ᠲᠤᠮᠳᠠᠳᠤ ᠤᠯᠤᠰ ᠤᠨ ᠮᠠᠶᠢᠭᠤᠨ ᠤᠳᠤᠭᠢᠴᠢᠯᠠᠯᠳᠠ ᠪᠤᠯ ᠦᠨᠢ ᠡᠷᠳᠡᠨ ᠤ ᠪᠤᠯᠪᠠᠰᠤᠨ ᠵᠢᠡᠨ ᠤᠯᠠᠮᠵᠢᠯᠠᠨ ᠵᠠᠯᠭᠠᠮᠵᠢᠯᠠᠭᠰᠠᠨ ᠤᠳᠤᠭᠢᠴᠢᠯᠠᠯᠳᠠ ᠮᠦᠨ᠂ ᠬᠠᠷᠢᠨ ᠡᠷᠳᠡᠨ ᠤ ᠪᠤᠯᠪᠠᠰᠤᠨ ᠵᠢᠡᠨ ᠤᠰᠠᠳᠬᠠᠭᠰᠠᠨ ᠤᠳᠤᠭᠢᠴᠢᠯᠠᠯᠳᠠ ᠪᠢᠰᠢ᠂ ᠲᠤᠮᠳᠠᠳᠤ ᠵᠢᠨ ᠡᠭᠡ ᠭᠠᠵᠠᠷ ᠡᠴᠡ ᠤᠷᠭᠤᠭᠰᠠᠨ ᠤᠳᠤᠭᠢᠴᠢᠯᠠᠯᠳᠠ᠂ ᠬᠠᠷᠢᠨ ᠦᠭᠡᠷ᠎ᠠ ᠪᠤᠰᠤᠳ ᠤᠯᠤᠰᠢ ᠲᠠᠭᠤᠷᠢᠶᠠᠭᠰᠠᠨ ᠤᠳᠤᠭᠢᠴᠢᠯᠠᠯᠳᠠ ᠪᠢᠰᠢ᠂ ᠪᠤᠯᠪᠠᠰᠤᠨ ᠤ ᠰᠢᠨᠠᠴᠢᠯᠠᠯᠳᠠ ᠵᠢᠨ ᠦᠷ᠎ᠠ ᠳ᠋ᠦᠩ ᠮᠦᠨ᠂ ᠬᠠᠷᠢᠨ ᠪᠤᠯᠪᠠᠰᠤᠨ ᠤ ᠲᠠᠰᠤᠯᠳᠠᠯᠤᠨ ᠪᠦᠳᠦᠭᠡᠭᠳᠡᠭᠦᠨ ᠪᠢᠰᠢ᠃ ᠲᠤᠮᠳᠠᠳᠤ ᠤᠯᠤᠰ ᠤᠨ ᠮᠠᠶᠢᠭᠤᠨ ᠤᠳᠤᠭᠢᠴᠢᠯᠠᠯᠳᠠ ᠪᠤᠯ ᠲᠤᠮᠳᠠᠳᠤ ᠵᠢᠨ ᠦᠨᠳᠦᠰᠦᠳᠡᠨ ᠤ ᠰᠢᠨ᠎ᠠ ᠬᠤᠪᠢ ᠵᠠᠶᠠᠭ᠎ᠠ ᠪᠠᠢᠵᠤ᠂ ᠲᠤᠮᠳᠠᠳᠤ ᠵᠢᠨ ᠪᠤᠯᠪᠠᠰᠤᠨ ᠢ ᠠᠭᠢᠨᠳᠠ ᠭᠡᠷᠡᠯᠳᠦᠭᠦᠯᠦᠨ ᠠᠭᠢᠭᠤᠯᠬᠤ ᠨᠢ ᠯᠠᠪᠳᠠᠢ ᠃
— ᠶᠠᠷᠦᠨᠭᠭᠡᠢ ᠱᠦᠵᠢ ᠰᠢ ᠵᠢᠨ ᠫᠢᠩ ᠤᠨ ᠰᠤᠶᠤᠯᠢ ᠤᠯᠠᠮᠵᠢᠯᠠᠨ ᠵᠠᠯᠭᠠᠮᠵᠢᠯᠠᠵᠤ ᠭᠦᠭᠵᠢᠭᠦᠯᠭᠦ ᠶᠠᠷᠢᠯᠴᠠᠬᠤ ᠬᠤᠷᠠᠯ ᠲᠡᠭᠡᠷᠡᠭᠢ ᠶᠠᠷᠢᠶ᠎ᠠ ᠡᠴᠡ (2023 ᠤᠨ ᠤ 6 ᠰᠠᠷ᠎ᠠ ᠵᠢᠨ 2 ᠤᠨ ᠡᠳᠦᠷ)
《ᠦᠳᠡᠰᠢ ᠵᠢᠨ ᠪᠦᠷᠦᠢ ᠪᠡᠷ᠂ ᠪᠢᠳᠡ ᠡᠷᠭᠦᠨ᠎ᠠ ᠭᠤᠤᠯᠤᠨ ᠡᠷᠭᠢᠨᠳᠤ ᠲᠦᠳᠡᠭ ᠭᠠᠯ ᠨᠤᠴᠤᠭᠠᠵᠤ᠂ ᠰᠢᠷᠠᠭᠰᠠᠨ ᠵᠢᠭᠠᠰᠤ ᠢᠳᠡᠨ᠎ᠠ᠃ ᠪᠢᠳᠡ ᠲᠤᠮᠤ ᠵᠢᠭᠠᠰᠤ ᠵᠢ ᠭᠡᠰᠡᠭᠯᠡᠵᠤ᠂ ᠲᠠᠪᠤᠰᠤ ᠦᠷᠦᠭᠰᠡᠨ ᠬᠤᠢᠨ᠎ᠠ ᠬᠤᠰᠤ ᠮᠤᠳᠤᠨ ᠤ ᠬᠠᠯᠢᠰᠤ ᠪᠡᠷ ᠪᠤᠭᠤᠵᠤ᠂ ᠭᠠᠯ ᠲᠡᠭᠡᠷ᠎ᠠ ᠰᠢᠷᠠᠨᠡ᠃ ᠤᠳᠠᠯ ᠦᠭᠡᠢ ᠰᠢᠷᠠᠭᠰᠠᠨ ᠵᠢᠭᠠᠰᠤᠨ ᠤ ᠠᠮᠳᠠᠳᠤ ᠦᠨᠦᠷ ᠬᠠᠨᠭᠬᠤᠯᠵᠤ᠂ ᠭᠦᠮᠦᠰ ᠵᠢᠭᠠᠰᠤ ᠢᠳᠡᠨ ᠠᠷᠢᠭᠢᠳᠡᠵᠤ᠂ ᠪᠢᠳᠠ ᠭᠤᠤᠯᠤᠨ ᠡᠷᠭᠢᠨᠳᠤ ᠲᠠᠭᠤᠯᠴᠠᠨ ᠬᠦᠶᠦᠯᠳᠦᠨᠠ》᠃
《ᠭᠡᠷᠪᠡ ᠪᠢᠳᠡ ᠡᠷᠭᠦᠨ᠎ᠠ ᠭᠤᠤᠯ ᠤᠨ ᠪᠠᠷᠠᠭᠤᠨ ᠡᠷᠭᠢ ᠵᠢ ᠲᠡᠭᠷᠢ ᠭᠠᠵᠠᠷᠢ ᠪᠠᠭᠠᠨᠠᠳᠠᠭᠰᠠᠨ ᠠᠪᠤᠷᠭᠤ ᠭᠦᠮᠦᠨ ᠭᠡᠵᠤ ᠪᠤᠳᠤᠪᠠᠯ᠂ ᠶᠡᠭᠡ ᠪᠠᠭ᠎ᠠ ᠤᠷᠤᠰᠬᠠᠯ ᠲᠠᠢ ᠭᠤᠤᠯ ᠮᠦᠷᠠᠨ ᠨᠢ ᠡᠨᠡᠭᠦ ᠠᠪᠤᠷᠭᠤ ᠭᠦᠮᠦᠨ ᠤ ᠴᠢᠰᠤᠨ ᠰᠤᠳᠠᠰᠤ ᠨᠢ ᠪᠠᠢᠵᠤ᠂ ᠲᠡᠭᠦᠨ ᠤ ᠠᠷᠠᠭ ᠶᠠᠰᠤ ᠨᠢ ᠤᠯᠠᠨ ᠤᠯᠠᠨ ᠠᠭᠤᠯᠠ ᠨᠢᠷᠤᠭᠤᠳ ᠵᠢᠡᠷ ᠪᠦᠳᠦᠵᠤ᠂ ᠲᠡᠳᠡᠭᠡᠷ ᠠᠭᠤᠯᠠ ᠨᠢᠷᠤᠭᠤᠳ ᠨᠢ ᠶᠡᠭᠡ ᠭᠢᠨᠭᠭᠠᠨ ᠲᠠᠪᠠᠭᠠᠨ ᠤ ᠠᠭᠤᠯᠠ ᠨᠢᠷᠤᠭᠤᠨᠳᠤ ᠪᠠᠭᠳᠠᠨ᠎ᠠ》᠃
ᠲᠡᠭᠡᠷᠡᠭᠢ ᠬᠤᠶᠠᠷ ᠪᠠᠳᠠᠭ ᠦᠭᠡ ᠨᠢ ᡂᠢ ᠽᠢ ᠵᠢᠶᠠᠨ ᠤ 《ᠡᠷᠭᠦᠨ᠎ᠠ ᠭᠤᠤᠯᠤᠨ ᠪᠠᠷᠠᠭᠤᠨ ᠡᠷᠭᠢ》 ᠳ᠋ᠤ᠌ ᠪᠠᠢᠵᠤ᠂ ᠪᠤᠷᠤᠭᠵᠢᠭᠤᠨ ᠰᠡᠳᠭᠢᠯᠭᠡ ᠪᠦᠭᠦᠢ ᠦᠭᠡ ᠵᠢ ᠭᠤᠤᠯ ᠲᠦᠷᠢ ᠪᠡᠷ ᠲᠠᠮᠵᠢᠭᠤᠯᠤᠨ ᠶᠠᠷᠢᠵᠤ᠂ ᠡᠷᠭᠦᠨ᠎ᠠ ᠭᠤᠤᠯᠤᠨ ᠪᠠᠷᠠᠭᠤᠨ ᠡᠷᠭᠢᠳᠤ ᠦᠶ᠎ᠠ ᠤᠯᠠᠷᠢᠨ ᠠᠮᠢᠳᠤᠷᠠᠭᠰᠠᠨ ᠡᠯ᠎ᠡ ᠦᠨᠳᠦᠰᠦᠳᠡᠨ ᠤ ᠠᠷᠠᠳ ᠲᠦᠮᠡᠨ ᠤ ᠡᠨᠡ ᠨᠤᠳᠤᠭ ᠲᠡᠭᠢ ᠭᠠᠯ ᠬᠠᠯᠠᠭᠤᠨ ᠬᠠᠢᠷ᠎ᠠ ᠰᠡᠳᠭᠢᠯᠭᠡ ᠵᠢ ᠦᠭᠦᠯᠡᠵᠡᠢ᠃

ᠨᠠᠷᠢᠯᠢᠭ ᠵᠠᠰᠠᠵᠤ ᠴᠢᠮᠡᠭᠯᠡᠭᠰᠡᠨ ᠮᠤᠳᠤᠨ ᠭᠡᠷ
ᠡᠷᠭᠦᠨ᠎ᠠ ᠬᠤᠳᠠ ᠨᠢ ᠭᠦᠯᠦᠨ ᠪᠤᠢᠷ ᠬᠤᠳᠠ ᠵᠢᠨ ᠶᠡᠭᠡ ᠬᠢᠨᠭᠭᠠᠨ ᠲᠠᠪᠠᠭ᠎ᠠ ᠵᠢᠨ ᠪᠠᠷᠠᠭᠤᠨ ᠬᠤᠢᠳᠤ ᠪᠠᠯᠳᠤ ᠤᠷᠤᠰᠢᠵᠤ᠂ ᠲᠤᠮᠳᠠᠳᠤ ᠤᠯᠤᠰᠤᠨ ᠬᠠᠮᠤᠭᠤᠨ ᠬᠤᠢᠳᠤ ᠲᠠᠯᠠᠳᠤ ᠪᠠᠢᠷᠢᠯᠠᠨ᠂ ᠬᠡᠴᠢᠨᠡᠨ ᠵᠠᠭᠤᠨ ᠵᠢᠯ ᠤᠨ ᠲᠤᠷᠰᠢ ᠭᠢᠳᠡᠳ᠂ ᠮᠤᠨᠭᠭᠤᠯ᠂ ᠤᠷᠤᠰ᠂ ᠬᠤᠳᠤᠩ᠂ ᠡᠸᠠᠨᠭᠭᠢ ᠵᠡᠷᠭᠡ ᠦᠨᠳᠦᠰᠦᠳᠡᠨ ᠡᠨᠳᠡ ᠬᠠᠷᠢᠯᠴᠠᠨ ᠶᠠᠪᠤᠯᠴᠠᠵᠤ ᠬᠠᠷᠢᠯᠴᠠᠨ ᠠᠭᠤᠰᠤᠯᠴᠠᠭᠠᠳ᠂ ᠠᠵᠤ ᠲᠦᠷᠦᠨ ᠠᠮᠢᠳᠤᠷᠠᠵᠤ᠂ ᠤᠨᠴᠠᠭᠠᠢ ᠰᠤᠶᠤᠯ ᠢᠷᠭᠡᠨᠰᠢᠯᠤᠨ ᠤᠷᠴᠢᠨᠢ ᠡᠭᠦᠳᠦᠭᠰᠡᠨ ᠪᠠᠢᠨ᠎ᠠ᠃
ᠮᠤᠳᠤᠨ ᠭᠡᠷ ᠪᠤᠯ ᠡᠷᠭᠦᠨ᠎ᠠ ᠵᠢᠨ ᠨᠠᠢᠳᠡᠯᠢᠭ ᠠᠷᠠᠳᠤᠨ ᠰᠠᠭᠤᠴᠠ ᠪᠠᠢᠵᠤ᠂ ᠵᠠᠭᠤᠨ ᠵᠢᠯᠤᠨ ᠲᠤᠷᠰᠢ ᠲᠠᠭᠤ ᠦᠭᠡᠢ ᠲᠡᠦᠭᠡ ᠵᠢᠨ ᠨᠤᠮ ᠰᠢᠭ᠋ ᠵᠢᠡᠷ ᠡᠨᠡ ᠨᠤᠳᠤᠭ ᠲᠡᠭᠡᠷᠡᠭᠢ ᠦᠨᠳᠦᠰᠦᠳᠡᠨ ᠨᠤᠭᠦᠳᠤᠨ ᠠᠭᠤᠰᠤᠯᠴᠠᠨ ᠠᠮᠢᠳᠤᠷᠠᠭᠰᠠᠨ ᠦᠯᠢᠭᠡᠷ ᠲᠡᠦᠭᠡ ᠵᠢ ᠭᠡᠷᠡᠴᠢᠯᠡᠭᠰᠡᠭᠡᠷ ᠡ ᠃
ᠭᠢᠯᠢ ᠵᠢᠨ ᠭᠤᠤᠯ ᠵᠢᠡᠷ ᠵᠠᠭᠤᠴᠢᠯᠠᠵᠤ ᠬᠠᠷᠢᠯᠴᠠᠨ ᠲᠦᠰᠢᠯᠴᠡᠨ ᠬᠠᠮᠳᠤ ᠪᠡᠷ ᠤᠷᠤᠰᠢᠨ᠎ᠠ
ᠡᠷᠭᠦᠨ᠎ᠠ᠂ ᠮᠤᠨᠭᠭᠤᠯ ᠦᠭᠡ᠂ ᠡᠷᠭᠦᠭᠦ ᠭᠦᠨᠳᠦᠳᠭᠡᠭᠦ ᠭᠡᠰᠡᠨ ᠤᠳᠭ᠎ᠠ ᠲᠠᠢ᠂ ᠮᠤᠨᠭᠭᠤᠯᠴᠤᠳ ᠡᠨᠳᠡ ᠡᠴᠡ ᠡᠭᠢ ᠡᠭᠦᠰᠦᠯ ᠲᠠᠢ᠃
ᠡᠷᠭᠦᠨ᠎ᠠ ᠭᠤᠤᠯ ᠪᠤᠯ ᠡᠨᠳᠡ ᠠᠮᠢᠳᠤᠷᠠᠨ ᠤᠷᠤᠰᠢᠵᠤ ᠪᠠᠢᠭ᠎ᠠ ᠭᠦᠮᠦᠰᠤᠨ ᠡᠭᠡ ᠭᠤᠤᠯ ᠪᠠᠢᠵᠤ᠂ ᠲᠡᠭᠦᠨ ᠵᠢᠡᠷ ᠭᠢᠯᠢ ᠪᠤᠯᠭᠠᠵᠤ᠂ ᠪᠠᠷᠠᠭᠤᠨ ᠡᠷᠭᠢᠳᠤᠨᠢ ᠡᠷᠭᠦᠨ᠎ᠠ᠂ ᠵᠡᠭᠦᠨ ᠡᠷᠭᠢᠳᠤᠨᠢ ᠤᠷᠤᠰ ᠪᠠᠢᠳᠠᠭ᠃
ᠲᠡᠦᠭᠡ ᠵᠢᠨ ᠲᠡᠮᠳᠡᠭᠯᠡᠯᠢ ᠦᠨᠳᠦᠰᠦᠯᠡᠪᠠᠯ᠂ 1884 ᠤᠨ ᠤ ᠤᠷᠢᠳ ᠬᠤᠵᠢᠳ ᠵᠢᠡᠷ᠂ ᠲᠤᠮᠳᠠᠳᠤ ᠵᠢᠨ ᠡᠷᠡᠭᠳᠡᠢᠴᠤᠳ ᠪᠤᠯᠤᠨ ᠤᠷᠤᠰ ᠤᠨ ᠡᠮᠡᠭᠳᠡᠢᠴᠤᠳ ᠭᠢᠯᠢ ᠵᠢᠨ ᠭᠤᠤᠯ ᠤᠨ ᠬᠦᠪᠡᠭᠡᠨ ᠳᠤ ᠲᠠᠨᠢᠯᠴᠠᠵᠤ᠂ ᠨᠠᠢᠵᠠᠯᠠᠵᠤ᠂ ᠤᠷᠤᠭᠯᠠᠭᠰᠠᠨ ᠦᠯᠢᠭᠡᠷ ᠡᠭᠦᠰᠳᠡᠭ ᠪᠤᠯᠵᠤ᠂ ᠲᠤᠮᠳᠠᠳᠤ ᠤᠷᠤᠰ ᠬᠠᠷᠢᠯᠴᠠᠨ ᠤᠷᠤᠭᠴᠠᠭᠠᠬᠤ ᠤᠴᠢᠷ ᠠᠭᠠᠵᠢᠮ ᠵᠢᠡᠷ ᠪᠤᠢ ᠪᠤᠯᠵᠠᠢ᠃
ᠴᠢᠩ ᠤᠯᠤᠰᠤᠨ ᠰᠡᠭᠦᠯᠴᠢ ᠢᠷᠭᠡᠨ ᠤᠯᠤᠰᠤᠨ ᠡᠭᠢᠨ ᠵᠢᠡᠷ᠂ ᠤᠷᠤᠰᠴᠤᠳ ᠲᠤᠮᠳᠠᠳᠤ ᠤᠯᠤᠰ ᠲᠤ᠌ ᠢᠷᠠᠵᠤ᠂ ᠠᠯᠳᠠ ᠲᠤᠨᠭᠭᠠᠬᠤ ᠠᠵᠢᠯᠯᠠᠭ᠎ᠠ ᠦᠷᠨᠢᠭᠦᠯᠵᠤ᠂ ᠡᠷᠭᠦᠨ᠎ᠠ ᠭᠤᠤᠯᠤᠨ ᠬᠦᠪᠡᠭᠡᠨᠳᠤ ᠮᠤᠳᠤᠨ ᠭᠡᠷ ᠪᠠᠷᠢᠭᠠᠳ ᠰᠠᠭᠤᠷᠢᠰᠢᠵᠤ ᠡᠭᠢᠯᠡᠵᠡᠢ᠃ ᠡᠭᠦᠨ ᠤ ᠬᠠᠮᠳᠤ ᠲᠤᠮᠳᠠᠳᠤ ᠤᠯᠤᠰᠤᠨ ᠾᠸᠪᠸᠢ᠂ ᠱᠠᠨᠳᠦ᠋ᠩ ᠡᠴᠡ ᠨᠡᠭᠦᠵᠤ ᠢᠷᠡᠭᠰᠡᠨ ᠭᠦᠮᠦᠰ ᠡᠷᠭᠦᠨᠡᠳᠤ ᠢᠷᠡᠵᠤ᠂ ᠠᠯᠳᠠ ᠲᠤᠨᠭᠭᠠᠨ ᠠᠮᠢ ᠵᠠᠭᠤᠵᠤ ᠪᠠᠢᠪᠠ᠃

ᠬᠦᠨ ᠨᠠᠮᠤᠷᠤᠨ ᠡᠷᠭᠦᠨ᠎ᠠ ᠭᠤᠤᠯ ᠲᠠᠪᠤᠨ ᠦᠨᠭᠭᠡ ᠪᠡᠷ ᠰᠤᠯᠤᠨᠭᠭᠠᠷᠠᠨᠠ
ᠤᠯᠠᠨ ᠵᠠᠭᠤᠨᠢ ᠲᠤᠭᠤᠯᠤᠭᠰᠠᠭᠠᠷ ᠢᠷᠡᠭᠰᠡᠨ ᠡᠷᠭᠦᠨ᠎ᠠ ᠭᠤᠤᠯ ᠡᠭᠦᠨᠴᠡ ᠭᠦᠷ ᠭᠦᠭᠵᠢᠶᠠᠨ ᠵᠢᠡᠷ ᠪᠢᠯᠬᠠᠵᠤ᠂ ᠲᠠᠷᠠ ᠨᠢ ᠶᠠᠭ ᠯᠠ ᠤᠷᠤᠭᠤᠨ ᠤᠯᠠᠭᠠᠨ ᠤᠳᠠᠰᠤ ᠰᠢᠭ᠋ ᠵᠢᠡᠷ ᠬᠤᠶᠠᠷ ᠡᠷᠭᠢ ᠵᠢᠨ ᠬᠦᠪᠡᠭᠦᠳ ᠦᠭᠢᠳᠢ ᠬᠤᠯᠪᠤᠵᠤ᠂ ᠲᠠᠳᠠ ᠤᠷᠤᠭ ᠭᠡᠷ ᠪᠦᠯᠢ ᠪᠤᠯᠵᠤ ᠰᠠᠭᠤᠷᠢᠰᠢᠨ ᠠᠮᠢᠳᠤᠷᠠᠭᠰᠠᠨ ᠵᠢᠡᠷ ᠡᠷᠭᠦᠨ᠎ᠠ ᠬᠤᠳᠠ ᠨᠢ ᠲᠤᠮᠳᠠᠳᠤ ᠤᠷᠤᠰᠤᠨ ᠬᠤᠢᠴᠢᠰ ᠪᠤᠯᠬᠤ ᠤᠷᠤᠰ ᠦᠨᠳᠦᠰᠦᠳᠡᠨ ᠪ ᠰᠠᠭᠤᠷᠢᠰᠢᠯ ᠤᠷᠤᠨ ᠪᠤᠯᠤᠭᠰᠠᠨ ᠪᠠᠢᠨ᠎ᠠ᠃
ᠤᠷᠤᠰ ᠦᠨᠳᠦᠰᠦᠳᠡᠨ ᠤ ᠮᠤᠳᠤᠨ ᠭᠡᠷ ᠵᠤᠭᠢᠶᠠᠬᠤ ᠮᠡᠷᠭᠡᠵᠢᠯᠤᠨ ᠦᠪᠡᠷᠳᠡᠭᠡᠨ ᠵᠠᠰᠠᠬᠤ ᠤᠷᠤᠨ ᠤ ᠲᠡᠰᠤᠨ ᠪᠤᠳᠠᠰᠤᠨ ᠪᠤᠰᠤ ᠰᠤᠶᠤᠯᠤᠨ ᠦᠪᠤᠨ ᠤᠯᠠᠮᠵᠢᠯᠠᠭᠴᠢ ᠸᠠᠩ ᠪᠤᠤ ᠴᠸᠨ ᠪᠤᠯᠤᠨ ᠲᠡᠭᠦᠨ ᠤ ᠪᠦᠰᠡᠭᠦᠢ ᠴᠸᠨ ᠵᠢᠨ ᠯᠠᠨ ᠪᠤᠯ ᠲᠤᠮᠳᠠᠳᠤ ᠤᠷᠤᠰᠤᠨ ᠭᠡᠷ ᠪᠦᠯᠢ ᠵᠢᠨ ᠭᠤᠷᠪᠠᠳᠤᠭᠠᠷ ᠦᠶ᠎ᠠ ᠵᠢᠨ ᠦᠷ᠎ᠠ ᠠᠴᠢ ᠪᠠᠢᠵᠤ᠂ ᠡᠷ᠎ᠠ ᠡᠮ᠎ᠠ ᠬᠤᠶᠠᠭᠤᠯᠠ ᠪᠠᠨ ᠪᠦᠷ ᠤᠷᠤᠰ ᠦᠨᠳᠦᠰᠦᠳᠡᠨ ᠪᠤᠯᠤᠨ᠎ᠠ᠃
ᠸᠠᠩ ᠪᠤᠤ ᠴᠸᠨ ᠡᠨᠡ ᠵᠢᠯ 69 ᠨᠠᠰᠤᠳᠠᠢ᠂ ᠲᠡᠭᠦᠨ ᠪ ᠡᠮᠡᠭᠡ ᠡᠵᠢ ᠪᠤᠯᠤᠨ ᠨᠠᠭᠠᠴᠦ ᠡᠮᠡᠭᠡ ᠨᠢ ᠪᠦᠷ ᠤᠷᠤᠰ ᠭᠦᠮᠦᠨ᠂ ᠡᠪᠦᠭᠡ ᠨᠢ ᠱᠠᠨᠳᠦ᠋ᠩᠤᠨ᠂ ᠨᠠᠭᠠᠴᠦ ᠡᠪᠦᠭᠡ ᠨᠢ ᠾᠸᠪᠸᠢ ᠵᠢᠨ ᠪᠠᠢᠵᠤ᠂ ᠴᠢᠩ ᠤᠨ ᠰᠡᠭᠦᠯᠴᠢ ᠢᠷᠭᠡᠨ ᠤᠯᠤᠰᠤᠨ ᠡᠭᠢᠨ ᠤ ᠦᠶᠠᠳᠤ ᠡᠷᠭᠦᠨ᠎ᠠ ᠳᠤ ᠢᠷᠡᠵᠤ ᠠᠮᠢᠳᠤᠷᠠᠵᠠᠢ᠃
《ᠪᠠᠭ᠎ᠠ ᠵᠢᠨ ᠦᠶᠡᠰ ᠮᠠᠨ ᠤ ᠲᠤᠰᠬᠤᠨᠳᠤ 200 ᠭᠠᠷᠤᠢ ᠡᠷᠦᠭᠡ ᠪᠠᠢᠭᠰᠠᠨ᠂ 3 ᠡᠷᠦᠭᠡ ᠨᠢ ᠱᠠᠨᠳᠦ᠋ᠩ ᠪᠤᠯᠤᠨ ᠾᠸᠪᠸᠢ ᠡᠴᠡ ᠨᠡᠭᠦᠵᠤ ᠢᠷᠡᠭᠰᠡᠨ ᠭᠢᠳᠡᠳ ᠦᠨᠳᠦᠰᠦᠳᠡᠨ᠂ ᠦᠭᠡᠷ᠎ᠠ ᠪᠤᠰᠤᠳ ᠨᠢ ᠪᠦᠷ ᠭᠢᠳᠡᠳ ᠤᠷᠤᠰᠤᠨ ᠬᠤᠢᠴᠢᠰ ᠪᠤᠯᠬᠤ ᠤᠷᠤᠰ ᠦᠨᠳᠦᠰᠦᠳᠡᠨ ᠪᠠᠢᠵᠤ᠂ ᠡᠷᠦᠭᠡ ᠪᠤᠯᠭᠠᠨ ᠮᠤᠳᠤᠨ ᠭᠡᠷ ᠲᠤ᠌ ᠰᠠᠭᠤᠵᠤ᠂ ᠲᠠᠷᠢᠶᠠᠯᠠᠵᠤ ᠠᠮᠢᠳᠤᠷᠠᠳᠠᠭ᠂ ᠪᠠᠶᠠᠷ ᠲᠤᠷᠠᠰᠬᠠᠯᠤᠨ ᠡᠳᠦᠷ ᠪᠤᠯᠬᠤ ᠪᠦᠷᠢ ᠦᠨᠦ 3 ᠭᠢᠳᠡᠳ ᠡᠷᠦᠭᠡ ᠪᠢᠳᠡᠨ ᠲᠠᠢ ᠬᠠᠮᠳᠤ ᠲᠠᠯᠬ᠎ᠠ ᠢᠳᠡᠵᠤ᠂ ᠲᠠᠭᠤᠯᠠᠨ ᠪᠦᠵᠢᠭᠯᠡᠭᠡᠳ ᠮᠠᠰᠢ ᠭᠦᠭᠵᠢᠶᠠᠨᠳᠠᠢ ᠪᠠᠢᠳᠠᠭ》 ᠭᠡᠵᠤ ᠸᠠᠩ ᠪᠤᠤ ᠴᠸᠨ ᠶᠠᠷᠢᠨ᠎ᠠ᠃
ᠤᠯᠠᠮᠵᠢᠯᠠᠯᠳᠤ ᠮᠤᠳᠤᠨ ᠭᠡᠷ ᠵᠠᠭᠤᠨ ᠵᠢᠯ ᠤᠨ ᠰᠠᠯᠭᠢ ᠪᠤᠷᠤᠭᠠᠨᠢ ᠲᠤᠭᠤᠯᠤᠨ᠎ᠠ
ᠮᠤᠳᠤᠨ ᠭᠡᠷ᠂ ᠤᠷᠤᠰ ᠦᠨᠳᠦᠰᠦᠳᠡᠨ ᠤ ᠤᠯᠠᠮᠵᠢᠯᠠᠯᠳᠤ ᠠᠷᠠᠳᠤᠨ ᠰᠠᠭᠤᠴᠠ᠂ ᠤᠷᠤᠰ ᠮᠠᠶᠢᠭᠤᠨ ᠭᠡᠷ ᠪᠠᠷᠢᠬᠤ ᠮᠡᠷᠭᠡᠵᠢᠯᠢ ᠠᠰᠢᠭᠯᠠᠵᠤ᠂ ᠴᠤᠯ ᠮᠤᠳᠤ ᠪᠡᠷ ᠪᠠᠷᠢᠯᠭ᠎ᠠ ᠵᠢᠨ ᠮᠠᠲᠸᠷᠢᠶᠠᠯ ᠪᠤᠯᠭᠠᠵᠤ᠂ ᠭᠡᠷᠡᠮ ᠬᠠᠨ᠎ᠠ ᠪᠠᠨ ᠪᠦᠷ ᠪᠦᠭᠦᠯᠢ ᠮᠤᠳᠤ ᠪᠡᠷ ᠵᠡᠷᠭᠡᠯᠡᠨ ᠪᠠᠷᠢᠵᠤ᠂ ᠡᠪᠦᠯ ᠲᠤᠯᠠᠭᠠᠨ ᠵᠤᠨ ᠰᠡᠷᠢᠭᠦᠨ᠂ ᠦᠵᠡᠭᠦᠳᠤ ᠭᠤᠶᠤ᠂ ᠭᠡᠷᠡᠭᠯᠡᠭᠦᠳᠤ ᠪᠦᠭᠡᠯᠢᠭ ᠪᠠᠢᠵᠤ᠂ ᠵᠠᠭᠤᠨ ᠵᠢᠯᠤᠨ ᠰᠠᠯᠭᠢᠨ ᠪᠤᠷᠤᠭᠠᠨᠢ ᠠᠵᠢᠭ ᠦᠭᠡᠢ ᠲᠤᠭᠤᠯᠳᠠᠭ᠃
ᠶᠡᠭᠡ ᠭᠢᠨᠭᠭᠠᠨ ᠲᠠᠪᠠᠭᠠᠨᠳᠤ ᠪᠠᠢᠷᠢᠯᠠᠭ᠎ᠠ ᠡᠷᠭᠦᠨ᠎ᠠ ᠬᠤᠳᠠ᠂ 208 ᠲᠦᠮᠡᠨ ᠾᠸᠺᠲ᠋ᠠᠷ ᠲᠠᠯᠠᠪᠠᠢ ᠲᠠᠢ ᠪᠠᠢᠵᠤ᠂ ᠲᠤᠮᠳᠠᠳᠤ ᠤᠯᠤᠰᠤᠨ ᠲᠠᠯᠠᠪᠠᠢ ᠪᠡᠷ ᠬᠠᠮᠤᠭᠤᠨ ᠶᠡᠭᠡ ᠪᠠᠯᠠᠷ ᠡᠷᠳᠡᠨ ᠪ ᠤᠢ ᠰᠢᠭᠤᠢ ᠲᠠᠢ᠂ ᠬᠤᠰᠤ ᠮᠤᠳᠤ᠂ ᠨᠠᠷᠠᠰᠤᠨ ᠮᠤᠳᠤᠨ ᠵᠡᠷᠭᠡ ᠴᠢᠨᠠᠷ ᠰᠠᠢᠳᠠᠢ ᠮᠤᠳᠤᠨ ᠤ ᠲᠦᠷᠦᠯ ᠵᠦᠢᠯ ᠨᠢ ᠮᠤᠳᠤᠨ ᠭᠡᠷ ᠪᠠᠷᠢᠬᠤᠳᠤ ᠡᠯᠪᠡᠭ ᠲᠠᠯᠪᠡᠭ ᠡᠭᠡ ᠮᠠᠲᠸᠷᠢᠶᠠᠯᠢ ᠬᠠᠨᠭᠭᠠᠵᠠᠢ᠃

ᠤᠯᠠᠭᠠᠨᠳ᠋ᠸᠨᠭᠯᠦ ᠡᠯᠭᠦᠵᠤ ᠬᠤᠤᠰ ᠤᠶᠠᠨᠭᠭᠠ ᠨᠠᠭᠠᠭᠰᠠᠨ ᠮᠤᠳᠤᠨ ᠭᠡᠷ
ᠸᠠᠩ ᠪᠤᠤ ᠴᠸᠨ ᠤ ᠶᠠᠷᠢᠬᠤ ᠪᠡᠷ᠂ ᠲᠤᠰᠬᠤᠨ ᠤ ᠨᠠᠰᠤ ᠠᠭᠢᠭᠰᠠᠨ ᠡᠷᠡᠭᠳᠡᠢᠴᠤᠳ ᠪᠦᠷ ᠮᠤᠳᠤᠨ ᠭᠡᠷ ᠪᠠᠷᠢᠵᠤ ᠴᠢᠳᠠᠳᠠᠭ᠃ ᠭᠡᠨ ᠨᠢ ᠭᠡᠷ ᠪᠠᠷᠢᠬᠤ ᠭᠡᠪᠠᠯ ᠦᠭᠡᠷ᠎ᠠ ᠪᠤᠰᠤᠳ ᠨᠢ ᠬᠦᠷᠴᠦ ᠬᠠᠮᠵᠢᠳᠠᠭ ᠠᠵᠢ᠃
ᠸᠠᠩ ᠪᠤᠤ ᠴᠸᠨ 16 ᠨᠠᠰᠤᠳᠠᠢ ᠠᠵᠢᠯᠳᠤ ᠭᠠᠷᠴᠦ᠂ ᠲᠡᠮᠡᠢ ᠤᠳᠠᠯ ᠦᠭᠡᠢ 3 ᠠᠬᠠᠮᠠᠳ ᠬᠠᠮᠳᠤ ᠠᠵᠢᠯᠯᠠᠭᠴᠢ ᠪᠠᠨ ᠲᠠᠭᠠᠵᠤ᠂ ᠬᠤᠭᠤᠯᠠᠨ ᠭᠡᠷ ᠪᠠᠷᠢᠵᠠᠢ᠃ ᠲᠡᠷᠡ ᠢᠩᠭᠢᠵᠤ ᠠᠨᠬᠬᠠ ᠤᠳᠠᠭ᠎ᠠ ᠮᠤᠳᠤᠨ ᠭᠡᠷ ᠪᠠᠷᠢᠬᠤᠳᠤ ᠤᠷᠤᠯᠴᠠᠭᠰᠠᠨ ᠪᠠᠢᠨ᠎ᠠ᠃
50 ᠭᠠᠷᠤᠢ ᠵᠢᠯᠤᠨ ᠲᠤᠷᠰᠢ ᠤᠯᠠᠨ ᠤᠯᠠᠨ ᠮᠤᠳᠤᠨ ᠭᠡᠷ ᠪᠠᠷᠢᠬᠤ ᠵᠢ ᠲᠠᠭᠠᠯᠳᠤᠨ ᠲᠠᠷᠠ ᠱᠠᠪᠢ ᠠᠵᠢᠯᠴᠢᠨ ᠪᠠᠢᠭᠰᠠᠨ ᠡᠴᠡ ᠪᠠᠨ ᠪᠠᠭᠰᠢ ᠪᠤᠯᠵᠤ᠂ ᠮᠤᠳᠤᠨ ᠭᠡᠷ ᠪᠠᠷᠢᠬᠤ ᠮᠡᠷᠭᠡᠵᠢᠯ ᠢ ᠨᠢᠭᠡᠨᠳᠡ ᠪᠦᠷ ᠰᠠᠢᠳᠤᠷ ᠡᠵᠡᠮᠰᠢᠵᠡᠢ᠃
2013 ᠤᠨᠳᠤ᠂ ᠤᠷᠤᠰ ᠦᠨᠳᠦᠰᠦᠳᠡᠨ ᠤ ᠮᠤᠳᠤᠨ ᠭᠡᠷ ᠪᠠᠷᠢᠬᠤ ᠮᠡᠷᠭᠡᠵᠢᠯ ᠨᠢ ᠦᠪᠦᠷ ᠮᠤᠨᠭᠭᠤᠯᠤᠨ ᠦᠪᠡᠷᠳᠡᠭᠡᠨ ᠵᠠᠰᠠᠬᠤ ᠤᠷᠤᠨ ᠤ ᠲᠦᠷᠪᠡᠳᠦᠭᠡᠷ ᠪᠦᠯᠦᠭᠤᠨ ᠪᠤᠳᠠᠰᠤᠨ ᠪᠤᠰᠤ ᠰᠤᠶᠤᠯᠤᠨ ᠦᠪᠤᠨ ᠲᠦᠯᠦᠭᠡᠯᠡᠭᠴᠢ ᠴᠢᠨᠠᠷᠳᠠᠢ ᠨᠡᠷᠡᠰᠤᠨ ᠵᠢᠭᠰᠠᠭᠠᠯᠳᠤ ᠤᠷᠤᠵᠤ᠂ ᠸᠠᠩ ᠪᠤᠤ ᠴᠸᠨ ᠲᠤᠰ ᠮᠡᠷᠭᠡᠵᠢᠯᠤᠨ ᠤᠯᠠᠮᠵᠢᠯᠠᠭᠴᠢ ᠪᠤᠯᠵᠤ᠂ ᠪᠠᠰᠠ 5 ᠭᠦᠮᠦᠨ ᠲᠤᠰ ᠲᠤᠰ ᠭᠦᠯᠦᠨ ᠪᠤᠢᠷ ᠪᠤᠯᠤᠨ ᠡᠷᠭᠦᠨ᠎ᠠ ᠬᠤᠳᠠ ᠵᠢᠨ ᠬᠤᠳᠠ ᠵᠢᠨ ᠲᠡᠰᠤᠨ ᠪᠤᠳᠠᠰᠤᠨ ᠪᠤᠰᠤ ᠰᠤᠶᠤᠯᠤᠨ ᠦᠪᠤᠨ ᠤᠯᠠᠮᠵᠢᠯᠠᠭᠴᠢ ᠪᠤᠯᠵᠠᠢ᠃
ᠴᠠᠭ ᠦᠶ᠎ᠠ ᠵᠢᠨ ᠭᠦᠭᠵᠢᠯᠳᠡ ᠠᠭᠤᠰᠤᠯᠴᠠᠯᠢ ᠠᠭᠢᠭᠤᠯᠤᠨ᠎ᠠ
ᠡᠯ᠎ᠠ ᠦᠨᠳᠦᠰᠦᠳᠡᠨ ᠤ ᠭᠡᠳᠦᠨ ᠦᠶ᠎ᠠ ᠵᠢᠨ ᠭᠦᠮᠦᠰ ᠬᠠᠮᠳᠤ ᠪᠡᠷ ᠠᠮᠢᠳᠤᠷᠠᠨ ᠠᠵᠢᠯᠯᠠᠵᠤ᠂ ᠬᠠᠷᠢᠯᠴᠠᠨ ᠤᠷᠤᠭᠴᠠᠭᠠᠵᠤ᠂ ᠮᠤᠳᠤᠨ ᠭᠡᠷ ᠨᠢ ᠨᠢᠭᠡᠨᠳᠡ ᠡᠷᠭᠦᠨ᠎ᠠ ᠵᠢᠨ ᠨᠠᠢᠳᠡᠯᠢᠭ ᠠᠷᠠᠳᠤᠨ ᠰᠠᠭᠤᠴᠠ ᠪᠤᠯᠵᠤ᠂ ᠡᠨᠭᠭᠡ ᠤᠷᠤᠰ ᠦᠨᠳᠦᠰᠦᠳᠡᠨ ᠤ ᠰᠢᠶᠠᠩ᠂ ᠴᠢ ᠴᠢᠶᠠᠨ ᠰᠢᠶᠠᠩ᠂ ᠮᠤᠨᠭᠭᠤᠯ ᠰᠢᠭᠤᠢ ᠰᠤᠮᠤ᠂ ᠰᠠᠨ ᠾᠸ ᠬᠤᠳᠤᠩ ᠦᠨᠳᠦᠰᠦᠳᠡᠨ ᠪ ᠰᠢᠶᠠᠩ᠂ ᠮᠤᠷᠳᠠᠭ᠎ᠠ ᠪᠠᠯᠭᠠᠰᠤ ᠵᠡᠷᠭᠡ ᠰᠤᠮᠤ ᠪᠠᠯᠭᠠᠰᠤᠨᠳᠤ ᠪᠦᠷ ᠮᠤᠳᠤᠨ ᠭᠡᠷ ᠡᠨᠭᠨᠡᠷᠡᠨ ᠬᠠᠷᠠᠭᠳᠠᠳᠠᠭ ᠭᠡᠵᠤ ᠡᠷᠭᠦᠨ᠎ᠠ ᠬᠤᠳᠠ ᠵᠢᠨ ᠰᠤᠶᠤᠯ ᠵᠢᠭᠤᠯᠴᠢᠯᠠᠯ ᠲᠠᠮᠢᠷᠤᠨ ᠲᠤᠪᠴᠢᠶᠠᠨ ᠪ ᠲᠡᠳ᠋ ᠲᠠᠷᠤᠭ᠎ᠠ ᠢᠦᠢ ᠵᠦᠩ ᠯᠢ ᠶᠠᠷᠢᠨ᠎ᠠ᠃
ᠦᠨᠳᠦᠰᠦᠳᠡᠨ ᠬᠠᠷᠢᠯᠴᠠᠨ ᠠᠭᠤᠰᠤᠯᠴᠠᠵᠤ᠂ ᠮᠤᠳᠤᠨ ᠭᠡᠷ ᠴᠤ᠌ ᠴᠢᠮᠡᠭᠡ ᠦᠭᠡᠢ ᠬᠤᠪᠢᠷᠠᠭᠰᠠᠭᠠᠷ᠃
《ᠵᠠᠭᠤ ᠭᠠᠷᠤᠢ ᠵᠢᠯᠤᠨ ᠭᠦᠭᠵᠢᠯᠳᠡ ᠵᠢᠨ ᠲᠤᠮᠳᠠ ᠤᠷᠤᠰ ᠦᠨᠳᠦᠰᠦᠳᠡᠨ ᠪ ᠮᠤᠳᠤᠨ ᠭᠡᠷᠤᠨ ᠪᠠᠷᠢᠯᠭ᠎ᠠ ᠵᠢᠨ ᠮᠡᠷᠭᠡᠵᠢᠯ ᠨᠢ ᠤᠯᠠᠮᠵᠢᠯᠠᠯᠳᠤ ᠮᠡᠷᠭᠡᠵᠢᠯᠤᠨ ᠰᠠᠭᠤᠷᠢᠨ ᠲᠡᠭᠡᠷ᠎ᠠ ᠲᠠᠰᠤᠷᠠᠯᠳᠠ ᠦᠭᠡᠢ ᠰᠢᠨᠡᠴᠢᠯᠡᠭᠦ ᠵᠢ ᠲᠠᠮᠵᠢᠵᠤ᠂ ᠪᠠᠰᠠ ᠭᠢᠳᠡᠳ᠂ ᠮᠠᠨᠵᠤ᠂ ᠮᠤᠨᠭᠭᠤᠯ ᠵᠡᠷᠭᠡ ᠦᠨᠳᠦᠰᠦᠳᠡᠨ ᠤ ᠠᠮᠢᠳᠤᠷᠠᠯᠤᠨ ᠵᠠᠩ ᠲᠠᠳᠬᠠᠯ ᠪᠤᠯᠤᠨ ᠵᠦᠨᠭᠨᠠᠯ ᠪᠡᠯᠭᠡᠳᠡᠯᠤᠨ ᠤᠳᠬ᠎ᠠ ᠲᠠᠢ ᠤᠯᠠᠮᠵᠢᠯᠠᠯᠳᠤ ᠭᠡ ᠤᠭᠠᠯᠵᠠ ᠵᠡᠷᠭᠡ ᠵᠢ ᠠᠭᠤᠰᠤᠯᠴᠠᠭᠤᠯᠵᠤ᠂ ᠮᠤᠳᠤᠨ ᠭᠡᠷᠢ ᠤᠯᠠᠮ ᠭᠡᠷᠡᠭᠯᠡᠭᠡᠨ ᠤ ᠦᠷᠳᠡᠭ ᠲᠠᠢ ᠮᠦᠷᠳᠡᠭᠡᠨ ᠤᠳᠬ᠎ᠠ ᠠᠭᠤᠯᠭ᠎ᠠ ᠲᠠᠢ ᠪᠤᠯᠭᠠᠵᠠᠢ》 ᠭᠡᠵᠤ ᠢᠦᠢ ᠵᠦᠩ ᠯᠢ ᠲᠠᠨᠢᠯᠴᠠᠭᠤᠯᠤᠨ᠎ᠠ᠃
ᠤᠢᠷ᠎ᠠ ᠵᠢᠨ ᠵᠢᠯ ᠡᠴᠡ ᠡᠷᠭᠦᠨ᠎ᠠ ᠬᠤᠳᠠ ᠨᠢ ᠪᠦᠭᠦ ᠭᠦᠴᠦᠨ ᠵᠢᠡᠷ ᠵᠢᠡᠨ ᠵᠢᠭᠤᠯᠴᠢᠯᠠᠯᠤᠨ ᠵᠢᠱ᠌ᠢᠶᠡᠴᠢ ᠤᠷᠤᠨᠢ ᠪᠦᠳᠦᠭᠡᠨ ᠪᠠᠢᠭᠤᠯᠬᠤ ᠠᠵᠢᠯᠢ ᠠᠭᠢᠭᠤᠯᠵᠤ᠂ ᠦᠪᠡᠷᠮᠢᠴᠡ ᠤᠨᠴᠠᠯᠢᠭ ᠲᠠᠢ ᠭᠠᠵᠠᠷ ᠤᠷᠤᠨ ᠤ ᠰᠤᠶᠤᠯ ᠵᠢᠭᠤᠯᠴᠢᠯᠠᠯᠤᠨ ᠡᠭᠢ ᠪᠠᠶᠠᠯᠢᠭ ᠵᠢᠡᠨ ᠠᠰᠢᠭᠯᠠᠬᠤ ᠪᠡᠷ ᠲᠠᠮᠵᠢᠨ᠂ ᠵᠢᠭᠤᠯᠴᠢᠯᠠᠭᠰᠠᠳᠢ ᠲᠠᠳᠠᠵᠤ᠂ ᠰᠢᠨ᠎ᠠ ᠴᠠᠭ ᠦᠶ᠎ᠠ ᠵᠢᠨ ᠦᠨᠳᠦᠰᠦᠳᠡᠨ ᠪ ᠠᠭᠤᠰᠤᠯᠴᠠᠯᠢ ᠤᠯᠠᠮ ᠨᠢᠭᠡ ᠠᠯᠬᠤᠮ ᠭᠦᠨᠵᠡᠭᠡᠢᠷᠡᠭᠦᠯᠦᠨ ᠦᠷᠭᠡᠳᠭᠡᠭᠦ ᠪᠤᠯᠤᠨ᠎ᠠ᠃
ᠡᠨᠭᠭᠡ ᠤᠷᠤᠰ ᠦᠨᠳᠦᠰᠦᠳᠡᠨ ᠪ ᠰᠢᠶᠠᠩᠳᠤ᠂ ᠵᠢᠭᠤᠯᠴᠢᠯᠠᠭᠰᠠᠳ ᠤᠷᠤᠰ ᠫᠢᠸᠦ᠌ ᠤᠤᠭᠤᠵᠤ᠂ ᠤᠷᠤᠰ ᠲᠠᠯᠬ᠎ᠠ ᠢᠳᠡᠵᠤ᠂ ᠤᠷᠤᠰ ᠲᠠᠭᠤᠤ ᠰᠤᠨᠢᠷᠬᠠᠨ᠂ ᠮᠤᠳᠤᠨ ᠭᠡᠷ ᠲᠤ᠌ ᠤᠷᠤᠰ ᠦᠨᠳᠦᠰᠦᠳᠡᠨ ᠤ ᠠᠮᠢᠳᠤᠷᠠᠯᠢ ᠪᠠᠶᠠᠴᠢᠯᠠᠨ ᠤᠢᠯᠠᠭᠠᠨᠠ᠃
ᠯᠢᠦ ᠯᠸᠢ ᠪᠤᠯ ᠲᠤᠬᠠᠢ ᠵᠢᠨ ᠭᠠᠵᠠᠷᠤᠨ ᠬᠢᠳᠠᠳ ᠤᠷᠤᠰᠤᠨ ᠭᠤᠷᠪᠠᠳᠤᠭᠠᠷ ᠦᠶ᠎ᠠ ᠵᠢᠨ ᠬᠤᠢᠴᠢᠰ ᠪᠠᠢᠵᠤ᠂ ᠤᠷᠤᠰ ᠲᠠᠯᠬ᠎ᠠ ᠵᠢᠨ ᠦᠷᠦᠭᠡ ᠡᠷᠭᠢᠯᠡᠵᠤ ᠪᠠᠢᠳᠠᠭ᠃
2021 ᠤᠨᠳᠤ᠂ ᠰᠸᠴᠤᠸᠠᠨ ᠭᠡᠦᠭᠡᠨ ᠯᠢᠦ ᠰᠢᠶᠤᠤ ᠵᠢᠶᠤᠤ ᠤᠷᠤᠰ ᠲᠠᠯᠬ᠎ᠠ ᠵᠢᠨ ᠦᠨᠦᠷ ᠠᠮᠳᠠᠳᠤ ᠲᠠᠳᠠᠭᠳᠠᠨ ᠢᠷᠡᠭᠡᠳ ᠯᠢᠦ ᠯᠸᠢ ᠲᠠᠢ ᠲᠠᠨᠢᠯᠴᠠᠨ ᠢᠨᠠᠭᠯᠠᠵᠤ᠂ ᠠᠢᠯ ᠭᠡᠷ ᠪᠤᠯᠵᠠᠢ ᠃

ᠸᠠᠩ ᠪᠤᠤ ᠴᠸᠨ(ᠵᠡᠭᠦᠨᠳᠡᠭᠢ)ᠠᠵᠢᠯᠴᠢᠳ ᠲᠠᠢ ᠪᠠᠨ ᠮᠤᠳᠤᠨ ᠭᠡᠷ ᠪᠠᠷᠢᠵᠤ ᠪᠠᠢᠭ᠎ᠠ ᠨᠢ
ᠬᠤᠷᠢᠮᠯᠠᠭᠰᠠᠨ ᠤ ᠪᠠᠨ ᠲᠠᠷᠠᠭ᠎ᠠ ᠡᠷᠭᠦᠨᠡᠳᠤ ᠨᠤᠳᠤᠭᠰᠢᠭᠰᠠᠨ ᠯᠢᠦ ᠰᠢᠶᠤᠤ ᠵᠢᠶᠤᠤ ᠤᠷᠤᠰ ᠲᠠᠯᠬ᠎ᠠ ᠵᠢᠨ ᠡᠵᠡᠨᠭᠨᠡᠯᠳᠡ ᠳ᠋ᠤ᠌ ᠤᠷᠤᠯᠴᠠᠵᠤ᠂ ᠲᠡᠭᠦᠨ ᠤ ᠲᠠᠰᠤᠷᠠᠯᠳᠠ ᠦᠭᠡᠢ ᠰᠢᠨᠡᠴᠢᠯᠡᠯᠳᠡ ᠦᠭᠡᠷᠡᠴᠢᠯᠡᠯᠳᠡ ᠪᠡᠷ ᠲᠡᠮᠵᠢᠭᠠᠳ ᠬᠤᠳᠠᠯᠳᠤᠭ᠎ᠠ ᠨᠢ ᠨᠡᠩ ᠦᠷᠭᠡᠵᠢᠵᠤ᠂ ᠤᠳᠤᠬᠠᠨᠳᠤ ᠰᠠᠯᠪᠤᠷᠢ ᠲᠠᠯᠬ᠎ᠠ ᠵᠢᠨ ᠦᠷᠦᠭᠡ ᠨᠢ ᠴᠤ᠌ ᠡᠵᠡᠨᠭᠨᠡᠯᠳᠡ ᠪᠠᠨ ᠡᠭᠢᠯᠡᠭᠦᠯᠭᠦ ᠪᠡᠷ ᠪᠡᠯᠡᠳᠭᠡᠵᠤ ᠪᠤᠢ᠃
(ᠭᠡᠷᠡᠯ ᠵᠢᠷᠤᠭᠢ ᠡᠷᠭᠦᠨ᠎ᠠ ᠬᠤᠳᠠ ᠵᠢᠨ ᠨᠠᠮᠤᠨ ᠬᠤᠷᠢᠶ᠎ᠠ ᠵᠢᠨ ᠤᠬᠠᠭᠤᠯᠬᠤ ᠭᠡᠯᠳᠡᠰ ᠬᠠᠩᠭᠠᠪᠠ )