ᠠᠯᠠᠱᠠ ᠡᠴᠡ ᠬᠦᠯᠦᠨ ᠪᠤᠢᠷ ᠬᠦᠷᠳᠡᠯ᠎ᠠ ᠪᠦᠬᠦ ᠤᠷᠤᠨ ᠤ᠋ ᠤᠯᠠᠨ ᠭᠠᠵᠠᠷ ᠲᠦ᠍ ᠶᠡᠬᠡ ᠪᠤᠷᠤᠭᠠᠨ ᠪᠤᠶᠤ ᠰᠢᠷᠤᠬᠦᠨ ᠪᠤᠷᠤᠭᠠᠨ ᠤᠷᠤᠨ᠎ᠠ
2025-07-17 09:54:55
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠦᠪᠡᠷᠳᠡᠬᠡᠨ ᠵᠠᠰᠠᠬᠤ ᠤᠷᠤᠨ ᠤ᠋ ᠴᠠᠭ ᠠᠭᠤᠷ ᠤ᠋ᠨ ᠬᠤᠷᠢᠶ᠎ᠠ ᠡᠴᠡ ᠤᠢᠯᠠᠭᠠᠭᠰᠠᠨ ᠵᠢᠡᠷ᠂ 7 ᠰᠠᠷ᠎ᠠ ᠵᠢᠨ 18 — 21 ᠤ᠋ ᠡᠳᠤᠷ᠎ᠤᠨ ᠬᠤᠭᠤᠷᠤᠨᠳᠤ᠂ ᠠᠯᠠᠱᠠ ᠠᠢᠮᠠᠭ ᠡᠴᠡ ᠬᠦᠯᠦᠨ ᠪᠤᠢᠷ ᠬᠤᠳᠠ ᠬᠦᠷᠳᠡᠯ᠎ᠠ ᠨᠡᠢᠳᠡᠮ ᠪᠤᠷᠤᠭᠠᠨ ᠤᠷᠤᠵᠤ᠂ ᠤᠯᠠᠨ ᠭᠠᠵᠠᠷ ᠲᠦ᠍ ᠲᠤᠮᠳᠠ ᠡᠴᠡ ᠶᠠᠬᠡ ᠪᠤᠷᠤᠭᠠᠨ ᠲᠠᠢ᠂ ᠬᠡᠰᠡᠭ ᠭᠠᠵᠠᠷ ᠲᠦ᠍ ᠰᠢᠷᠤᠬᠦᠨ ᠪᠤᠷᠤᠭᠠᠨ ᠤᠷᠤᠵᠤ᠂ ᠪᠠᠷᠠᠭᠤᠨ ᠪᠠᠶ᠎ᠠ ᠵᠢᠨ ᠠᠭᠠᠬᠢᠮ᠎ᠠ ᠬᠠᠯᠠᠭᠤᠨ ᠠᠭᠤᠷ ᠠᠮᠢᠰᠬᠤᠯ ᠮᠦᠨ ᠬᠦ᠌ ᠦᠷᠬᠦᠯᠵᠢᠯᠡᠨ᠎ᠠ᠃

18 ᠤ᠋ ᠡᠳᠤᠷ ᠤ᠋ᠨ 8 ᠴᠠᠭ ᠡᠴᠡ 21 ᠤ᠋ ᠡᠳᠤᠷ ᠤ᠋ᠨ 8 ᠴᠠᠭ ᠪᠤᠯᠳᠠᠯ᠎ᠠ᠂ ᠦᠪᠤᠷ ᠮᠤᠩᠭᠤᠯ ᠳ᠋ᠤ ᠨᠡᠢᠳᠡᠮ ᠪᠤᠷᠤᠭᠠᠨ ᠤᠷᠤᠨ᠎ᠠ᠃ ᠡᠬᠦᠨ ᠳ᠋ᠤ᠂ ᠠᠯᠠᠱᠠ ᠠᠢᠮᠠᠭ ᠤ᠋ᠨ ᠵᠡᠬᠦᠨ ᠡᠮᠤᠨ᠎ᠠ ᠪᠠᠶ᠎ᠠ᠂ ᠦᠬᠠᠢ ᠬᠤᠳᠠ ᠵᠢᠨ ᠡᠮᠤᠨ᠎ᠠ ᠪᠠᠶ᠎ᠠ᠂ ᠪᠠᠶᠠᠠᠨᠠᠭᠤᠷ ᠬᠤᠳᠠ ᠵᠢᠨ ᠵᠡᠬᠦᠨ ᠡᠮᠤᠨ᠎ᠡ ᠪᠠᠶ᠎ᠠ᠂ ᠤᠷᠳᠤᠰ ᠬᠤᠳᠠ ᠵᠢᠨ ᠶᠡᠬᠡᠩᠬᠢ ᠭᠠᠵᠠᠷ᠂ ᠪᠤᠭᠤᠳᠤ ᠬᠤᠳᠠ ᠵᠢᠨ ᠶᠡᠬᠡᠩᠬᠢ ᠭᠠᠵᠠᠷ᠂ ᠬᠦᠬᠡᠬᠤᠳᠠ᠂ ᠤᠯᠠᠭᠠᠨᠴᠠᠪ ᠬᠤᠳᠠ ᠵᠢᠨ ᠶᠡᠬᠡᠩᠬᠢ ᠭᠠᠵᠠᠷ᠂ ᠰᠢᠯᠢ ᠵᠢᠨ ᠭᠤᠤᠯ ᠠᠢᠮᠠᠭ ᠤ᠋ᠨ ᠶᠡᠬᠡᠩᠬᠢ ᠭᠠᠵᠠᠷ᠂ ᠤᠯᠠᠭᠠᠨᠬᠠᠳᠠ ᠬᠤᠳᠠ᠂ ᠲᠦᠩᠯᠢᠶᠤᠤ ᠬᠤᠳᠠ᠂ ᠬᠢᠩᠭᠠᠨ ᠠᠢᠮᠠᠭ ᠤ᠋ᠨ ᠡᠮᠤᠨ᠎ᠠ ᠪᠠᠶ᠎ᠠ ᠪᠠ ᠪᠠᠷᠠᠭᠤᠨ ᠬᠤᠢᠳᠤ ᠪᠠᠶ᠎ᠠ᠂ ᠬᠦᠯᠤᠨ ᠪᠤᠢᠷ ᠬᠤᠳᠠ ᠵᠢᠨ ᠶᠡᠬᠡᠩᠬᠢ ᠭᠠᠵᠠᠷ ᠲᠦ᠍ ᠲᠤᠮᠳᠠ ᠡᠴᠡ ᠶᠡᠬᠡ ᠪᠤᠷᠤᠭᠠᠨ ᠤᠷᠤᠨ᠎ᠠ; ᠤᠷᠳᠤᠰ ᠬᠤᠳᠠ ᠵᠢᠨ ᠵᠡᠬᠦᠨ ᠡᠮᠤᠨ᠎ᠠ ᠪᠠᠶ᠎ᠠ᠂ ᠬᠦᠬᠡᠬᠤᠳᠠ ᠵᠢᠨ ᠵᠡᠬᠦᠨ ᠡᠮᠤᠨ᠎ᠠ ᠪᠠᠶ᠎ᠠ᠂ ᠤᠯᠠᠭᠠᠨᠴᠠᠪ ᠬᠤᠳᠠ ᠵᠢᠨ ᠡᠮᠤᠨ᠎ᠠ ᠪᠡᠶ᠎ᠠ ᠵᠢᠨ ᠬᠡᠰᠡᠭ ᠭᠠᠵᠠᠷ᠂ ᠰᠢᠯᠢ ᠵᠢᠨ ᠭᠤᠤᠯ ᠠᠢᠮᠠᠭ ᠤ᠋ᠨ ᠡᠮᠤᠨ᠎ᠠ ᠪᠠᠶ᠎ᠡ᠂ ᠤᠯᠠᠭᠠᠨᠬᠠᠳᠠ ᠬᠤᠳᠠ ᠵᠢᠨ ᠪᠠᠷᠠᠭᠤᠨ ᠬᠤᠢᠳᠤ ᠪᠠᠶ᠎ᠠ᠂ ᠬᠦᠯᠦᠨ ᠪᠤᠢᠷ ᠬᠤᠳᠠ ᠵᠢᠨ ᠵᠡᠬᠦᠨ ᠬᠤᠢᠳᠤ ᠪᠠᠶ᠎ᠠ ᠳ᠋ᠤ ᠰᠢᠷᠤᠬᠦᠨ ᠪᠤᠷᠤᠭᠠᠨ ᠤᠷᠤᠵᠤ᠂ ᠬᠡᠰᠡᠭ ᠭᠠᠵᠠᠷ ᠤ᠋ᠨ ᠬᠤᠷ᠎ᠠ ᠲᠤᠨᠳᠠᠰᠤ ᠵᠢᠨ ᠬᠤᠷᠠᠮᠳᠤᠯ ᠤ᠋ᠨ ᠬᠡᠮᠵᠢᠶ᠎ᠠ 100 ᠮᠢᠯᠢᠮᠸᠲᠷ ᠢ᠋ ᠲᠠᠪᠠᠵᠤ᠂ ᠤᠬᠤᠷ ᠬᠤᠭᠤᠴᠠᠭᠠᠨ ᠤ᠋ ᠶᠡᠬᠡ ᠰᠢᠷᠤᠬᠦᠨ ᠪᠤᠷᠤᠭᠠᠨ᠂ ᠠᠶᠤᠩᠭᠠᠳᠤ ᠪᠤᠷᠤᠭᠠᠨ ᠶᠡᠬᠡ ᠰᠠᠯᠬᠢ᠂ ᠮᠦᠨᠳᠤᠷ ᠵᠡᠷᠬᠡ ᠴᠢᠩᠭ᠎ᠠ ᠰᠤᠯᠢᠭ ᠤᠷᠤᠰᠬᠠᠯᠳᠤ ᠴᠠᠭ ᠠᠭᠤᠷ ᠲᠠᠭᠠᠯᠳᠤᠨ᠎ᠠ᠃

18 ᠤ᠋ ᠡᠳᠤᠷ ᠤ᠋ᠨ 8 ᠴᠠᠭ ᠡᠴᠡ 21 ᠤ᠋ ᠡᠳᠤᠷ ᠤ᠋ᠨ 8 ᠴᠠᠭ ᠪᠤᠯᠳᠠᠯ᠎ᠠ᠂ ᠠᠯᠠᠱᠠ ᠠᠢᠮᠠᠭ ᠤ᠋ᠨ ᠬᠤᠢᠳᠤ ᠪᠠᠶ᠎ᠠ᠂ ᠪᠠᠶᠠᠨᠨᠠᠭᠤᠷ ᠬᠤᠳᠠ ᠵᠢᠨ ᠪᠠᠷᠠᠭᠤᠨ ᠪᠠᠶ᠎ᠠ᠂ ᠤᠷᠳᠤᠰ ᠬᠤᠳᠠ ᠵᠢᠨ ᠪᠠᠷᠠᠭᠤᠨ ᠬᠤᠢᠳᠤ ᠪᠠᠶ᠎ᠠ᠂ ᠪᠤᠭᠤᠳᠤ ᠬᠤᠳᠠ ᠵᠢᠨ ᠬᠤᠢᠳᠤ ᠪᠠᠶ᠎ᠠ ᠵᠢᠨ ᠬᠤᠢᠳᠤ ᠬᠡᠰᠡᠭ᠂ ᠤᠯᠠᠭᠠᠨᠴᠠᠪ ᠬᠤᠳᠠ ᠵᠢᠨ ᠬᠤᠢᠳᠤ ᠪᠠᠶ᠎ᠠ᠂ ᠰᠢᠯᠢ ᠵᠢᠨ ᠭᠤᠤᠯ ᠠᠢᠮᠠᠭ ᠤ᠋ᠨ ᠪᠠᠷᠠᠭᠤᠨ ᠬᠤᠢᠳᠤ ᠪᠠᠶ᠎ᠠ ᠳ᠋ᠤ 35 ᠭᠷᠠᠳᠦ᠋ᠰ ᠵᠢᠴᠢ ᠲᠠᠬᠦᠨ ᠡᠴᠡ ᠲᠠᠬᠡᠭᠰᠢᠬᠢ ᠠᠭᠠᠬᠢᠮ᠎ᠠ ᠬᠠᠯᠠᠭᠤᠨ ᠠᠭᠤᠷ ᠠᠮᠢᠰᠬᠤᠯ ᠢᠯᠡᠷᠡᠵᠤ᠂ ᠬᠡᠰᠡᠭ ᠭᠠᠵᠠᠷ ᠲᠦ᠍ 37 ᠭᠷᠠᠳᠦ᠋ᠰ ᠵᠢᠴᠢ ᠲᠠᠬᠦᠨ ᠡᠴᠡ ᠲᠠᠬᠡᠭᠰᠢᠬᠢ ᠠᠭᠠᠬᠢᠮ᠎ᠠ ᠬᠠᠯᠠᠭᠤᠨ ᠠᠭᠤᠷ ᠠᠮᠢᠰᠬᠤᠯ ᠢᠯᠡᠷᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号