《ᠲᠠᠩᠰᠤᠭ ᠰᠦᠷᠦᠭ᠎ᠤᠨ ᠡᠵᠡᠳ》 ᠬᠦᠳᠡᠯᠮᠦᠷᠢ ᠦᠢᠯᠡᠳᠦᠯᠭᠡ ᠳ᠋ᠤ ᠤᠷᠤᠯᠴᠠᠯ᠎ᠠ
2025-06-09 11:03:43
ᠵᠣᠬᠢᠶᠠᠭ᠍ᠴᠢ᠄
ᠲᠡᠮᠤᠷᠪᠠᠭᠠᠨ᠎ᠠ ᠂ ᠨᠠᠪᠴᠢᠮ᠎ᠠ
ᠣᠩᠱᠢᠭ᠍ᠰᠠᠨ ᠣᠳᠠᠭ᠎ᠠ᠄
★★★☆☆

ᠤᠢᠷ᠎ᠠ ᠵᠢᠨ ᠡᠳᠦᠷ᠂ ᠰᠢᠯᠢ ᠵᠢᠨ ᠭᠤᠤᠯ ᠠᠢᠮᠠᠭ᠎ᠤᠨ ᠪᠠᠷᠠᠭᠤᠨ ᠥᠵᠥᠮᠥᠴᠢᠨ ᠬᠤᠱᠢᠭᠤᠨ᠎ᠤ ᠭᠤᠷᠤᠬᠠᠨ ᠭᠤᠣᠯ ᠬᠡᠦᠬᠡᠳ᠎ᠤᠨ ᠴᠡᠴᠡᠷᠯᠢᠭ᠎ᠤᠨ ᠪᠠᠭ᠍ᠰᠢ ᠨᠠᠷ ᠴᠡᠴᠡᠷᠯᠢᠭ᠎ᠤᠨ ᠬᠡᠤᠬᠡᠳ᠎ᠢᠶᠠᠨ ᠲᠠᠭᠠᠭᠤᠯᠤᠨ ᠪᠠᠶᠠᠨᠬᠤᠸᠠ ᠪᠠᠯᠭᠠᠰᠤᠨ᠎ᠤ ᠲᠠᠩᠰᠤᠭ ᠭᠠᠴᠠᠭᠠᠨ᠎ᠤ ᠮᠠᠯᠴᠢᠨ ᠡᠷᠳᠡᠮᠳᠦ᠂ ᠰᠠᠷᠠᠭᠤᠯᠲᠤᠶᠠᠭ᠎ᠠ᠎ᠶ᠋ᠢᠨ ᠬᠢᠨ᠎ᠳᠤ ᠬᠥᠷᠴᠥ᠍ 《ᠲᠠᠩᠰᠤᠭ ᠰᠥᠷᠥᠭ᠎ᠤᠨ ᠡᠵᠡᠳ》 ᠮᠠᠯᠵᠢᠬᠤ ᠰᠤᠶᠤᠯ᠎ᠢ ᠤᠢᠯᠠᠭᠠᠬᠤ ᠠᠵᠢᠯᠯᠠᠭ᠎ᠠ ᠥᠷᠨᠢᠭᠦᠯᠵᠦ᠍᠂ ᠬᠡᠤᠬᠡᠳ ᠪᠠᠭᠠᠴᠤᠳ᠎ᠵᠢᠡᠨ ᠠᠵᠢᠯ ᠬᠥᠳᠡᠯᠮᠤᠷᠢ᠎ᠳᠤ ᠪᠡᠶᠡᠴᠢᠯᠡᠨ ᠤᠷᠤᠯᠴᠠᠭᠤᠯᠪᠠ᠃


1749437935910.png

ᠬᠤᠷᠠᠭ᠎ᠠ ᠢᠮᠨᠡᠨ᠎ᠡ


ᠠᠵᠢᠯᠯᠠᠭ᠎ᠠ᠎ᠨᠢ ᠬᠤᠷᠠᠭ᠎ᠠ ᠢᠱᠢᠭᠡ ᠢᠮᠨᠡᠬᠦ᠌ ᠠᠵᠢᠯ᠎ᠢᠶᠠᠷ ᠡᠬᠢᠯᠡᠵᠦ᠍ ᠮᠠᠯᠴᠢᠨ ᠡᠷᠳᠡᠮᠳᠤ ᠬᠤᠷᠠᠭ᠎ᠠ ᠢᠱᠢᠭᠡ᠎ᠪᠠᠨ ᠢᠮᠨᠡᠬᠦ᠌ ᠲᠤᠮᠲᠠ ᠬᠡᠦᠬᠡᠳ᠎ᠤᠳ᠎ᠲᠤ ᠢᠮ ᠳᠡᠮᠳᠡᠭ ᠲᠠᠯᠪᠢᠬᠤ᠎ᠶ᠋ᠢᠨ ᠤᠴᠢᠷ ᠤᠳᠭ᠎ᠠ᠂ ᠢᠮ ᠲᠡᠮᠳᠡᠭ᠎ᠤᠨ ᠲᠥᠷᠦᠯ ᠵᠦᠢᠯ᠂ ᠬᠤᠷᠠᠭ᠎ᠠ ᠢᠱᠢᠭᠡᠨ᠎ᠤ ᠦᠩᠭᠡ ᠵᠢᠰᠦᠮ᠂ ᠨᠡᠷᠡᠢᠳᠦᠯ᠎ᠢ ᠲᠠᠢᠯᠪᠤᠷᠢᠯᠠᠨ ᠲᠠᠨᠢᠯᠴᠠᠭᠤᠯᠬᠤ᠎ᠶ᠋ᠢᠨ ᠲᠠᠭᠠᠤ ᠲᠡᠳᠡᠨ᠎ᠢ ᠲᠠᠭᠠᠭᠤᠯᠤᠨ ᠢᠮᠠᠭ᠎ᠠ ᠰᠠᠮᠨᠠᠬᠤ᠂ ᠬᠤᠷᠤᠭ᠎ᠠ ᠰᠠᠷᠠᠪᠴᠢ ᠴᠡᠪᠡᠷᠯᠡᠬᠦ᠌ ᠵᠡᠷᠭᠡ ᠠᠵᠢᠯ᠎ᠳᠤ ᠤᠷᠤᠯᠴᠠᠭᠤᠯᠤᠭ᠍ᠰᠠᠨ ᠪᠠᠢᠨ᠎ᠠ᠃ ᠥᠳᠡ᠎ᠶ᠋ᠢᠨ ᠬᠤᠭᠤᠯᠠᠨ᠎ᠤ ᠴᠠᠭ᠎ᠲᠤ ᠪᠠᠰᠠ ᠰᠦ᠋ ᠴᠠᠭᠠᠨ ᠢᠳᠡᠭᠡᠨ᠎ᠤ ᠨᠡᠷᠡᠢᠳᠥᠯ ᠪᠤᠯᠤᠨ ᠡᠳ᠋ᠱᠢᠭᠦᠯᠥᠨ ᠪᠤᠯᠪᠠᠰᠤᠷᠠᠭᠤᠯᠬᠤ ᠶᠠᠪᠤᠴᠠ᠎ᠶ᠋ᠢ ᠲᠥᠭᠦᠮ ᠲᠥᠳᠡ ᠲᠠᠨᠢᠯᠴᠠᠭᠤᠯᠵᠦ᠍᠂ ᠬᠡᠦᠬᠡᠳ᠎ᠤᠳ᠎ᠢ ᠬᠦᠳᠡᠯᠮᠦᠷᠢ ᠦᠢᠯᠡᠳᠦᠯᠭᠡ᠎ᠳᠤ ᠪᠡᠶᠡᠴᠢᠯᠠᠨ ᠤᠷᠤᠯᠴᠠᠭᠤᠯᠬᠤ᠂ ᠮᠠᠯᠵᠢᠬᠤ ᠠᠮᠢᠳᠤᠷᠠᠯ᠎ᠲᠠᠢ ᠤᠢᠷᠠᠳᠤᠭᠤᠯᠬᠤ ᠪᠡᠷ ᠳᠠᠮᠵᠢᠭᠤᠯᠤᠨ᠂ ᠬᠦᠳᠡᠯᠮᠦᠷᠢ᠎ᠶ᠋ᠢ ᠬᠠᠢᠷᠠᠯᠠᠬᠤ᠂ ᠬᠦᠳᠡᠯᠮᠦᠷᠢ᠎ᠶ᠋ᠢᠨ ᠪᠠᠶᠠᠰᠤᠯ᠎ᠢ ᠮᠡᠳᠡᠷᠡᠬᠦ᠂ ᠤᠶᠤᠨ᠎ᠢᠶᠠᠨ ᠴᠢᠮᠡᠬᠦ᠌ ᠬᠦᠮᠦᠵᠢᠯ᠎ᠢ ᠬᠦᠷᠳᠡᠭᠡᠭ᠌ᠰᠡᠨ ᠪᠠᠢᠨ᠎ᠠ᠃


1749437862716.png


ᠬᠡᠦᠬᠡᠳ ᠬᠤᠨᠢ ᠵᠢᠨ ᠬᠤᠷᠤᠭᠠᠨ ᠳ᠋ᠤ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号