ ᠳ᠋ᠤ ᠰᠡᠳᠬᠢᠯ ᠰᠠᠨᠠᠭ᠎ᠠ ᠪᠠᠨ ᠳᠠᠢᠪᠤᠭᠤᠨ ᠪᠠᠢᠯᠭᠠᠵᠤ᠂ ᠳᠡᠰᠪᠦᠷᠢᠳᠡᠢ ᠰᠠᠭᠤᠵᠤ ᠨᠤᠮ ᠤᠩᠰᠢᠬᠤ ᠬᠡᠭᠴᠢ ᠪᠠᠰᠠ ᠨᠢᠬᠡᠨ ᠬᠢᠯᠪᠠᠷ ᠪᠢᠰᠢ ᠶᠠᠪᠤᠳᠠᠯ ᠪᠢᠯᠡ᠃

ᠵᠠᠯᠠᠭᠤᠴᠤᠳ ᠪᠠᠭᠠᠴᠤᠳ᠎ᠤᠨ ᠨᠤᠮ ᠤᠩᠰᠢᠯᠭ᠎ᠠ ᠵᠢᠨ ᠳᠤᠬᠠᠢ 《ᠳᠤᠮᠳᠠᠳᠤ ᠤᠯᠤᠰ᠎ᠤᠨ ᠬᠡᠦᠬᠡᠳ ᠪᠠᠭᠠᠴᠤᠳ᠎ᠤᠨ ᠤᠩᠰᠢᠯᠭ᠎ᠠ᠎ᠶᠢᠨ ᠣᠳᠣᠬᠢ ᠪᠠᠢᠳᠠᠯ ᠬᠢᠭᠡᠳ ᠬᠡᠷᠡᠭᠴᠡᠭᠡ ᠱᠠᠭᠠᠷᠳᠠᠯᠭ᠎ᠠ᠎ᠶᠢᠨ ᠲᠤᠬᠠᠢ ᠪᠠᠢᠴᠠᠭᠠᠨ ᠰᠤᠳᠤᠯᠤᠯᠲᠠ᠎ᠶᠢᠨ ᠮᠡᠳᠡᠭᠦᠯᠦᠯᠲᠡ》 ᠳ᠋ᠤ᠂ ᠭᠠᠷᠠᠭ᠎ᠤᠨ ᠰᠡᠭᠦᠯᠴᠢ ᠪᠤᠶᠤ ᠡᠪᠦᠯ ᠵᠣᠨ᠎ᠤ ᠠᠮᠠᠷᠠᠯᠲᠠ᠎ᠳ᠋ᠤ ᠵᠢᠷᠭᠤᠭᠠᠨ ᠬᠤᠪᠢ ᠠ᠋ᠴᠠ ᠳᠡᠭᠡᠭᠰᠢᠬᠢ ᠬᠡᠦᠬᠡᠳ᠎ᠦᠨ ᠡᠳᠦᠷ ᠪᠦᠷᠢ᠎ᠶᠢᠨ ᠤᠩᠰᠢᠯᠭ᠎ᠠ᠎ᠶᠢᠨ ᠴᠠᠭ ᠨᠢ 30 ᠮᠢᠨᠦ᠋ᠲ᠎ᠡᠴᠡ ᠬᠡᠲᠦᠷᠡᠬᠦ ᠦᠭᠡᠢ ᠮᠥᠷᠲᠡᠭᠡᠨ ᠪᠠᠷᠤᠭ ᠨᠢᠭᠡ ᠬᠤᠪᠢ ᠣᠷᠴᠢᠮ᠎ᠤᠨ ᠬᠡᠦᠬᠡᠳ ᠬᠢᠴᠢᠶᠡᠯ᠎ᠦᠨ ᠭᠠᠳᠠᠭᠤᠷᠬᠢ ᠨᠣᠮ ᠤᠩᠰᠢᠳᠠᠭ ᠦᠭᠡᠢ ᠬᠡᠰᠡᠨ ᠪᠠᠢᠨ᠎ᠠ᠃ ᠡᠬᠦᠨ᠎ᠤ ᠳᠤᠬᠠᠢ ᠰᠢᠯᠳᠠᠭᠠᠨ᠎ᠢ ᠵᠠᠳᠠᠯᠪᠠᠯ᠂ ᠬᠢᠴᠢᠶᠡᠯ ᠰᠤᠷᠤᠯᠭ᠎ᠠ ᠵᠢᠨ ᠳᠠᠷᠤᠭᠠᠰᠤ ᠪᠠ ᠰᠦᠯᠵᠢᠶᠡᠨ᠎ᠤ ᠵᠤᠭ᠎ᠠ ᠴᠡᠩᠬᠡᠯ᠎ᠤᠨ ᠨᠦᠯᠦᠭᠡᠯᠡᠯ ᠵᠢᠴᠢ ᠬᠡᠷ ᠪᠦᠯᠢ ᠵᠢᠨ ᠨᠤᠮ ᠤᠩᠰᠢᠯᠭ᠎ᠠ ᠵᠢᠨ ᠳᠤᠳᠠᠭᠤᠳᠠᠯ᠂ ᠨᠡᠢᠬᠡᠮ᠎ᠤᠨ  ᠤᠩᠰᠢᠯᠭ᠎ᠠ ᠵᠢᠨ ᠡᠬᠢ ᠪᠠᠶᠠᠯᠢᠭ᠎ᠤᠨ ᠳᠤᠬᠢᠷᠠᠭᠤᠯᠤᠯᠳᠠ ᠵᠢᠨ ᠬᠠᠮᠵᠢᠯᠴᠠᠭ᠎ᠠ ᠬᠦᠷᠦᠯᠴᠡᠬᠦ ᠦᠬᠡᠢ ᠮᠡᠳᠤ ᠵᠢᠨ ᠤᠯᠠᠨ ᠳᠠᠯ᠎ᠠ ᠪᠤᠢ ᠭᠡᠪᠡ᠃ ᠢᠯᠠᠩᠭᠤᠶ᠎ᠠ ᠭᠠᠷ ᠤᠳᠠᠰᠤᠨ᠎ᠤ ᠣᠬᠣᠷ ᠸᠢᠳᠢᠤ᠋᠂ ᠰᠦᠯᠵᠢᠶᠡᠨ᠎ᠦ ᠲᠣᠭᠯᠠᠭᠠᠮ ᠵᠡᠷᠭᠡ ᠵᠤᠭ᠎ᠠ ᠴᠡᠩᠭᠡᠯ᠎ᠦᠨ ᠬᠡᠯᠪᠡᠷᠢ ᠨᠢ ᠵᠠᠯᠠᠭᠤᠴᠤᠳ ᠪᠠᠭᠠᠴᠤᠳ᠎ᠤᠨ ᠠᠩᠬᠠᠷᠤᠯ ᠎ᠢ ᠳᠠᠳᠠᠵᠤ᠂ ᠴᠦᠬᠡᠨ ᠪᠤᠰᠤ ᠨᠢ ᠴᠠᠭ ᠮᠦᠴᠡ ᠵᠢ ᠦᠯᠦ ᠮᠡᠳᠡᠬᠦ ᠵᠢᠨ ᠬᠤᠭᠤᠷᠤᠨᠳᠤ ᠦᠷᠡᠵᠦ ᠰᠦᠢᠳᠬᠡᠵᠦ ᠪᠠᠢᠭ᠎ᠠ ᠶᠤᠮ᠃ ᠡᠬᠦᠨ ᠡᠴᠡ ᠭᠠᠳᠠᠨ᠎ᠠ ᠪᠠᠰᠠ ᠵᠠᠷᠢᠮ ᠬᠡᠷ᠎ᠤᠨ ᠠᠬᠠᠮᠠᠳ ᠬᠡᠦᠬᠡᠳ᠎ᠤᠨ ᠠᠮᠠᠷᠠᠯᠳᠠ ᠵᠢᠨ ᠴᠠᠭ ᠎ᠢ ᠳᠡᠩᠳᠡᠬᠦᠦ ᠪᠠᠴᠢᠮ ᠳᠤᠬᠢᠷᠠᠭᠤᠯᠵᠤ᠂ 《ᠭᠤᠷᠪᠠᠳᠤᠭᠠᠷ ᠰᠤᠷᠤᠯᠭ᠎ᠠ ᠵᠢᠨ ᠬᠤᠭᠤᠴᠠᠭ᠎ᠠ》ᠰᠢᠬ ᠪᠤᠯᠭᠠᠵᠤ᠂ ᠬᠡᠯᠡ ᠶᠠᠷᠢᠶ᠎ᠠ᠂ ᠳᠠᠭᠤᠤ ᠵᠢᠷᠤᠭ ᠪᠦᠵᠢᠭ᠂ ᠤᠷᠠᠨ ᠪᠢᠴᠢᠯᠬᠡ᠂ ᠰᠠᠭᠰᠤᠨ ᠪᠦᠮᠪᠦᠬᠡ᠂ ᠬᠦᠯ ᠪᠦᠮᠪᠦᠬᠡ᠂ ᠤᠰᠤᠨ ᠳ᠋ᠤ ᠤᠮᠪᠠᠬᠤ ᠬᠡᠬᠦ ᠮᠡᠳᠤ ᠤᠯᠠᠨ ᠵᠦᠢᠯ᠎ᠤᠨ ᠳᠤᠷ᠎ᠠ ᠰᠤᠨᠢᠷᠬᠠᠯᠳᠤ ᠬᠢᠴᠢᠶᠡᠯ ᠪᠤᠶᠤ ᠳᠤᠭ᠎ᠠ᠂ ᠹᠢᠽᠢᠺ᠂ ᠬᠢᠮᠢ ᠬᠡᠮᠡᠨ ᠤᠷᠢᠳᠴᠢᠯᠠᠨ ᠰᠤᠷᠬᠤ ᠬᠢᠴᠢᠶᠡᠯ ᠳᠤᠬᠢᠷᠠᠭᠤᠯᠤᠭᠰᠠᠨ ᠡᠴᠡ ᠪᠤᠯᠵᠤ᠂ ᠰᠤᠷᠤᠭᠴᠢᠳ᠎ᠤᠨ ᠪᠡᠶ᠎ᠠ ᠪᠠᠨ ᠳᠠᠭᠠᠭᠠᠵᠤ ᠨᠤᠮ ᠤᠩᠰᠢᠬᠤ ᠴᠠᠭ ᠵᠠᠢ ᠵᠢ ᠪᠠᠭᠠᠰᠬᠠᠭᠰᠠᠨ ᠪᠠᠢᠨ᠎ᠠ᠃

ᠨᠣᠮ ᠤᠩᠰᠢᠯᠭ᠎ᠠ ᠪᠣᠯ ᠨᠢᠬᠡᠨ ᠤᠷᠲᠤ ᠬᠤᠭᠤᠴᠠᠭ᠎ᠠ᠎ᠪᠠᠷ ᠠᠩᠬᠠᠷᠤᠯ᠎ᠢᠶᠠᠨ ᠲᠥᠪᠯᠡᠷᠡᠭᠦᠯᠬᠦ ᠪᠠ ᠭᠦᠨᠵᠡᠭᠡᠢ ᠰᠡᠳᠬᠢᠨ ᠪᠣᠳᠣᠯᠬᠢᠯᠠᠬᠤ ᠠᠵᠢᠯᠯᠠᠭ᠎ᠠ ᠪᠣᠯᠣᠨ᠎ᠠ᠃ ᠵᠤᠨ᠎ᠤ ᠠᠮᠠᠷᠠᠯᠲᠠ᠎ᠶᠢᠨ ᠴᠠᠭ ᠤᠷᠲᠤ ᠪᠤᠯᠬᠤᠷ ᠬᠡᠷᠪᠡ ᠪᠢᠳᠡ ᠴᠠᠭ ᠵᠢᠡᠨ ᠰᠢᠨᠵᠢᠯᠡᠬᠦ ᠤᠬᠠᠭᠠᠨᠴᠢ ᠵᠦᠢ ᠵᠤᠬᠢᠰᠳᠠᠢ ᠳᠤᠬᠢᠷᠠᠭᠤᠯᠵᠤ ᠴᠢᠳᠠᠪᠠᠯ ᠤᠩᠰᠢᠯᠭ᠎ᠠ ᠶ᠋ᠢᠨ ᠴᠢᠳᠠᠪᠤᠷᠢ ᠶ᠋ᠢ ᠬᠥᠮᠥᠵᠢᠭᠦᠯᠬᠦ ᠠᠵᠠ ᠲᠣᠬᠢᠶᠠᠯ ᠪᠤᠯᠬᠤ ᠶᠤᠮ᠃ ᠡᠢᠮᠦ᠎ᠡᠴᠡ ᠪᠢᠳᠡ᠂ ᠵᠤᠨ᠎ᠤ ᠠᠮᠠᠷᠠᠯᠲᠠ᠎ᠶᠢᠨ ᠲᠣᠬᠢᠶᠠᠯ᠎ᠢ ᠰᠠᠢᠲᠤᠷ ᠠᠰᠢᠭ᠍ᠯᠠᠵᠤ᠂ ᠬᠡᠤᠬᠡᠳ᠎ᠢᠶᠡᠨ ᠬᠠᠮᠵᠢᠨ ᠤᠩᠰᠢᠯᠭ᠎ᠠ᠎ᠶᠢᠨ ᠲᠥᠯᠥᠪᠯᠡᠭᠡ᠎ᠶᠢ ᠰᠢᠨᠵᠢᠯᠡᠬᠦ ᠤᠬᠠᠭᠠᠨᠴᠢ᠎ᠪᠠᠷ ᠲᠣᠭᠲᠠᠭᠠᠵᠤ᠂ ᠡᠯ᠎ᠡ ᠲᠦᠷᠦᠯ᠎ᠦᠨ ᠡᠯᠧᠺᠲᠷᠣᠨ ᠦᠢᠯᠡᠳᠬᠦᠨ᠎ᠳᠦ ᠴᠠᠭ ᠵᠢᠡᠨ ᠬᠡᠰᠡᠭ ᠪᠤᠰᠠᠭ᠎ᠢᠶᠡᠷ ᠦᠷᠡᠬᠦ᠎ᠶᠢ ᠲᠡᠪᠴᠢᠵᠦ᠂ ᠰᠣᠩᠭᠣᠳᠠᠭ ᠵᠣᠬᠢᠶᠠᠯ ᠪᠦᠲᠦᠭᠡᠯ᠎ᠢ᠋ ᠠᠩᠬᠠᠷᠤᠯ᠎ᠢᠶᠠᠨ ᠲᠥᠪᠯᠡᠷᠡᠭᠦᠯᠦᠨ ᠰᠢᠰᠲᠧᠮ᠎ᠲᠠᠢ ᠤᠩᠰᠢᠭᠤᠯᠪᠠᠯ ᠵᠤᠬᠢᠨ᠎ᠠ᠂ ᠡᠭᠦᠨ᠎ᠤ ᠤᠯᠠᠮ᠎ᠢᠶᠡᠷ ᠭᠦᠨᠵᠡᠭᠡᠢ ᠰᠡᠳᠬᠢᠬᠦ ᠴᠢᠳᠠᠪᠤᠷᠢ ᠨᠢ ᠴᠸ᠋ ᠬᠥᠮᠥᠵᠢᠭᠳᠡᠬᠦ ᠪᠤᠯᠤᠨ᠎ᠠ᠃ ᠬᠡᠷ᠎ᠤᠨ ᠠᠬᠠᠮᠠᠳ ᠴᠤ᠌ ᠨᠤᠮ ᠤᠩᠰᠢᠬᠤ ᠵᠢᠨ ᠴᠢᠬᠤᠯᠠ ᠴᠢᠨᠠᠷ᠎ᠢ ᠳᠠᠨᠢᠵᠤ᠂ ᠭᠠᠷ ᠤᠳᠠᠰᠤ ᠪᠠᠨ ᠳᠠᠯᠪᠢᠵᠤ ᠨᠤᠮ ᠰᠤᠳᠤᠷ ᠤᠷᠪᠠᠭᠤᠯᠵᠤ᠂ ᠪᠡᠶ᠎ᠠ ᠪᠡᠷ ᠵᠢᠡᠨ ᠬᠡᠪ ᠳᠠᠭᠤᠷᠢᠶᠠᠯ ᠪᠤᠯᠬᠤ ᠵᠢᠨ ᠳᠠᠭᠠᠤ ᠴᠠᠭ ᠴᠢᠯᠦᠬᠡ ᠪᠠᠨ ᠵᠠᠢᠴᠢᠯᠠᠵᠤ᠂  ᠬᠡᠦᠬᠡᠳ ᠵᠢᠡᠨ ᠳᠠᠭᠠᠭᠤᠯᠤᠨ ᠨᠤᠮ᠎ᠤᠨ ᠰᠠᠩ᠂ ᠨᠤᠮ᠎ᠤᠨ ᠳᠡᠯᠬᠡᠬᠦᠷ ᠵᠢᠡᠷ ᠢᠯᠡᠬᠦᠬᠡᠨ ᠬᠦᠷᠴᠦ᠂ ᠨᠤᠮ ᠤᠩᠰᠢᠯᠭ᠎ᠠ ᠵᠢᠨ ᠠᠭᠤᠷ ᠠᠮᠢᠰᠬᠤᠯ᠎ᠢ ᠪᠤᠢ ᠪᠤᠯᠭᠠᠵᠤ ᠦᠭᠪᠡᠯ ᠵᠤᠬᠢᠨ᠎ᠠ᠃ ᠰᠤᠷᠭᠠᠭᠤᠯᠢ ᠪᠣᠯ ᠮᠦᠨ ᠴᠤ᠌ ᠰᠤᠷᠤᠭ᠍ᠴᠢᠳ᠎ᠤᠨ ᠵᠤᠨ᠎ᠤ ᠠᠮᠠᠷᠠᠯᠲᠠ᠎ᠶᠢᠨ ᠤᠩᠰᠢᠯᠭ᠎ᠠ᠎ᠶᠢᠨ ᠴᠢᠬᠤᠯᠠ ᠳᠠᠭᠠᠭᠤᠯᠤᠭ᠍ᠴᠢ ᠪᠥᠭᠡᠳ ᠵᠣᠬᠢᠶᠠᠨ ᠪᠠᠢᠭᠤᠯᠤᠭ᠍ᠴᠢ ᠪᠤᠯᠤᠨ᠎ᠠ᠃ ᠵᠣᠨ᠎ᠤ ᠠᠮᠠᠷᠠᠯᠲᠠ ᠪᠤᠯᠬᠤ ᠪᠡᠷ ᠡᠯ᠎ᠡ ᠬᠢᠴᠢᠶᠡᠯ ᠲᠦᠷᠦᠯ᠎ᠤᠨ ᠪᠠᠭᠰᠢ ᠨᠠᠷ ᠰᠤᠷᠤᠭᠴᠢᠳ᠎ᠲᠤ ᠱᠠᠲᠤ ᠬᠤᠪᠢᠶᠠᠨ ᠨᠣᠮ ᠤᠩᠰᠢᠬᠤ ᠬᠠᠭᠤᠳᠠᠰᠤ ᠬᠠᠩᠭᠠᠵᠤ᠂ ᠠᠮᠠᠷᠠᠯᠳᠠ᠎ᠶᠢᠨ ᠬᠤᠭᠤᠴᠠᠭᠠᠨ᠎ᠤ ᠤᠩᠰᠢᠯᠭ᠎ᠠ ᠵᠢ ᠨᠢ ᠬᠦᠳᠦᠯᠦᠨ ᠵᠢᠯᠤᠭᠤᠳᠴᠤ ᠪᠤᠯᠤᠨ᠎ᠠ᠃ ᠡᠨᠡ ᠦᠶ᠎ᠠ ᠳ᠋ᠤ ᠬᠡᠷ᠎ᠤᠨ ᠠᠬᠠᠮᠠᠳ ᠰᠠᠢᠳᠤᠷ ᠬᠠᠮᠵᠢᠯᠴᠠᠵᠤ᠂ ᠬᠡᠦᠬᠡᠳ᠎ᠤᠨ᠎ᠢᠶᠡᠨ ᠨᠤᠮ ᠵᠢᠡᠨ ᠴᠠᠭ ᠳᠤᠬᠠᠢ ᠳ᠋ᠤᠨᠢ ᠴᠢᠨᠠᠷᠯᠢᠭ ᠤᠩᠰᠢᠵᠤ ᠳᠠᠭᠤᠰᠬᠠᠬᠤ ᠵᠢ ᠰᠠᠢᠳᠤᠷ ᠬᠢᠨᠠᠵᠤ ᠬᠠᠮᠵᠢᠯᠴᠠᠪᠠᠯ ᠤᠩᠰᠢᠯᠭ᠎ᠠ ᠵᠢᠨ ᠦᠷ᠎ᠠ ᠪᠦᠳᠦᠮᠵᠢ ᠵᠢ ᠳᠡᠬᠡᠭᠰᠢᠯᠡᠬᠦᠯᠵᠦ ᠴᠢᠳᠠᠬᠤ ᠶᠤᠮ᠃

ᠨᠤᠮ ᠤᠩᠰᠢᠯᠭ᠎ᠠ ᠨᠢ ᠵᠠᠯᠠᠭᠤᠴᠤᠳ ᠪᠠᠭᠠᠴᠤᠳ᠎ᠤᠨ ᠦᠷᠬᠡᠨ ᠠᠭᠤᠳᠠᠮ ᠳᠡᠯᠡᠬᠡᠢ ᠶᠢᠷᠳᠢᠨᠴᠤ ᠵᠢ ᠤᠢᠯᠠᠭᠠᠬᠤ ᠬᠦᠬᠦᠷᠬᠡ ᠬᠤᠯᠪᠤᠭᠠᠰᠤ ᠪᠤᠯᠵᠤ ᠴᠢᠳᠠᠳᠠᠭ᠃ ᠡᠢᠮᠦ ᠡᠴᠡ ᠵᠠᠯᠠᠭᠤᠴᠤᠳ ᠪᠠᠭᠠᠴᠤᠳ ᠮᠠᠨᠢ ᠠᠮᠠᠷᠠᠯᠳᠠ ᠪᠡᠷ ᠪᠡᠶ᠎ᠠ ᠪᠠᠨ ᠳᠠᠭᠠᠭᠠᠵᠤ ᠂ ᠰᠤᠩᠭᠤᠳᠠᠭ ᠨᠤᠮ ᠳᠠᠢ ᠨᠦᠬᠦᠷᠯᠡᠵᠦ᠂ ᠤᠶᠤᠨ ᠤᠬᠠᠭᠠᠨ᠎ᠢᠶᠡᠨ ᠲᠡᠯᠡᠵᠦ ᠶᠠᠪᠤᠶ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号