《ᠠᠳᠤᠭᠤᠨ ᠤ᠋ ᠲᠤᠭᠤᠰᠤ ᠲᠠᠢ ᠨᠤᠲᠤᠭ ᠮᠢᠨᠢ ᠠᠷᠭ᠎ᠠ ᠦᠬᠡᠢ ᠯᠡ ᠰᠠᠢᠬᠠᠨ ᠭᠠᠵᠠᠷ᠂ ᠡᠬᠦᠯᠡ ᠨᠡᠬᠦᠭᠰᠡᠨ ᠵᠦᠭ ᠲᠦ᠍ ᠡᠷᠢᠭᠳᠡᠵᠦ ᠰᠠᠨᠠᠭᠳᠠᠳᠠᠭ ᠨᠤᠲᠤᠭ ᠮᠢᠨᠢ ᠪᠠᠢᠳᠠᠭ 》 ᠁ ᠦᠵᠡᠮᠵᠢ ᠳᠡᠬᠦᠰ ᠨᠤᠲᠤᠭ ᠤᠰᠤ ᠪᠠᠨ ᠮᠠᠭᠳᠠᠨ ᠳᠠᠭᠤᠯᠠᠳᠠᠭ ᠰᠠᠢᠬᠠᠨ ᠤᠯᠠᠮᠵᠢᠯᠠᠯ ᠲᠠᠢ ᠦᠪᠦᠷ ᠮᠤᠨᠭᠭᠤᠯ ᠤ᠋ᠨ ᠳᠠᠯᠠᠢ ᠪᠠᠶᠠᠨ ᠳᠠᠭᠤᠤ ᠬᠦᠭᠵᠢᠮ ᠰᠤᠨᠤᠷ ᠪᠠᠶᠠᠰᠬᠠᠨ ᠴᠤᠤᠷᠢᠶᠠᠳᠤᠨ᠎ᠠ ᠃ 6 ᠰᠠᠷ᠎ᠠ ᠶ᠋ᠢᠨ 30 ᠤ᠋ ᠤᠷᠤᠢ᠂ ᠥᠪᠡᠷᠲᠡᠭᠡᠨ ᠵᠠᠰᠠᠬᠤ ᠣᠷᠣᠨ ᠤ᠋ ᠤᠳᠭ᠎ᠠ ᠤᠷᠠᠯᠢᠭ ᠤ᠋ᠨ ᠬᠢᠨ ᠤ᠋ ᠬᠣᠯᠪᠣᠭ᠎ᠠ ᠡᠴᠡ ᠭᠣᠣᠯᠯᠠᠨ ᠡᠷᠬᠢᠯᠡᠭ᠌ᠰᠡᠨ《ᠠᠶᠠᠯᠭᠤᠳᠤ ᠵᠢᠭᠤᠯᠴᠢᠯᠠᠯ ᠥᠪᠥᠷ ᠮᠣᠩᠭᠣᠯ·ᠤᠮᠠᠷᠠᠲᠤ ᠬᠢᠯᠢ ᠶ᠋ᠢᠨ ᠮᠠᠭᠳᠠᠭᠠᠯ ᠳᠠᠭᠤᠤ — ᠥᠪᠥᠷ ᠮᠣᠩᠭᠣᠯ ᠤ᠋ᠨ ᠤᠤᠭᠠᠯ ᠪᠦᠳᠦᠭᠡᠯ ᠤ᠋ᠨ ᠳᠠᠭᠤᠤ ᠶ᠋ᠢᠨ ᠦᠳᠡᠱᠢᠯᠡᠭᠡ》 ᠬᠥᠬᠡᠬᠣᠲᠠ ᠶ᠋ᠢᠨ ᠦᠯᠢᠭᠡᠷ ᠤᠷᠠᠯᠢᠭ ᠤ᠋ᠨ ᠣᠷᠳᠣᠨᠳᠤ ᠶᠠᠪᠤᠭ᠍ᠳᠠᠪᠠ᠃
ᠤᠮᠠᠷᠠᠲᠤ ᠬᠢᠯᠢ ᠶ᠋ᠢᠨ ᠰᠣᠶᠣᠯ ᠤ᠋ᠨ ᠪᠠᠢᠭᠤᠯᠤᠯᠲᠠ ᠵᠢ ᠠᠬᠢᠭᠤᠯᠵᠤ᠂ ᠤᠤᠭᠠᠯ ᠪᠦᠳᠦᠭᠡᠯ ᠤ᠋ᠨ ᠳᠠᠭᠤᠤ ᠶ᠋ᠢᠨ ᠦᠷ᠎ᠡ ᠪᠦᠲᠦᠭᠡᠯ ᠢ᠋ ᠳᠡᠯᠭᠡᠨ ᠦᠵᠡᠭᠦᠯᠬᠦ᠌ ᠵᠢ ᠵᠤᠷᠢᠵᠤ ᠶᠠᠪᠤᠭᠳᠠᠭᠤᠯᠤᠭᠰᠠᠨ ᠲᠣᠰ ᠦᠳᠡᠰᠢᠯᠡᠬᠡ ᠳ᠋ᠦ ᠥᠪᠥᠷ ᠮᠣᠩᠭᠣᠯ ᠤ᠋ᠨ 26 ᠳᠠᠭᠤᠴᠢᠨ ᠣᠢᠷ᠎ᠠ ᠶ᠋ᠢᠨ ᠵᠢᠯ ᠳ᠋ᠦ ᠵᠣᠬᠢᠶᠠᠨ ᠪᠦᠲᠦᠭᠡᠭ᠌ᠰᠡᠨ ᠥᠪᠥᠷ ᠮᠣᠩᠭᠣᠯ ᠤ᠋ᠨ 15 ᠱᠢᠯᠢᠳᠡᠭ ᠳᠠᠭᠤᠤ ᠵᠢ ᠳᠠᠭᠤᠯᠠᠪᠠ᠃ ᠡᠳᠡᠭᠡᠷ ᠳᠠᠭᠤᠤ ᠶ᠋ᠢᠨ ᠰᠡᠳᠦᠪᠯᠡᠬᠦᠨ ᠪᠠᠶᠠᠯᠢᠭ᠂ ᠬᠡᠪ ᠨᠠᠮᠪᠠ ᠤᠯᠠᠨ ᠶᠠᠩᠵᠤ ᠶ᠋ᠢᠨ ᠪᠠᠢᠵᠤ᠂ 《ᠳᠡᠭᠦᠯᠢᠨ ᠨᠢᠰᠦᠭ᠌ᠰᠡᠨ ᠤᠮᠠᠷᠠᠲᠤ ᠬᠢᠯᠢ》᠂ 《ᠤᠷᠤᠭ᠍ᠰᠢᠯᠠᠯᠲᠠ》᠂ 《ᠤᠮᠠᠷᠠᠲᠤ ᠬᠢᠯᠢ》 ᠵᠡᠷᠭᠡ ᠱᠢᠨ᠎ᠡ ᠴᠠᠭ ᠦᠶ᠎ᠡ ᠶ᠋ᠢᠨ ᠤᠮᠠᠷᠠᠲᠤ ᠬᠢᠯᠢ ᠶ᠋ᠢᠨ ᠳᠦᠷᠰᠦ ᠪᠠᠢᠳᠠᠯ ᠢ᠋ ᠬᠠᠷᠠᠭᠤᠯᠤᠭ᠍ᠰᠠᠨ ᠰᠦᠷ ᠵᠢᠪᠬᠤᠭᠠᠲᠤ ᠠᠶ᠎ᠠ ᠲᠠᠭᠤᠤ ᠤᠯᠠᠨ ᠤ᠋ ᠪᠠᠬᠠᠷᠬᠠᠯ ᠳ᠋ᠤ ᠬᠦᠷᠦᠭᠰᠡᠨ ᠪᠤᠯ 《 ᠵᠡᠭᠦᠳᠦ᠍ᠨ ᠳ᠋ᠦ ᠡᠷᠢᠭᠳᠡᠭᠰᠡᠨ ᠡᠭᠡ ᠨᠤᠲᠤᠭ》᠂ 《ᠮᠤᠨᠢ ᠠᠭᠤᠯᠠ ᠶ᠋ᠢᠨ ᠠᠶᠠᠯᠠᠯ》᠂ 《ᠠᠨᠳᠠᠢ ᠪᠥᠵᠢᠭ》᠂《ᠬᠦᠰᠡᠯ ᠡᠷᠡᠮᠡᠯᠵᠡᠯ》᠂ 《ᠪᠢᠯᠢᠭᠳᠦ ᠡᠭᠦᠯᠡ》 ᠵᠡᠷᠭᠡ ᠠᠷᠠᠳ ᠤ᠋ᠨ ᠠᠮᠢᠳᠤᠷᠠᠯ ᠢ᠋ ᠲᠤᠰᠭᠠᠬ᠍ᠰᠠᠨ ᠳᠣᠲᠣᠨᠣᠰᠣᠭ ᠠᠶ᠎ᠠ ᠲᠠᠭᠤᠤ ᠨᠢ ᠥᠪᠥᠷ ᠮᠣᠩᠭᠣᠯ ᠤ᠋ᠨ ᠤᠳᠭ᠎ᠠ ᠤᠷᠠᠯᠢᠭ ᠤ᠋ᠨ ᠠᠵᠢᠯᠲᠠᠳ ᠤ᠋ᠨ ᠠᠷᠠᠳ ᠲᠦᠮᠡᠨ ᠢ᠋ᠶ᠋ᠡᠷ ᠭᠣᠣᠯ ᠪᠣᠯᠭᠠᠬᠤ ᠵᠣᠬᠢᠶᠠᠨ ᠪᠦᠲᠦᠭᠡᠬᠦ᠌ ᠤᠳᠤᠷᠢᠳᠤᠮᠵᠢ ᠵᠢ ᠭᠦᠢᠴᠡᠳ ᠢᠯᠡᠷᠡᠭᠦᠯᠵᠠᠢ᠃ 《ᠲᠤᠰ ᠤᠳᠠᠭ᠎ᠠ ᠵᠢᠨ ᠦᠳᠡᠰᠢᠯᠡᠬᠡ ᠵᠠᠯᠠᠭᠤ ᠳᠠᠭᠤᠴᠢᠳ ᠬᠢᠭᠡᠳ ᠰᠢᠨ᠎ᠠ ᠪᠦᠳᠦᠭᠡᠯ ᠳ᠋ᠦ ᠮᠠᠰᠢ ᠰᠠᠢᠨ ᠳᠠᠪᠴᠠᠩ ᠬᠠᠩᠭᠠᠯ᠎ᠠ᠂ ᠮᠦᠨ ᠴᠦ᠍ ᠨᠡᠩ ᠤᠯᠠᠨ ᠬᠦᠮᠦᠨ ᠳ᠋ᠦ ᠤᠮᠠᠷᠠᠳᠦ ᠬᠢᠯᠢᠶᠢᠨ ᠰᠤᠶᠤᠯ ᠢ᠋ ᠤᠢᠯᠭᠠᠭᠤᠯᠵᠦ᠂ ᠦᠪᠦᠷ ᠮᠤᠨᠭᠭᠤᠯ ᠤ᠋ᠨ ᠳᠠᠭᠤᠤ ᠬᠦᠭᠵᠢᠮ ᠤ᠋ᠨ ᠦᠢᠯᠡᠰ ᠤ᠋ᠨ ᠬᠦᠭᠵᠢᠯᠳᠡ ᠳ᠋ᠦ ᠰᠢᠨ᠎ᠠ ᠬᠦᠴᠦ ᠨᠡᠮᠡᠭᠰᠡᠨ》 ᠭᠡᠵᠦ ᠳᠠᠭᠤᠴᠢᠨ ᠮᠦᠩᠬᠡᠡᠦ᠋ᠯᠵᠠᠢ ᠬᠡᠯᠡᠨ᠎ᠠ᠃
ᠥᠪᠥᠷ ᠮᠣᠩᠭᠣᠯ ᠤ᠋ᠨ ᠳᠠᠭᠤᠤ ᠬᠥᠭ᠌ᠵᠢᠮ ᠤ᠋ᠨ ᠡᠲᠡᠭᠡᠳ ᠤ᠋ᠨ ᠬᠢᠨ ᠤᠢ᠍ᠢᠷᠠ ᠶ᠋ᠢᠨ ᠵᠢᠯ ᠳ᠋ᠤ 《ᠠᠮᠢᠳᠤᠷᠠᠯ ᠳ᠋ᠤ ᠭᠦᠨᠵᠡᠭᠡᠢᠷᠡᠬᠦ᠌᠂ ᠠᠷᠠᠳ ᠲᠦᠮᠡᠨ ᠤ᠋ ᠳᠤᠮᠳᠠ ᠦᠨᠳᠦᠰᠦᠯᠡᠬᠦ᠌》ᠵᠡᠷᠭᠡ ᠴᠢᠬᠤᠯᠠ ᠶᠡᠬᠡ ᠭᠣᠣᠯ ᠰᠡᠳᠦᠪ ᠢ᠋ ᠪᠠᠷᠢᠮᠳᠠᠯᠠᠨ᠂ 2 ᠲᠦᠮᠡ ᠭᠠᠷᠤᠢ ᠳᠠᠭᠤᠤ ᠵᠣᠬᠢᠶᠠᠵᠤ᠂ ᠤᠮᠠᠷᠠᠳᠤ ᠬᠢᠯᠢ ᠵᠢᠨ ᠥᠷᠨᠢᠩᠭᠦᠢ ᠬᠥᠭ᠌ᠵᠢᠯᠲᠡ ᠶ᠋ᠢᠨ ᠰᠠᠢ᠌ᠨ ᠰᠠᠢᠬᠠᠨ ᠬᠠᠨᠳᠤᠰᠢ ᠵᠢ ᠢᠯᠡᠷᠡᠭᠦᠯᠦᠨ᠂ ᠱᠢᠨ᠎ᠡ ᠴᠠᠭ ᠦᠶ᠎ᠡ ᠶ᠋ᠢᠨ ᠳᠠᠭᠤᠤ ᠬᠥᠭ᠌ᠵᠢᠮ ᠤ᠋ᠨ ᠠᠵᠢᠯᠲᠠᠳ ᠤ᠋ᠨ ᠡᠭᠦᠷᠭᠡ ᠬᠠᠷᠢᠭᠤᠴᠠᠯᠭ᠎ᠠ ᠵᠢ ᠢᠯᠡᠷᠡᠭᠦᠯᠵᠦ᠍ ᠂ ᠳᠤᠮᠳᠠᠳᠤ ᠶ᠋ᠢᠨ ᠪᠣᠯᠪᠠᠰᠤᠨ᠂ ᠤᠮᠠᠷᠠᠲᠤ ᠬᠢᠯᠢ ᠶ᠋ᠢᠨ ᠰᠣᠶᠣᠯ ᠤ᠋ᠨ ᠭᠤᠤ᠎ᠠ ᠰᠠᠢᠬᠠᠨ᠂ ᠴᠠᠭ ᠦᠶ᠎ᠡ ᠶ᠋ᠢᠨ ᠬᠥᠭ᠌ᠵᠢᠯᠲᠡ ᠶ᠋ᠢᠨ ᠳᠦᠷᠰᠦ ᠪᠠᠢᠳᠠᠯ ᠢ᠋ ᠠᠮᠢᠳᠤᠯᠢᠭ ᠢ᠋ᠶ᠋ᠠᠷ ᠢᠯᠡᠷᠡᠭᠦᠯᠵᠠᠢ᠃ 《ᠠᠶᠠᠯᠭᠤᠳᠤ ᠵᠢᠭᠤᠯᠴᠢᠯᠠᠯ ᠥᠪᠥᠷ ᠮᠣᠩᠭᠣᠯ·ᠤᠮᠠᠷᠠᠲᠤ ᠬᠢᠯᠢ ᠶ᠋ᠢᠨ ᠮᠠᠭᠳᠠᠭᠠᠯ ᠳᠠᠭᠤᠤ — ᠥᠪᠥᠷ ᠮᠣᠩᠭᠣᠯ ᠤ᠋ᠨ ᠤᠤᠭᠠᠯ ᠪᠦᠳᠦᠭᠡᠯ ᠤ᠋ᠨ ᠳᠠᠭᠤᠤ ᠶ᠋ᠢᠨ ᠦᠳᠡᠱᠢᠯᠡᠭᠡ 》 ᠵᠡᠷᠭᠡ ᠱᠢᠷᠢᠰ ᠠᠵᠢᠯᠯᠠᠭ᠎ᠠ ᠪᠡᠷ ᠨᠢᠭᠡ ᠪᠦᠯᠦᠭ ᠳᠠᠭᠤᠤ ᠬᠥᠭ᠌ᠵᠢᠮ ᠤ᠋ᠨ ᠵᠠᠯᠠᠭᠤ ᠴᠢᠳᠠᠪᠤᠷᠢᠲᠠᠨ ᠢ᠋ ᠢᠯᠡᠷᠡᠬᠦᠯᠦᠨ᠂ ᠤᠮᠠᠷᠠᠲᠤ ᠬᠢᠯᠢ ᠶ᠋ᠢᠨ ᠰᠣᠶᠣᠯ ᠤ᠋ᠨ ᠣᠨᠴᠠᠯᠢᠭ ᠪᠠ ᠴᠠᠭ ᠦᠶ᠎ᠡ ᠶ᠋ᠢᠨ ᠠᠭᠤᠷ ᠠᠮᠢᠰᠭᠤᠯ ᠢ᠋ᠶ᠋ᠠᠷ ᠪᠢᠯᠬᠠᠮ᠎ᠠ ᠣᠯᠠᠨ ᠱᠢᠯᠢᠳᠡᠭ ᠪᠦᠲᠦᠭᠡᠯ ᠭᠠᠷᠭᠠᠵᠤ᠂ ᠥᠪᠥᠷ ᠮᠣᠩᠭᠣᠯ ᠤ᠋ᠨ ᠤᠤᠭᠠᠯ ᠪᠦᠳᠦᠭᠡᠯ ᠤ᠋ᠨ ᠳᠠᠭᠤᠤ ᠬᠥᠭ᠌ᠵᠢᠮ ᠤ᠋ᠨ ᠨᠥᠯᠥᠭᠡᠯᠡᠬᠦ᠌ ᠬᠦᠴᠦᠨ ᠢ᠋ ᠪᠦᠲᠦᠮᠵᠢᠲᠡᠶ ᠥᠷᠭᠡᠳᠭᠡᠨ᠂ ᠣᠯᠠᠨ ᠲᠦᠮᠡᠨ ᠤ᠋ ᠰᠣᠶᠣᠯ ᠤ᠋ᠨ ᠠᠮᠢᠳᠤᠷᠠᠯ ᠢ᠋ ᠪᠠᠶᠠᠯᠢᠭ᠍ᠵᠢᠭᠤᠯᠵᠦ᠂ ᠵᠣᠬᠢᠶᠠᠨ ᠪᠦᠲᠦᠭᠡᠬᠦ᠌ ᠪᠠ ᠲᠣᠭ᠍ᠯᠠᠬᠤ ᠵᠢ ᠬᠠᠷᠢᠯᠴᠠᠨ ᠠᠬᠢᠭᠤᠯᠤᠭ᠍ᠰᠠᠨ ᠰᠠᠢᠨ ᠣᠷᠴᠢᠯ ᠢ᠋ ᠪᠣᠶ ᠪᠣᠯᠭᠠᠨ᠂ ᠥᠪᠥᠷ ᠮᠣᠩᠭᠣᠯ ᠤ᠋ᠨ ᠤᠳᠭ᠎ᠠ ᠤᠷᠠᠯᠢᠭ ᠤ᠋ᠨ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠵᠢ ᠠᠬᠢᠭᠤᠯᠬᠤ ᠴᠢᠬᠤᠯᠠ ᠠᠴᠢᠶᠠᠯᠠᠪᠤᠷᠢ ᠪᠣᠯᠤᠭ᠍ᠰᠠᠨ ᠪᠠᠢᠨ᠎ᠠ ᠃