ᠲᠤᠷᠠᠰᠤᠮᠵᠢ ᠭᠡᠦᠭᠡᠨ ᠬᠤᠷᠳᠤᠨ᠎ᠤ ᠬᠠᠷ᠎ᠠ ᠲᠠᠢ ᠪᠠᠨ
2025-06-18 11:29:31
ᠵᠣᠬᠢᠶᠠᠭ᠍ᠴᠢ᠄
ᠡᠷᠳᠡᠨᠢᠴᠢᠮᠡᠭ ​
ᠣᠩᠱᠢᠭ᠍ᠰᠠᠨ ᠣᠳᠠᠭ᠎ᠠ᠄
★★★☆☆

ᠵᠤᠰᠠᠭᠠᠯ᠎ᠤᠨ ᠦᠷᠯᠦᠭᠡ᠎ᠶ᠋ᠢᠨ ᠬᠡᠱᠢᠭ᠌ᠳᠡᠨ ᠨᠤᠳᠤᠭ ᠵᠢᠷᠤᠭ᠎ᠤᠨ ᠶᠤᠮᠱᠢᠭ ᠠᠶᠠᠯᠭᠤ ᠠᠰᠭᠠᠷᠠᠨ᠎ᠠ᠃ ᠤᠰᠤᠨ᠎ᠤ ᠱᠢᠪᠠᠭᠤᠳ᠎ᠤᠨ ᠵᠢᠷᠭᠢᠭᠡᠨ᠂ ᠤᠷᠠᠨ ᠭᠦᠬᠦᠭᠡ᠎ᠶ᠋ᠢᠨ ᠲᠤᠩᠭᠤᠳᠤᠭᠠᠨ᠂ ᠦᠨᠢᠶ᠎ᠡ ᠲᠤᠭᠤᠯ᠎ᠤᠨ ᠮᠦᠭᠡᠷᠡᠭᠡᠨ᠂ ᠡᠨᠡ ᠰᠠᠢᠬᠠᠨ ᠪᠠᠢᠭᠠᠯᠢ᠎ᠳᠤ ᠨᠠᠢᠷᠠᠯ ᠪᠤᠯᠤᠨ ᠤᠶᠠᠩᠭᠠᠷᠠᠬᠤ᠎ᠨᠢ ᠶᠠᠭᠤᠳᠠᠢ ᠰᠠᠢᠬᠠᠨ᠃

ᠪᠠᠭ᠎ᠠ ᠵᠢᠷᠢ᠎ᠶ᠋ᠢᠨ ᠬᠦᠪᠡᠭᠡᠨ᠎ᠳᠠᠬᠢ ᠠᠢᠯ ᠪᠤᠯ ᠤᠨᠤᠭᠠᠴᠢ ᠦᠬᠢᠨ ᠲᠤᠷᠠᠰᠤᠮᠵᠢ᠎ᠶᠢᠨ᠎ᠬᠢ ᠪᠢᠯᠡ᠃ ᠠᠳᠡ ᠡᠭᠡᠯ ᠵᠢᠷ᠎ᠤᠨ ᠮᠠᠯᠴᠢᠨ ᠠᠢᠯ᠎ᠤᠨ ᠠᠮᠢᠳᠤᠷᠠᠯ ᠦᠪᠡᠷ᠎ᠤᠨ ᠭᠡᠰᠡᠨ ᠦᠩᠭᠡ ᠠᠶᠠᠰ᠎ᠢᠶᠠᠷ᠎ᠢᠶᠠᠨ ᠦᠷᠭᠦᠯᠵᠢᠯᠡᠨ᠎ᠡ᠃

ᠦᠷ᠎ᠢᠶᠠᠷ ᠪᠤᠰᠴᠤ᠌ ᠡᠵᠢ᠎ᠳᠡᠭᠡᠨ ᠲᠤᠭᠤᠯ ᠲᠠᠳᠠᠵᠤ ᠦᠭ᠌ᠳᠡᠭ ᠲᠤᠷᠠᠰᠤᠮᠵᠢ ᠦᠬᠢᠨ᠎ᠳᠤ ᠦᠴᠦᠭᠡᠳᠦᠷ᠎ᠤᠨ ᠰᠤᠷᠢᠭ᠎ᠠ ᠲᠠᠩᠴᠢ ᠴᠢᠩᠭᠠᠷᠠᠭ᠍ᠰᠠᠨ ᠪᠤᠯᠤᠯᠳᠠᠢ᠂ ᠨᠤᠢᠷ᠎ᠲᠠᠭᠠᠨ ᠲᠠᠷᠤᠭ᠍ᠳᠠᠨ ᠨᠠᠮ ᠤᠨᠳᠠᠵᠠᠢ᠃

ᠠᠮᠠᠷᠠᠯᠳᠠ ᠭᠡᠵᠦ᠍ ᠬᠡᠦᠬᠡᠳ᠎ᠤᠨ ᠮᠦᠷᠦᠭᠡᠳᠦᠭᠡᠳ ᠪᠠᠢᠳᠠᠭ ᠰᠠᠢᠬᠠᠨ ᠴᠠᠭ ᠶᠣᠮᠰᠠᠨ᠃ ᠮᠤᠷᠢᠨ᠎ᠳᠤ ᠬᠤᠷᠤᠬᠠᠢ᠎ᠲᠠᠢ ᠲᠤᠷᠠᠰᠤᠮᠵᠢ᠎ᠶ᠋ᠢ ᠨᠡᠩ ᠶᠠᠭᠣᠨ ᠬᠡᠯᠡᠬᠦ᠌ ᠪᠣᠢ᠂ ᠵᠤᠨ᠎ᠤ ᠠᠮᠠᠷᠠᠯᠳᠠ ᠲᠠᠯᠪᠢᠮᠠᠭ᠍ᠴᠠ ᠰᠤᠷᠢᠭᠠᠨ᠎ᠳᠤ ᠭᠠᠷᠤᠨ᠎ᠠ ᠭᠡᠵᠦ᠍ ᠶᠠᠭᠠᠷᠠᠭᠠᠳ ᠪᠢᠴᠢᠭ᠎ᠤᠨ ᠪᠣᠭᠴᠣ᠎ᠪᠠᠨ ᠴᠤ᠌ ᠡᠪᠦᠯᠵᠢᠶᠡᠨ᠎ᠳᠡᠭᠡᠨ ᠮᠠᠷᠳᠠᠭ᠍ᠰᠠᠨ ᠪᠠᠢᠯ᠎ᠠ᠃

ᠲᠤᠷᠠᠰᠤᠮᠵᠢ᠎ᠶ᠋ᠢᠨ᠎ᠬᠢ ᠬᠤᠨᠢᠨ᠎ᠤ ᠬᠠᠷ᠎ᠠ᠂ ᠬᠤᠷᠳᠤᠨ᠎ᠤ ᠬᠠᠷ᠎ᠠ᠂ ᠡᠪᠦᠭᠡ᠎ᠶ᠋ᠢᠨ ᠬᠢᠨᠢ ᠰᠤᠮᠤ ᠤᠷᠤᠬᠤ᠎ᠳᠠᠭᠠᠨ ᠤᠨᠤᠳᠠᠭ ᠨᠤᠮᠤᠬᠠᠨ ᠬᠠᠷ᠎ᠠ ᠭᠡᠵᠦ᠍ ᠭᠣᠷᠪᠠᠨ ᠬᠠᠷ᠎ᠠ ᠮᠤᠷᠢ᠎ᠲᠠᠢ᠃ ᠦᠪᠡᠷ᠎ᠲᠤᠨᠢ ᠬᠤᠪᠢᠶᠠᠭ᠍ᠳᠠᠭ᠍ᠰᠠᠨ ᠨᠤᠳᠤᠭ ᠲᠡᠮᠡᠢ ᠠᠭᠤᠵᠢᠮ ᠪᠢᠰᠢ ᠪᠤᠯᠬᠤᠷ ᠰᠦᠷᠦᠭ᠎ᠢᠶᠠᠷ ᠠᠳᠤᠭᠤ ᠮᠠᠯᠵᠢᠬᠣ ᠪᠤᠯᠤᠮᠵᠢ ᠠᠯᠠᠭ᠎ᠠ᠃ ᠬᠣᠷᠲᠣᠨ᠎ᠤ ᠬᠠᠷ᠎ᠠ ᠮᠤᠷᠢ ᠪᠤᠯ ᠤᠯᠤᠰ ᠲᠠᠶᠠᠭᠠᠷ ᠠᠯᠳᠠᠷᠳᠠᠢ ᠬᠡᠱᠢᠭ᠌ᠳᠡᠨ᠎ᠤ ᠪᠠᠢᠴᠠ᠎ᠶ᠋ᠢᠨ ᠭᠤᠤ ᠵᠢᠨ ᠴᠤᠮᠪᠤᠩ ᠲᠤᠭᠤᠷᠠᠢᠳᠤ ᠠᠳᠤᠭᠤᠨ᠎ᠤ ᠤᠳᠤᠮ ᠶᠣᠮ᠃ ᠲᠡᠯ ᠰᠡᠭᠦᠯ᠎ᠨᠢ ᠱᠢᠩᠭᠡᠨ ᠰᠠᠮᠰᠠ᠎ᠨᠢ ᠪᠦᠳᠦᠭᠦᠨ᠂ ᠲᠠᠬᠢ᠎ᠶ᠋ᠢᠨ ᠱᠢᠨᠵᠢᠲᠠᠢ ᠡᠨᠡ ᠮᠤᠷᠢ᠎ᠪᠠᠨ ᠲᠣᠷᠠᠰᠣᠮᠵᠢ᠎ᠶᠢᠨ ᠠᠪᠣ ᠪᠤᠯᠤᠷ ᠲᠡᠮᠦᠷ ᠲᠤᠭᠤᠷᠠᠢᠳᠦ ᠠᠳᠤᠭᠤᠨ᠎ᠤ ᠤᠳᠤᠮ ᠭᠡᠵᠦ᠍ ᠶᠡᠭᠡ ᠬᠠᠢᠷᠠᠯᠠᠳᠠᠭ᠃ ᠤᠶᠠᠭᠠᠴᠢ ᠠᠪᠤ᠎ᠶ᠋ᠢᠨ ᠬᠢᠨᠢ ᠤᠷ᠎ᠠ ᠤᠬᠠᠭᠠᠨ ᠤᠨᠤᠭᠠᠴᠢ ᠦᠬᠢᠨ᠎ᠤ ᠬᠢᠨᠢ ᠵᠤᠷᠢᠭ ᠰᠦᠰᠦ᠂ ᠤᠨᠤᠭ᠍ᠰᠠᠨ ᠬᠠᠷ᠎ᠠ᠎ᠶ᠋ᠢᠨ ᠬᠢᠨᠢ ᠱᠢᠨᠳᠠᠰᠤ ᠲᠡᠩᠬᠡᠭᠡ ᠪᠡᠷ ᠬᠤᠷᠳᠤᠨ᠎ᠤ ᠬᠠᠷ᠎ᠠ᠎ᠨᠢ ᠤᠯᠠᠨ ᠤᠳᠠᠭᠠᠨ᠎ᠤ ᠨᠠᠢᠷ ᠨᠠᠭᠠᠳᠤᠮ᠎ᠢᠶᠠᠷ ᠦᠵᠦᠭᠦᠷ ᠲᠡᠷᠢᠭᠦᠨ᠎ᠳᠤ ᠲᠤᠳᠤᠷᠠᠨ ᠲᠤᠷᠠᠰᠤᠮᠵᠢ ᠠᠪᠤ ᠦᠬᠢᠨ ᠬᠤᠶᠠᠷ᠎ᠢ ᠪᠠᠶᠠᠷᠯᠠᠭᠤᠯᠤᠭ᠍ᠰᠠᠨ ᠪᠠᠢᠯ᠎ᠠ᠃

ᠲᠤᠷᠠᠰᠤᠮᠵᠢ ᠡᠨᠡ ᠵᠢᠯ ᠬᠡᠢ ᠨᠠᠢ᠍ᠮᠠᠳᠠᠢ᠃ ᠰᠤᠮᠤᠨ᠎ᠤ ᠲᠦᠪ᠎ᠲᠤ ᠰᠤᠷᠭᠠᠭᠤᠯᠢ᠎ᠳᠤ ᠰᠠᠭᠤᠳᠠᠭ᠃ ᠨᠠᠢ᠍ᠮᠠᠨ ᠵᠢᠯ᠎ᠤᠨ ᠡᠮᠦᠨᠡᠬᠢ ᠨᠠᠮᠤᠷ ᠲᠤᠷᠠᠰᠤᠮᠵᠢ ᠦᠬᠢᠨ ᠬᠤᠩᠭᠤᠷ ᠤᠪᠤᠭᠠᠨ᠎ᠤ ᠵᠤᠰᠠᠯᠠᠩ᠎ᠤᠨ ᠲᠤᠷᠠᠰᠤᠭᠠᠳ ᠪᠠᠢᠮᠠᠷ ᠲᠠᠭᠤᠯᠠᠭᠠᠳ ᠴᠤ᠌ ᠰᠠᠭᠤᠮᠠᠷ ᠵᠤᠰᠠᠭᠠᠯ᠎ᠤᠨ ᠬᠦᠭᠡ ᠪᠠᠭᠤᠴᠠᠨ᠎ᠳᠤ ᠲᠦᠷᠦᠭ᠌ᠰᠡᠨ ᠪᠤᠯᠬᠤᠷ ᠡᠪᠦᠭᠡ᠎ᠨᠢ ᠤᠮᠪᠤᠯᠤ᠎ᠳᠠᠭᠠᠨ ᠲᠤᠷᠠᠰᠤᠮᠵᠢ ᠬᠡᠳᠡᠭ ᠨᠡᠷ᠎ᠡ ᠬᠠᠢᠷᠠᠯᠠᠵᠠᠢ᠃ ᠲᠡᠷᠡ ᠬᠤᠷᠳᠤᠨ᠎ᠤ ᠨᠢᠷᠤᠭᠤᠨ᠎ᠳᠤ ᠰᠠᠯᠬᠢ ᠰᠢᠬ ᠲᠠᠪᠬᠢᠭᠤᠯᠬᠤ ᠲᠤᠷᠠᠳᠠᠢ᠃ ᠡᠳᠦᠷᠵᠢᠨ ᠬᠡᠳᠦᠨ ᠬᠦᠦᠴᠦᠤᠯ᠎ᠲᠠᠢ ᠠᠵᠠᠢ᠎ᠶ᠋ᠢᠨ᠎ᠢᠶᠠᠨ ᠤᠶᠠᠭ᠍ᠰᠠᠨ ᠬᠠᠷ᠎ᠠ ᠮᠤᠷᠢ᠎ᠶ᠋ᠢ ᠤᠨᠤᠵᠤ ᠬᠠᠪᠢ ᠲᠦᠰᠦᠷ᠎ᠤᠨ ᠶᠡᠭᠡ ᠪᠠᠭ᠎ᠠ ᠨᠠᠢᠷ ᠨᠠᠭᠠᠳᠤᠮ᠎ᠢᠶᠠᠷ ᠦᠨᠵᠢᠵᠦ᠍ ᠬᠤᠨᠤᠬᠤ ᠦᠭᠡᠢ ᠯᠡ ᠶᠠᠪᠤᠨ᠎ᠠ᠃

ᠬᠤᠷᠳᠤᠨ᠎ᠤ ᠮᠤᠷᠢ ᠤᠶᠠᠬᠤ ᠭᠡᠭ᠌ᠴᠢ ᠤᠶᠠᠭᠠᠴᠢ ᠡᠵᠡᠨ᠂ ᠤᠨᠤᠭᠠᠴᠢ ᠬᠡᠦᠬᠡᠳ᠂ ᠤᠨᠤᠭ᠍ᠰᠠᠨ ᠮᠤᠷᠢ ᠭᠤᠷᠪᠠ᠎ᠶ᠋ᠢᠨ ᠤᠬᠠᠭᠠᠨ᠎ᠢ ᠰᠤᠷᠢᠬᠤ ᠠᠵᠢᠯ᠃ ᠲᠤᠷᠠᠰᠤᠮᠵᠢ᠎ᠶ᠋ᠢᠨ ᠠᠪᠤ᠎ᠨᠢ ᠡᠷᠳᠡ ᠤᠷᠤᠢ᠎ᠶ᠋ᠢᠨ ᠰᠡᠷᠢᠭᠦᠨ᠎ᠳᠤ ᠮᠤᠷᠢᠳ᠎ᠢᠶᠠᠨ ᠱᠢᠭᠦᠳᠡᠷᠢ᠎ᠲᠠᠢ ᠡᠪᠡᠰᠦ ᠢᠳᠡᠭᠦᠯᠦᠨ ᠨᠠᠷᠠ ᠬᠠᠯᠠᠬᠤ᠎ᠶ᠋ᠢᠨ ᠤᠷᠢᠳ ᠮᠤᠷᠢᠳ᠎ᠢᠶᠠᠨ ᠤᠶᠠᠭᠠᠨ ᠵᠦᠭ᠎ᠢᠶᠠᠨ ᠤᠢᠷᠠᠳᠤᠭᠤᠯᠤᠨ᠂ ᠦᠳᠡ᠎ᠶ᠋ᠢᠨ ᠬᠤᠢᠨ᠎ᠠ᠎ᠶ᠋ᠢᠨ ᠰᠡᠷᠢᠭᠦᠨ᠎ᠢ ᠵᠠᠪᠳᠤᠵᠤ ᠦᠬᠢᠨ᠎ᠢᠶᠠᠨ ᠲᠠᠭᠠᠭᠤᠯᠤᠨ ᠰᠤᠷᠢᠭᠠᠨ᠎ᠳᠤ ᠭᠠᠷᠤᠨ᠎ᠠ᠃ ᠡᠷᠳᠡ᠎ᠶ᠋ᠢᠨ ᠰᠡᠷᠢᠭᠦᠨ᠎ᠳᠤ ᠦᠨᠢᠶᠡᠳ᠎ᠢᠶᠠᠨ ᠪᠡᠯᠴᠢᠭᠡᠷ᠎ᠲᠤ ᠭᠠᠷᠭᠠᠬᠤ ᠭᠡᠵᠦ᠍ ᠶᠠᠭᠠᠷᠠᠭ᠍ᠰᠠᠨ ᠲᠤᠷᠠᠰᠤᠮᠵᠢ᠎ᠶ᠋ᠢᠨ ᠡᠵᠢ᠎ᠨᠢ ᠬᠡᠳᠦᠨ ᠦᠨᠢᠶᠡᠳ᠎ᠢᠶᠠᠨ ᠰᠠᠭᠠᠵᠤ ᠲᠠᠭᠤᠰᠭᠤ ᠦᠶᠡᠰ ᠲᠤᠷᠠᠰᠤᠮᠵᠢ ᠰᠡᠷᠡᠭᠡᠳ ᠤᠢᠮᠤᠰᠤ᠎ᠪᠠᠨ ᠴᠤ᠌ ᠡᠮᠦᠰᠭᠦ᠎ᠶ᠋ᠢᠨ ᠵᠠᠪ ᠦᠭᠡᠢ ᠬᠤᠩᠭᠢᠯᠳᠠᠭ ᠭᠤᠳᠤᠯ᠎ᠢᠶᠠᠨ ᠴᠢᠷᠴᠦ᠍ ᠰᠠᠭᠠᠯᠢ᠎ᠶ᠋ᠢᠨ ᠵᠡᠯ᠎ᠡ ᠵᠦᠭ ᠭᠠᠷᠤᠯ᠎ᠠ᠃

ᠲᠤᠷᠠᠰᠤᠮᠵᠢ ᠡᠵᠢ ᠠᠪᠤ᠎ᠶ᠋ᠢᠨ᠎ᠢᠶᠠᠨ ᠬᠠᠷᠠᠴᠠᠨ᠎ᠠᠴᠠ ᠯᠡ ᠶᠠᠭᠤ ᠪᠤᠯᠬᠤ᠎ᠶ᠋ᠢ ᠤᠬᠠᠭᠠᠷᠠᠵᠦ᠍ ᠦᠬᠡᠨ᠎ᠤ ᠰᠡᠵᠢᠭᠦᠷ ᠭᠠᠷᠬᠤ᠎ᠶ᠋ᠢᠨ ᠤᠷᠢᠳ ᠤᠴᠢᠷ᠎ᠢ᠎ᠨᠢ ᠭᠠᠳᠠᠷᠯᠠᠳᠠᠭ᠃ ᠬᠤᠨᠢᠨ ᠰᠦᠷᠦᠭ ᠨᠠᠭᠠᠱᠢᠯᠠᠬᠤ ᠪᠠᠷ᠎ᠠ᠎ᠪᠠᠷ ᠲᠡᠷᠡ ᠤᠭ᠍ᠳᠤᠨ ᠬᠦᠷᠴᠦ᠍ ᠬᠤᠨᠢᠳ᠎ᠢᠶᠠᠨ ᠴᠦᠩᠭᠦᠷᠢᠭ ᠵᠦᠭ ᠬᠠᠱᠢᠬᠤ ᠭᠡᠳ ᠰᠤᠨᠳᠠᠯ᠎ᠠ ᠭᠦᠶᠦᠨ᠎ᠡ᠃ ᠬᠦᠳᠡᠭᠡ ᠠᠵᠢᠯ ᠶᠠᠭᠠᠷᠠᠤ ᠪᠤᠯᠪᠠᠯ ᠮᠤᠳᠤ ᠪᠡᠷ ᠴᠤ᠌ ᠬᠦᠮᠦᠨ ᠬᠢᠮᠡᠷ ᠪᠤᠯᠳᠠᠭ᠃ ᠬᠠᠷᠢᠨ ᠲᠤᠷᠠᠰᠤᠮᠵᠢ ᠦᠬᠢᠨ ᠭᠦᠶᠦᠵᠦ᠍ ᠪᠠᠢᠳᠠᠯ᠎ᠠ ᠪᠤᠯᠤᠭ᠍ᠰᠠᠨ ᠦᠭᠡᠢ ᠨᠢᠭᠡ ᠬᠤᠨᠢ ᠨᠢ ᠰᠦᠷᠦᠭ᠎ᠠᠴᠠ᠎ᠪᠠᠨ ᠲᠠᠰᠤᠷᠠᠵᠦ᠂ ᠬᠤᠷᠳᠤᠨ ᠬᠦᠶᠦᠭ᠌ᠰᠡᠨ ᠦᠭᠡᠢ᠎ᠶ᠋ᠢᠨ ᠤᠴᠢᠷ ᠡᠴᠡ ᠪᠤᠯᠣᠯ᠎ᠠ ᠭᠡᠵᠦ ᠠᠪᠤ᠎ᠳᠠᠭᠠᠨ ᠵᠠᠩᠨᠠᠭᠤᠯᠵᠠᠢ᠃  ᠬᠤᠷᠳᠤᠨ ᠭᠦᠶᠦᠭ᠌ᠰᠡᠨ ᠦᠭᠡᠢ᠎ᠨᠢ ᠭᠤᠳᠤᠯ ᠶᠡᠬᠡᠳᠦᠭ᠌ᠰᠡᠨ᠎ᠤ ᠤᠴᠢᠷ ᠭᠡᠵᠦ᠍ ᠲᠡᠷᠡ ᠦᠪᠡᠷ᠎ᠢ ᠎ᠪᠠᠨ ᠦᠮᠦᠭᠡᠷᠡᠵᠦ ᠡᠵᠢ᠎ᠳᠡᠭᠡᠨ ᠲᠤᠨᠢᠷᠬᠠᠭ᠍ᠰᠠᠨ ᠪᠤᠯᠪᠠᠴᠤ᠌ ᠨᠢᠭᠤᠷ ᠤᠯᠤᠭ᠎ᠠ ᠦᠭᠡᠢ᠃

ᠠᠵᠢᠯ᠎ᠳᠠᠭᠠᠨ ᠶᠠᠭᠠᠷᠠᠭ᠍ᠰᠠᠨ ᠲᠤᠷᠠᠰᠤᠮᠵᠢ᠎ᠶ᠋ᠢᠨ ᠠᠪᠤ᠎ᠨᠢ ᠦᠬᠢᠨ᠎ᠢᠶᠠᠨ ᠲᠤᠷ᠎ᠠ ᠮᠠᠭᠤᠳᠠᠢ ᠶᠠᠪᠣᠭ᠎ᠠ᠎ᠶ᠋ᠢ ᠠᠩᠬ᠍ᠠᠷᠬᠤ ᠵᠠᠪ ᠠᠯᠠᠭ᠎ᠠ᠃ ᠬᠤᠷᠳᠤᠬᠠᠨ ᠠᠵᠢᠯ᠎ᠢᠶᠠᠨ ᠲᠠᠭᠤᠰᠭᠠᠭᠠᠳ ᠰᠤᠮᠤᠨ᠎ᠤ ᠲᠦᠪ ᠬᠦᠷᠴᠦ᠍ ᠲᠦᠷᠦᠭᠡᠨ ᠰᠤᠷᠤᠨ᠎ᠤ ᠭᠤᠷᠬᠢ ᠠᠪᠬᠤ ᠭᠡᠵᠦ᠍ ᠶᠠᠭᠠᠷᠠᠨ᠎ᠠ᠃ ᠲᠡᠲᠡᠨᠡᠢᠬᠢᠨ ᠵᠠᠭᠤᠭᠠᠳ ᠬᠤᠨᠢ᠂ ᠭᠤᠴᠢᠭᠠᠳ ᠦᠭᠡᠷ᠎ᠲᠠᠢ᠂ ᠨᠢᠳᠤᠨᠤᠡ᠎ᠠᠴᠠ ᠶᠠᠩ ᠯᠢ ᠵᠢᠶᠦ᠋ᠨ ᠭᠡᠳᠡᠭ ᠬᠦᠮᠦᠨ᠎ᠤ ᠬᠡᠳᠦᠨ ᠵᠠᠭᠤᠨ ᠬᠤᠨᠢ᠎ᠶ᠋ᠢ ᠦᠪᠡᠷ᠎ᠤᠨ᠎ᠢᠶᠠᠨ ᠬᠤᠨᠢ᠎ᠲᠠᠢ ᠬᠠᠮᠳᠤ ᠬᠠᠷᠢᠭᠤᠯᠵᠤ ᠬᠦᠯᠦᠰᠦᠨ᠎ᠤ ᠬᠡᠳᠦᠨ ᠮᠦᠩᠭᠦ᠌ ᠤᠯᠵᠤ ᠠᠮᠢᠳᠤᠷᠠᠯ᠎ᠳᠠᠭᠠᠨ ᠨᠠᠮᠡᠷᠢ ᠪᠤᠯᠭᠠᠵᠤ ᠪᠠᠢᠨ᠎ᠠ᠃ ᠲᠤᠭᠤᠷᠠᠢ ᠠᠷᠪᠢᠳᠪᠠᠯ ᠲᠠᠴᠢᠷᠳᠠᠬᠤ᠎ᠶ᠋ᠢᠨ ᠨᠡᠮᠡᠷᠢ᠂ ᠠᠯᠠᠭᠠᠨ ᠴᠢᠨᠡᠭᠡᠨ ᠭᠠᠵᠠᠷ᠎ᠲᠤ ᠴᠦᠬᠡᠨ ᠮᠠᠯ ᠮᠠᠯᠵᠢᠬᠤ᠎ᠨᠢ ᠲᠡᠭᠡᠷ᠎ᠡ ᠭᠡᠵᠦ᠍ ᠪᠤᠯᠤᠷ ᠬᠡᠢᠳᠡᠯ᠎ᠡ ᠮᠡᠳᠡᠵᠦ᠍ ᠪᠠᠢᠭ᠎ᠠ ᠪᠤᠯᠪᠠᠴᠤ᠌ ᠠᠮᠢᠳᠤᠷᠠᠯ᠎ᠤᠨ ᠡᠷᠬᠡᠨ᠎ᠳᠤ ᠠᠢᠯ᠎ᠤᠨ ᠮᠠᠯ᠎ᠢ ᠦᠪᠡᠷ᠎ᠤᠨ᠎ᠢᠶᠠᠨ ᠶᠤᠮᠱᠢᠭ ᠨᠠᠷᠢᠯᠢᠭ ᠲᠤᠳᠤᠮᠳᠠᠨ᠎ᠠ᠃

ᠮᠤᠩᠭᠤᠯᠴᠤᠳ ᠤᠷᠳᠤ ᠤᠳᠠᠭᠠᠨ ᠬᠤᠭᠤᠴᠠᠭᠠᠨ᠎ᠤ ᠦᠢᠯᠡᠳᠪᠦᠷᠢᠯᠡᠯ ᠠᠮᠢᠳᠤᠷᠠᠯ᠎ᠤᠨ ᠶᠠᠪᠤᠴᠠ᠎ᠳᠠᠭᠠᠨ ᠪᠠᠢᠭᠠᠯᠢ ᠶᠢᠷᠳᠢᠨᠴᠦ᠍᠎ᠶ᠋ᠢᠨ ᠵᠢᠮ᠎ᠡ ᠶᠤᠰᠤ᠎ᠶ᠋ᠢ ᠰᠡᠳᠭᠢᠯ᠎ᠢᠶᠠᠷ᠎ᠢᠶᠠᠨ ᠲᠠᠨᠢᠨ ᠮᠡᠳᠡᠷᠡᠵᠦ᠍᠂ ᠤᠯᠠᠷᠢᠯ᠎ᠤᠨ ᠦᠩᠭᠡ᠂ ᠭᠠᠵᠠᠷ ᠵᠦᠢ᠎ᠶ᠋ᠢᠨ ᠤᠨᠴᠠᠯᠢᠭ ᠱᠢᠨᠵᠢ᠎ᠳᠤᠨᠢ ᠵᠤᠬᠢᠴᠠᠭᠤᠯᠤᠨ ᠲᠠᠪᠤᠨ ᠬᠤᠱᠢᠭᠤ ᠮᠠᠯ᠎ᠢᠶᠠᠨ ᠠᠷᠠᠴᠢᠯᠠᠨ ᠲᠤᠳᠤᠮᠳᠠᠭᠰᠠᠭᠠᠷ ᠢᠷᠡᠵᠠᠢ᠃ ᠭᠠᠭ᠍ᠴᠠ ᠬᠤᠨᠢ ᠬᠠᠷᠢᠭᠤᠯᠬᠤ᠎ᠪᠠᠷ ᠵᠢᠱ᠌ᠢᠶᠡᠯᠡᠬᠦ᠌᠎ᠳᠤ ᠬᠠᠢᠴᠢᠯᠠᠬᠤ᠂ ᠬᠤᠵᠢᠷᠯᠠᠬᠤ᠂ ᠦᠳᠦᠯᠡᠬᠦ᠂ ᠤᠬᠢᠶᠠᠬᠤ ᠭᠡᠳ ᠠᠷᠪᠢᠨ ᠠᠵᠢᠯ᠃ ᠡᠳᠡᠨᠠᠢᠬᠢ ᠨᠠᠮᠤᠷ᠎ᠤᠨ ᠠᠭᠤᠷ ᠤᠷᠤᠭ᠍ᠰᠠᠭᠠᠷ ᠨᠠᠮᠤᠷᠵᠢᠶᠠᠨ᠎ᠤ ᠨᠤᠳᠤᠭ ᠠᠭ᠍ᠳᠠᠷᠭ᠎ᠠ᠎ᠶ᠋ᠢᠨ ᠨᠠᠭᠤᠷ᠎ᠤᠨ ᠬᠦᠪᠡᠭᠡᠨ᠎ᠳᠤ ᠬᠤᠶᠠᠷ ᠰᠠᠷ᠎ᠠ ᠰᠠᠭᠤᠭᠠᠳ᠂ ᠬᠠᠳᠤᠯᠠᠩ᠎ᠤᠨ ᠠᠵᠢᠯ᠎ᠢᠶᠠᠨ ᠲᠠᠭᠤᠰᠤᠭᠠᠳ ᠨᠠᠮᠤᠷ᠎ᠤᠨ ᠰᠡᠭᠦᠯ ᠰᠠᠷ᠎ᠠ᠎ᠪᠠᠷ ᠰᠤᠮᠤᠨ᠎ᠤ ᠲᠦᠪ᠎ᠲᠤ ᠪᠠᠢᠭ᠎ᠠ ᠡᠪᠦᠯᠵᠢᠶᠡᠨ᠎ᠳᠡᠭᠡᠨ ᠨᠡᠭᠦᠲᠡᠭ᠃ ᠡᠷᠭᠢᠬᠦ᠌ ᠲᠦᠷᠪᠡᠨ ᠤᠯᠠᠷᠢᠯ᠎ᠳᠤ ᠮᠠᠯᠴᠢᠨ ᠠᠢᠯ᠎ᠤᠨ ᠠᠮᠢᠳᠤᠷᠠᠯ ᠢᠩᠬᠢᠵᠦ ᠦᠯᠦ᠍ ᠮᠡᠳᠡᠬᠦ᠌᠎ᠶ᠋ᠢᠨ ᠬᠤᠷᠤᠮ᠎ᠳᠤ ᠦᠩᠭᠡᠷᠡᠵᠦ᠍ ᠤᠳᠤᠨ᠎ᠠ᠃

ᠬᠡᠳᠦ ᠬᠤᠨᠤᠭ᠎ᠠᠴᠠ ᠠᠰᠭᠠᠳᠤ᠎ᠶ᠋ᠢᠨ ᠬᠤᠷᠮᠤᠢ᠎ᠳᠠᠬᠢ ᠪᠠᠶᠠᠨ ᠠᠭᠤᠯᠠ ᠭᠠᠴᠠᠭᠠᠨ᠎ᠳᠤ ᠬᠤᠷᠳᠤᠨ ᠮᠤᠷᠢᠨ᠎ᠤ ᠤᠷᠤᠯᠳᠤᠭᠠᠨ᠎ᠲᠠᠢ ᠬᠡᠬᠦ᠌ ᠴᠢᠮᠡᠭᠡ᠎ᠶ᠋ᠢ ᠲᠤᠭᠤᠯᠤᠭᠠᠳ ᠪᠠᠶᠠᠷᠯᠠᠵᠤ ᠪᠠᠢᠳᠠᠯ᠎ᠠ ᠬᠠᠷ᠎ᠠ ᠮᠤᠷᠢ᠎ᠨᠢ ᠬᠠᠷᠢᠨ ᠰᠠᠭᠠᠷᠢ᠎ᠨᠢ ᠬᠠᠭᠠᠷᠠᠭᠠᠳ ᠠᠪᠤ ᠦᠬᠢᠨ ᠬᠤᠶᠠᠷ᠎ᠢ ᠵᠤᠪᠠᠭᠠᠵᠤ ᠪᠠᠢᠯ᠎ᠠ᠃

ᠲᠡᠷᠡ ᠡᠳᠦᠷ ᠲᠤᠷᠠᠰᠤᠮᠵᠢ᠎ᠶ᠋ᠢ ᠰᠤᠷᠢᠭᠠᠨ᠎ᠠᠴᠠ ᠪᠤᠴᠠᠵᠤ ᠢᠷᠡᠬᠦ᠌ ᠦᠶᠡᠰ ᠡᠪᠦᠭᠡ᠎ᠨᠢ ᠡᠪᠦᠯᠵᠢᠶᠡᠨ᠎ᠠᠴᠠ᠎ᠪᠠᠨ ᠢᠷᠡᠬᠦ᠌ ᠵᠠᠮ᠎ᠳᠠᠭᠠᠨ ᠬᠤᠵᠤᠤᠯ᠎ᠠ ᠲᠡᠭᠦᠭᠡᠳ ᠪᠤᠴᠠᠵᠦ᠍ ᠢᠷᠡᠬᠦ᠌ ᠨᠢ ᠬᠠᠷᠠᠭᠲᠠᠪᠠ᠃ ᠲᠤᠷᠠᠰᠤᠮᠵᠢ᠎ᠶ᠋ᠢᠨ ᠡᠪᠦᠭᠡ᠎ᠶ᠋ᠢ ᠵᠠᠯᠠᠭᠤ ᠪᠠᠢᠬᠤ᠎ᠳᠤᠨᠢ ᠡᠨᠡ ᠨᠤᠳᠤᠭ ᠲᠦᠷᠦᠭᠡ ᠱᠢᠭᠦᠷᠡᠮ᠎ᠡ ᠡᠪᠡᠰᠦ᠎ᠲᠠᠢ ᠰᠠᠢᠬᠠᠨ ᠨᠤᠳᠤᠭ ᠪᠠᠢᠭ᠍ᠰᠠᠨ ᠭᠡᠲᠡᠭ᠃ ᠡᠪᠦᠯ ᠴᠠᠭ ᠴᠠᠰᠤ ᠶᠡᠭᠡ᠎ᠲᠠᠢ ᠮᠤᠷᠢᠨ᠎ᠤ ᠴᠤᠬᠢᠶ᠎ᠡ᠎ᠪᠠᠷ ᠶᠠᠪᠤᠬᠤ ᠭᠠᠵᠠᠷ ᠭᠡᠵᠦ᠍ ᠪᠠᠷᠤᠭ ᠦᠭᠡᠢ ᠭᠡᠨ᠎ᠡ᠃ ᠬᠠᠪᠤᠷ᠎ᠤᠨ ᠤᠷᠢᠨ ᠪᠤᠯᠵᠤ ᠴᠠᠰᠤ ᠬᠠᠢᠯᠣᠨ ᠭᠠᠵᠠᠷ ᠡᠷᠢᠶᠡᠱᠢᠬᠦ᠌᠎ᠪᠠᠷ ᠬᠠᠭ᠍ᠳᠠ ᠴᠤᠬᠤᠢᠵᠦ᠍ ᠭᠠᠵᠠᠷ᠎ᠤᠨ ᠴᠢᠭᠢᠭ᠎ᠢ ᠬᠠᠳᠠᠭᠠᠯᠠᠳᠠᠭ᠃ ᠬᠠᠷᠢᠨ ᠤᠢᠷ᠎ᠠ᠎ᠶ᠋ᠢᠨ ᠵᠢᠯ ᠳ᠋ᠦ ᠬᠠᠪᠤᠷ᠎ᠤᠨ ᠴᠠᠭ ᠴᠢᠭᠢᠭ ᠲᠤᠳᠠᠭᠤ᠎ᠶ᠋ᠢᠨ ᠲᠡᠭᠡᠷ᠎ᠡ ᠬᠠᠷ᠎ᠠ ᠰᠠᠯᠬᠢᠨ ᠭᠤᠶᠠᠳᠠᠵᠤ ᠮᠠᠯᠴᠢᠨ ᠬᠦᠮᠦᠨ᠎ᠤ ᠰᠡᠳᠭᠢᠯ᠎ᠢ ᠪᠤᠬᠢᠨᠢᠳᠤᠭᠤᠯᠤᠨ᠎ᠠ᠃ ᠲᠤᠷᠠᠰᠤᠮᠵᠢ ᠡᠪᠦᠭᠡ᠎ᠲᠠᠢ᠎ᠪᠠᠨ ᠬᠣᠶᠠᠭᠣᠯᠠ ᠬᠤᠨᠢᠨ᠎ᠳᠤ ᠶᠠᠪᠤᠬᠤ᠎ᠳᠠᠭᠠᠨ ᠰᠠᠯᠬᠢᠨ᠎ᠳᠤ ᠬᠡᠢᠰᠴᠦ ᠢᠷᠡᠭ᠌ᠰᠡᠨ ᠬᠤᠵᠤᠣᠯ᠎ᠠ᠎ᠶᠢ ᠲᠡᠷᠭᠡ ᠲᠦᠭᠦᠷᠡᠩ ᠲᠡᠭᠡᠭᠡᠭᠡᠳ ᠢᠷᠡᠳᠡᠭ᠃ ᠤᠢᠷ᠎ᠠ᠎ᠶ᠋ᠢᠨ ᠬᠡᠳᠦᠨ ᠵᠢᠯ ᠬᠤᠵᠤᠣᠯ᠎ᠠ ᠴᠤ᠌ ᠬᠤᠪᠤᠷᠳᠠᠵᠤ ᠬᠠᠶᠠ ᠨᠢᠭᠡ ᠲᠡᠪᠡᠷᠢ ᠶᠠᠭᠤᠮ᠎ᠠ ᠤᠯᠳᠠᠳᠠᠭ ᠪᠤᠯᠵᠠᠢ᠃

ᠨᠠᠢᠷ᠎ᠤᠨ ᠰᠣᠷᠠᠬ ᠲᠣᠭᠣᠯᠣᠬᠰᠠᠨ ᠲᠣᠷᠠᠰᠣᠮᠵᠢ ᠬᠦᠭ᠌ᠰᠡᠵᠦ᠍ ᠪᠠᠶᠠᠷᠯᠠᠬᠣ᠎ᠳᠤ ᠡᠵᠢ᠎ᠨᠢ ᠬᠠᠷᠢᠨ ᠭᠠᠵᠠᠷ᠎ᠤᠨ ᠦ ᠶᠡᠭᠡ᠂ ᠬᠠᠷ᠎ᠠ ᠮᠤᠷᠢ ᠬᠡᠢᠷᠬᠡᠭᠡᠳ ᠠᠢᠯ᠎ᠤᠨ ᠲᠤᠤᠷ ᠵᠦᠭ ᠠᠪᠤᠭᠠᠳ ᠭᠦᠶᠦᠴᠢᠬᠡᠬᠦ᠌ ᠪᠤᠢ ᠭᠡᠵᠦ᠍ ᠰᠠᠨᠠᠭ᠎ᠠ ᠪᠤᠯᠤᠨ᠎ᠠ᠃

《ᠮᠤᠩᠭᠤᠯ ᠬᠦᠮᠦᠨ ᠪᠠᠢᠭᠠᠳ ᠮᠤᠷᠢᠨ᠎ᠠᠴᠠ᠎ᠪᠠᠨ ᠤᠢᠴᠢᠭᠠᠳ ᠯᠡ ᠪᠠᠢᠬᠤ ᠤᠴᠢᠷ ᠭᠡᠵᠦ᠍ ᠪᠠᠢᠨ᠎ᠠ ᠤᠤ!》 ᠭᠡᠵᠦ᠍ ᠡᠪᠦᠭᠡ᠎ᠨᠢ ᠬᠠᠶᠠ ᠨᠢᠭᠡ ᠦᠭᠡ ᠴᠢᠯᠠᠭᠤᠳᠠᠴᠢᠬᠠᠭᠠᠳ ᠰᠠᠭᠤᠨ᠎ᠠ᠃

ᠵᠤᠨ᠎ᠤ ᠤᠯᠠᠷᠢᠯ᠎ᠤᠨ ᠮᠤᠩᠭᠤᠯ ᠨᠤᠳᠤᠭ᠎ᠲᠤ ᠨᠠᠢᠷ᠎ᠢᠶᠠᠷ ᠪᠢᠯᠬᠠᠵᠤ ᠨᠠᠭᠠᠳᠤᠮ᠎ᠢᠶᠠᠷ ᠰᠠᠯᠬᠢᠯᠠᠵᠠᠢ᠃ ᠪᠤᠯᠤᠷ᠎ᠤᠨ ᠦᠶ᠎ᠡ ᠎ᠶ᠋ᠢᠨ ᠵᠠᠯᠠᠭᠤᠴᠤᠳ ᠪᠦᠷ ᠯᠡ ᠮᠤᠷᠢᠨ᠎ᠳᠤ ᠬᠤᠷᠤᠬᠠᠢ᠎ᠲᠠᠢ ᠬᠦᠮᠦᠰ᠂ ᠬᠠᠪᠤᠷ᠎ᠠᠴᠠ ᠡᠬᠢᠯᠡᠭᠡᠳ ᠯᠡ ᠬᠤᠷᠳᠤᠨ᠎ᠤ ᠮᠤᠷᠢ᠎ᠪᠠᠨ ᠤᠶᠠᠭ᠍ᠰᠠᠨ ᠬᠡᠳᠦᠨ ᠵᠠᠯᠠᠭᠤ ᠨᠠᠢᠷ᠎ᠤᠨ ᠰᠤᠷᠠᠭ ᠲᠤᠭᠤᠯᠤᠭ᠍ᠰᠠᠭᠠᠷ ᠯᠡ ᠦᠷ ᠰᠦᠨᠢ ᠭᠡᠵᠦ᠍ ᠢᠯᠭᠠᠯ ᠦᠭᠡᠢ ᠮᠤᠷᠢᠳ᠎ᠢᠶᠠᠨ ᠲᠡᠭᠡᠭᠡᠭᠡᠳ ᠮᠣᠷᠲᠠᠨ᠎ᠠ᠃ ᠪᠤᠯᠤᠷ ᠪᠤᠯᠵᠤᠭ᠍ᠰᠠᠨ ᠶᠤᠰᠤᠭᠠᠷ᠎ᠢᠶᠠᠨ ᠭᠠᠴᠠᠭᠠᠨ᠎ᠤ᠎ᠪᠠᠨ ᠬᠡᠳᠦᠨ ᠤᠶᠠᠭᠠᠴᠢᠳ᠎ᠤᠨ᠎ᠢᠶᠠᠨ ᠮᠤᠷᠢ᠎ᠶ᠋ᠢ ᠲᠡᠭᠡᠭᠡᠵᠦ᠍ ᠬᠠᠮᠳᠤ ᠶᠠᠪᠤᠬᠤ᠎ᠪᠠᠷ ᠪᠤᠯᠪᠠ᠃

ᠨᠠᠢᠷ᠎ᠲᠤ ᠶᠠᠪᠤᠨ᠎ᠠ ᠭᠡᠵᠦ᠍ ᠬᠡᠢᠷᠬᠡᠵᠦ᠍ ᠪᠠᠢᠭ᠍ᠰᠠᠨ ᠤᠨᠤᠭᠠᠴᠢ ᠦᠬᠢᠨ ᠲᠤᠷᠠᠰᠤᠮᠵᠢ ᠮᠠᠱᠢᠨ᠎ᠤ ᠰᠠᠵᠢᠯᠠᠭᠠᠨ᠎ᠳᠤ ᠲᠡᠮᠡᠢ ᠯᠡ ᠶᠠᠪᠤᠭ᠍ᠰᠠᠨ ᠦᠭᠡᠢ ᠤᠨᠳᠠᠵᠦ᠍ ᠤᠷᠬᠢᠵᠠᠢ᠃ ᠴᠠᠭ ᠭᠠᠷᠤᠢ ᠲᠠᠪᠬᠢᠭᠤᠯᠤᠭᠠᠳ ᠤᠶᠠᠭᠠᠴᠢᠳ ᠮᠠᠨᠢ ᠨᠠᠢᠷ᠎ᠤᠨ ᠲᠠᠯᠠᠪᠠᠢ᠎ᠠᠴᠠ ᠤᠢᠷ᠎ᠠ ᠪᠠᠢᠭ᠎ᠠ ᠠᠰᠭᠠᠳᠤ᠎ᠶ᠋ᠢᠨ ᠬᠤᠷᠮᠤᠢ᠎ᠳᠠᠬᠢ ᠪᠠᠶᠠᠨ ᠠᠭᠤᠯᠠ᠎ᠶ᠋ᠢᠨ ᠵᠤᠰᠠᠯᠠᠩ᠎ᠤᠨ ᠠᠢᠯ᠎ᠳᠤ ᠬᠦᠷᠴᠦ᠍ ᠮᠤᠷᠢᠳ᠎ᠢᠶᠠᠨ ᠪᠠᠭᠣᠯᠭᠠᠭᠠᠳ ᠬᠡᠭᠡᠷ᠎ᠡ ᠬᠤᠨᠤᠭ᠍ᠯᠠᠬᠤ᠎ᠪᠠᠷ ᠪᠤᠯᠪᠠ᠃

ᠨᠠᠢᠷ᠎ᠤᠨ ᠦᠷᠯᠦᠭᠡ ᠠᠰᠠᠬᠳᠤ᠎ᠶ᠋ᠢᠨ ᠬᠦᠨᠳᠡᠢ᠎ᠶ᠋ᠢᠨ ᠪᠠᠶᠠᠨ ᠠᠭᠤᠯᠠ᠎ᠶ᠋ᠢᠨ ᠵᠤᠰᠠᠯᠠᠩ᠎ᠳᠤ ᠬᠤᠯᠠ ᠤᠢᠷ᠎ᠠ᠎ᠶ᠋ᠢᠨ ᠠᠷᠪᠠᠭᠠᠳ ᠮᠤᠷᠢ ᠴᠤᠭ᠍ᠯᠠᠷᠠᠵᠠᠢ᠃ ᠭᠠᠵᠠᠷ ᠭᠠᠵᠠᠷ᠎ᠠᠴᠠ ᠢᠷᠡᠭ᠌ᠰᠡᠨ ᠨᠠᠭᠠᠳᠤᠮᠴᠢᠳ ᠡᠨᠡ ᠡᠳᠦᠷ ᠬᠡᠨ᠎ᠤ ᠮᠤᠷᠢ ᠲᠡᠷᠢᠭᠦᠯᠡᠬᠦ᠌ ᠲᠤᠬᠠᠢ ᠶᠠᠩᠵᠦ᠍᠎ᠶ᠋ᠢᠨ ᠲᠠᠭᠠᠮᠠᠭ ᠲᠠᠯᠪᠢᠵᠦ᠍ ᠰᠡᠴᠡᠷᠭᠡᠨ᠎ᠡ᠃  ᠪᠤᠯᠤᠷ᠎ᠲᠤ ᠡᠳᠡᠭᠡᠷ᠎ᠢ ᠠᠩᠬᠠᠷᠬᠤ ᠵᠠᠪ ᠠᠯᠠᠭ᠎ᠠ᠂ ᠦᠬᠢᠨ᠎ᠢᠶᠠᠨ ᠲᠠᠭᠠᠭᠤᠯᠤᠨ ᠬᠦᠮᠦᠨ᠎ᠤ ᠬᠦᠯ ᠵᠠᠢᠳᠠᠭᠤ ᠭᠠᠵᠠᠷ ᠬᠦᠷᠴᠦ᠍ ᠮᠤᠷᠢᠨ᠎ᠤ᠎ᠪᠠᠨ ᠠᠮᠠ᠎ᠶ᠋ᠢ ᠲᠠᠳᠠᠬᠤ᠂ ᠱᠠᠯᠠᠭ᠎ᠠ ᠦᠭ᠌ᠬᠦ ᠲᠤᠤᠷ᠎ᠠᠴᠠ ᠵᠠᠢᠯᠠᠬᠤ ᠵᠡᠷᠭᠡ ᠵᠦᠢᠯ᠎ᠢ ᠦᠬᠢᠨ᠎ᠳᠡᠭᠡᠨ ᠵᠠᠬᠢᠵᠦ ᠰᠠᠨᠠᠭᠤᠯᠤᠨ᠎ᠠ᠃

ᠣᠷᠣᠯᠲᠣᠭᠠᠨ ᠡᠬᠢᠯᠡᠯ᠎ᠡ᠃ ᠠᠰᠭᠠᠳᠤ᠎ᠶ᠋ᠢᠨ ᠬᠦᠨᠳᠡᠢ᠎ᠳᠤ ᠠᠷᠴᠠ᠎ᠶ᠋ᠢᠨ ᠦᠨᠦᠷ ᠬᠠᠩᠬᠤᠯᠤᠨ ᠤᠨᠤᠭᠠᠴᠢ ᠬᠡᠦᠬᠡᠳ᠎ᠤᠳ᠎ᠤᠨ ᠭᠢᠩᠭᠤᠤ᠎ᠶ᠋ᠢᠨ ᠠᠶᠠᠯᠭᠤ ᠲᠡᠭ᠌ᠷᠢ᠎ᠶ᠋ᠢᠨ ᠲᠠᠩᠨᠠᠢ᠎ᠳᠤ ᠴᠤᠤᠷᠢᠶᠠᠯᠠᠨ᠎ᠠ᠃ ᠡᠨᠡ ᠠᠶᠠᠯᠭᠤᠨ᠎ᠳᠤ ᠤᠨᠤᠭ᠍ᠰᠠᠨ ᠮᠤᠷᠢ᠎ᠨᠢ ᠬᠡᠢᠷᠭᠡᠨ ᠤᠨᠤᠭᠠᠴᠢ ᠬᠡᠦᠬᠡᠳ᠎ᠤᠨ ᠬᠡᠢᠮᠦᠷᠢ ᠰᠡᠷᠭᠦᠵᠠᠢ᠃ ᠠᠭ᠍ᠳᠠ᠎ᠶ᠋ᠢᠨ ᠨᠢᠷᠤᠭᠤᠨ᠎ᠳᠤ ᠰᠠᠯᠬᠢ ᠱᠢᠬ ᠱᠢᠭᠤᠷᠴᠣ᠂ ᠬᠤᠢ ᠰᠢᠬ ᠬᠤᠢᠯᠠᠷᠠᠵᠦ᠍ ᠶᠠᠪᠤᠭ᠍ᠰᠠᠨ ᠮᠠᠯᠴᠢᠨ ᠤᠳᠤᠮ᠎ᠤᠨ ᠦᠬᠢᠨ ᠲᠤᠷᠠᠰᠤᠮᠵᠢ ᠬᠤᠷᠳᠤᠨ᠎ᠤ ᠬᠠᠷ᠎ᠠ᠎ᠲᠠᠢ᠎ᠪᠠᠨ ᠲᠤᠷᠭᠠᠨ ᠵᠢᠯᠤᠭᠤ ᠡᠷᠭᠦᠨ ᠲᠦᠷᠦᠭᠦᠦ ᠮᠠᠩᠨᠠᠢ᠎ᠳᠤ ᠲᠤᠳᠤᠷᠠᠨ ᠲᠠᠪᠬᠢᠭᠣᠯᠣᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号