ᠬᠥᠪᠴᠢ᠎ᠵᠢᠨ ᠡᠯᠡᠰᠦ᠎ᠵᠢᠨ 《ᠨᠤᠮᠢᠨ ᠨᠤᠭᠤᠭᠠᠨ》᠎ᠢ᠋ ᠪᠠᠲᠤ ᠰᠠᠬᠢᠭᠴᠢᠳ
2025-07-14 10:07:25
ᠵᠣᠬᠢᠶᠠᠭ᠍ᠴᠢ᠄
ᠯᠢ ᠵᠦᠸᠸ ᠸᠠᠩ ᠱᠢᠶᠤᠤ ᠪᠥᠸᠧ ᠸᠠᠩ ᠫᠸᠩ
ᠣᠩᠱᠢᠭ᠍ᠰᠠᠨ ᠣᠳᠠᠭ᠎ᠠ᠄
★★★☆☆

7 ᠰᠠᠷ᠎ᠠ᠎ᠶ᠋ᠢᠨ ᠨᠡᠷᠡᠨ᠎ᠦ ᠬᠡᠷᠡᠯ ᠬᠥᠪᠴᠢ᠎ᠶ᠋ᠢᠨ ᠡᠯᠡᠰᠦᠨ᠎ᠦ ᠬᠣᠢᠲᠤ ᠵᠠᠬ᠎ᠠ᠎ᠳᠠᠬᠢ ᠣᠶ᠎ᠳᠤ ᠲᠤᠰᠴᠤ᠌᠂ ᠡᠯᠡᠰᠦᠨ ᠪᠤᠷᠭᠠᠰᠤ᠂ ᠵᠢᠭᠳᠡ᠂ ᠤᠯᠢᠶᠠᠰᠤ᠂ ᠨᠠᠢᠯᠵᠠᠭᠤᠷ ᠬᠠᠷᠭᠠᠨ᠎ᠠ ᠵᠡᠷᠭᠡ ᠤᠷᠭᠤᠮᠠᠯ ᠢᠳᠡᠷᠡᠭᠦᠨ᠎ᠢᠶᠡᠷ ᠤᠷᠭᠤᠵᠤ᠂ ᠣᠷᠳᠣᠰ ᠬᠣᠲᠠ᠎ᠶ᠋ᠢᠨ ᠬᠠᠩᠭᠢᠨ ᠬᠣᠱᠢᠭᠤᠨ᠎ᠤ ᠬᠢᠯᠢ ᠳᠣᠲᠣᠷ᠎ᠠ ᠬᠥᠪᠡᠬᠡ ᠵᠠᠬ᠎ᠠ᠎ᠶᠢ ᠨᠢ ᠴᠢᠲᠥᠷᠯᠡᠭᠰᠡᠨ ᠣᠶ ᠱᠢᠭᠤᠶ᠎ᠶ᠋ᠢᠨ ᠪᠦᠰᠡ ᠪᠣᠯᠵᠣ ᠡᠯᠡᠰᠦᠨ ᠲᠡᠯᠡᠶ᠎ᠶ᠋ᠢ  ᠲᠤᠬᠲᠠᠪᠤᠷᠢᠵᠢᠭᠤᠯᠵᠠᠢ᠃

《ᠲᠠ ᠲᠡᠷᠡ ᠵᠢᠭᠳᠡ᠎ᠶ᠋ᠢ ᠦᠵᠡ᠂ ᠮᠢᠨᠦ᠍ ᠡᠪᠦᠭᠡ᠎ᠶ᠋ᠢᠨ ᠦᠶ᠎ᠡ᠎ᠶ᠋ᠢᠨ ᠬᠥᠮᠦᠰ ᠲᠠᠷᠢᠵᠠᠢ᠂ ᠨᠢᠭᠡᠨᠲᠡ 70 ᠭᠠᠷᠤᠶ ᠵᠢᠯ ᠪᠤᠯᠵᠤ ᠪᠤᠢ᠂ ᠦᠨᠡᠭᠡᠷ ᠬᠢᠯᠪᠡᠷ ᠪᠤᠰᠤ ᠰᠢᠤ》᠃ ᠬᠠᠩᠭᠢᠨ ᠬᠣᠱᠢᠭᠤᠨ᠎ᠤ ᠱᠢᠯᠢ ᠵᠤᠤ ᠡᠯᠡᠰᠦ ᠵᠠᠰᠠᠬᠤ ᠦᠷᠳᠡᠬᠡ᠎ᠶ᠋ᠢᠨ ᠳᠠᠷᠤᠭ᠎ᠠ ᠵᠢᠶᠠ ᠸᠸᠨ ᠢ ᠡᠯᠡᠰᠦ ᠵᠠᠰᠠᠬᠤ ᠠᠵᠢᠯ᠎ᠢ ᠪᠦᠬᠦᠯᠢ 40 ᠵᠢᠯ ᠬᠢᠵᠦ᠍᠂ ᠲᠡᠭᠦᠨ᠎ᠦ ᠡᠪᠦᠭᠡ ᠪᠣᠯᠤᠨ ᠠᠪᠤ ᠨᠢ ᠪᠦᠷ ᠡᠨᠳᠡᠬᠢ ᠠᠵᠢᠯᠳᠠᠨ ᠪᠠᠢᠵᠤ᠂ ᠭᠤᠷᠪᠠᠨ ᠦᠶ᠎ᠡ᠎ᠪᠡᠷ᠎ᠢᠶᠡᠨ ᠡᠯᠡᠰᠦᠨ ᠳᠠᠯᠠᠢ᠎ᠳᠡᠬᠢ ᠡᠨᠡ ᠬᠦ᠌ ᠨᠣᠭᠣᠭᠠᠨ ᠪᠦᠷᠢᠳᠦ᠍᠎ᠶ᠋ᠢ ᠦᠷᠭᠦᠯᠵᠢᠯᠡᠨ ᠪᠦᠳᠦᠬᠡᠨ ᠪᠠᠢᠭᠤᠯᠵᠤ ᠬᠠᠮᠠᠭᠠᠯᠠᠭ᠍ᠰᠠᠨ ᠪᠠᠢᠨ᠎ᠠ᠃

ᠬᠥᠪᠴᠢ᠎ᠶ᠋ᠢᠨ ᠡᠯᠡᠰᠦ ᠪᠣᠯ ᠮᠠᠨ᠎ᠤ ᠤᠯᠤᠰ᠎ᠤᠨ ᠳᠣᠯᠣᠳᠤᠭᠠᠷ ᠶᠡᠬᠡ ᠡᠯᠡᠰᠤᠨ ᠴᠥᠯ  ᠪᠣᠯᠤᠨ᠎ᠠ᠂ ᠥᠩᠭᠡᠷᠡᠭ᠌ᠰᠡᠨ᠎ᠳᠦ ᠰᠠᠯᠬᠢ ᠱᠢᠭᠤᠷᠭ᠎ᠠ ᠳᠡᠭ᠌ᠳᠡᠵᠦ᠍᠂ ᠬᠠᠮᠠᠷ ᠬᠠᠳᠭᠤᠬᠤ ᠡᠪᠡᠰᠦ ᠤᠷᠭᠤᠬᠤ ᠦᠭᠡᠢ ᠪᠠᠢᠭ᠍ᠰᠠᠨ᠎ᠠᠴᠠ 《ᠦᠬᠦᠯ᠎ᠦᠨ ᠲᠠᠯᠠᠢ》ᠬᠡᠮᠡᠭ᠌ᠳᠡᠪᠡ᠃ ᠬᠠᠩᠭᠢᠨ ᠬᠣᠱᠢᠭᠤᠨ᠎ᠤ ᠬᠢᠯᠢ ᠳᠣᠲᠣᠷᠠᠬᠢ ᠬᠥᠪᠴᠢ᠎ᠶ᠋ᠢᠨ ᠡᠯᠡᠰᠦᠨ᠎ᠦ ᠲᠠᠯᠠᠪᠠᠶ ᠪᠠᠷᠤᠭ 1480 ᠲᠦᠮᠡᠨ ᠮᠥ᠍ ᠪᠠᠢᠵᠤ᠂ ᠪᠥᠬᠥ᠌ ᠬᠣᠱᠢᠭᠤᠨ᠎ᠤ ᠨᠤᠲᠤᠭ ᠳᠡᠪᠢᠰᠭᠡᠷ᠎ᠦᠨ 52.2% ᠎ᠢ᠋ ᠡᠵᠡᠯᠡᠨ᠎ᠡ᠃ ᠳᠡᠭᠡᠷ᠎ᠡ ᠵᠠᠭᠤᠨ᠎ᠤ ᠲᠠᠪᠢ ᠵᠢᠷᠠᠭᠠᠳ ᠣᠨ᠎ᠳᠤ ᠬᠠᠩᠭᠢᠨ ᠬᠣᠱᠢᠭᠤ ᠬᠥᠪᠴᠢ᠎ᠶ᠋ᠢᠨ ᠡᠯᠡᠰᠦᠨ᠎ᠦ ᠬᠣᠢᠲᠤ ᠵᠠᠬ᠎ᠠ᠎ᠳᠤ ᠤᠯᠤᠰ᠎ᠤᠨ ᠡᠯᠡᠰᠦ ᠵᠠᠰᠠᠬᠤ ᠥᠷᠲᠡᠭᠡ ᠵᠢ ᠭᠤᠷᠪᠠ ᠪᠠᠢᠭᠤᠯᠵᠤ᠂ ᠬᠡᠳᠦᠨ ᠦᠶ᠎ᠡ᠎ᠶ᠋ᠢᠨ ᠬᠥᠮᠦᠰ᠎ᠦᠨ ᠴᠢᠷᠮᠠᠢᠯᠭ᠎ᠠ᠎ᠪᠠᠷ ᠳᠡᠮᠵᠢᠨ 19.95 ᠲᠦᠮᠡᠨ ᠮᠥ᠍ ᠬᠥᠪᠡᠬᠡ ᠵᠠᠬ᠎ᠠ᠎ᠶᠢ ᠨᠢ ᠴᠢᠲᠤᠷᠯᠡᠭᠰᠡᠨ  ᠣᠶ ᠱᠢᠭᠤᠶ᠎ᠶ᠋ᠢᠨ ᠪᠦᠰᠡ᠎ᠶ᠋ᠢ ᠪᠠᠢᠭᠤᠯᠵᠤ᠂ ᠡᠯᠡᠰᠦᠨ ᠴᠥᠯ᠎ᠦᠨ ᠤᠮᠠᠷᠠᠰᠢ ᠥᠷᠭᠡᠳᠬᠦ᠌᠎ᠶ᠋ᠢ ᠪᠦᠲᠦᠮᠵᠢᠲᠡᠶ ᠬᠣᠷᠢᠭ᠍ᠯᠠᠪᠠ᠃

ᠡᠯᠡᠰᠦᠷᠬᠡᠭᠵᠢᠯ᠎ᠢ ᠰᠡᠷᠭᠡᠢᠯᠡᠨ ᠡᠯᠡᠰᠦ᠎ᠵᠢ ᠵᠠᠰᠠᠬᠤ ᠬᠠᠢᠨ ᠰᠥᠪᠡᠭ᠌ᠴᠢᠯᠡᠯᠲᠡ ᠪᠠ ᠦᠶ᠋ᠯᠡᠳᠦᠯᠭᠡ᠎ᠶ᠋ᠢᠨ ᠶᠠᠪᠤᠴᠠ᠎ᠳᠤ ᠬᠠᠩᠭᠢᠨ ᠬᠣᠱᠢᠭᠤᠨ᠎ᠤ ᠡᠯᠡᠰᠦ ᠵᠠᠰᠠᠭ᠍ᠴᠢᠳ ᠣᠶᠤᠨ ᠤᠬᠠᠭᠠᠨ᠎ᠢᠶᠠᠨ ᠲᠠᠰᠤᠷᠠᠯᠲᠠ ᠥᠬᠡᠶ ᠨᠢᠭ᠍ᠲᠠᠷᠠᠭᠤᠯᠵᠤ᠂ ᠮᠡᠷᠭᠡᠵᠢᠯ ᠪᠠ ᠲᠥᠬᠥᠭᠡᠷᠦᠮᠵᠢ᠎ᠪᠡᠨ ᠲᠠᠰ ᠳᠡᠪᠱᠢᠭᠦᠯᠦᠨ ᠰᠠᠢᠵᠢᠷᠠᠭᠤᠯᠪᠠ᠃ ᠵᠢᠶᠠ ᠸᠸᠨ ᠢ᠄ 《ᠳᠡᠭᠡᠷ᠎ᠡ ᠵᠠᠭᠤᠨ᠎ᠤ ᠲᠠᠪᠢᠭᠠᠳ ᠣᠨ᠎ᠳᠤ ᠮᠢᠨᠦ᠍ ᠡᠪᠦᠭᠡ᠎ᠶ᠋ᠢᠨ ᠦᠶ᠎ᠡ᠎ᠶ᠋ᠢᠨ ᠬᠥᠮᠦᠰ ᠲᠡᠮᠡᠭᠡ᠎ᠪᠡᠷ ᠵᠠᠭᠤ ᠭᠠᠷᠤᠢ ᠺᠢᠯᠤᠮᠸᠲᠷ᠎ᠤᠨ ᠴᠠᠭᠠᠨ᠎ᠠ ᠡᠴᠡ  ᠴᠢᠬᠢ ᠮᠤᠳᠤ ᠵᠦᠭᠡᠭᠡᠪᠤᠷᠢᠯᠡᠵᠦ ᠠᠪᠴᠢᠷᠠᠨ᠂ ᠬᠦᠷᠵᠡ᠎ᠪᠡᠷ ᠨᠦᠬᠡ ᠮᠠᠯᠲᠠᠵᠤ ᠮᠣᠳᠣ ᠲᠠᠷᠢᠵᠤ ᠪᠠᠢᠪᠠ; ᠣᠳᠣᠬᠠᠨ᠎ᠳᠤ  ᠨᠦᠬᠡᠯᠡᠬᠦ᠌ ᠮᠠᠱᠢᠨ ᠵᠡᠷᠭᠡ ᠲᠥᠬᠥᠭᠡᠷᠦᠮᠵᠢ᠎ᠶ᠋ᠢᠨ ᠬᠡᠷᠡᠭ᠌ᠯᠡᠯᠲᠡ ᠨᠢ ᠣᠢᠵᠢᠭᠤᠯᠬᠤ ᠦᠷ᠎ᠡ ᠪᠦᠲᠦᠮᠵᠢ᠎ᠶ᠋ᠢ ᠶᠡᠬᠡ᠎ᠪᠡᠷ ᠳᠡᠭᠡᠭ᠌ᠰᠢᠯᠡᠭᠦᠯᠪᠡ᠃ ᠮᠢᠨᠦ᠍ ᠠᠪᠤ᠎ᠶ᠋ᠢᠨ ᠦᠶ᠎ᠡ᠎ᠶ᠋ᠢᠨ ᠡᠯᠡᠰᠦ ᠵᠠᠰᠠᠬᠴᠢᠳ ᠦᠷᠭᠦᠯᠵᠢ ᠥᠷ᠎ᠡ ᠬᠡᠤᠬᠡᠳ᠎ᠵᠢᠡᠨ ᠳᠠᠭᠠᠭᠤᠯᠤᠨ ᠡᠯᠡᠰᠦᠨ ᠴᠥᠯ᠎ᠳᠦ ᠣᠴᠢᠵᠤ ᠨᠠᠢᠯᠵᠠᠭᠤᠷ ᠬᠠᠷᠭᠠᠨ᠎ᠠ᠂ ᠤᠯᠢᠶᠠᠰᠤ᠂ ᠳᠡᠷᠪᠡᠯᠵᠢ ᠵᠡᠷᠭᠡ ᠤᠷᠭᠤᠮᠠᠯ ᠎ᠤᠳ ᠎ᠢ  ᠲᠠᠷᠢᠳᠠᠭ; ᠣᠲᠣ ᠵᠢᠯᠣᠭᠣᠴᠢ ᠥᠬᠡᠶ ᠨᠢᠰᠭᠡᠯ᠎ᠢᠶᠡᠷ ᠲᠠᠷᠢᠬᠤ ᠵᠡᠷᠭᠡ ᠱᠢᠨ᠎ᠡ ᠮᠡᠷᠭᠡᠵᠢᠯ ᠨᠢ ᠨᠠᠩ ᠲᠦᠷᠭᠡᠨ᠂ ᠨᠠᠩ ᠣᠨᠣᠪᠴᠢᠲᠠᠶ᠂ ᠨᠠᠩ ᠥᠷᠭᠡᠨ ᠬᠡᠪᠴᠢᠶᠡᠨ᠎ᠳᠦ ᠡᠯᠡᠰᠦᠨ ᠴᠥᠯ᠎ᠳᠦ ᠦᠷ᠎ᠡ ᠰᠠᠴᠤᠵᠤ ᠴᠢᠳᠠᠬᠤ ᠪᠤᠯᠵᠠᠢ》 ᠭᠡᠵᠦ ᠡᠷᠬᠢᠴᠡᠭᠦᠯᠦᠨ᠎ᠡ᠃

ᠡᠯᠡᠰᠦ᠎ᠶ᠋ᠢ ᠳᠤᠭᠤᠯᠤᠭ᠍ᠰᠠᠨ ᠵᠠᠰᠠᠮᠠᠯ ᠵᠠᠮ᠎ᠤᠨ ᠬᠣᠶᠠᠷ ᠬᠠᠵᠠᠭᠤ ᠪᠠᠷ ᠨᠣᠭᠣᠭᠠᠨ ᠥᠩᠭᠡ ᠪᠢᠯᠬᠠᠵᠤ᠂ ᠬᠡᠷᠡᠯᠴᠢ ᠴᠡᠨᠡᠭ᠎ᠦᠨ 《ᠬᠥᠬᠡ ᠲᠡᠯᠡᠶ》 ᠎ᠡᠴᠡ 《ᠨᠣᠭᠣᠭᠠᠨ ᠡᠨᠧᠷᠭᠢ》 ᠪᠢᠯᠬᠠᠨ᠎ᠠ; ᠨᠡᠩ ᠤᠯᠠᠨ ᠬᠥᠮᠦᠨ ᠡᠨᠳᠡ ᠢᠷᠡᠵᠥ᠍ ᠬᠥᠪᠴᠢ᠎ᠶ᠋ᠢᠨ ᠡᠯᠡᠰᠦ᠎ᠶ᠋ᠢ ᠵᠠᠰᠠᠭ᠍ᠰᠠᠨ ᠲᠤᠷᠱᠢᠯᠭ᠎ᠠ᠎ᠶ᠋ᠢ ᠰᠤᠷᠤᠯᠴᠠᠵᠤ᠂ ᠨᠡᠩ ᠤᠯᠠᠨ ᠬᠥᠮᠦᠨ ᠡᠨᠳᠡ ᠢᠷᠡᠵᠥ᠍ ᠡᠯᠡᠰᠦᠨ ᠴᠦᠯ᠎ᠦᠨ ᠵᠢᠭᠤᠯᠴᠢᠯᠠᠯ᠎ᠤᠨ ᠭᠠᠢᠬᠠᠮᠱᠢᠭ᠎ᠢ ᠪᠡᠶᠡᠴᠢᠯᠡᠨ ᠣᠢᠯᠠᠭᠠᠬᠤ ᠪᠣᠯᠪᠠ᠃ ᠦᠶ᠎ᠡ ᠦᠶ᠎ᠡ᠎ᠶ᠋ᠢᠨ ᠡᠯᠡᠰᠦ  ᠵᠠᠰᠠᠭ᠍ᠴᠢᠳ᠎ᠤᠨ ᠪᠠᠲᠤ ᠰᠠᠬᠢᠯᠲᠠ ᠪᠠ ᠵᠢᠳᠬᠦᠯ ᠴᠢᠷᠮᠠᠢᠯᠭ᠎ᠠ᠎ᠶ᠋ᠢᠨ ᠠᠴᠢ ᠪᠡᠷ ᠥᠨᠥᠳᠦᠷ᠎ᠦᠨ ᠬᠠᠩᠭᠢᠨ ᠬᠣᠱᠢᠭᠤ ᠠᠮᠢ ᠠᠬᠤᠶ᠎ᠶ᠋ᠢᠨ ᠬᠠᠮᠠᠭᠠᠯᠠᠯᠲᠠ ᠬᠢᠭᠡᠳ ᠠᠵᠤ ᠠᠬᠤᠶ᠎ᠶ᠋ᠢᠨ ᠬᠥᠭ᠌ᠵᠢᠯᠲᠡ᠎ᠶ᠋ᠢ ᠵᠣᠬᠢᠴᠠᠭᠤᠯᠤᠨ ᠠᠬᠢᠭᠤᠯᠬᠤ ᠱᠢᠨ᠎ᠡ᠎ᠶ᠋ᠢ ᠡᠭᠦᠳᠬᠦ᠌ ᠵᠠᠮ᠎ᠢ ᠬᠠᠢᠨ ᠰᠦᠪᠡᠭ᠌ᠴᠢᠯᠡᠵᠦ᠍ ᠭᠠᠷᠭᠠᠪᠠ᠃ 《ᠬᠣᠶᠠᠷ ᠪᠦᠰᠡ᠂ ᠭᠤᠷᠪᠠᠨ ᠣᠷᠣᠨ᠂ ᠬᠣᠶᠠᠷ ᠱᠤᠭᠤᠮ》 ᠎ᠤ᠋ᠨ ᠲᠥᠯᠥᠪᠵᠢᠭᠦᠯᠭᠡ ᠶᠣᠰᠣᠭᠠᠷ 《ᠬᠤᠢᠨᠠᠬᠢ᠎ᠶᠢ ᠨᠢ ᠴᠢᠲᠤᠷᠯᠠᠵᠤ ᠡᠮᠦᠨᠡᠬᠢ᠎ᠶᠢ ᠨᠢ ᠪᠥᠭ᠌ᠯᠡᠵᠦ᠍ ᠳᠤᠮᠳᠠᠬᠢ᠎ᠶᠢ᠎ᠨᠢ ᠬᠡᠷᠴᠢᠵᠦ ᠰᠠᠯᠭᠠᠬᠤ》ᠠᠷᠭ᠎ᠠ ᠪᠣᠳᠣᠯᠭ᠎ᠠ᠎ᠶ᠋ᠢ ᠠᠪᠴᠤ᠌᠂ 《ᠳᠥᠷᠪᠡᠨ ᠲᠠᠯ᠎ᠠ᠎ᠶ᠋ᠢ᠎ᠨᠢ ᠴᠢᠲᠤᠷᠯᠠᠵᠤ᠂ ᠬᠡᠪᠡᠯᠢ᠎ᠶ᠋ᠢᠨ ᠬᠡᠰᠡᠭ᠎ᠲᠡᠢᠰᠢ ᠭᠦᠨᠵᠡᠭᠡᠢᠷᠡᠬᠦ》 ᠡᠯᠡᠰᠦ᠎ᠵᠢ ᠵᠠᠰᠠᠬᠤ ᠠᠷᠭ᠎ᠠ ᠮᠠᠶᠢᠭ᠎ᠢ ᠬᠡᠷᠡᠭ᠌ᠵᠢᠭᠦᠯᠵᠦ᠍᠂ 《ᠵᠠᠮ᠂ ᠴᠠᠬᠢᠯᠭᠠᠨ᠂ ᠤᠰᠤ᠂ ᠴᠢᠮᠡᠭᠡ ᠬᠣᠯᠪᠣᠭ᠎ᠠ᠂ ᠲᠤᠤᠷ᠂ ᠨᠣᠭᠣᠭᠠᠷᠠᠭᠤᠯᠤᠯᠲᠠ》᠎ᠶ᠋ᠢᠨ ᠶᠡᠷᠦᠩᠬᠡᠢᠯᠡᠭ᠌ᠰᠡᠨ ᠠᠷᠭ᠎ᠠ ᠬᠡᠮᠵᠢᠶ᠎ᠡ᠎ᠲᠡᠶ ᠤᠶᠠᠯᠳᠤᠭᠤᠯᠤᠨ᠂《ᠡᠯᠡᠰᠦ ᠤᠷᠤᠭ᠍ᠰᠢᠯᠠᠵᠤ ᠬᠥᠮᠦᠨ ᠤᠬᠤᠷᠢᠬᠤ》ᠡᠴᠡ 《ᠨᠣᠭᠣᠭᠠᠷᠠᠭᠤᠯᠤᠯᠲᠠ ᠤᠷᠤᠭ᠍ᠰᠢᠯᠠᠵᠤ ᠡᠯᠡᠰᠦ ᠤᠬᠤᠷᠢᠬᠤ》ᠲᠡᠦᠬᠡᠲᠦ ᠴᠢᠨᠠᠷᠲᠠᠶ ᠬᠤᠪᠢᠷᠠᠯᠲᠠ᠎ᠶ᠋ᠢ ᠪᠡᠶᠡᠯᠡᠭᠦᠯᠪᠡ᠃ ᠬᠠᠲᠤᠨ ᠭᠤᠤᠯ᠎ᠤᠨ 《ᠶᠡᠬᠡ ᠲᠣᠬᠣᠶ ᠵᠢᠨ ᠤᠷᠤᠨ》᠎ᠤ᠋ ᠪᠣᠭᠣᠮᠲᠠ ᠱᠢᠪᠲᠤᠯᠬᠤ ᠳᠠᠢᠯᠠᠯᠳᠤᠭᠠᠨ ᠡᠬᠢᠯᠡᠭ᠌ᠰᠡᠨ᠎ᠦ ᠳᠠᠷᠠᠭ᠎ᠠ ᠬᠠᠩᠭᠢᠨ ᠬᠣᠱᠢᠭᠤ 2024 ᠣᠨ᠎ᠠᠴᠠ 2030 ᠣᠨ ᠪᠣᠯᠲᠠᠯᠠᠬᠢ ᠬᠤᠭᠤᠴᠠᠭᠠᠨ᠎ᠳᠤ 1092.3 ᠲᠦᠮᠡᠨ ᠮᠥ᠍ ᠠᠮᠢ ᠠᠬᠤᠶ᠎ᠶ᠋ᠢ ᠵᠠᠰᠠᠨ ᠰᠡᠷᠭᠦᠭᠡᠵᠦ᠍᠂ ᠬᠡᠷᠡᠯᠴᠢ ᠴᠡᠨᠡᠭ᠎ᠢᠶᠡᠷ 200 ᠲᠦᠮᠡᠨ ᠮᠥ᠍ ᠡᠯᠡᠰᠦ᠎ᠶ᠋ᠢ ᠵᠠᠰᠠᠵᠤ᠂ ᠬᠥᠪᠴᠢ᠎ᠶ᠋ᠢᠨ ᠡᠯᠡᠰᠦ᠎ᠶ᠋ᠢ ᠵᠠᠰᠠᠭ᠍ᠰᠠᠨ ᠨᠣᠷᠮ᠎ᠠ᠎ᠶ᠋ᠢ 70% ᠡᠴᠡ ᠳᠡᠭᠡᠭ᠌ᠰᠢ᠎ᠳᠦ ᠬᠦᠷᠭᠡᠬᠦ᠌᠎ᠪᠡᠷ ᠲᠥᠯᠥᠪᠯᠡᠵᠦ᠍ ᠪᠣᠶ᠃

《 ᠭᠤᠷᠪᠠᠨ ᠬᠤᠪᠢ ᠮᠣᠳᠣ ᠲᠠᠷᠢᠬᠤ᠂ ᠳᠣᠯᠣᠭᠠᠨ ᠬᠤᠪᠢ ᠬᠠᠮᠠᠭᠠᠯᠠᠬᠤ᠂ ᠭᠠᠯ ᠎ᠢ ᠰᠡᠷᠭᠡᠢᠯᠡᠬᠦ᠌᠂ ᠡᠪᠡᠳᠴᠢᠨ ᠬᠣᠷᠣᠬᠠᠶ᠎ᠶ᠋ᠢᠨ ᠬᠥᠨᠥᠭᠡᠯ᠎ᠢ ᠰᠡᠷᠭᠡᠢᠯᠡᠨ ᠵᠠᠰᠠᠬᠤ᠂ ᠬᠡᠭᠡᠷ᠎ᠡ᠎ᠶ᠋ᠢᠨ ᠠᠮᠢᠲᠠᠨ᠎ᠢ ᠬᠠᠮᠠᠭᠠᠯᠠᠬᠤ ᠵᠡᠷᠭᠡ ᠨᠢ ᠪᠥᠬᠥᠲᠡ ᠪᠢᠳᠡᠨ᠎ᠦ ᠠᠵᠢᠯ᠎ᠤᠨ ᠡᠭᠦᠷᠭᠡ ᠬᠠᠷᠢᠭᠤᠴᠠᠯᠭ᠎ᠠ᠃ ᠪᠢᠳᠡ ᠨᠡᠩ ᠤᠯᠠᠨ ᠤᠶᠤᠨ ᠴᠢᠳᠠᠯ᠎ᠢᠶᠠᠨ ᠤᠢ ᠮᠣᠳᠣ᠎ᠶ᠋ᠢ ᠬᠠᠮᠢᠶᠠᠷᠤᠨ ᠬᠠᠮᠠᠭᠠᠯᠠᠬᠤ᠂ ᠡᠯᠡᠰᠦ᠎ᠶ᠋ᠢ ᠵᠠᠰᠠᠭ᠍ᠰᠠᠨ ᠦᠷ᠎ᠡ ᠪᠦᠲᠦᠭᠡᠯ ᠎ᠢ ᠪᠡᠬᠢᠵᠢᠭᠦᠯᠬᠦ᠌ ᠳᠡᠭᠡᠷ᠎ᠡ ᠲᠠᠯᠪᠢᠵᠤ᠂ ᠡᠯᠡᠰᠦᠷᠬᠡᠭ᠌ᠵᠢᠯ᠎ᠢ ᠰᠡᠷᠭᠡᠢᠯᠡᠨ ᠡᠯᠡᠰᠦ᠎ᠶ᠋ᠢ ᠵᠠᠰᠠᠬᠤ 〈ᠪᠤᠤᠬᠢᠶ᠎ᠠ〉 ᠵᠢ ᠦᠷᠭᠦᠯᠵᠢᠯᠡᠨ ᠳᠠᠮᠵᠢᠭᠤᠯᠵᠤ᠂ ᠬᠢᠯᠪᠠᠷ ᠪᠤᠰᠤ᠎ᠪᠠᠷ ᠢᠷᠡᠭ᠌ᠰᠡᠨ ᠪᠣᠬᠢᠷᠲᠤᠯ ᠦᠭᠡᠢ ᠭᠡᠷ ᠣᠷᠣᠨ᠎ᠢᠶᠠᠨ ᠰᠠᠢᠲᠤᠷ ᠰᠠᠬᠢᠨ ᠬᠠᠮᠠᠭᠠᠯᠠᠵᠤ᠂ ᠬᠥᠪᠴᠢ᠎ᠶ᠋ᠢᠨ ᠡᠯᠡᠰᠦᠨ᠎ᠳᠦ ᠨᠡᠩ ᠤᠯᠠᠨ ᠨᠤᠮᠢᠨ ᠨᠤᠭᠤᠭᠠᠨ᠎ᠢ ᠨᠡᠮᠡᠷᠢᠯᠡᠨ᠎ᠡ 》 ᠭᠡᠵᠦ ᠵᠢᠶᠠ ᠸᠸᠨ ᠢ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号