ᠨᠢᠭᠡ ᠴᠠᠭ ᠦᠶ᠎ᠡ ᠵᠢᠨ ᠤᠳᠭ᠎ᠠ ᠤᠷᠠᠯᠢᠭ᠎ᠦᠨ ᠠᠮᠵᠢᠯᠲᠠ ᠪᠦᠲᠦᠮᠵᠢ ᠵᠢ ᠬᠡᠮᠵᠢᠬᠦ᠎ᠳᠤ ᠡᠴᠦᠰ ᠲᠡᠬᠡᠨ ᠪᠦᠲᠦᠭᠡᠯ᠎ᠢ ᠦᠵᠡᠨ᠎ᠡ᠃ ᠣᠳᠭ᠎ᠠ ᠣᠷᠠᠯᠢᠭ᠎ᠤᠨ ᠴᠡᠴᠡᠭ᠌ᠯᠡᠯ ᠬᠦᠭ᠌ᠵᠢᠯ᠎ᠢ ᠠᠭᠢᠭᠤᠯᠬᠤ᠎ᠳᠤ ᠬᠠᠮᠤᠭ᠎ᠤᠨ ᠦᠨᠳᠦᠰᠦᠨ ᠵᠦᠢᠯ ᠪᠤᠯ ᠮᠠᠨ᠎ᠤ ᠡᠨᠡ ᠬᠦ᠌ ᠠᠭᠤᠣ ᠶᠡᠭᠡ ᠦᠨᠳᠦᠰᠦᠲᠡᠨ᠂ ᠠᠭᠤᠣ ᠶᠡᠭᠡ ᠴᠠᠭ ᠦᠶ᠎ᠡ᠎ᠳᠤ ᠦᠯᠦ᠍ ᠣᠰᠣᠯᠳᠠᠬᠤ ᠰᠢᠯᠢᠳᠡᠭ ᠪᠦᠲᠦᠭᠡᠯ᠎ᠢ ᠵᠤᠬᠢᠶᠠᠨ ᠪᠦᠲᠦᠭᠡᠵᠤ ᠭᠠᠷᠭᠠᠬᠤ ᠶᠠᠪᠤᠳᠠᠯ ᠪᠤᠯᠤᠨ᠎ᠠ᠃ ᠱᠢᠯᠢᠳᠡᠭ᠌ ᠪᠦᠲᠦᠭᠡᠯ ᠪᠠᠢᠬᠤ ᠦᠭᠡᠢ ᠪᠤᠯ ᠪᠤᠰᠤᠳ ᠵᠦᠢᠯ᠎ᠢ ᠬᠡᠷᠬᠢᠡ ᠬᠦᠭ᠌ᠵᠢᠶᠡᠨ᠎ᠲᠠᠢ ᠬᠢᠭᠰᠡᠨ ᠴᠦ᠍᠂ ᠬᠡᠷᠬᠢᠨ ᠢᠯᠡ ᠭᠠᠷᠲᠠᠯ᠎ᠠ ᠬᠢᠭᠰᠡᠨ ᠴᠦ᠍ ᠵᠦᠪᠬᠡᠨ ᠦᠡᠭ᠌ᠭᠡᠨ ᠲᠠᠯ᠎ᠠ᠎ᠶ᠋ᠢᠨ ᠲᠡᠳᠦᠢ᠂ ᠠᠷᠠᠳ ᠲᠦᠮᠡᠨ᠎ᠤ ᠤᠶᠤᠨ ᠰᠠᠨᠠᠭᠠᠨ᠎ᠤ ᠶᠢᠷᠳᠢᠨᠴᠤ᠎ᠳᠤ ᠦᠨᠡᠨ ᠬᠦ᠌ ᠬᠦᠨᠵᠡᠭᠡᠢᠷᠡᠵᠤ ᠳᠡᠢᠯᠬᠦ ᠦᠭᠡᠢ᠂ ᠬᠦᠮᠦᠨ᠎ᠤ ᠰᠦᠭ ᠰᠦᠨᠡᠰᠤ᠎ᠶ᠋ᠢ ᠬᠦᠨᠳᠡᠵᠦ᠍ ᠳᠡᠢᠯᠬᠦ ᠦᠭᠡᠢ᠂ ᠠᠷᠠᠳ ᠲᠦᠮᠡᠨ᠎ᠤ ᠦᠵᠡᠯ ᠰᠠᠨᠠᠭᠠᠨ᠎ᠳᠤ ᠬᠠᠮᠲᠤ ᠵᠢᠨ ᠴᠤᠤᠷᠢᠶ᠎ᠠ ᠪᠤᠯᠵᠤ ᠳᠡᠢᠯᠬᠦ ᠦᠭᠡᠢ᠃
— ᠶᠡᠷᠦᠩᠬᠡᠶ ᠱᠦᠵᠢ ᠰᠢ᠎ᠶ᠋ᠢᠨ ᠫᠢᠩ᠎ᠤᠨ ᠤᠳᠭ᠎ᠠ ᠤᠷᠠᠯᠢᠭ᠎ᠤᠨ ᠠᠵᠢᠯ᠎ᠤᠨ ᠶᠠᠷᠢᠯᠴᠠᠬᠤ ᠬᠤᠷᠠᠯ ᠳᠡᠭᠡᠷᠡᠬᠢ ᠶᠠᠷᠢᠶ᠎ᠠ ᠡᠴᠡ(2014 ᠣᠨ᠎ᠤ 10 ᠰᠠᠷ᠎ᠠ᠎ᠶ᠋ᠢᠨ 15᠎ᠤ᠋ ᠡᠳᠦᠷ)

ᠵᠣᠣ ᠵᠢᠶᠦ᠋ᠨ᠎ᠤ ᠮᠦᠽᠧᠢ᠎ᠶᠢᠨ ᠬᠦᠷᠢᠶᠡᠯᠡᠩᠦ᠋ᠨ ᠪᠦᠬᠦ᠌ ᠦᠵᠡᠮᠵᠢ
1961 ᠣᠨ᠎ᠤ 12 ᠰᠠᠷ᠎ᠠ᠎ᠶ᠋ᠢᠨ 13 ᠤ᠋ ᠡᠳᠤᠷ᠂ ᠠᠷᠠᠳ᠎ᠤᠨ ᠡᠳᠦᠷ᠎ᠤᠨ ᠰᠣᠨᠢᠨ ᠠᠯᠳᠠᠷᠲᠤ ᠲᠡᠦᠬᠡᠴᠢ ᠵᠢᠶᠠᠨ ᠪᠦᠸᠧ ᠽᠠᠨᠤ ᠪᠢᠴᠢᠭ᠌ᠰᠡᠨ 《 ᠥᠪᠥᠷ ᠮᠣᠩᠭᠤᠯ᠎ᠤᠨ ᠬᠠᠭᠤᠴᠢ ᠵᠢᠨ ᠲᠤᠬᠠᠢ ᠰᠤᠷᠪᠤᠯᠵᠢᠯᠠᠭ᠎ᠠ 》 ᠵᠢ ᠨᠡᠢᠲᠡᠯᠡᠪᠡ᠃ ᠠᠪᠤᠭᠠᠢ ᠵᠣᠬᠢᠶᠠᠯ᠎ᠳᠠᠭᠠᠨ᠄《ᠲᠠᠯᠠᠨ ᠬᠠᠷ᠎ᠠ ᠠᠭᠤᠯᠠ᠎ᠶ᠋ᠢᠨ ᠬᠤᠷᠮᠤᠢ᠎ᠳᠤ ᠭᠠᠭᠴᠠ ᠡᠷᠳᠡᠨᠤᠦᠯᠡᠳᠡᠭᠳᠡᠯᠢ ᠬᠡᠵᠢᠶᠡᠳᠡ ᠬᠠᠶᠠᠵᠤ ᠪᠤᠯᠬᠤ ᠦᠭᠡᠢ᠂ ᠲᠡᠷᠡ ᠨᠢ ᠳᠠᠷᠤᠢ ᠵᠤᠤ ᠵᠢᠶᠦ᠋ᠨ᠎ᠤ ᠣᠩᠭᠤᠨ ᠪᠣᠯᠤᠨ᠎ᠠ᠃ ᠤᠴᠢᠷ᠎ᠨᠢ ᠥᠪᠥᠷ ᠮᠣᠩᠭᠤᠯ᠎ᠤᠨ ᠠᠷᠠᠳ ᠲᠦᠮᠡᠨ᠎ᠤ ᠰᠡᠳᠭᠢᠯ᠎ᠳᠤ ᠸᠠᠩ ᠵᠤᠤ ᠵᠢᠶᠦ᠋ᠨ ᠨᠢᠭᠡᠨᠲᠡ ᠬᠥᠮᠦᠨ ᠲᠡᠳᠦᠢ ᠪᠢᠰᠢ᠂ ᠬᠠᠷᠢᠨ ᠪᠡᠯᠭᠡ ᠲᠡᠮᠳᠡᠭ ᠪᠤᠯᠵᠤ᠂ ᠦᠨᠳᠦᠰᠦᠲᠡᠨ᠎ᠤ ᠨᠥᠬᠦᠷᠯᠡᠯ᠎ᠤᠨ ᠪᠡᠯᠭᠡ ᠲᠡᠮᠳᠡᠭ ᠪᠤᠯᠵᠠᠢ; ᠵᠣᠣ ᠵᠢᠶᠦ᠋ᠨ᠎ᠤ ᠣᠩᠭᠤᠨ ᠴᠤ᠌ ᠤᠩᠭᠤᠨ ᠲᠡᠳᠦᠢ ᠪᠢᠰᠢ᠂ ᠬᠠᠷᠢᠨ ᠦᠨᠳᠦᠰᠦᠲᠡᠨ᠎ᠤ ᠨᠥᠬᠦᠷᠯᠡᠯ᠎ᠤᠨ ᠲᠡᠤᠬᠡ᠎ᠶ᠋ᠢᠨ ᠳᠤᠷᠠᠰᠭᠠᠯ᠎ᠤᠨ ᠰᠤᠪᠤᠷᠭ᠎ᠠ ᠪᠤᠯᠵᠠᠢ》 ᠭᠡᠵᠦ ᠭᠦᠨ ᠰᠡᠳᠭᠢᠯᠭᠡ ᠲᠠᠢ ᠪᠢᠴᠢᠭᠰᠡᠨ ᠪᠠᠢᠳᠠᠭ᠃
— ᠲᠡᠮᠳᠡᠭ᠌ᠯᠡᠯ

ᠭᠠᠨᠳᠢᠭ ᠴᠢᠯᠠᠭᠤ ᠪᠡᠷ ᠰᠡᠢᠯᠦᠭᠰᠡᠨ ᠵᠤᠤ ᠵᠢᠶᠦ᠋ᠨ᠎ᠤ ᠱᠤᠭᠤᠮᠠᠯ
ᠲᠠᠪᠤᠳᠤᠭᠠᠷ ᠰᠠᠷᠠᠪᠤᠯ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠢᠯ᠎ᠳᠤ ᠨᠢᠭᠡ ᠤᠳᠠᠭ᠎ᠠ ᠶᠠᠪᠤᠭ᠍ᠳᠠᠬᠤ《ᠦᠨᠳᠦᠰᠦᠲᠡᠨ᠎ᠤ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ᠎ᠶ᠋ᠢᠨ ᠰᠠᠷ᠎ᠠ 》 ᠪᠤᠯᠤᠨ᠎ᠠ᠃ ᠡᠨᠡ ᠦᠶ᠎ᠡ᠎ᠳᠤ ᠵᠤᠬᠢᠶᠠᠭᠴᠢ ᠬᠥᠬᠡᠬᠣᠲᠠ᠎ᠶ᠋ᠢᠨ ᠢᠦᠢᠴᠢᠣᠸᠠᠨ ᠲᠣᠭᠣᠷᠢᠭ᠎ᠤᠨ ᠶᠡᠬᠡ ᠲᠦᠷᠭᠡᠨ ᠭᠣᠣᠯ᠎ᠤᠨ ᠬᠥᠪᠡᠭᠡᠨ᠎ᠳᠡᠬᠢ ᠵᠤᠤ ᠵᠢᠶᠦ᠋ᠨ᠎ᠤ ᠮᠦᠽᠧᠶ ᠵᠢᠨ ᠬᠦᠷᠢᠶᠡᠯᠡᠩ᠎ᠳᠦ ᠬᠦᠷᠪᠡ᠃ ᠲᠤᠰ ᠬᠦᠷᠢᠶᠡᠯᠡᠩ ᠪᠤᠯ ᠸᠠᠩ ᠵᠤᠤ ᠵᠢᠶᠦ᠋ᠨ᠎ᠤ ᠣᠩᠭᠤᠨ᠎ᠤ ᠪᠠᠭᠤᠷᠢ᠎ᠳᠤ ᠲᠦᠱᠢᠭ᠌ᠯᠡᠨ᠂ ᠮᠦᠽᠧᠢ᠎ᠶ᠋ᠢᠨ ᠤᠷᠤᠨ᠎ᠢᠶᠠᠷ ᠰᠠᠭᠤᠷᠢ ᠪᠣᠯᠭᠠᠭᠰᠠᠨ《ᠨᠢᠭᠡ ᠬᠦᠷᠢᠶᠡᠯᠡᠩ ᠣᠯᠠᠨ ᠣᠷᠳᠣᠨ》 ᠪᠦᠬᠦᠢ ᠬᠠᠭᠤᠴᠢ ᠦᠯᠡᠳᠡᠭ᠌ᠳᠡᠯ᠎ᠤᠨ ᠴᠢᠨᠠᠷᠲᠠᠢ ᠮᠦᠽᠧᠢ᠎ᠶ᠋ᠢᠨ ᠬᠦᠷᠢᠶᠡᠯᠡᠩ ᠪᠣᠯᠣᠨ᠎ᠠ᠃ ᠡᠨᠡ ᠬᠦ᠌《ᠦᠨᠳᠦᠰᠦᠲᠡᠨ᠎ᠦ ᠨᠥᠬᠥᠷᠯᠠᠯᠤᠨ ᠲᠡᠦᠬᠡ᠎ᠶ᠋ᠢᠨ ᠳᠤᠷᠠᠰᠭᠠᠯ᠎ᠤᠨ ᠰᠤᠪᠤᠷᠭ᠎ᠠ》 ᠵᠢᠯ᠎ᠤᠨ ᠳᠦᠷᠪᠡᠨ ᠤᠯᠠᠷᠢᠯ᠎ᠳᠤ ᠴᠦᠮ ᠬᠥᠮᠥᠰ᠎ᠢ ᠲᠠᠲᠠᠵᠤ ᠪᠠᠢᠳᠠᠭ ᠁
ᠠᠯᠤᠰ ᠡᠴᠡ ᠪᠠᠷᠠᠯᠠᠬᠤ᠎ᠳᠤ᠂ ᠮᠦᠽᠧᠢ᠎ᠶ᠋ᠢᠨ ᠬᠦᠷᠢᠶᠡᠯᠡᠩ᠎ᠦᠨ ᠭᠣᠣᠯ ᠴᠣᠭ᠍ᠴᠠ ᠨᠢ ᠱᠠᠲᠤ ᠬᠡᠯᠪᠡᠷᠢ᠎ᠲᠠᠢ ᠬᠣᠶᠠᠷ ᠪᠠᠷᠢᠯᠭ᠎ᠠ᠎ᠵᠢ ᠬᠤᠯᠪᠤᠨ ᠪᠦᠲᠦᠭᠡᠵᠦ᠂ ᠭᠤᠸ᠎ᠠ ᠰᠠᠢᠬᠠᠨ᠎ᠤ ᠬᠦᠷᠲᠡᠭᠡᠯ ᠦᠭᠭᠦᠨ᠎ᠡ᠃ ᠦᠨᠳᠦᠷ ᠳᠡᠭᠡᠷ᠎ᠡ ᠡᠴᠡ ᠦᠩᠭᠡᠢᠨ ᠬᠠᠷᠠᠬᠤ᠎ᠳᠤ ᠮᠦᠽᠸᠢ ᠵᠢᠨ ᠬᠦᠷᠢᠶᠡᠯᠡᠩ ᠤᠷᠲᠤ ᠳᠦᠷᠪᠡᠯᠵᠢᠨ ᠬᠡᠯᠪᠡᠷᠢ ᠲᠠᠢ᠂ ᠡᠮᠦᠨ᠎ᠡ ᠡᠴᠡ ᠤᠮᠠᠷᠠᠰᠢ ᠪᠠᠨ ᠤᠩᠭᠤᠨ᠎ᠤ ᠵᠠᠮ ᠳᠠᠭᠠᠤ ᠲᠡᠭᠰᠢ ᠬᠡᠮ ᠵᠢᠡᠷ ᠲᠠᠷᠬᠠᠵᠤ᠂ ᠤᠩᠭᠤᠨ᠎ᠤ ᠵᠠᠮ᠎ᠤᠨ ᠦᠵᠦᠭᠦᠷ ᠲᠦ᠍ ᠰᠦᠷ ᠳᠠᠯᠠᠢᠴᠠᠲᠠᠢ᠂ ᠲᠦᠪ ᠬᠢᠴᠢᠶᠡᠩᠭᠦᠢ ᠵᠤᠤ ᠵᠢᠶᠦ᠋ᠨ᠎ᠤ ᠤᠩᠭᠤᠨ ᠪᠤᠢ ᠁

ᠳ᠋ᠦᠩ ᠪᠢ ᠡᠦᠶᠢᠨ ᠪᠢᠴᠢᠭ᠌ᠡᠰᠦ ᠦᠯᠡᠳᠡᠭᠡᠭᠰᠡᠨ ᠴᠢᠯᠠᠭᠤᠨ ᠬᠥᠱᠢᠶ᠎ᠡ

ᠵᠤᠨ᠎ᠤ ᠤᠯᠠᠷᠢᠯ᠎ᠤᠨ ᠬᠦᠬᠡ ᠪᠤᠩᠬᠤᠨ
ᠬᠥᠭ᠌ᠵᠢᠶᠡᠨ ᠨᠠᠷᠭᠢᠶᠠᠨ᠎ᠲᠠᠢ ᠬᠥᠮᠦᠨ᠎ᠤ ᠦᠢᠮᠡᠭᠡᠨᠢ ᠳᠠᠭᠠᠯᠳᠤᠨ᠂ ᠵᠣᠬᠢᠶᠠᠭ᠍ᠴᠢ ᠡᠩ ᠲᠡᠷᠢᠭᠦᠨ᠎ᠳᠤ ᠾᠦᠩᠨᠦ᠍᠎ᠶ᠋ᠢᠨ ᠲᠡᠤᠬᠡ᠎ᠶ᠋ᠢᠨ ᠮᠦᠽᠧᠶ᠎ᠳᠤ ᠬᠦᠷᠴᠦ ᠢᠷᠡᠯ᠎ᠡ᠃ ᠵᠢᠪᠡ ᠨᠠᠭᠠᠯᠳᠤᠭᠰᠠᠨ ᠪᠤᠶᠤ ᠰᠢᠵᠢᠷ ᠭᠡᠷᠡᠯ ᠰᠠᠴᠤᠷᠠᠭᠤᠯᠤᠭᠰᠠᠨ ᠮᠠᠯᠲᠠᠵᠤ ᠭᠠᠷᠭᠠᠭ᠍ᠰᠠᠨ ᠲᠡᠦᠬᠡ᠎ᠶᠢᠨ ᠳᠤᠷᠠᠰᠭᠠᠯᠲᠤ ᠵᠦᠢᠯᠡᠰ ᠵᠢᠴᠢ ᠭᠡᠷᠡᠯ ᠵᠢᠷᠤᠭ᠂ ᠱᠤᠭᠤᠮᠠᠯᠤᠳᠢ ᠦᠵᠡᠬᠦ᠎ᠳᠤ ᠶᠠᠭ ᠲᠡᠷᠡ ᠬᠦ᠌ ᠾᠦᠩᠨᠦ᠎ᠵᠢᠨ ᠬᠦᠴᠦᠷᠬᠡᠭ ᠪᠠᠢᠬᠰᠠᠨ ᠠᠯᠤᠰ ᠳᠡᠷᠲᠡᠭᠡ᠎ᠬᠢ ᠤᠨ ᠵᠢᠯ᠎ᠳᠤ ᠬᠦᠷᠦᠭᠰᠡᠨ ᠬᠡᠮᠡᠷ᠃ ᠪᠦᠬᠦ᠋ᠢᠯᠡ ᠦᠵᠡᠰᠭᠦᠯᠡᠩ᠎ᠨᠢ 《ᠾᠦᠩᠨᠦ᠎ᠶ᠋ᠢᠨ ᠮᠠᠨᠳᠤᠯᠲᠠ》᠂ 《ᠾᠦᠩᠨᠦ᠍ᠬᠢᠭᠡᠳ ᠵᠦᠩᠶᠤᠸᠠᠨ ᠣᠷᠣᠨ》᠂《ᠾᠦᠩᠨᠦ᠍᠎ᠶ᠋ᠢᠨ ᠠᠵᠤ ᠠᠬᠤᠶ ᠬᠢᠭᠡᠳ ᠰᠣᠶᠣᠯ》᠂《ᠾᠦᠩᠨᠦ᠍᠎ᠶ᠋ᠢᠨ ᠬᠤᠵᠢᠮ᠎ᠤᠨ ᠬᠦᠮᠦᠰ᠎ᠲᠤ ᠦᠵᠡᠭᠦᠯᠦᠭᠰᠡᠨ ᠨᠥᠯᠥᠭᠡ》ᠭᠡᠬᠦ᠌ ᠳᠥᠷᠪᠡᠨ ᠪᠦᠯᠦᠭ ᠵᠢᠡᠷ ᠪᠦᠷᠢᠯᠳᠦᠵᠡᠢ᠃ ᠦᠵᠡᠵᠦ᠍ ᠳᠠᠭᠤᠰᠤᠭ᠍ᠰᠠᠨ᠎ᠤ ᠳᠠᠷᠠᠭ᠎ᠠ᠂ ᠳᠤᠮᠳᠠᠳᠤ ᠤᠯᠤᠰ᠎ᠤᠨ ᠲᠡᠦᠬᠡ᠎ᠶ᠋ᠢᠨ ᠲᠠᠪᠴᠠᠩ ᠳᠡᠭᠡᠷ᠎ᠡ ᠪᠠᠷᠤᠭ ᠲᠠᠪᠤᠨ ᠵᠠᠭᠤᠨ ᠵᠢᠯ ᠤᠷᠤᠰᠢᠨ ᠲᠤᠭᠲᠠᠨᠢᠭᠰᠠᠨ ᠾᠦᠩᠨᠦ᠍᠎ᠶ᠋ᠢᠨ ᠠᠵᠤ ᠠᠬᠤᠢ ᠠᠮᠢᠳᠤᠷᠠᠯ᠂ ᠨᠡᠢᠭᠡᠮ᠎ᠤᠨ ᠪᠦᠲᠦᠴᠡ᠂ ᠵᠠᠰᠠᠭ᠎ᠤᠨ ᠡᠷᠬᠡ᠎ᠶ᠋ᠢᠨ ᠵᠣᠬᠢᠶᠠᠨ ᠪᠠᠢᠭᠤᠯᠤᠯᠲᠠ᠂ ᠰᠣᠶᠣᠯ ᠵᠠᠩ ᠦᠢᠯᠡ ᠵᠢᠴᠢ ᠪᠤᠰᠤᠳ ᠡᠯ᠎ᠡ ᠦᠨᠳᠦᠰᠦᠲᠡᠨ ᠢᠯᠠᠩᠭᠤᠶ᠎ᠠ ᠬᠢᠲᠠᠳ ᠦᠨᠳᠦᠰᠦᠲᠡᠨᠯᠦᠭᠡᠶ᠋ᠢᠨ ᠬᠠᠷᠢᠴᠠᠭ᠎ᠠ ᠵᠡᠷᠭᠡ ᠵᠢᠨ ᠲᠤᠬᠠᠢᠵᠤᠬᠢᠶᠠᠭᠴᠢ ᠨᠡᠯᠢᠶᠡᠳ ᠪᠦᠷᠢᠨ ᠪᠦᠲᠦᠨ ᠣᠢᠯᠠᠭᠠᠯᠲᠠ᠎ᠲᠠᠢ ᠪᠣᠯᠤᠭ᠍ᠰᠠᠨ ᠪᠠᠢᠨ᠎ᠠ᠃ ᠲᠠᠢᠯᠪᠤᠷᠢᠯᠠᠭ᠍ᠴᠢ᠎ᠠᠴᠠ ᠮᠠᠨᠳᠤ ᠬᠡᠯᠡᠵᠦ ᠦᠭᠭᠦᠭᠰᠡᠨ ᠵᠢᠡᠷ᠂ ᠲᠤᠰ ᠮᠦᠽᠸᠢ 2017 ᠣᠨ᠎ᠤ 8 ᠰᠠᠷ᠎ᠠ᠎ᠳᠤ ᠵᠢᠩᠬᠢᠨᠢ᠎ᠪᠠᠷ ᠡᠭᠦᠳᠡ ᠪᠠᠨ ᠨᠡᠭᠡᠭᠡᠵᠤ᠂ ᠣᠳᠣᠬᠠᠨ᠎ᠤ ᠳᠡᠯᠡᠬᠡᠢ ᠳᠡᠭᠡᠷᠡᠬᠢ ᠴᠣᠷ᠎ᠤᠨ ᠭᠠᠭ᠍ᠴᠠ ᠾᠦᠩᠨᠦ᠍᠎ᠶ᠋ᠢᠨ ᠲᠡᠦᠬᠡ᠎ᠶ᠋ᠢᠨ ᠮᠦᠽᠧᠢ ᠪᠣᠯᠤᠨ᠎ᠠ᠂ ᠪᠠᠰᠠ ᠬᠠᠩᠭᠠᠷᠢ᠂ ᠹᠷᠠᠨᠼᠢ ᠪᠣᠯᠤᠨ ᠶᠠᠫᠣᠨ ᠵᠡᠷᠭᠡ ᠤᠯᠤᠰ᠎ᠤᠨ ᠡᠷᠳᠡᠮᠲᠡᠨ ᠪᠣᠯᠤᠨ ᠵᠢᠭᠤᠯᠴᠢᠯᠠᠭᠴᠢ ᠢᠷᠡᠵᠦ ᠪᠠᠢᠨ᠎ᠠ ᠭᠡᠨ᠎ᠡ᠃
ᠳᠠᠷᠠᠭ᠎ᠠ᠎ᠨᠢ ᠵᠣᠬᠢᠶᠠᠭ᠍ᠴᠢ ᠵᠤᠤ ᠵᠢᠶᠦ᠋ᠨ᠎ᠤ ᠪᠣᠭᠤᠮᠲᠠ ᠵᠢᠨ ᠭᠠᠳᠠᠨ᠎ᠠ ᠮᠤᠷᠳᠠᠭᠰᠠᠨ ᠦᠵᠡᠰᠭᠦᠯᠡᠩ᠎ᠢ ᠲᠤᠭᠤᠷᠢᠨ ᠦᠵᠡᠪᠡ᠃ ᠲᠤᠰ ᠦᠵᠡᠰᠭᠦᠯᠡᠩ᠎ᠢ ᠪᠠᠢᠩᠭᠤ ᠳᠡᠯᠭᠡᠨ ᠦᠵᠡᠭᠦᠯᠵᠦ᠂ ᠲᠠᠪᠤᠨ ᠪᠦᠯᠦᠭ ᠬᠤᠪᠢᠶᠠᠨ᠂ ᠸᠠᠩ ᠵᠣᠣ ᠵᠢᠶᠦ᠋ᠨ᠎ᠤ ᠨᠢᠭᠡ ᠨᠠᠰᠤᠨ᠎ᠤ ᠦᠢᠯᠡ ᠠᠵᠢᠯᠯᠠᠭ᠎ᠠ᠎ᠪᠠᠷ ᠭᠤᠤᠯ ᠱᠢᠵᠢᠮ ᠪᠣᠯᠭᠠᠵᠤ᠂ ᠰᠤᠷᠪᠤᠯᠵᠢ ᠪᠢᠴᠢᠭ ᠲᠡᠤᠬᠡ᠎ᠶ᠋ᠢᠨ ᠮᠠᠲ᠋ᠧᠷᠢᠶᠠᠯ᠎ᠳᠤ ᠰᠠᠭᠤᠷᠢᠯᠠᠨ᠂ ᠲᠤᠰ᠎ᠤᠨ ᠪᠤᠳᠤᠭ᠎ᠤᠨ ᠵᠢᠷᠤᠭ᠂ ᠠᠬᠤᠶ ᠦᠵᠡᠭᠳᠡᠯ᠎ᠤᠨ ᠱᠤᠭᠤᠮᠠᠯ᠂ ᠡᠯᠡᠰᠦᠨ᠎ᠤ ᠭᠠᠵᠠᠷ᠎ᠤᠨ ᠵᠢᠷᠤᠭ᠂ ᠤᠷᠠᠨ ᠪᠢᠴᠢᠯᠭᠡ ᠵᠢᠴᠢ ᠳᠠᠭᠤ ᠭᠡᠷᠡᠯ ᠴᠠᠬᠢᠯᠭᠠᠨ ᠵᠡᠷᠭᠡ ᠣᠯᠠᠨ ᠡᠱᠢᠴᠢᠯᠡᠭᠰᠡᠨ ᠢᠯᠡᠷᠡᠭᠦᠯᠬᠦ᠌ ᠠᠷᠭ᠎ᠠ ᠪᠠᠷᠢᠯ᠎ᠢ ᠠᠰᠢᠬᠯᠠᠭᠠᠳ᠂ ᠸᠠᠩ ᠵᠣᠣ ᠵᠢᠶᠦ᠋ᠨ᠎ᠤ ᠡᠪᠰᠡᠯ ᠤᠷᠤᠭ ᠵᠢᠡᠷ ᠪᠣᠭᠤᠮᠲᠠ ᠵᠢᠨ ᠭᠠᠳᠠᠨ᠎ᠠ ᠮᠤᠷᠳᠠᠭᠰᠠᠨ ᠡᠮᠦᠨ᠎ᠡ ᠬᠤᠢᠨᠠᠬᠢ ᠶᠠᠪᠤᠴᠠ᠎ᠶ᠋ᠢ ᠠᠮᠢᠳᠤ ᠳᠦᠷᠰᠦᠯᠢᠭ ᠳᠡᠯᠭᠡᠨ ᠦᠵᠡᠭᠦᠯᠵᠦ᠍᠂ ᠡᠨᠡ ᠬᠦ᠌ ᠡᠮᠡᠭ᠌ᠲᠡᠢ ᠵᠢᠨ ᠦᠨᠳᠦᠰᠦᠲᠡᠨ᠎ᠤ ᠨᠥᠬᠦᠷᠯᠡᠯ᠎ᠢ ᠠᠬᠢᠭᠤᠯᠤᠭᠰᠠᠨ ᠵᠢᠴᠢ ᠠᠵᠤ ᠠᠬᠤᠶ ᠰᠣᠶᠣᠯ᠎ᠤᠨ ᠰᠣᠯᠢᠯᠴᠠᠭᠠᠨ᠎ᠳᠤ ᠦᠵᠡᠭᠦᠯᠦᠭ᠌ᠰᠡᠨ ᠲᠣᠪᠤᠢᠮ᠎ᠠ ᠬᠤᠪᠢ ᠨᠡᠮᠡᠷᠢ᠎ᠶ᠋ᠢ ᠮᠠᠭ᠍ᠲᠠᠨ ᠳᠠᠭᠤᠯᠠᠵᠠᠢ᠃
《ᠳᠤᠮᠳᠠᠳᠤ ᠤᠯᠤᠰ᠎ᠤᠨ ᠡᠷᠲᠡᠨ᠎ᠤ ᠡᠪᠰᠡᠯ ᠤᠷᠤᠭ᠎ᠤᠨ ᠰᠣᠶᠣᠯ᠎ᠤᠨ ᠦᠵᠡᠰᠭᠦᠯᠡᠩ》ᠪᠣᠯ ᠵᠣᠣ ᠵᠢᠶᠦ᠋ᠨ᠎ᠤ ᠮᠦᠽᠧᠶ᠎ᠶ᠋ᠢᠨ ᠬᠦᠷᠢᠶᠡᠯᠡᠩ᠎ᠤᠨ ᠤᠨᠴᠠᠯᠢᠭ᠍ᠳᠤ ᠦᠵᠡᠰᠭᠦᠯᠡᠩ᠎ᠤᠨ ᠨᠢᠭᠡ ᠪᠤᠯᠤᠨ᠎ᠠ᠂ ᠪᠠᠰᠠ ᠴᠤ᠌ ᠮᠠᠨ᠎ᠤ ᠤᠯᠤᠰ᠎ᠤᠨ ᠣᠳᠣᠬᠠᠨ᠎ᠤ ᠳᠤᠮᠳᠠᠳᠤ ᠤᠯᠤᠰ᠎ᠤᠨ ᠡᠷᠲᠡᠨ᠎ᠤ ᠡᠪᠰᠡᠯ ᠤᠷᠤᠭ᠎ᠤᠨ ᠰᠣᠶᠣᠯ᠎ᠢ ᠪᠥᠬᠦ᠌ ᠲᠠᠯ᠎ᠠ᠎ᠪᠠᠷ ᠱᠢᠰᠲ᠋ᠧᠮ᠎ᠲᠠᠢ ᠳᠡᠯᠭᠡᠨ ᠦᠵᠡᠭᠦᠯᠦᠭᠰᠡᠨ ᠴᠣᠷ᠎ᠤᠨ ᠭᠠᠭ᠍ᠴᠠ ᠲᠤᠰᠭᠠᠶ ᠰᠡᠳᠦᠪᠲᠦ ᠦᠵᠡᠰᠭᠦᠯᠡᠩ ᠪᠤᠯᠬᠤ ᠶᠤᠮ᠃ ᠲᠤᠰ ᠮᠦᠽᠸᠢ ᠪᠡᠷ ᠲᠣᠭᠣᠷᠢᠨ ᠦᠵᠡᠬᠦ᠌ ᠬᠥᠮᠥᠨ ᠨᠡᠯᠢᠶᠡᠳ ᠣᠯᠠᠨ᠂ ᠦᠵᠡᠬᠦ᠌ ᠴᠠᠭ ᠨᠢ ᠪᠠᠰᠠ ᠤᠷᠲᠤ ᠪᠠᠢᠬᠤ ᠵᠢ ᠵᠤᠬᠢᠶᠠᠭᠴᠢ ᠠᠵᠢᠭᠯᠠᠵᠤ ᠮᠡᠳᠡᠪᠡ᠃ ᠭᠣᠣᠯ ᠨᠢ ᠣᠯᠠᠩᠬᠢ ᠬᠥᠮᠥᠨ ᠡᠨᠡ ᠲᠠᠯ᠎ᠠ᠎ᠶ᠋ᠢᠨ ᠮᠡᠳ᠋ᠡᠯᠭᠡ ᠳᠤᠲᠠᠮᠠᠭ᠎ᠠᠴᠠ ᠪᠣᠯᠣᠭ᠍ᠰᠠᠨ ᠪᠤᠶᠤ ᠶᠠᠭ ᠣᠢᠯᠠᠭᠠᠬᠤ ᠦᠭᠡᠢ ᠡᠴᠡ ᠪᠤᠯᠵᠠᠢ᠃ ᠪᠦᠬᠦ᠋ᠢᠯᠡ ᠦᠵᠡᠰᠭᠦᠯᠡᠩ᠎ᠢ ᠴᠢᠨ ᠤᠯᠤᠰ᠎ᠡᠴᠡ ᠡᠮᠦᠨᠡᠬᠢ ᠦᠶ᠎ᠡ᠂ ᠬᠤᠶᠠᠷ ᠬᠠᠨ ᠤᠯᠤᠰ᠎ᠤᠨ ᠦᠶ᠎ᠡ᠂ ᠰᠦᠢ ᠲᠠᠩ᠎ᠤᠨ ᠦᠶ᠎ᠡ ᠬᠢᠭᠡᠳ ᠶᠤᠸᠠᠨ ᠤᠯᠤᠰ᠎ᠤᠨ ᠦᠶ᠎ᠡ ᠵᠡᠷᠭᠡ ᠲᠤᠯᠤᠭᠠᠨ ᠪᠦᠯᠦᠭ ᠬᠤᠪᠢᠶᠠᠵᠠᠢ᠃ ᠣᠢ᠌ᠯᠠᠭᠠᠬ᠍ᠰᠠᠨ ᠵᠢᠠᠷ᠂ ᠡᠪᠰᠡᠯ ᠤᠷᠤᠭ ᠪᠤᠯ ᠤᠯᠤᠰ᠎ᠤᠨ ᠶᠠᠭᠡ ᠶᠠᠪᠤᠲᠠᠯ ᠪᠤᠯᠤᠨ᠎ᠠ᠂ ᠲᠠᠢ᠌ᠠ ᠪᠠ ᠡᠩᠬᠡ ᠲᠠᠢᠪᠤᠩ᠂ ᠬᠢᠯᠢ ᠬᠢᠵᠠᠭᠠᠷ ᠣᠷᠣᠠ ᠪᠤᠯᠣᠠ ᠦᠠᠲᠣᠰᠣᠲᠠᠨ᠂ ᠭᠠᠲᠠᠭᠠᠲᠤ ᠬᠠᠷᠢᠯᠴᠠᠭ᠎ᠠ ᠪᠤᠯᠣᠠ ᠳᠣᠲᠣᠭᠠᠲᠤ ᠵᠠᠰᠠᠭ ᠯᠣᠭ᠎ᠠ ᠬᠣᠯᠪᠤᠬ᠍ᠲᠠᠯ ᠪᠦᠬᠦᠢ ᠳᠦᠷᠤ᠎ᠶ᠋ᠢᠨ ᠪᠤᠲᠣᠯᠭ᠎ᠠ᠎ᠶ᠋ᠢᠨ ᠳᠣᠭᠢᠷᠠᠭᠣᠯᠣᠯᠲᠠ ᠵᠠᠷᠭᠡ ᠴᠢᠬᠣᠯᠠ ᠶᠠᠭᠡ ᠠᠰᠠᠭᠣᠲᠠᠯ᠎ᠲᠠᠢ ᠬᠣᠯᠪᠤᠬ᠍ᠲᠠᠵᠤ ᠪᠠᠢ᠌ᠲᠠᠭ᠃ ᠲᠡᠦᠬᠡᠨ᠎ᠳᠤ ᠲᠡᠮᠳᠡᠭ᠌ᠯᠡᠭᠳᠡᠭᠰᠡᠨ ᠳᠤᠮᠳᠠᠳᠤ ᠤᠯᠤᠰ᠎ᠦᠨ ᠡᠷᠲᠡᠨ᠎ᠤ ᠦᠶ᠎ᠡ᠎ᠵᠢᠨ ᠡᠪᠰᠡᠯ ᠤᠷᠤᠭ᠎ᠤᠨ ᠶᠠᠪᠤᠳᠠᠯ 800 ᠭᠠᠷᠤᠶ ᠤᠳᠠᠭ᠍ᠠᠳᠤ ᠬᠦᠷᠴᠡᠶ᠃ ᠳᠤᠮᠳᠠᠳᠤ ᠤᠯᠤᠰ᠎ᠤᠨ ᠡᠷᠲᠡᠨ᠎ᠦ ᠡᠪᠰᠡᠯ ᠤᠷᠤᠭ᠎ᠤᠨ ᠲᠡᠦᠬᠡ᠎ᠶ᠋ᠢ ᠭᠤᠯᠳᠤ ᠪᠡᠷ ᠠᠵᠢᠭ᠍ᠯᠠᠬᠤ᠎ᠳᠤ ᠤᠯᠠᠨ ᠴᠢᠬᠤᠯᠠ ᠡᠪᠰᠡᠯ ᠤᠷᠤᠭᠣᠳᠣᠶ᠋ᠢᠨ ᠥᠪᠥᠷ ᠮᠣᠩᠭᠣᠯ ᠣᠷᠣᠨ᠎ᠳᠤ ᠡᠭᠦᠰᠦᠭ᠌ᠰᠡᠨ ᠪᠤᠶᠤ ᠮᠣᠩᠭᠣᠯ᠎ᠤᠨ ᠥᠨᠳᠥᠷᠯᠢᠭ ᠳᠡᠭᠡᠷ᠎ᠡ ᠤᠷᠤᠰᠢᠨ ᠲᠤᠭᠲᠠᠨᠢᠵᠤ ᠪᠠᠢᠬᠰᠠᠨ ᠣᠯᠠᠨ ᠵᠠᠰᠠᠭ᠎ᠤᠨ ᠡᠷᠬᠡ ᠲᠠᠢ ᠨᠢᠭ᠍ᠲᠠ ᠬᠣᠯᠪᠣᠭ᠎ᠠ᠎ᠲᠠᠢ᠃

ᠵᠤᠤ ᠵᠢᠶᠦᠢ᠍ᠨ ᠤ ᠡᠪᠰᠡᠯ ᠤᠷᠤᠭ᠎ᠤᠨ ᠬᠦᠷᠡᠯ ᠱᠤᠭᠤᠮᠠᠯ
ᠮᠦᠽᠧᠢ᠎ᠶ᠋ᠢᠨ ᠬᠦᠷᠢᠶᠡᠯᠡᠩ᠎ᠤᠨ ᠬᠠᠮᠤᠭ᠎ᠤᠨ ᠬᠤᠢᠳᠦ ᠬᠡᠰᠡᠭ᠎ᠲᠦ ᠵᠣᠣ ᠵᠢᠶᠦ᠋ᠨ᠎ᠤ ᠤᠩᠭᠤᠨ ᠪᠤᠢ᠂ ᠦᠨᠳᠦᠷ᠎ᠨᠢ ᠪᠠᠷᠤᠭ 33 ᠮᠧᠲᠷ᠂ ᠪᠠᠷᠤᠭ 20 ᠮᠦ᠍ ᠲᠠᠯᠠᠪᠠᠢᠡᠵᠡᠯᠡᠵᠦ ᠪᠤᠢ᠃ ᠤᠩᠭᠤᠨ᠎ᠤ ᠡᠮᠦᠨ᠎ᠡ ᠬᠦᠷᠦᠭᠡᠳ᠂ ᠠᠭᠤᠵᠢᠮ ᠴᠢᠯᠠᠭᠤᠨ ᠢᠨᠳᠡᠷᠢ ᠦᠭᠰᠦᠨ ᠭᠠᠷᠪᠠᠯ᠂ ᠵᠠᠮ ᠵᠠᠭᠤᠷ᠎ᠠ ᠲᠡᠭᠰᠢ ᠭᠠᠵᠠᠷ ᠳᠡᠭᠡᠷ᠎ᠡ 2 ᠵᠢᠷᠭᠤᠭᠠᠨ ᠥᠨᠴᠥᠭ᠎ᠲᠤ ᠰᠡᠷᠢᠭᠦᠴᠡᠬᠦ ᠲᠢᠩᠰᠡ᠎ᠲᠠᠢ᠂ ᠲᠢᠩᠰᠡᠨ ᠳᠤᠲᠤᠷ᠎ᠠ ᠭᠠᠨᠳᠢᠭ ᠴᠢᠯᠠᠭᠤ ᠪᠡᠷ ᠬᠢᠭᠰᠡᠨ ᠬᠤᠶᠠᠷ ᠬᠥᠱᠢᠶ᠎ᠡ ᠲᠠᠢ᠂ ᠳᠡᠭᠡᠷ᠎ᠡ ᠨᠢ ᠮᠣᠩᠭᠤᠯ ᠬᠢᠲᠠᠳ ᠦᠰᠦᠭ᠎ᠢᠶᠠᠷ《ᠸᠠᠩ ᠵᠣᠣ ᠵᠢᠶᠦ᠋ᠨ᠎ᠤ ᠤᠩᠭᠤ᠎ᠨᠢ ᠬᠥᠬᠡᠬᠤᠲᠠ᠎ᠶ᠋ᠢᠨ ᠠᠷᠠᠳ᠎ᠤᠨ ᠵᠠᠰᠠᠭ᠎ᠤᠨ ᠣᠷᠳᠣᠨ 1997 ᠣᠨ᠎ᠳᠤ ᠪᠤᠰᠬᠠᠵᠠᠢ》 ᠭᠡᠵᠦ ᠪᠢᠴᠢᠵᠦ ᠪᠤᠢ᠃ ᠣᠩᠭᠤᠨ᠎ᠤ ᠣᠷᠣᠢᠳᠡᠭᠡᠷᠡᠬᠢ ᠲᠢᠩᠰᠡᠨᠤ ᠭᠤᠤᠯ᠎ᠳᠤ ᠴᠢᠯᠠᠭᠤᠨ ᠬᠦᠱᠢᠶ᠎ᠡ ᠪᠣᠰᠭᠠᠵᠤ᠂ ᠨᠢᠭᠤᠷ ᠲᠠᠯ᠎ᠠ ᠳ᠋ᠤᠨᠢ ᠸᠠᠩ ᠵᠤᠤ ᠵᠢᠶᠦ᠋ᠨ᠎ᠤ ᠬᠦᠷᠦᠭ᠎ᠢ ᠰᠡᠢᠯᠵᠤ᠂ ᠠᠷᠤ ᠲᠠᠯ᠎ᠠ ᠳ᠋ᠤᠨᠢ ᠪᠢᠴᠢᠭᠡᠰᠦ ᠲᠠᠢ᠃ ᠤᠩᠭᠤᠨ᠎ᠤ ᠨᠢᠭᠤᠷ ᠲᠠᠯ᠎ᠠ᠎ᠶ᠋ᠢᠨ ᠵᠡᠭᠦᠨ ᠪᠠᠷᠠᠭᠤᠨ ᠬᠤᠶᠠᠷ ᠲᠠᠯ᠎ᠠ᠎ᠳᠤ ᠴᠢᠩ ᠤᠯᠤᠰ᠎ᠤᠨ ᠰᠡᠭᠦᠯᠴᠢ ᠢᠷᠭᠡᠨ ᠤᠯᠤᠰ᠎ᠤᠨ ᠦᠶ᠎ᠡ᠎ᠶ᠋ᠢᠨ 8 ᠴᠢᠯᠠᠭᠤᠨ ᠬᠦᠱᠢᠶ᠎ᠡ ᠪᠤᠢ᠃ ᠣᠩᠭᠤ᠎ᠨᠢ ᠳᠣᠭᠤᠷᠢᠨ ᠶᠠᠪᠤᠬᠤ᠎ᠳᠤ ᠣᠩᠭᠤᠨ᠎ᠤ ᠳᠤᠤᠷ᠎ᠠ ᠡᠪᠡᠰᠦ ᠮᠣᠳᠣ ᠬᠤᠸᠠᠷ ᠴᠡᠴᠡᠭ ᠲᠠᠷᠢᠵᠦ᠍᠂ ᠣᠩᠭᠤᠨ᠎ᠤ ᠭᠠᠳᠠᠷ ᠲᠠᠯ᠎ᠠ᠎ᠶ᠋ᠢᠨ ᠬᠠᠮᠠᠭᠠᠯᠠᠯᠲᠠ᠎ᠶ᠋ᠢᠨ ᠬᠡᠷᠡᠮᠳᠡᠭᠡᠷᠡ ᠣᠳᠣ ᠦᠶ᠎ᠡ᠎ᠶ᠋ᠢᠨ ᠤᠷᠠᠨ ᠪᠢᠴᠢᠯᠭᠡᠲᠡᠨ᠎ᠤ ᠪᠢᠴᠢᠭ᠌ᠰᠡᠨ 37 ᠬᠡᠰᠡᠭ ᠵᠣᠣ ᠵᠢᠶᠦ᠋ᠨ᠎ᠢ ᠮᠠᠭ᠍ᠲᠠᠨ ᠳᠠᠭᠤᠯᠠᠭᠰᠠᠨ ᠱᠢᠯᠦᠭ ᠰᠡᠢᠯᠦᠭᠡᠰᠦᠲᠡᠢ᠃ ᠤᠩᠭᠤᠨ᠎ᠤ ᠬᠦᠷᠢᠶᠡᠯᠡᠩ᠎ᠳᠤ ᠨᠠᠷᠠᠰᠤ ᠮᠠᠢᠯᠠᠰᠤ ᠬᠥᠬᠡᠷᠡᠨ ᠨᠣᠭᠤᠭᠠᠷᠠᠵᠤ᠂ ᠤᠳᠠ ᠤᠯᠢᠶᠠᠰᠤᠵᠢᠭ᠌ᠳᠠᠷᠠᠨ᠂ ᠱᠢᠪᠠᠭᠤᠳ ᠵᠢᠷᠭᠢᠨ ᠪᠠᠢᠨ ᠪᠠᠢᠨ ᠠᠭᠠᠷ᠎ᠢ ᠵᠦᠰᠦᠨ ᠤᠳᠤᠨ᠎ᠠ ᠁
ᠵᠣᠣ ᠵᠢᠶᠦ᠋ᠨᠦ᠌ ᠣᠩᠭᠤᠨ ᠡᠴᠡᠭᠠᠷᠴᠤ ᠢᠷᠡᠭᠡᠳᠵᠣᠬᠢᠶᠠᠭ᠍ᠴᠢ ᠵᠢᠨ ᠠᠶᠤᠤᠯᠢᠬᠠᠢ ᠴᠡᠭᠡᠵᠢᠨ᠎ᠳᠤ ᠠᠷᠪᠢᠨ ᠪᠤᠳᠤᠯ ᠴᠠᠬᠢᠯᠤᠨ ᠪᠠᠭᠤᠯ᠎ᠠ᠃ ᠣᠳᠣᠠ᠋ᠴᠠ ᠪᠠᠷᠤᠭ 2000 ᠭᠠᠷᠤᠢ ᠵᠢᠯ᠎ᠤᠨ ᠳᠡᠷᠲᠡᠭᠡ ᠠᠮᠢᠳᠤᠷᠠᠵᠤ ᠪᠠᠢᠬᠰᠠᠨ ᠡᠨᠡ ᠬᠦ᠌ ᠬᠠᠨ᠎ᠤ ᠦᠶ᠎ᠡ ᠵᠢᠨ ᠡᠮᠡᠭᠳᠡᠢ ᠲᠡᠦᠬᠡ ᠪᠣᠯᠤᠨ ᠪᠣᠳᠠᠲᠤ ᠠᠬᠤᠢ ᠵᠢᠨ ᠴᠠᠭ ᠵᠠᠢᠳ᠋ᠤ ᠮᠥᠨ ᠯᠡ ᠭᠡᠷᠡᠯ ᠭᠢᠯᠪᠠᠭ᠎ᠠ ᠪᠠᠨ ᠰᠠᠴᠤᠷᠠᠭᠤᠯᠬᠤ ᠨᠢ ᠶᠠᠭᠤᠲᠠᠢ ᠬᠦᠮᠦᠨ᠎ᠤ ᠬᠠᠢᠷ᠎ᠠ ᠳᠤᠷᠠᠰᠤᠮᠵᠢ᠂ ᠮᠠᠭᠲᠠᠭᠠᠯ ᠰᠠᠢᠰᠢᠶᠠᠯ᠎ᠢ ᠬᠦᠷᠲᠡᠬᠦ ᠠᠵᠢ᠃ ᠨᠢᠭᠡᠳ᠋ᠦ᠂ ᠬᠥᠬᠡᠬᠤᠲᠠ᠎ᠶ᠋ᠢᠨ ᠡᠮᠦᠨ᠎ᠡ ᠲᠡᠭᠦᠷᠭᠡ ᠳ᠋ᠦ ᠬᠥᠬᠡ ᠪᠤᠩᠬᠤᠨ ᠬᠡᠮᠡᠭ᠌ᠳᠡᠳᠡᠭᠵᠤᠤ ᠵᠢᠶᠦ᠋ᠨ᠎ᠤ ᠤᠩᠭᠤᠨ ᠡᠴᠡ ᠭᠠᠳᠠᠨ᠎ᠠ᠂ ᠥᠪᠥᠷ ᠮᠣᠩᠭᠤᠯ ᠪᠣᠯᠤᠨ ᠱᠠᠨ ᠰᠢ᠎ᠶ᠋ᠢᠨ ᠬᠤᠢᠲᠤ ᠬᠡᠰᠡᠭ᠎ᠲᠤ ᠤᠯᠠᠮᠵᠢᠯᠠᠨ ᠶᠠᠷᠢᠭᠳᠠᠵᠤ ᠪᠠᠢᠭ᠎ᠠ ᠵᠣᠣ ᠵᠢᠶᠦ᠋ᠨ᠎ᠤ ᠣᠩᠭᠤᠨ ᠪᠠᠰᠠ ᠠᠷᠪᠠᠨ ᠬᠡᠳᠦ ᠪᠤᠢ᠃ ᠬᠣᠶᠠᠷ᠎ᠲᠤ᠂ ᠬᠣᠯᠪᠣᠭ᠍ᠳᠠᠯ ᠪᠦᠬᠦᠢ ᠲᠤᠰᠭᠠᠢ ᠮᠡᠷᠭᠡᠵᠢᠯᠲᠡᠨ᠎ᠤ ᠶᠠᠷᠢᠭᠰᠠᠨ ᠵᠢᠡᠷ᠂ᠸᠠᠩ ᠵᠣᠣ ᠵᠢᠶᠦ᠋ᠨ᠎ᠦ ᠲᠡᠦᠬᠡᠨ ᠳᠡᠭᠡᠷᠡᠬᠢ ᠪᠠᠢ᠍ᠢᠷᠢ ᠰᠠᠭᠤᠷᠢ᠎ᠪᠠᠷ ᠠᠪᠴᠤ ᠬᠡᠯᠡᠪᠡᠯ᠂ ᠡᠢᠮᠦ ᠤᠩᠭᠤᠨ ᠤᠷᠤᠰᠢᠭᠤᠯᠭ᠎ᠠ ᠵᠢᠨ ᠬᠡᠪᠴᠢᠶ᠎ᠠ ᠨᠢ ᠳᠥᠷᠢᠮᠭᠤᠷᠢᠮ ᠡᠴᠡ ᠳᠠᠪᠠᠭ᠍ᠰᠠᠨ ᠨᠢ ᠢᠯᠡᠷᠬᠡᠢ᠃ ᠭᠡᠪᠡᠴᠦ᠍ ᠡᠨᠡ ᠪᠤᠯ ᠬᠣᠵᠢᠮ᠎ᠤᠨ ᠬᠦᠮᠦᠰ᠎ᠤᠨ ᠲᠡᠭᠦᠨ᠎ᠤ ᠭᠠᠷᠮᠠᠭᠠᠢ ᠭᠠᠪᠢᠶ᠎ᠠ ᠵᠢᠳᠭᠦᠯ᠎ᠢ ᠴᠢᠩ ᠰᠡᠳᠭᠢᠯ ᠡᠴᠡ ᠪᠠᠨ ᠳᠤᠷᠠᠳᠬᠠᠵᠤ ᠪᠠᠢᠭ᠎ᠠ ᠶᠠᠪᠤᠳᠠᠯ ᠪᠤᠯᠤᠨ᠎ᠠ᠃ ᠭᠤᠷᠪᠠᠳ᠋ᠤ᠂ ᠡᠷᠲᠡᠨ᠎ᠦ᠌ ᠦᠶ᠎ᠡ᠎ᠳᠤ ᠵᠣᠣ ᠵᠢᠶᠦ᠋ᠨᠵᠢᠡᠷ ᠰᠡᠳᠦᠪᠯᠡᠭᠰᠡᠨ ᠤᠳᠭ᠎ᠠ ᠵᠣᠬᠢᠶᠠᠯ᠎ᠤ᠋ᠨ ᠪᠦᠲᠦᠭᠡᠯ ᠮᠠᠰᠢ ᠠᠷᠪᠢᠨ ᠪᠠᠢᠳᠠᠭ᠂ ᠪᠦᠷᠢᠨ ᠪᠤᠰᠤ ᠪᠦᠷᠢᠳᠭᠡᠯᠢ᠋ ᠦᠨᠳᠦᠰᠦᠯᠡᠪᠡᠯ᠂ ᠦᠩᠭᠡᠷᠡᠭᠰᠡᠨ ᠦᠶ᠎ᠡ᠎ᠶᠢᠨ ᠸᠠᠩ ᠵᠣᠣ ᠵᠢᠶᠦ᠋ᠨ᠎ᠢ ᠮᠠᠭᠲᠠᠨ ᠳᠠᠭᠤᠯᠠᠭᠰᠠᠨ ᠱᠢᠯᠦᠭ ᠳᠠᠭᠤᠯᠠᠯ ᠮᠢᠩᠭ᠎ᠠ ᠭᠠᠷᠤᠢ ᠪᠠᠢᠵᠤ᠂ ᠱ᠋ᠢ ᠵᠦᠴᠦᠭᠡ ᠪᠠᠷᠤᠭ ᠲᠠᠪᠢᠨ ᠵᠦᠢᠯ᠂ ᠷᠤᠮᠠᠨ ᠪᠠᠷᠤᠭ ᠬᠣᠷᠢᠨ ᠵᠦᠢᠯ ᠪᠤᠢ᠃ ᠡᠴᠦᠰ ᠲᠦ᠍᠂ ᠤᠯᠠᠨ ᠵᠢᠯ᠎ᠦᠨ ᠲᠤᠷᠰᠢ᠂ ᠬᠢᠲᠠᠳ ᠦᠨᠳᠦᠰᠦᠲᠡᠨ ᠪᠣᠯᠣᠨ ᠤᠮᠠᠷᠠᠲᠤ ᠵᠢᠨ ᠴᠥᠭᠡᠨ ᠲᠣᠭᠠᠲᠤ ᠦᠨᠳᠦᠰᠦᠲᠡᠨ᠎ᠦ ᠳᠤᠮᠳᠠ ᠵᠤᠤ ᠵᠢᠶᠦ᠋ᠨ᠎ᠤ ᠳᠤᠮᠤᠭ ᠦᠯᠢᠭᠡᠷ ᠮᠠᠰᠢ ᠣᠯᠠᠨ ᠤᠯᠠᠮᠵᠢᠯᠠᠭ᠍ᠳᠠᠵᠤ ᠪᠤᠢ᠃ ᠡᠳᠡᠭᠡᠷ ᠦᠯᠢᠭᠡᠷ ᠲᠡᠭᠦᠨ᠎ᠦ ᠠᠮᠢᠳᠤ ᠰᠡᠷᠡᠭᠦᠨ ᠪᠠᠢᠬᠤ᠎ᠳᠠᠭᠠᠨ ᠬᠦᠮᠦᠰ᠎ᠢ ᠬᠠᠪᠰᠤᠷᠤᠨ ᠦᠢᠯᠡᠳᠪᠦᠷᠢᠯᠡᠯ᠎ᠢ ᠬᠦᠭᠵᠢᠭᠦᠯᠦᠭᠰᠡᠨ᠂ ᠠᠮᠢᠳᠤᠷᠠᠯ ᠠᠬᠤᠢ ᠵᠢ ᠰᠠᠢᠵᠢᠷᠠᠭᠤᠯᠤᠭᠰᠠᠨ ᠲᠤᠬᠠᠢ ᠶᠠᠷᠢᠵᠠᠢ᠃ ᠣᠳᠣ ᠱᠢᠨ᠎ᠡ ᠳᠣᠮᠣᠭ ᠴᠦ᠍ ᠲᠠᠰᠤᠷᠠᠯᠲᠠ ᠦᠭᠡᠢ ᠪᠤᠢ ᠪᠤᠯᠵᠤ ᠪᠠᠢᠨ᠎ᠠ ᠁
《ᠬᠠᠨ ᠤᠯᠤᠰ᠎ᠤᠨ ᠪᠢᠴᠢᠭ·ᠾᠦᠩᠨᠦ᠍᠎ᠶ᠋ᠢᠨ ᠨᠠᠮᠲᠠᠷ》ᠲᠦ᠍ ᠵᠤᠤ ᠵᠢᠶᠦ᠋ᠨ ᠪᠣᠭᠤᠮᠲᠠ ᠵᠢᠨ ᠭᠠᠳᠠᠨ᠎ᠠ ᠮᠤᠷᠳᠠᠭᠰᠠᠨᠤ ᠳᠠᠷᠠᠭ᠎ᠠ᠂ ᠬᠢᠯᠢ ᠬᠢᠵᠠᠭᠠᠷ ᠤᠷᠤᠨ ᠠᠮᠤᠷ ᠲᠣᠭ᠍ᠲᠠᠭᠤᠨ ᠬᠦᠭᠵᠢᠨ ᠴᠡᠴᠡᠭᠯᠡᠭᠰᠡᠨᠢ ᠮᠠᠭ᠍ᠲᠠᠨ ᠰᠠᠢᠱᠢᠶᠠᠭᠰᠠᠨ ᠪᠠᠢᠳᠠᠭ᠃ ᠲᠡᠷᠡ ᠨᠠᠰᠤ ᠪᠠᠷᠠᠭ᠍ᠰᠠᠨ᠎ᠤ ᠳᠠᠷᠠᠭ᠎ᠠ ᠲᠡᠭᠦᠨ᠎ᠤ ᠠᠴᠢ ᠬᠦᠪᠡᠭᠦᠨ᠂ ᠬᠦᠪᠡᠭᠦᠨ᠂ ᠥᠬᠢᠨ᠂ ᠬᠦᠷᠭᠡᠨ᠂ ᠵᠢᠭᠡ ᠭᠤᠷᠪᠠᠨ ᠦᠶ᠎ᠡ᠎ᠶ᠋ᠢᠨ ᠠᠷᠪᠠ ᠭᠠᠷᠤᠢ ᠬᠥᠮᠥᠨ ᠦᠷᠭᠦᠯᠵᠢᠯᠡᠨ ᠬᠠᠨ ᠤᠯᠤᠰ ᠪᠤᠯᠤᠨ ᠾᠦᠩᠨᠤ ᠵᠢᠨ ᠨᠦᠬᠦᠷᠰᠡᠭ ᠬᠠᠷᠢᠴᠠᠭᠠᠨ᠎ᠤ ᠲᠦᠯᠦᠭᠡ ᠵᠢᠳᠬᠦᠵᠦ᠍᠂ ᠵᠠᠷᠢᠮ᠎ᠨᠢ ᠴᠢᠨᠠᠭ᠍ᠰᠢᠯᠠᠪᠠᠯ ᠡᠭᠦᠨ᠎ᠤ ᠲᠦᠯᠦᠭᠡ ᠠᠮᠢ ᠨᠠᠰᠤ᠎ᠪᠠᠨ ᠵᠣᠷᠢᠭᠤᠯᠵᠠᠢ᠃ ᠡᠷᠳᠡᠮᠲᠡᠨ ᠮᠠ ᠵᠢᠢ᠄《ᠨᠢᠭᠡ ᠭᠡᠷ᠎ᠤᠨ ᠭᠤᠷᠪᠠᠨ ᠦᠶ᠎ᠡ᠂ ᠲᠥᠷᠥᠯ ᠰᠠᠳᠤᠨ᠎ᠢ ᠨᠢ ᠪᠠᠭ᠍ᠲᠠᠭᠠᠨ᠎ᠠ᠂ 60 ᠭᠠᠷᠤᠢ ᠵᠢᠯ᠎ᠦᠨ ᠲᠤᠷᠰᠢ ᠤᠷᠲᠤ ᠬᠤᠭᠤᠴᠠᠭ᠎ᠠ ᠡᠰᠡᠷᠭᠦᠴᠡᠯᠳᠦᠭᠰᠡᠨ ᠬᠣᠶᠠᠷ ᠬᠦᠴᠦᠷᠬᠡᠭ ᠦᠨᠳᠦᠰᠦᠲᠡᠨ᠎ᠦ ᠡᠩᠬᠡ ᠲᠠᠢᠪᠤᠩ ᠨᠥᠬᠥᠷᠯᠡᠯ᠎ᠤᠨ ᠦᠢᠯᠡᠰ᠎ᠤᠨ ᠲᠦᠯᠦᠭᠡ ᠰᠢᠨᠲᠠᠷᠠᠰᠢ ᠦᠭᠡᠢ ᠵᠢᠳᠭᠦᠨ᠂ ᠠᠮᠢ ᠪᠡᠶ᠎ᠡ᠎ᠪᠡᠨ ᠵᠣᠷᠢᠭᠤᠯᠤᠭᠰᠠᠨ ᠦᠯᠢᠭᠡᠷ ᠵᠢᠱ᠌ᠢᠶ᠎ᠡ ᠳᠤᠮᠳᠠᠳᠤ ᠤᠯᠤᠰ᠎ᠤᠨ ᠲᠡᠦᠬᠡᠨ ᠳᠡᠭᠡᠷ᠎ᠡ ᠲᠤᠩ ᠬᠤᠪᠤᠷ ᠪᠥᠭᠡᠳ ᠳᠡᠯᠡᠬᠡᠢ᠎ᠶ᠋ᠢᠨ ᠲᠡᠦᠬᠡᠨ ᠳᠡᠭᠡᠷ᠎ᠡ ᠴᠤ᠌ ᠠᠷᠪᠢᠨ ᠬᠠᠷᠠᠭ᠍ᠳᠠᠬᠤ᠎ᠦᠭᠡᠢ》ᠭᠡᠵᠦ ᠮᠠᠭᠲᠠᠭᠰᠠᠨ ᠪᠠᠢᠨ᠎ᠠ᠃
ᠸᠠᠩ ᠵᠤᠤ ᠵᠢᠶᠦ᠋ᠨ ᠪᠤᠭᠤᠮᠲᠠ ᠡᠴᠡ ᠭᠠᠷᠴᠤ ᠭ᠋ᠦ ᠬᠠᠨ ᠴᠠᠨ ᠢᠤᠢ ᠲᠠᠢ ᠬᠤᠷᠢᠮᠯᠠᠭᠰᠠᠨᠤ ᠳᠠᠷᠠᠭ᠎ᠠ ᠬᠦᠦ ᠲᠠᠢ ᠪᠤᠯᠤᠭᠠᠳ ᠤᠳᠠᠯ ᠦᠭᠡᠢ ᠭ᠋ᠦ ᠬᠠᠨ ᠴᠠᠨ ᠢᠤᠢ ᠨᠠᠰᠤ ᠪᠠᠷᠠᠵᠤ᠂ ᠦᠭᠡᠯᠡᠢ ᠬᠦᠦ ᠹᠦ ᠵᠦ᠍ ᠯᠸᠢ ᠿᠦᠸᠸ ᠳ᠋ᠢ ᠴᠠᠨ ᠢᠤᠢ ᠰᠠᠭᠤᠷᠢᠨ᠎ᠢ ᠵᠠᠯᠭᠠᠮᠵᠢᠯᠠᠪᠠ᠃ ᠸᠠᠩ ᠵᠤᠤ ᠵᠢᠶᠦ᠋ᠨ ᠬᠠᠨ ᠤᠯᠤᠰ ᠲᠠᠭᠠᠨ ᠪᠤᠴᠠᠬᠤ ᠳᠤᠷᠠᠳᠤᠯᠭ᠎ᠠ ᠭᠠᠷᠭᠠᠭᠰᠠᠨ ᠪᠤᠯᠪᠠᠴᠤ ᠬᠠᠨ ᠤᠯᠤᠰ ᠲᠡᠭᠦᠨ᠎ᠳᠤ《ᠾᠦᠩᠨᠤ᠎ᠵᠢᠨ ᠵᠠᠩ ᠦᠢᠯᠡ ᠵᠢ ᠳᠠᠭᠠᠳᠤᠭᠠᠢ》ᠭᠡᠬᠦ ᠵᠠᠷᠯᠢᠬ ᠪᠠᠭᠤᠯᠭᠠᠪᠠ᠃ ᠸᠠᠩ ᠵᠤᠤ ᠵᠢᠶᠦ᠋ᠨ ᠬᠠᠨ ᠾᠦᠩᠨᠤ ᠵᠢᠨ ᠨᠦᠬᠦᠷᠰᠡᠭ ᠶᠠᠪᠤᠯᠴᠠᠭ᠎ᠠ ᠵᠢᠨ ᠲᠦᠯᠦᠭᠡ᠂ ᠠᠷᠭ᠎ᠠ ᠦᠭᠡᠢ ᠾᠦᠩᠨᠤ ᠵᠢᠨ ᠵᠠᠩ ᠦᠢᠯᠡ ᠵᠢ ᠳᠠᠭᠠᠵᠤ᠂ ᠹᠦ ᠵᠦ᠍ ᠯᠸᠢ ᠿᠦᠸᠸ ᠳ᠋ᠢ ᠴᠠᠨ ᠢᠤᠢ ᠲᠠᠢ ᠬᠤᠷᠢᠮᠯᠠᠵᠠᠢ᠃ ᠡᠭᠦᠨ ᠡᠴᠡ ᠰᠡᠭᠦᠯᠡᠷ ᠸᠠᠩ ᠵᠤᠤ ᠵᠢᠶᠦ᠋ᠨ ᠾᠦᠩᠨᠤ᠎ᠳᠤ ᠪᠠᠷᠤᠭ 30 ᠵᠢᠯ ᠠᠮᠢᠳᠤᠷᠠᠪᠠ᠃ ᠲᠡᠷᠡ ᠹᠦ ᠵᠦ᠍ ᠯᠸᠢ ᠿᠦᠸᠸ ᠳ᠋ᠢ ᠴᠠᠨ ᠢᠤᠢ ᠲᠠᠢ ᠬᠤᠷᠢᠮᠯᠠᠭᠠᠳ ᠬᠤᠶᠠᠷ ᠦᠬᠢᠨ ᠲᠦᠷᠦᠵᠠᠢ᠃ ᠹᠦ ᠵᠦ᠍ ᠯᠸᠢ ᠿᠦᠸᠸ ᠳ᠋ᠢ ᠴᠠᠨ ᠢᠤᠢ ᠲᠡᠭᠦᠨ ᠲᠠᠢ 11 ᠵᠢᠯ ᠠᠮᠢᠳᠤᠷᠠᠭᠠᠳ ᠨᠠᠰᠤ ᠪᠠᠷᠠᠪᠠ᠂ ᠲᠡᠷᠡ ᠦᠶ᠎ᠡ᠎ᠳᠤ ᠸᠠᠩ ᠵᠤᠤ ᠵᠢᠶᠦ᠋ᠨ 35 ᠨᠠᠰᠤ ᠬᠦᠷᠦᠭᠡᠳᠦᠢ ᠪᠠᠢᠯ᠎ᠠ᠃ ᠲᠡᠭᠦᠨ ᠡᠴᠡ ᠰᠡᠭᠦᠯᠡᠷ ᠸᠠᠩ ᠵᠤᠤ ᠵᠢᠶᠦ᠋ᠨ ᠨᠡᠢᠳᠡᠮ ᠾᠦᠩᠨᠤ᠎ᠳᠤ ᠠᠮᠢᠳᠤᠷᠠᠵᠤ᠂ ᠨᠠᠰᠤ ᠪᠠᠷᠠᠲᠠᠯ᠎ᠠ ᠪᠠᠨ ᠬᠠᠨ ᠤᠯᠤᠰ ᠲᠦ᠍ ᠪᠤᠴᠠᠭᠰᠠᠨ ᠦᠭᠡᠢ᠃ ᠨᠠᠰᠤ ᠪᠠᠷᠠᠭᠰᠠᠨ᠎ᠤ ᠳᠠᠷᠠᠭ᠎ᠠ ᠴᠠᠨ ᠢᠤᠢ ᠲᠡᠭᠦᠨ᠎ᠢ ᠤᠷᠢᠳ ᠭᠠᠷᠤᠭ᠎ᠠ ᠦᠭᠡᠢ ᠦᠪᠡᠳᠡᠭᠰᠢ ᠶᠡᠬᠡ ᠤᠯᠤᠰ᠎ᠤᠨ ᠤᠷᠤᠰᠢᠭᠤᠯᠭ᠎ᠠ ᠵᠢᠨ ᠶᠤᠰᠤᠯᠠᠯ ᠵᠢᠡᠷ ᠤᠷᠤᠰᠢᠭᠤᠯᠵᠤ᠂ ᠬᠠᠨ ᠤᠯᠤᠰ᠎ᠤᠨ ᠬᠠᠭᠠᠨ ᠴᠦ᠍ ᠡᠯᠴᠢ ᠲᠤᠮᠢᠯᠠᠨ ᠭᠠᠰᠢᠭᠤᠳᠠᠵᠤ᠂《ᠨᠦᠬᠦᠷᠰᠡᠭ ᠤᠯᠤᠰ᠎ᠤᠨ ᠤᠨᠴᠠᠭᠠᠢ ᠭᠠᠪᠢᠶᠠᠲᠠᠨ》 ᠭᠡᠵᠦ ᠮᠠᠭᠲᠠᠭᠰᠠᠨ ᠪᠠᠢᠳᠠᠭ᠃
ᠡᠳᠡᠭᠡᠷ ᠵᠢᠯ᠎ᠤᠳ᠎ᠲᠤ᠌᠂ ᠵᠤᠤ ᠵᠢᠶᠦ᠋ᠨ᠎ᠤ ᠮᠦᠽᠸᠢ᠎ᠶ᠋ᠢᠨ ᠬᠦᠷᠢᠶᠡᠯᠡᠩᠪᠦᠬᠦ᠌ ᠤᠯᠤᠰ᠎ᠤᠨ ᠡᠯ᠎ᠡ ᠭᠠᠵᠠᠷ᠎ᠤᠨ ᠵᠢᠭᠤᠯᠴᠢᠯᠠᠭᠴᠢᠳ᠎ᠢ ᠪᠦᠯᠦᠭ ᠪᠦᠯᠦᠭ ᠵᠢᠡᠷ ᠬᠦᠯᠢᠶᠠᠨ ᠠᠪᠴᠤ᠂ ᠠᠳᠡᠬᠢ ᠲᠡᠦᠬᠡ᠎ᠶ᠋ᠢᠨ ᠮᠦᠷ ᠤᠯᠪᠠᠭ᠎ᠠ ᠪᠡᠷ ᠳᠠᠮᠵᠢᠨ᠂ ᠲᠡᠳᠡ ᠸᠠᠩ ᠵᠤᠤ ᠵᠢᠶᠦ᠋ᠨ᠎ᠤ ᠡᠪᠰᠡᠯ ᠤᠷᠤᠭ᠎ᠤᠨ ᠲᠦᠯᠦᠭᠡ ᠪᠤᠭᠤᠮᠳᠠ ᠵᠢᠨ ᠭᠠᠳᠠᠨ᠎ᠠ ᠮᠤᠷᠳᠠᠭᠰᠠᠨᠢ ᠭᠦᠨᠵᠡᠭᠡᠢ ᠣᠢᠯᠠᠭᠠᠬᠤ᠎ᠪᠠᠷ ᠪᠠᠷᠠᠬᠤ ᠦᠭᠡᠢ᠂ ᠨᠡᠩ ᠴᠤ᠌ ᠦᠨᠳᠦᠰᠦᠲᠡᠨ᠎ᠤ ᠪᠦᠯᠬᠦᠮᠳᠡᠯ᠎ᠤᠨ ᠦᠷ᠎ᠡ᠎ᠶ᠋ᠢ ᠰᠡᠳᠬᠢᠯ᠎ᠤᠨ ᠭᠦᠨ᠎ᠳᠡᠭᠡᠨ ᠰᠣᠶᠣᠭᠠᠯᠠᠭᠤᠯᠵᠤ᠂ ᠡᠴᠦᠰ᠎ᠲᠡᠭᠡᠨ ᠦᠨᠳᠦᠰᠦᠲᠡᠨ᠎ᠤ ᠪᠦᠯᠬᠦᠮᠳᠡᠯ᠎ᠤᠨ ᠲᠩᠷᠢ ᠲᠤᠯᠤᠮ᠎ᠠ ᠪᠦᠳᠦᠭᠦᠨ ᠮᠣᠳᠣᠳ ᠪᠣᠯᠤᠨ ᠤᠷᠭᠤᠵᠤ᠂ ᠡᠳᠡᠭᠡᠷ ᠮᠣᠳᠣᠳ ᠪᠠᠲᠤ ᠪᠡᠬᠢ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ᠎ᠶ᠋ᠢᠨ ᠴᠣᠭ᠍ᠴᠠ᠎ᠶ᠋ᠢ ᠪᠦᠷᠢᠯᠳᠦᠭᠦᠯᠵᠡᠢ᠃
(ᠲᠤᠰ ᠨᠢᠭᠤᠷ᠎ᠤ᠋ᠨ ᠵᠢᠷᠤᠭ᠎ᠢ᠋ ᠵᠣᠣ ᠵᠢᠶᠦ᠋ᠨᠦ᠌ ᠮᠦᠽᠧᠢ᠎ᠶᠢᠨ ᠬᠦᠷᠢᠶᠡᠯᠡᠩᠬᠠᠩᠭᠠᠪᠠ)