ᠰᠤᠶᠤᠯ ᠪᠤᠯ ᠦᠨᠳᠦᠰᠦᠳᠡᠨ ᠤ ᠤᠷᠤᠰᠢᠨ ᠲᠤᠭᠳᠠᠨᠢᠬᠤ ᠪᠠ ᠭᠦᠭᠵᠢᠯᠳᠡ ᠵᠢᠨ ᠴᠢᠬᠤᠯᠠ ᠭᠦᠴᠦᠨ ᠮᠦᠨ᠃ ᠭᠦᠮᠦᠨ ᠲᠦᠷᠦᠯᠭᠢᠳᠡᠨ ᠤ ᠨᠠᠢᠭᠡᠮᠤᠨ ᠲᠠᠪᠰᠢᠯᠳᠡ᠂ ᠪᠤᠯᠪᠠᠰᠤᠨ ᠤ ᠠᠭᠢᠴᠡ ᠪᠦᠷᠢᠳᠤ ᠪᠦᠷ ᠰᠤᠶᠤᠯᠤᠨ ᠲᠡᠦᠭᠡᠴᠢ ᠴᠢᠨᠠᠷ ᠲᠠᠢ ᠲᠠᠪᠰᠢᠯᠳᠠ ᠲᠠᠭᠠᠯᠳᠤᠵᠤ ᠪᠠᠢᠳᠠᠭ᠃ ᠲᠤᠮᠳᠠᠳᠤ ᠵᠢᠨ ᠦᠨᠳᠦᠰᠦᠳᠡᠨ 5000 ᠭᠠᠷᠤᠢ ᠵᠢᠯᠤᠨ ᠪᠤᠯᠪᠠᠰᠤᠨ ᠲᠡᠦᠭᠡ ᠲᠠᠢ ᠂ ᠤᠢᠷ᠎ᠠ ᠦᠶ᠎ᠠ ᠡᠴᠡ ᠡᠮᠦᠨ᠎ᠡ ᠲᠤᠮᠳᠠᠳᠤ ᠤᠯᠤᠰ ᠪᠦᠷ ᠲᠡᠯᠡᠭᠡᠢ ᠵᠢᠨ ᠭᠦᠴᠦᠷᠭᠡᠭ ᠤᠯᠤᠰᠤᠨ ᠨᠢᠭᠡ ᠪᠠᠢᠪᠠ᠃ ᠭᠡᠳᠦᠨ ᠮᠢᠨᠭᠭᠠᠨ ᠵᠢᠯᠤᠨ ᠲᠡᠦᠭᠡ ᠵᠢᠨ ᠬᠤᠪᠢᠷᠠᠯᠳᠠ ᠲᠤᠮᠳᠠ ᠲᠤᠮᠳᠠᠳᠤ ᠵᠢᠨ ᠦᠨᠳᠦᠰᠦᠳᠡᠨ ᠲᠤᠭᠠᠯᠠᠰᠢ ᠦᠭᠡᠢ ᠤᠯᠠᠨ ᠪᠡᠷᠭᠡ ᠵᠢ ᠲᠤᠭᠤᠯᠵᠤ ᠢᠷᠡᠵᠡᠢ᠃ ᠡᠭᠦᠨ ᠪ ᠬᠠᠮᠤᠭᠤᠨ ᠴᠢᠬᠤᠯᠠ ᠨᠢᠭᠡᠨ ᠰᠢᠯᠳᠠᠭᠠᠨ ᠨᠢ ᠭᠡᠪᠠᠯ ᠦᠶ᠎ᠠ ᠦᠶ᠎ᠠ ᠵᠢᠨ ᠲᠤᠮᠳᠠᠳᠤ ᠵᠢᠨ ᠬᠦᠪᠡᠭᠦᠳ ᠦᠭᠢᠳ ᠦᠪᠡᠷᠮᠢᠴᠡ ᠤᠨᠴᠠᠯᠢᠭ ᠲᠠᠢ᠂ ᠲᠡᠯᠠᠢ ᠭᠦᠨ ᠠᠭᠤᠯᠬᠤᠨ ᠲᠠᠢ ᠲᠤᠮᠳᠠᠳᠤ ᠵᠢᠨ ᠰᠤᠶᠤᠯ ᠢ ᠡᠭᠦᠳᠦᠨ ᠭᠦᠭᠵᠢᠭᠦᠯᠵᠤ᠂ ᠲᠤᠮᠳᠠᠳᠤ ᠵᠢᠨ ᠦᠨᠳᠦᠰᠦᠳᠡᠨ ᠭᠦᠴᠢᠷ ᠪᠡᠷᠭᠡᠰᠢᠶᠠᠯᠢ ᠲᠤᠭᠤᠯᠵᠤ᠂ ᠦᠶ᠎ᠡ ᠤᠯᠠᠷᠢᠨ ᠭᠦᠭᠵᠢᠭᠦᠳᠤ ᠭᠦᠴᠦᠷᠭᠡᠭ ᠶᠡᠭᠡ ᠤᠶᠤᠨ ᠰᠠᠨᠠᠭᠠᠨ ᠪ ᠲᠤᠯᠭᠠᠭᠤᠷᠢᠯᠠᠯ ᠬᠠᠨᠭᠭᠠᠭᠰᠠᠨ ᠪᠠᠢᠨ᠎ᠠ᠃
— ᠶᠠᠷᠦᠨᠭᠭᠡᠢ ᠱᠦᠵᠢ ᠰᠢ ᠵᠢᠨ ᠫᠢᠩ ᠤᠨ ᠤᠳᠬ᠎ᠠ ᠤᠷᠠᠯᠢᠭᠤᠨ ᠠᠵᠢᠯᠤᠨ ᠶᠠᠷᠢᠯᠴᠠᠬᠤ ᠬᠤᠷᠠᠯ ᠲᠡᠭᠡᠷᠡᠭᠢ ᠶᠠᠷᠢᠶ᠎ᠠ ᠡᠴᠡ(2014 ᠤᠨ ᠤ 10 ᠰᠠᠷ᠎ᠠ ᠵᠢᠨ 15 ᠤ ᠡᠳᠦᠷ)
ᠬᠦᠭᠡᠬᠤᠳᠠ ᠵᠢᠨ ᠢᠦᠢᠴᠢᠤᠸᠠᠨ ᠲᠤᠭᠤᠷᠢᠭ ᠤᠨ ᠨᠢᠭᠡᠨ ᠠᠵᠢᠯᠯᠠᠬᠤ ᠦᠷᠦᠭᠡᠨ ᠳᠤ ᠨᠠᠷᠢᠯᠢᠭ ᠰᠠᠢᠬᠠᠨ ᠵᠢᠷᠤᠭᠤᠳ ᠲᠡᠯᠭᠡᠭᠳᠡᠵᠤ᠂ ᠦᠨᠭᠭᠡ ᠪᠤᠳᠤᠭ ᠢᠯᠭᠠᠷᠠᠭᠰᠠᠨ ᠠᠯᠳᠠᠨ ᠬᠦᠪᠡᠭᠡ ᠲᠠᠢ ᠹᠠᠯᠠᠨ ᠵᠢᠷᠤᠭ ᠬᠠᠷᠠᠭᠰᠠᠨ ᠪᠤᠯᠭᠠᠨ ᠪ ᠪᠠᠬᠠᠷᠬᠠᠯᠢ ᠲᠠᠳᠠᠨᠡ᠃
ᠬᠦᠭᠡᠬᠤᠳᠠ ᠵᠢᠨ ᠠᠯᠳᠠᠨ ᠬᠦᠪᠡᠭᠡ ᠲᠠᠢ ᠹᠠᠯᠠᠨ ᠵᠢᠷᠤᠭᠤᠨ ᠪᠤᠳᠠᠰᠤᠨ ᠪᠤᠰᠤ ᠰᠤᠶᠤᠯᠤᠨ ᠦᠪᠤᠨ ᠤᠯᠠᠮᠵᠢᠯᠠᠭᠴᠢ ᠼᠦᠢ ᠰᠢᠶᠠ ᠠᠯᠳᠠᠨ ᠦᠨᠭᠭᠡᠳᠦ ᠭᠦᠨᠭᠭᠡᠨᠴᠡᠭᠠᠨ ᠤᠳᠠᠰᠤ ᠵᠢ ᠬᠠᠢᠴᠢᠯᠠᠨ᠂ ᠴᠢᠮᠭᠢᠭᠦᠷ ᠵᠢᠡᠷ ᠨᠤᠭᠤᠯᠵᠤ᠂ ᠨᠢᠭᠡ ᠨᠤᠭᠤᠯᠵᠤ ᠨᠢᠭᠡ ᠤᠷᠢᠶᠠᠬᠤ ᠪᠡᠷ ᠲᠠᠮᠵᠢᠨ ᠤᠷᠠᠯᠠᠵᠤ᠂ ᠪᠤᠳᠠᠰᠤᠨ ᠪᠤᠰᠤ ᠰᠤᠶᠤᠯᠤᠨ ᠦᠪᠤᠨ ᠭᠤᠸ᠎ᠠ ᠰᠠᠢᠬᠠᠨᠢ ᠭᠠᠢᠬᠠᠭᠤᠯᠤᠨ᠎ᠠ᠃
ᠲᠤᠳᠤᠭᠠᠳᠤ ᠭᠠᠳᠠᠭᠠᠳᠤ ᠵᠢ ᠤᠶᠠᠯᠳᠤᠭᠤᠯᠵᠤ ᠤᠷᠠᠯᠢᠭᠤᠨ ᠭᠠᠢᠬᠠᠮᠰᠢᠭᠢ ᠡᠭᠦᠳᠪᠠ
ᠠᠯᠳᠠᠨ ᠬᠦᠪᠡᠭᠡ ᠲᠠᠢ ᠹᠠᠯᠠᠨᠢ ᠪᠠᠰᠠ ᠵᠢᠩ ᠲᠠᠢ ᠯᠠᠨ ᠭᠡᠮᠡᠵᠤ᠂ ᠲᠤᠰ ᠮᠡᠷᠭᠡᠵᠢᠯ ᠨᠢ ᠶᠤᠸᠠᠨ ᠤᠯᠤᠰᠤᠨ ᠦᠶᠡᠳᠤ ᠠᠷᠠᠪ ᠤᠷᠤᠨ ᠡᠴᠡ ᠲᠤᠮᠳᠠᠳᠤ ᠤᠯᠤᠰ ᠲᠤ᠌ ᠤᠯᠠᠮᠵᠢᠯᠠᠭᠳᠠᠨ ᠤᠷᠤᠵᠤ ᠢᠷᠠᠭᠡᠳ ᠠᠭᠠᠵᠢᠮ ᠵᠢᠡᠷ ᠭᠦᠭᠵᠢᠵᠡᠢ᠃ ᠲᠠᠷᠠ ᠨᠢ ᠦᠨᠢ ᠡᠷᠳᠡᠨ ᠪ ᠵᠢᠩ ᠲᠠᠢ ᠯᠠᠨ ᠤᠷᠠᠯᠠᠯ ᠡᠴᠡ ᠠᠩᠬᠢᠵᠢᠷᠠᠵᠤ᠂ ᠹᠠᠯᠠᠨ ᠤᠷᠠᠯᠢᠭᠢ ᠵᠢᠷᠤᠭᠤᠨ ᠬᠠᠪᠳᠠᠰᠤᠨᠠ ᠰᠢᠯᠵᠢᠭᠦᠯᠦᠭᠰᠡᠨ ᠤᠨᠴᠠᠭᠠᠢ ᠤᠷᠠᠯᠢᠭᠤᠨ ᠬᠡᠯᠪᠠᠷᠢ ᠪᠠᠢᠵᠤ᠂ ᠤᠯᠠᠮᠵᠢᠯᠠᠯᠳᠤ ᠵᠢᠩ ᠲᠠᠢ ᠯᠠᠨ ᠤᠷᠠᠯᠠᠯᠤᠨ ᠠᠯᠳᠠᠨ ᠤᠳᠠᠰᠤ ᠪᠡᠷ ᠬᠦᠪᠡᠭᠡᠯᠡᠬᠦ᠂ ᠭᠦᠭᠡ ᠪᠤᠳᠤᠭ ᠰᠠᠭᠤᠯᠭᠠᠬᠤ ᠵᠡᠷᠭᠡ ᠮᠡᠷᠭᠡᠵᠢᠯ ᠤᠨ ᠰᠠᠭᠤᠷᠢᠨ ᠲᠡᠭᠡᠷ᠎ᠠ ᠭᠢᠳᠡᠳ ᠵᠢᠷᠤᠭ ᠪᠠ ᠲᠤᠰᠤᠨ ᠪᠤᠳᠤᠭᠤᠨ ᠵᠢᠷᠤᠭᠤᠨ ᠵᠠᠷᠢᠮ ᠮᠡᠷᠭᠡᠵᠢᠯᠢ ᠰᠢᠨᠭᠭᠡᠭᠡᠵᠤ᠂ ᠭᠠᠷ ᠵᠢᠡᠷ ᠬᠦᠪᠡᠭᠡᠯᠡᠵᠤ᠂ ᠪᠠᠢᠭᠠᠯᠢᠯᠢᠭ ᠰᠢᠷ ᠪᠤᠳᠤᠭ ᠵᠢᠡᠷ ᠪᠤᠳᠤᠵᠤ᠂ ᠠᠷᠪᠠᠨ ᠭᠡᠳᠦᠨ ᠶᠠᠪᠤᠴᠠ ᠵᠢ ᠲᠠᠮᠵᠢᠭᠠᠳ ᠪᠦᠳᠦᠭᠡᠭᠳᠡᠳᠡᠭ ᠠᠵᠢ᠃

ᠠᠯᠳᠠᠨ ᠬᠦᠪᠡᠭᠡ ᠲᠠᠢ ᠹᠠᠯᠠᠨ ᠵᠢᠷᠤᠭ 《ᠮᠤᠨᠭᠭᠤᠯ ᠮᠤᠷᠢ》
ᠠᠯᠳᠠᠨ ᠬᠦᠪᠡᠭᠡ ᠲᠠᠢ ᠹᠠᠯᠠᠨ ᠵᠢᠷᠤᠭ ᠨᠢ ᠶᠤᠸᠠᠨ ᠤᠯᠤᠰᠤᠨ ᠰᠡᠭᠦᠯᠴᠢ ᠮᠢᠩ ᠤᠯᠤᠰᠤᠨ ᠡᠭᠢᠨ ᠤ ᠦᠶᠠᠳᠤ ᠶᠡᠭᠡᠪᠠᠷ ᠲᠡᠯᠭᠡᠷᠡᠵᠤ᠂ ᠮᠢᠩ ᠤᠯᠤᠰᠤᠨ ᠦᠶᠠᠳᠤ ᠭᠦᠭᠵᠢᠯᠳᠡ ᠪᠠᠨ ᠤᠯᠵᠤ᠂ ᠴᠢᠩ ᠤᠯᠤᠰᠤᠨ ᠲᠡᠭᠷᠢ ᠲᠡᠳᠭᠦᠭᠴᠢ ᠵᠢᠨ ᠦᠶᠠᠳᠤ ᠤᠷᠭᠢᠯᠤᠨ ᠱᠠᠳᠤᠨᠳᠠᠭᠠᠨ ᠭᠦᠷᠴᠡᠢ᠃
2006 ᠤᠨᠳᠤ᠂ ᠠᠯᠳᠠᠨ ᠬᠦᠪᠡᠭᠡ ᠲᠠᠢ ᠹᠠᠯᠠᠨ ᠮᠡᠷᠭᠡᠵᠢᠯ ᠨᠢ ᠠᠨᠭᠬᠠᠳᠤᠭᠠᠷ ᠪᠦᠯᠦᠭ ᠤᠯᠤᠰᠤᠨ ᠲᠡᠰᠤᠨ ᠪᠤᠳᠠᠰᠤᠨ ᠪᠤᠰᠤ ᠰᠤᠶᠤᠯᠤᠨ ᠦᠪ ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯᠤᠨ ᠨᠡᠷᠡᠰᠤᠨ ᠪᠦᠷᠢᠳᠭᠡᠯᠳᠤ ᠵᠢᠭᠰᠠᠭᠠᠭᠳᠠᠵᠠᠢ᠃
ᠼᠦᠢ ᠰᠢᠶᠠ2002 ᠤᠨ ᠳᠤ ᠦᠪᠦᠷ ᠮᠤᠨᠭᠭᠤᠯᠤᠨ ᠤᠷᠠᠯᠢᠭᠤᠨ ᠲᠡᠭᠡᠳᠦ ᠰᠤᠷᠭᠠᠭᠤᠯᠢ ᠵᠢᠨ ᠤᠷᠠᠨ ᠵᠢᠷᠤᠭᠤᠨ ᠰᠠᠯᠪᠤᠷᠢ ᠡᠴᠡ ᠲᠡᠭᠦᠰᠴᠦ᠂ ᠬᠦᠭᠡᠬᠤᠳᠠ ᠵᠢᠨ ᠠᠯᠳᠠᠨ ᠬᠦᠪᠡᠭᠡ ᠲᠠᠢ ᠹᠠᠯᠠᠨ ᠵᠢᠷᠤᠭᠤᠨ ᠪᠤᠳᠠᠰᠤᠨ ᠪᠤᠰᠤ ᠰᠤᠶᠤᠯᠤᠨ ᠦᠪᠤᠨ ᠤᠯᠠᠮᠵᠢᠯᠠᠭᠴᠢ ᠪᠤᠯᠬᠤ ᠡᠴᠡ ᠡᠮᠦᠨ᠎ᠠ ᠬᠦᠭᠡᠬᠤᠳᠠ ᠵᠢᠨ ᠬᠤᠳᠠ ᠵᠢᠨ ᠲᠡᠰᠤᠨ ᠴᠠᠭᠠᠰᠤᠨ ᠬᠠᠢᠴᠢᠯᠠᠮᠠᠯᠤᠨ ᠪᠤᠳᠠᠰᠤᠨ ᠪᠤᠰᠤ ᠰᠤᠶᠤᠯᠤᠨ ᠦᠪ ᠤᠨ ᠤᠯᠠᠮᠵᠢᠯᠠᠭᠴᠢ ᠪᠠᠢᠪᠠ᠃
ᠴᠠᠭᠠᠰᠤᠨ ᠬᠠᠢᠴᠢᠯᠠᠮᠠᠯᠤᠨ ᠲᠠᠯ᠎ᠡ ᠪᠡᠷ ᠭᠢ ᠠᠮᠵᠢᠯᠳᠠ ᠨᠢ ᠼᠦᠢ ᠰᠢᠶᠠ ᠵᠢ ᠤᠷᠠᠯᠢᠭᠤᠨ ᠬᠦᠷᠢᠶ᠎ᠡ ᠭᠡᠪᠴᠢᠶ᠎ᠠ ᠪᠠᠨ ᠲᠠᠰᠤᠷᠠᠯᠳᠠ ᠦᠭᠡᠢ ᠲᠡᠯᠡᠭᠦ ᠵᠢ ᠠᠭᠢᠭᠤᠯᠵᠠᠢ᠃
2016 ᠤᠨ ᠳᠤ ᠲᠠᠷᠠ ᠪᠡᠭᠡᠵᠢᠩᠳᠤ ᠪᠤᠳᠠᠰᠤᠨ ᠪᠤᠰᠤ ᠰᠤᠶᠤᠯᠤᠨ ᠦᠪ ᠤᠨ ᠮᠡᠷᠭᠡᠵᠢᠯᠤᠨ ᠪᠤᠯᠪᠠᠰᠤᠷᠠᠯᠳᠤ ᠤᠷᠤᠯᠴᠠᠭᠠᠳ᠂ ᠲᠤᠮᠳᠠᠳᠤ ᠤᠯᠤᠰᠤᠨ ᠲᠡᠭᠡᠳᠦ ᠵᠡᠷᠭᠡ ᠵᠢᠨ ᠤᠷᠠᠯᠢᠭ ᠵᠢᠷᠤᠭᠤᠨ ᠶᠡᠭᠡ ᠪᠠᠭᠰᠢ ᠬᠤᠸᠠᠩ ᠰᠢᠶᠤᠤ ᠴᠢᠶᠦ᠋ᠨ ᠡᠴᠡ ᠠᠯᠳᠠᠨ ᠬᠦᠪᠡᠭᠡ ᠲᠠᠢ ᠹᠠᠯᠠᠨ ᠮᠡᠷᠭᠡᠵᠢᠯ ᠢ ᠠᠬᠤᠢ ᠲᠠᠯᠠᠪᠠᠢ ᠳᠤ ᠤᠷᠠᠯᠠᠬᠤ ᠵᠢ ᠤᠯᠵᠤ ᠬᠠᠷᠠᠵᠠᠢ᠃
《ᠬᠤᠸᠠᠩ ᠪᠠᠭᠰᠢᠳᠠᠨ ᠤ ᠰᠢᠷ ᠰᠠᠭᠤᠯᠭᠠᠬᠤ ᠤᠷ᠎ᠠ ᠮᠠᠷᠭᠡᠵᠢᠯᠢ ᠬᠠᠷᠠᠭᠠᠳ ᠪᠢ ᠠᠯᠳᠠᠨ ᠬᠦᠪᠡᠭᠡ ᠲᠠᠢ ᠹᠠᠯᠠᠨ ᠵᠢᠷᠤᠭ ᠲᠤ᠌ ᠮᠠᠰᠢ ᠶᠡᠭᠡ ᠲᠤᠷ᠎ᠠ ᠰᠤᠨᠢᠷᠬᠠᠯ ᠲᠠᠢ ᠪᠤᠯᠤᠭᠰᠠᠨ》 ᠭᠡᠵᠤ ᠼᠦᠢ ᠰᠢᠶᠠ ᠶᠠᠷᠢᠨ᠎ᠠ᠃
ᠨᠠᠷᠢᠯᠢᠭ ᠰᠠᠢᠬᠠᠨ ᠰᠤᠷᠤᠯᠴᠠᠵᠤ ᠰᠢᠨ᠎ᠡ ᠵᠢ ᠡᠭᠦᠳᠪᠠ
ᠪᠡᠭᠡᠵᠢᠩᠳ᠋ᠡᠭᠢ ᠨᠢᠭᠡ ᠭᠠᠷᠠᠭᠤᠨ ᠰᠤᠷᠤᠯᠴᠠᠯᠭᠠᠳᠤ ᠼᠦᠢ ᠰᠢᠶᠠ ᠪᠦᠭᠦ ᠭᠦᠴᠦ ᠪᠠᠨ ᠠᠯᠳᠠᠨ ᠬᠦᠪᠡᠭᠡ ᠲᠠᠢ ᠹᠠᠯᠠᠨ ᠮᠡᠷᠭᠡᠵᠢᠯᠢ ᠰᠤᠷᠤᠯᠴᠠᠬᠤᠳᠤ ᠲᠠᠯᠪᠢᠵᠤ᠂ ᠪᠡᠭᠡᠵᠢᠩ ᠡᠴᠡ ᠬᠠᠷᠢᠵᠤ ᠢᠷᠡᠭᠰᠡᠨ ᠤ ᠲᠠᠷᠠᠭ᠎ᠠ ᠪᠠᠰᠠ ᠭᠠᠳᠠᠭᠰᠢ ᠲᠤᠰᠬᠠᠢᠯᠠᠨ ᠰᠤᠷᠤᠯᠴᠠᠬᠤ ᠪᠡᠷ ᠶᠠᠪᠤᠵᠠᠢ᠃
《2017 ᠤᠨᠳᠤ ᠪᠢ ᠬᠠᠭᠠᠰ ᠵᠢᠯ ᠠᠯᠳᠠᠨ ᠬᠦᠪᠡᠭᠡ ᠲᠠᠢ ᠹᠠᠯᠠᠨ ᠮᠠᠷᠭᠡᠵᠢᠯ ᠪᠠ ᠰᠢᠷ ᠰᠠᠭᠤᠯᠭᠠᠬᠤ ᠮᠡᠷᠭᠡᠵᠢᠯᠢ ᠰᠤᠷᠤᠯᠴᠠᠭᠰᠠᠨ᠂ ᠲᠠᠰᠤᠷᠠᠯᠳᠠ ᠦᠭᠡᠢ ᠰᠤᠷᠤᠯᠴᠠᠬᠤ ᠪᠡᠷ ᠲᠠᠮᠵᠢᠭᠠᠳ ᠮᠢᠨᠦ ᠮᠡᠷᠭᠡᠵᠢᠯ ᠨᠠᠯᠢᠶᠠᠳ ᠲᠡᠭᠡᠭᠰᠢᠯᠡᠭᠰᠡᠨ》᠂《ᠲᠠᠷᠠ ᠦᠶᠡᠰ ᠪᠢ ᠬᠤᠶᠠᠳᠤᠭᠠᠷ ᠭᠡᠦᠭᠡᠳ ᠵᠢᠡᠨ ᠲᠠᠪᠬᠤᠷ ᠪᠠᠢᠭᠰᠠᠨ᠂ ᠭᠡᠷ ᠪᠤᠯᠤᠨ ᠠᠵᠢᠯᠯᠠᠬᠤ ᠦᠷᠦᠭᠡᠨ ᠪ ᠬᠤᠭᠤᠷᠤᠨᠳᠤ ᠨᠠᠰᠢ ᠴᠠᠰᠢ ᠶᠠᠭᠠᠷᠠᠭᠰᠠᠭᠠᠷ ᠪᠠᠢᠵᠤ᠂ ᠭᠡᠳᠡᠰᠦ ᠪᠦᠳᠦᠭᠦᠷᠡᠭᠡᠳ ᠪᠦᠷ ᠮᠠᠰᠢᠨ ᠪ ᠵᠠᠯᠠᠭᠤᠷ ᠲᠤ᠌ ᠲᠤᠯᠵᠤ ᠂ ᠭᠦᠨᠭᠭᠡᠵᠢᠭᠦ ᠦᠶ᠎ᠡ ᠪᠡᠷ ᠰᠠᠶᠢ ᠠᠵᠢᠯᠯᠠᠬᠤ ᠪᠠᠨ ᠵᠤᠭᠰᠤᠭᠰᠠᠨ》ᠭᠡᠵᠤ ᠼᠦᠢ ᠰᠢᠶᠠ ᠶᠠᠷᠢᠨ᠎ᠠ᠃

ᠠᠯᠳᠠᠨ ᠬᠦᠪᠡᠭᠡ ᠲᠠᠢ ᠹᠠᠯᠠᠨ ᠵᠢᠷᠤᠭ 《ᠡᠳ᠋ ᠬᠤᠷᠤᠢᠯᠠᠭᠰᠠᠨ ᠵᠠᠭᠠᠨ》
ᠼᠦᠢ ᠰᠢᠶᠠ ᠰᠤᠷᠤᠯᠴᠠᠬᠤ ᠲᠤᠮᠳᠠ ᠪᠠᠨ ᠵᠢᠷᠤᠭ ᠵᠢᠷᠤᠬᠤ ᠮᠡᠷᠭᠡᠵᠢᠯ ᠪᠤᠯᠤᠨ ᠹᠠᠯᠠᠨ ᠤᠷᠠᠯᠠᠯᠢ ᠬᠠᠢᠯᠴᠠᠨ ᠤᠶᠠᠯᠳᠤᠭᠤᠯᠬᠤ ᠵᠢᠨ ᠬᠠᠮᠳᠤ ᠪᠠᠰᠠ ᠬᠦᠬᠡᠬᠤᠳᠠ ᠵᠢᠨ ᠠᠯᠳᠠᠨ ᠬᠦᠪᠡᠭᠡ ᠲᠠᠢ ᠹᠠᠯᠠᠨ ᠵᠢᠷᠤᠭ ᠦᠢᠯᠡᠳᠭᠦ ᠶᠠᠪᠤᠴᠠ ᠵᠢ ᠡᠮᠭᠢᠯᠡᠭᠰᠡᠨ ᠪᠠᠢᠨ᠎ᠠ᠃
ᠼᠦᠢ ᠰᠢᠶᠠ ᠵᠢᠨ ᠭᠡᠯᠡᠭᠦ ᠪᠡᠷ᠂ ᠠᠯᠳᠠᠨ ᠬᠦᠪᠡᠭᠡ ᠲᠠᠢ ᠹᠠᠯᠠᠨ ᠵᠢᠷᠤᠭ ᠪᠤᠯ ᠡᠩ ᠲᠡᠷᠢᠭᠦᠨᠳᠤ ᠵᠢᠷᠤᠭ ᠤᠷᠠᠯᠠᠯ ᠪᠠᠢᠵᠤ᠂ ᠵᠤᠭᠢᠶᠠᠨ ᠪᠦᠳᠦᠭᠡᠭᠦ ᠭᠡᠷᠡᠭᠴᠡᠭᠡ ᠪᠠᠨ ᠦᠨᠳᠦᠰᠦᠯᠡᠨ ᠴᠠᠭᠠᠰᠤᠨ ᠲᠡᠭᠡᠷ᠎ᠠ ᠵᠢᠷᠤᠭ ᠲᠦᠯᠦᠪᠯᠡᠭᠡ ᠪᠠᠨ ᠭᠠᠷᠭᠠᠭᠰᠠᠨ ᠪ ᠲᠠᠷᠠᠭ᠎ᠠ᠂ ᠭᠢᠳᠡᠳ ᠵᠢᠷᠤᠭᠤᠨ ᠠᠷᠭ᠎ᠠ ᠪᠠᠷᠢᠯ ᠵᠢᠡᠷ ᠵᠢᠷᠤᠭ ᠵᠢᠡᠨ ᠬᠦᠪᠡᠭᠡᠯᠡᠭᠦ ᠭᠡᠰᠡᠭ ᠲᠡᠭᠡᠨ ᠵᠢᠷᠤᠵᠤ᠂ ᠲᠠᠷᠠᠭ᠎ᠠ ᠨᠢ ᠬᠦᠪᠡᠭᠡᠯᠡᠵᠤ᠂ ᠤᠬᠤᠷ ᠬᠠᠢᠴᠢ᠂ ᠨᠠᠭᠠᠯᠳᠠ᠂ ᠬᠠᠪᠴᠢᠭᠤᠷ ᠵᠡᠷᠭᠡ ᠪᠠᠭᠠᠵᠢ ᠵᠢ ᠠᠰᠢᠭᠯᠠᠨ᠂ ᠠᠯᠳᠠ᠂ ᠭᠠᠤᠯᠢ᠂ ᠬᠦᠨᠭᠭᠡᠨᠴᠡᠭᠠᠨ ᠵᠡᠷᠭᠡ ᠲᠡᠮᠦᠷᠯᠢᠭ ᠨᠠᠷᠢᠨ ᠤᠳᠠᠰᠤ ᠵᠢ ᠵᠢᠷᠤᠭᠰᠠᠨ ᠭᠡᠯᠪᠠᠷᠢ ᠲᠦᠷᠰᠦ ᠪᠡᠷ ᠰᠢᠭᠢᠳᠭᠡᠨ ᠤᠷᠢᠶᠠᠭᠰᠠᠨ ᠪ ᠲᠠᠷᠠᠭ᠎ᠠ ᠪᠤᠳᠤᠭ ᠤᠷᠤᠭᠤᠯᠵᠤ᠂ 6 —12 ᠴᠠᠭ ᠪᠤᠯᠤᠭᠰᠠᠨ ᠬᠤᠢᠨ᠎ᠠ ᠬᠤᠪᠠ ᠰᠢᠭ᠋ ᠭᠢᠯᠳᠠᠭᠠᠨᠠᠵᠤ᠂ ᠰᠢᠯ ᠰᠢᠭ ᠭᠠᠳᠠᠷᠭᠤ ᠲᠠᠢ ᠪᠤᠯᠳᠠᠭ ᠪᠠᠢᠨ᠎ᠠ᠃

ᠠᠯᠳᠠᠨ ᠬᠦᠪᠡᠭᠡ ᠲᠠᠢ ᠹᠠᠯᠠᠨ ᠵᠢᠷᠤᠭ 《ᠤᠨ ᠪᠤᠯᠭᠠᠨ ᠤᠯᠵᠠ ᠲᠠᠢ》
ᠭᠤᠶᠤ ᠰᠠᠢᠬᠠᠨ ᠠᠯᠳᠠᠨ ᠬᠦᠪᠡᠭᠡ ᠲᠠᠢ ᠹᠠᠯᠠᠨ ᠵᠢᠷᠤᠭ ᠢᠩᠭᠢᠵᠤ ᠪᠦᠳᠦᠭᠡᠭᠳᠡᠳᠡᠭ ᠠᠵᠢ᠃
《ᠪᠤᠢ ᠪᠦᠭᠦᠢ ᠶᠠᠪᠤᠴᠠ ᠵᠢᠨ ᠲᠤᠮᠳᠠ ᠤᠨᠴᠠᠭᠠᠢᠯᠠᠨ ᠠᠨᠭᠬᠠᠷᠤᠭᠤᠰᠢᠳᠠᠢ ᠨᠢ ᠬᠦᠪᠡᠭᠡᠯᠡᠭᠦ ᠦᠶᠡᠰ ᠠᠯᠳᠠᠨ ᠤᠳᠠᠰᠤᠨ ᠤ ᠵᠠᠯᠭᠠᠳᠠᠰᠤᠨᠤ ᠬᠡᠰᠡᠭᠢ ᠵᠠᠪᠠᠯ ᠵᠠᠢ ᠦᠭᠡᠢ ᠰᠠᠢᠬᠠᠨ ᠪᠠᠢᠯᠭᠠᠬᠤ ᠭᠡᠷᠡᠭᠳᠡᠢ ᠃ ᠦᠭᠡᠢ ᠪᠤᠯ ᠪᠤᠳᠤᠭ ᠰᠠᠭᠤᠯᠭᠠᠬᠤ ᠦᠶᠡᠰ ᠪᠤᠳᠤᠭ ᠨᠢ ᠠᠮᠠᠷᠬᠠᠨ ᠭᠤᠭᠤᠵᠢᠨᠡ᠃ ᠪᠤᠳᠤᠭ ᠰᠠᠭᠤᠯᠭᠠᠭᠰᠠᠨ ᠨᠢ ᠠᠮᠵᠢᠯᠳᠠ ᠲᠠᠢ ᠪᠤᠯᠤᠭᠰᠨᠨ ᠡᠰᠡᠭᠦ ᠵᠢᠨ ᠵᠠᠨᠭᠭᠢᠯᠠᠭᠠ ᠨᠢ ᠠᠯᠢ ᠲᠠᠯ᠎ᠠ ᠡᠴᠡ ᠨᠢ ᠬᠠᠷᠠᠭᠰᠠᠨ ᠴᠤ᠌ ᠲᠡᠭᠰᠢ ᠭᠦᠯᠢᠭᠡᠷ ᠪᠠᠢᠬᠤᠳᠤ ᠤᠷᠤᠰᠢᠨ᠎ᠠ》 ᠭᠡᠵᠤ ᠼᠦᠢ ᠰᠢᠶᠠ ᠶᠠᠷᠢᠨ᠎ᠠ᠃
ᠠᠯᠳᠠᠨ ᠬᠦᠪᠡᠭᠡ ᠲᠠᠢ ᠹᠠᠯᠠᠨ ᠵᠢᠷᠤᠭ 《ᠯᠤᠤ ᠭᠠᠷᠤᠳᠢ ᠲᠤᠭᠯᠠᠭᠰᠠᠨ ᠦᠯᠵᠡᠢ ᠪᠡᠯᠭᠡ》
ᠤᠨᠴᠠᠯᠢᠭ ᠨᠢ ᠢᠯᠡ ᠲᠤᠳᠤᠷᠬᠠᠢ ᠢᠷᠡᠭᠡᠳᠦᠢ ᠭᠡᠭᠡᠨ ᠰᠠᠷᠠᠭᠤᠯ
ᠠᠯᠳᠠᠨ ᠬᠦᠪᠡᠭᠡ ᠲᠠᠢ ᠹᠠᠯᠠᠨ ᠵᠢᠷᠤᠭᠤᠨ ᠰᠡᠳᠦᠪᠯᠡᠭᠦᠨ ᠨᠢ ᠤᠯᠠᠨ ᠵᠦᠢᠯᠳᠤ ᠭᠢᠵᠠᠭᠠᠷᠯᠠᠭᠳᠠᠬᠤ ᠦᠭᠡᠢ᠂ ᠬᠠᠷᠠᠭ᠎ᠠ ᠭᠦᠷᠦᠭᠰᠡᠨ ᠭᠠᠵᠠᠷ ᠦᠵᠡᠮᠵᠢ ᠪᠤᠯᠵᠤ᠂ ᠵᠢᠷᠤᠭᠤᠨ ᠪᠢᠷ ᠵᠢᠡᠷ ᠢᠯᠡᠳᠭᠡᠵᠤ ᠦᠯᠦ ᠴᠢᠳᠠᠬᠤ ᠤᠨᠴᠠᠭᠠᠢ ᠪᠤᠰᠤᠭ᠎ᠠ ᠴᠤᠭᠴᠠᠳᠤ ᠤᠷᠠᠯᠢᠭᠤᠨ ᠦᠷ᠎ᠠ ᠪᠦᠳᠦᠮᠵᠢ ᠲᠠᠢ ᠪᠠᠢᠵᠤ᠂ ᠡᠯ᠎ᠠ ᠵᠦᠢᠯᠤᠨ ᠵᠢᠷᠤᠭᠤᠨ ᠤᠨᠴᠠᠯᠢᠭᠢ ᠬᠠᠳᠠᠭᠠᠯᠠᠭᠰᠠᠨ ᠡᠴᠡ ᠭᠠᠳᠠᠨ᠎ᠠ ᠪᠠᠰᠠ ᠰᠢᠯ ᠪᠤᠳᠤᠭᠤᠨ ᠪᠠᠢᠭᠠᠯᠢᠯᠢᠭ ᠰᠠᠢᠬᠠᠨᠢ ᠬᠠᠳᠠᠭᠠᠯᠠᠵᠤ᠂ ᠪᠦᠳᠦᠴᠡ ᠨᠢ ᠬᠠᠳᠠᠭᠤ᠂ ᠦᠨᠳᠦᠷ ᠬᠠᠯᠠᠭᠤᠨ ᠡᠴᠡ ᠠᠶᠤᠬᠤ ᠦᠭᠡᠢ᠂ ᠤᠰᠤ ᠴᠢᠭᠢᠭ ᠡᠴᠡ ᠠᠶᠤᠬᠤ ᠦᠭᠡᠢ᠂ ᠦᠨᠭᠭᠡ ᠪᠤᠳᠤᠭ ᠨᠢ ᠤᠨᠠᠬᠤ ᠦᠭᠡᠢ᠂ ᠪᠤᠭᠢᠷᠳᠤᠯ ᠦᠭᠡᠢ᠂ ᠤᠳᠠᠭᠠᠨ ᠬᠠᠳᠠᠭᠠᠯᠠᠵᠤ ᠪᠤᠯᠳᠠᠭ ᠵᠡᠷᠭᠡ ᠤᠨᠴᠠᠯᠢᠭ ᠵᠢᠡᠷ ᠵᠢᠡᠨ ᠵᠠᠬ᠎ᠠ ᠲᠡᠯᠭᠡᠭᠦᠷᠤᠨ ᠬᠦᠷᠢᠶᠡᠯᠡᠯᠢ ᠤᠯᠵᠠᠢ᠃

ᠠᠯᠳᠠᠨ ᠬᠦᠪᠡᠭᠡ ᠲᠠᠢ ᠹᠠᠯᠠᠨ ᠵᠢᠷᠤᠭ 《ᠠᠷᠪᠠᠨ ᠬᠤᠶᠠᠷ ᠵᠢᠯ》
ᠤᠯᠠᠨ ᠵᠢᠯᠤᠨ ᠲᠤᠷᠰᠢ ᠼᠦᠢ ᠰᠢᠶᠠ《ᠨᠠᠶ᠋ᠮᠠᠨ ᠰᠢᠷᠭ᠎ᠠ》᠂ 《ᠯᠤᠤ ᠭᠠᠷᠤᠳᠢ ᠬᠤᠤᠰᠯᠠᠭᠰᠠᠨ ᠦᠯᠵᠡᠢ ᠪᠡᠯᠭᠡ》᠂ 《ᠮᠢᠨᠭᠭᠠᠨ ᠭᠠᠵᠠᠷᠤᠨ ᠠᠭᠤᠯᠠ ᠤᠰᠤᠨ ᠤ ᠵᠢᠷᠤᠭ》 ᠵᠡᠷᠭᠡ ᠤᠯᠠᠨ ᠤᠯᠠᠨ ᠲᠦᠯᠦᠭᠡᠯᠡᠭᠴᠢ ᠪᠦᠳᠦᠭᠡᠯ ᠵᠢᠡᠨ ᠵᠤᠭᠢᠶᠠᠨ ᠪᠦᠳᠦᠭᠡᠭᠰᠠᠨ ᠪᠠᠢᠨ᠎ᠠ᠃ ᠢᠯᠠᠨᠭᠭᠤᠶ᠎ᠠ ᠲᠡᠭᠦᠨ ᠪ ᠵᠤᠭᠢᠶᠠᠨ ᠪᠦᠳᠦᠭᠡᠭᠰᠡᠨ 《ᠠᠷᠪᠠᠨ ᠬᠤᠶᠠᠷ ᠵᠢᠯ》 ᠨᠢ ᠦᠪᠦᠷ ᠮᠤᠨᠭᠭᠤᠯᠤᠨ ᠤᠨᠴᠠᠯᠢᠭᠢ ᠠᠭᠤᠰᠬᠠᠵᠤ᠂ ᠠᠷᠪᠠᠨ ᠬᠤᠶᠠᠷ ᠵᠢᠯᠤᠨ ᠠᠮᠢᠳᠠᠨ ᠪᠤᠯᠭᠠᠨᠢ ᠠᠮᠢᠳᠤᠯᠢᠭ ᠰᠠᠢᠬᠠᠨ ᠵᠤᠭᠢᠶᠠᠨ ᠪᠦᠳᠦᠭᠡᠭᠰᠡᠨ ᠵᠢᠡᠷ ᠦᠵᠡᠭᠰᠡᠨ ᠪᠤᠯᠭᠠᠨᠢ ᠱᠠᠭᠰᠢᠷᠠᠭᠤᠯᠵᠤ᠂ ᠾᠸᠪᠸᠢ ᠵᠢᠨ ᠨᠢᠭᠡᠨ ᠭᠡᠷᠡᠭᠯᠡᠭᠴᠢ ᠪᠠᠬᠠᠷᠬᠠᠬᠤ ᠵᠢᠨ ᠶᠡᠭᠡᠪᠠᠷ ᠪᠠᠬᠠᠷᠬᠠᠵᠤ᠂ ᠦᠨᠳᠦᠷ ᠦᠨ᠎ᠡ ᠪᠡᠷ ᠬᠤᠳᠠᠯᠳᠤᠨ ᠠᠪᠤᠭᠰᠠᠨ ᠪᠠᠢᠨ᠎ᠠ᠃
ᠦᠪᠯᠡᠨ ᠤᠯᠠᠮᠵᠢᠯᠠᠬᠤ ᠵᠠᠮ ᠳᠤ ᠼᠦᠢ ᠰᠢᠶᠠ ᠭᠠᠭᠴᠠᠭᠠᠷ ᠪᠢᠰᠢ᠃
ᠤᠯᠠᠨ ᠵᠢᠯᠤᠨ ᠡᠮᠦᠨ᠎ᠠ ᠤᠯᠠᠮᠵᠢᠯᠠᠯᠳᠤ ᠴᠠᠭᠠᠰᠤᠨ ᠬᠠᠢᠴᠢᠯᠠᠮᠠᠯᠢ ᠵᠤᠭᠢᠶᠠᠨ ᠪᠦᠳᠦᠭᠡᠵᠤ ᠪᠠᠢᠭ᠎ᠠ ᠦᠶᠡᠰ᠂ ᠲᠠᠷᠠ ᠪᠦᠷ 10 ᠭᠠᠷᠤᠢ ᠱᠠᠪᠢ ᠭᠦᠮᠦᠵᠢᠭᠦᠯᠵᠤ᠂ ᠡᠭᠦᠨᠳᠤ ᠭᠡᠷ ᠪᠦᠯᠢ ᠵᠢᠨ ᠡᠵᠡᠭᠳᠡᠢ ᠂ ᠠᠵᠢᠯ ᠠᠯᠳᠠᠭᠰᠠᠨ ᠡᠮᠡᠭᠳᠡᠢ ᠂ ᠵᠡᠮᠳᠡᠭ ᠭᠦᠮᠦᠨ ᠵᠡᠷᠭᠡ ᠪᠤᠢ᠃ ᠼᠦᠢ ᠰᠢᠶᠠ ᠠᠯᠳᠠᠨ ᠬᠦᠪᠡᠭᠡ ᠲᠠᠢ ᠹᠠᠯᠠᠨ ᠵᠢᠷᠤᠭᠢ ᠰᠤᠷᠤᠭᠰᠠᠨ ᠪ ᠲᠠᠷᠠᠭ᠎ᠠ ᠪᠠᠰᠠ ᠡᠳᠡᠭᠡᠷ ᠱᠠᠪᠢ ᠨᠠᠷ ᠲᠠᠭᠠᠨ ᠵᠢᠭᠠᠵᠠᠢ᠃

ᠠᠯᠳᠠᠨ ᠬᠦᠪᠡᠭᠡ ᠲᠠᠢ ᠹᠠᠯᠠᠨ ᠵᠢᠷᠤᠭ 《ᠯᠤᠤ ᠭᠠᠷᠤᠳᠢ ᠲᠤᠭᠯᠠᠭᠰᠠᠨ
ᠦᠯᠵᠡᠢ ᠪᠡᠯᠭᠡ︾
ᠼᠦᠢ ᠰᠢᠶᠠ ᠲᠠᠰᠤᠷᠠᠯᠳᠠ ᠦᠭᠡᠢ ᠴᠢᠷᠮᠠᠢᠯᠭ᠎ᠠ ᠪᠡᠷ ᠲᠠᠮᠵᠢᠨ ᠵᠤᠭᠢᠶᠠᠨ ᠪᠦᠳᠦᠭᠡᠭᠦ ᠰᠤᠳᠤᠯᠬᠤ᠂ ᠦᠢᠯᠡᠳᠪᠦᠷᠢᠯᠡᠵᠤ ᠡᠳ᠋ᠰᠢᠭᠦᠯᠭᠦ᠂ ᠮᠡᠷᠭᠡᠵᠢᠯᠤᠨ ᠪᠤᠯᠪᠠᠰᠤᠷᠠᠯ᠂ ᠠᠵᠢᠯ ᠤᠯᠭᠤᠯᠳᠠ ᠪᠡᠷ ᠲᠡᠮᠵᠢᠭᠦ᠂ ᠰᠢᠯᠢᠳᠡᠭ ᠪᠦᠳᠦᠭᠡᠭᠳᠡᠭᠦᠨᠢ ᠲᠡᠯᠭᠡᠨ ᠪᠤᠷᠤᠯᠠᠭᠤᠯᠬᠤ᠂ ᠭᠡᠯᠭᠢᠶᠠᠳᠤ ᠪᠤᠷᠤᠯᠠᠭᠤᠯᠭ᠎ᠠ ᠵᠢᠴᠢ ᠡᠯᠸᠺᠲᠷᠤᠨ ᠠᠷᠠᠯᠵᠢᠶᠠᠨ ᠪ ᠲᠠᠪᠴᠠᠩ ᠵᠡᠷᠭᠡ ᠰᠢᠷᠢᠰ ᠦᠢᠯᠡᠴᠢᠯᠡᠭᠡ ᠵᠢ ᠨᠢᠭᠡ ᠴᠤᠭᠴᠠᠵᠢᠭᠤᠯᠵᠤ᠂ ᠪᠤᠳᠠᠰᠤᠨ ᠪᠤᠰᠤ ᠰᠤᠶᠤᠯᠤᠨ ᠦᠪ ᠢ ᠤᠯᠠᠮᠵᠢᠯᠠᠨ ᠵᠠᠯᠭᠠᠮᠵᠢᠯᠠᠬᠤ ᠪᠠ ᠪᠤᠳᠠᠰᠤᠨ ᠪᠤᠰᠤ ᠰᠤᠶᠤᠯᠤᠨ ᠦᠪᠤᠨ ᠠᠵᠤ ᠦᠢᠯᠡᠰᠤᠨ ᠡᠵᠡᠨᠭᠨᠡᠯᠳᠡ ᠵᠢ ᠲᠤᠰᠬᠠᠢᠵᠢᠭᠤᠯᠤᠨ ᠦᠢᠯᠡᠴᠢᠯᠡᠭᠦ ᠲᠠᠪᠴᠠᠩ ᠪᠠᠢᠭᠤᠯᠵᠤ᠂ ᠨᠢᠭᠡ ᠪᠦᠯᠦᠭ ᠭᠦᠮᠦᠨᠢ ᠲᠠᠢᠴᠢᠯᠡᠨ ᠲᠠᠭᠠᠭᠤᠯᠵᠤ᠂ ᠲᠠᠳᠠᠨᠠᠷᠤᠨ ᠠᠵᠢᠯ ᠤᠯᠬᠤ ᠠᠰᠠᠭᠤᠳᠠᠯᠢ ᠰᠢᠢᠳᠪᠦᠷᠢᠯᠡᠭᠰᠡᠨ ᠪᠠᠢᠨ᠎ᠠ᠃
《ᠤᠳᠤᠬᠠᠨᠳᠤ ᠪᠢ ᠭᠤᠤᠯ ᠭᠦᠴᠦ ᠪᠠᠨ ᠵᠢᠷᠤᠵᠤ ᠲᠦᠰᠦᠪᠯᠡᠭᠦ ᠲᠡᠭᠡᠷ᠎ᠠ ᠲᠠᠯᠪᠢᠵᠤ᠂ ᠦᠪᠦᠷ ᠮᠤᠨᠭᠭᠤᠯᠤᠨ ᠤᠨᠴᠠᠯᠢᠭ ᠲᠠᠢ ᠠᠯᠳᠠᠨ ᠬᠦᠪᠡᠭᠡ ᠲᠠᠢ ᠹᠠᠯᠠᠨ ᠵᠢᠷᠤᠭ ᠨᠡᠩ ᠶᠡᠭᠡ ᠨᠦᠯᠦᠭᠡ ᠲᠠᠢ ᠪᠤᠯᠵᠤ᠂ ᠦᠪᠦᠷ ᠮᠤᠨᠭᠭᠤᠯᠢ ᠤᠬᠠᠭᠤᠯᠬᠤ ᠨᠢᠭᠡᠨ ᠬᠤᠪᠢ ᠨᠠᠷᠠ ᠵᠢᠨ ᠬᠠᠭᠤᠳᠠᠰᠤ ᠪᠤᠯᠬᠤ ᠵᠢ ᠭᠦᠰᠡᠵᠤ ᠪᠤᠢ》 ᠭᠡᠵᠤ ᠼᠦᠢ ᠰᠢᠶᠠ ᠭᠦᠰᠡᠯ ᠪᠤᠳᠤᠯ ᠵᠢᠡᠨ ᠲᠡᠯᠭᠡᠨ᠎ᠠ᠃