ᠭᠤᠷᠪᠠᠳᠤᠭᠠᠷ ᠬᠤᠭᠤᠴᠠᠭᠠᠨ᠎ᠤ 《ᠬᠦᠯᠦᠭ》 ᠸᠢᠳᠢᠤ᠋ ᠪᠢᠴᠢᠯᠭᠡ ᠵᠢᠨ ᠱᠠᠩᠨᠠᠯᠲᠤ ᠤᠷᠤᠯᠳᠤᠭᠠᠨ
2025-06-16 10:28:18
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠢ ᠵᠢᠨ ᠫᠢᠩ᠎ᠤᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶᠢ ᠭᠦᠨᠵᠡᠭᠡᠢ ᠰᠣᠷᠣᠯᠴᠠᠨ ᠲᠤᠭᠤᠰᠢᠯᠠᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠬ᠍ᠴᠠᠯᠠᠵᠤ᠂ ᠬᠠᠢᠷ᠎ᠠ ᠪᠢᠯᠬᠠᠬ᠍ᠰᠠᠨ ᠤᠮᠠᠷᠠᠳᠤ ᠬᠢᠯᠢ ᠎ᠶᠢ ᠳᠡᠯᠭᠡᠨ ᠬᠠᠷᠠᠭᠤᠯᠬᠤ ᠵᠣᠷᠢᠯᠭ᠎ᠠ ᠡᠴᠡ ᠥᠪᠥᠷ ᠮᠣᠩᠭᠣᠯ᠎ᠤᠨ ᠡᠳᠦᠷ᠎ᠤᠨ ᠰᠣᠨᠢᠨ᠎ᠤ ᠬᠣᠷᠢᠶ᠎ᠠ ᠵᠢᠨ 《ᠭᠦᠯᠦᠭ》 ᠰᠢᠯᠵᠢᠶ᠎ᠡ ᠨᠢ ᠭᠤᠷᠪᠠᠳᠤᠭᠠᠷ ᠬᠤᠭᠤᠴᠠᠭᠠᠨ ᠎ᠤ 《ᠭᠦᠯᠦᠭ》 ᠸᠢᠳᠢᠤ᠋  ᠪᠢᠴᠢᠯᠭᠡ ᠵᠢᠨ ᠱᠠᠨᠭᠨᠠᠯᠲᠣ ᠤᠷᠤᠯᠳᠤᠭᠠᠨ ᠵᠢᠡᠨ ᠡᠷᠭᠢᠯᠡᠭᠦ ᠪᠡᠷ ᠪᠣᠯᠣᠯ᠎ᠠ᠃


ᠭᠤᠤᠯᠯᠠᠨ ᠡᠷᠬᠢᠯᠡᠭᠰᠡᠨ ᠨᠢᠭᠡᠴᠢ᠄  

ᠦᠪᠦᠷ ᠮᠤᠩᠭᠤᠯ᠎ᠤᠨ ᠡᠲᠤᠷ᠎ᠤᠨ ᠰᠤᠨᠢᠨ᠎ᠤ ᠬᠣᠷᠢᠶ᠎ᠠ

ᠬᠠᠮᠵᠢᠨ ᠡᠷᠬᠢᠯᠡᠭᠰᠡᠨ ᠨᠢᠭᠡᠴᠢ᠄ 

ᠥᠪᠥᠷ ᠮᠣᠩᠭᠣᠯ᠎ᠤᠨ ᠰᠣᠨᠢᠨ᠎ᠤ ᠦᠢᠯᠡᠰ᠎ᠦᠨ ᠨᠡᠢᠭᠡᠮᠯᠢᠭ  

ᠥᠪᠥᠷ ᠮᠣᠩᠭᠣᠯ᠎ᠤᠨ ᠰᠢᠨ᠎ᠡ ᠵᠠᠭᠤᠴᠢᠯᠠᠭᠤᠷ᠎ᠤᠨ ᠨᠡᠢᠭᠡᠮᠯᠢᠭ


QQ截图20241204103623.png


ᠨᠢᠭᠡ᠂ ᠤᠷᠤᠯᠳᠤᠭᠠᠨ᠎ᠤ ᠭᠣᠣᠯ ᠰᠡᠳᠦᠪ᠄

ᠬᠠᠢᠷ᠎ᠠ

ᠰᠡᠳᠬᠢᠯ᠎ᠡᠴᠡ ᠰᠡᠳᠬᠢᠯ ᠬᠦᠷᠬᠦ ᠵᠠᠢ᠎ᠶᠢ ᠬᠠᠢᠷ᠎ᠠ ᠭᠡᠳᠡᠭ᠃ ᠬᠠᠢᠷ᠎ᠠ ᠮᠦᠩᠭᠡ᠎ᠶᠢᠨ ᠠᠮᠢ ᠲᠠᠢ᠂ ᠠᠪᠤ ᠡᠵᠢ᠎ᠶᠢᠨ ᠠᠭᠤᠤ ᠬᠠᠢᠷ᠎ᠠ᠂ ᠠᠨᠲᠡ ᠨᠦᠭᠦᠳ᠎ᠦᠨ ᠬᠠᠢᠷ᠎ᠠ ᠰᠡᠳᠬᠢᠯᠭᠡ᠎ᠡᠴᠡ ᠡᠬᠡ ᠪᠠᠢᠭᠠᠯᠢ᠂ ᠠᠮᠢᠳᠠᠨ ᠭᠣᠣᠯᠳᠠᠨ᠂ ᠣᠬ᠍ᠰᠠᠭ᠎ᠠ ᠦᠨᠳᠦᠰᠦᠳᠡᠨ᠂ ᠤᠯᠤᠰ ᠤᠷᠤᠨ᠎ᠢᠶᠠᠨ ᠭᠡᠰᠡᠨ ᠴᠡᠪᠡᠷ ᠬᠠᠢᠷ᠎ᠠ ᠪᠦᠬᠦᠳᠡ ᠪᠢᠳᠡᠨ᠎ᠦ ᠰᠡᠳᠤᠪ᠃

ᠬᠤᠶᠡᠷ᠂ ᠪᠦᠲᠦᠭᠡᠯ ᠨᠡᠢᠲᠡᠯᠡᠬᠦ ᠲᠠᠪᠴᠠᠩ᠄

《ᠭᠦᠯᠦᠭ》 ᠰᠢᠯᠵᠢᠶ᠎ᠡ᠂ ᠦᠪᠦᠷ ᠮᠤᠩᠭᠤᠯ᠎ᠤᠨ ᠡᠲᠤᠷ᠎ᠤᠨ ᠰᠣᠨᠢᠨ᠎ᠤ ᠮᠣᠩᠭᠣᠯ ᠰᠣᠨᠢᠨ᠎ᠦ ᠵᠢᠷᠭᠢᠶ᠎ᠡ᠎ᠶᠢᠨ ᠲᠠᠪᠴᠡᠩ ᠪᠠ ᠸᠢᠳᠢᠤ᠋  ᠳ᠋ᠤᠭᠠᠷ 

ᠭᠤᠷᠪᠠ᠂ ᠪᠦᠲᠦᠭᠡᠯ᠎ᠤᠨ ᠱᠠᠭᠠᠷᠳᠠᠯᠭ᠎ᠠ᠄

ᠮᠡᠷᠭᠡᠵᠢᠯ᠎ᠦᠨ ᠲᠤᠭᠤᠢᠯᠠᠩ ᠪᠣᠯᠣᠨ ᠮᠡᠷᠭᠡᠵᠢᠯ᠎ᠦᠨ ᠪᠤᠰᠤ ᠲᠤᠭᠤᠢᠯᠠᠩ ᠬᠤᠪᠢᠶᠠᠬ᠍ᠳᠠᠨ ᠶᠠᠪᠤᠬ᠍ᠳᠠᠨ᠎ᠠ᠃

1. ᠪᠦᠳᠦᠭᠡᠯ ᠨᠢ ᠤᠯᠤᠰ᠎ᠤᠨ ᠬᠣᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ᠎ᠤᠨ ᠱᠠᠭᠠᠷᠳᠠᠯᠭ᠎ᠠ᠎ᠳᠤ ᠨᠡᠢᠴᠡᠬᠦ ᠭᠡᠷᠡᠭᠳᠡᠢ᠃

2. ᠠᠭᠤᠯᠭ᠎ᠠ ᠨᠢ ᠭᠣᠣᠯ ᠰᠡᠳᠤᠪ᠎ᠲᠠᠢ ᠨᠡᠢᠴᠡᠵᠤ᠂ ᠪᠦᠷᠢᠨ ᠪᠦᠳᠦᠨ ᠰᠠᠨᠠᠭ᠎ᠠ ᠠᠬᠤᠢ᠎ᠶᠢ  ᠬᠠᠷᠠᠭᠤᠯᠤᠨ᠂ ᠵᠥᠪ ᠦᠵᠡᠯ ᠪᠤᠳᠤᠯ ᠳᠠᠢ ᠪᠠᠢᠬᠤ ᠭᠡᠷᠡᠭᠳᠡᠢ᠃

3. ᠣᠬᠣᠷ ᠸᠢᠳᠢᠤ᠋ ᠵᠢᠨ ᠲᠣᠳᠣᠴᠠ ᠵᠢᠨ ᠬᠡᠮᠵᠢᠶ᠎ᠡ ᠥᠨᠳᠥᠷ᠂ ᠦᠭᠡ ᠢᠯᠡᠷᠬᠡᠢᠯᠡᠯᠲᠡ ᠲᠣᠳᠣ᠌ ᠠᠪᠰᠠᠷ᠂ ᠬᠠᠪᠰᠤᠷᠤᠯ ᠬᠥᠭᠵᠢᠮ ᠬᠡᠷᠡᠭᠯᠡᠵᠦ ᠪᠣᠯᠣᠨ᠎ᠠ᠃

4. ᠮᠡᠷᠭᠡᠵᠢᠯ᠎ᠦᠨ ᠲᠤᠭᠤᠢᠯᠠᠩ᠎ᠳᠤ ᠦᠷᠢᠰᠦᠯᠳᠦᠭᠦ ᠪᠦᠳᠦᠭᠡᠯ 4K᠎ᠶᠢᠨ ᠪᠠᠷᠢᠮᠵᠢᠶ᠎ᠠ᠎ᠪᠡᠷ ᠡᠰᠬᠡᠨ ᠬᠠᠢᠴᠢᠯᠠᠨ᠎ᠠ᠂ 1920×1080 ᠡᠴᠡ ᠳᠣᠣᠷ᠎ᠠ ᠪᠠᠢᠯᠭᠠᠵᠤ ᠪᠣᠯᠬᠤ ᠦᠭᠡᠢ᠂ MP4 ᠭᠡᠯᠪᠡᠷᠢ ᠪᠡᠷ ᠲᠤᠰᠢᠶᠠᠨ᠎ᠠ᠃ ᠮᠡᠷᠭᠡᠵᠢᠯ᠎ᠦᠨ ᠪᠤᠰᠤ ᠲᠤᠭᠤᠢᠯᠠᠩ᠎ᠳᠤ ᠦᠷᠢᠰᠦᠯᠳᠦᠭᠦ ᠪᠦᠳᠦᠭᠡᠯ ᠨᠢ ᠭᠠᠷ ᠤᠲᠠᠰᠤ᠂ ᠵᠢᠷᠤᠬ᠍ᠯᠠᠬᠤ ᠮᠠᠰᠢᠨ᠎ᠢᠶᠠᠷ ᠪᠦᠷ ᠰᠡᠬᠦᠳᠡᠷᠯᠡᠨ ᠰᠢᠩᠭᠡᠭᠡᠵᠤ ᠪᠤᠯᠤᠨ᠎ᠠ᠂ ᠭᠡᠬᠦ᠎ᠳᠡᠭᠡᠨ ᠮᠦᠨ MP 4 ᠭᠡᠯᠪᠡᠷᠢ ᠪᠡᠷ ᠲᠤᠰᠢᠶᠠᠨ᠎ᠠ᠃

5. ᠵᠠᠪᠠᠯ ᠥᠪᠡᠷ᠎ᠤᠨ ᠰᠢᠨ᠎ᠡ ᠪᠦᠲᠦᠭᠡᠯ ᠪᠠᠢᠬᠤ ᠬᠡᠷᠡᠭᠲᠡᠢ᠂ ᠬᠠᠭᠤᠯᠪᠤᠷᠢᠯᠠᠬᠤ᠎ᠶᠢ ᠵᠦᠪᠰᠢᠶᠡᠷᠡᠭᠦ ᠦᠬᠡᠢ᠃ ᠬᠡᠷᠪᠡ ᠬᠠᠭᠤᠯᠪᠤᠷᠢᠯᠠᠬ᠍ᠰᠠᠨ ᠵᠡᠷᠭᠡ ᠠᠵᠢᠯᠯᠠᠭ᠎ᠠ᠎ᠳᠤ ᠬᠣᠯᠪᠣᠭᠳᠠᠭᠰᠠᠨ ᠪᠠᠢᠪᠠᠯ᠂ ᠵᠣᠬᠢᠶᠠᠨ ᠪᠠᠶ᠋ᠢᠭᠤᠯᠬᠤ ᠺᠣᠮᠢᠰ ᠠ᠋ᠴᠠ ᠤᠷᠤᠯᠳᠤᠭᠠᠨ᠎ᠳᠤ ᠣᠷᠣᠯᠴᠠᠬᠤ ᠬᠢᠷᠢ ᠬᠡᠮ ᠢ᠋ ᠨᠢ ᠬᠦᠴᠦᠨ ᠦᠭᠡᠢ ᠪᠣᠯᠭᠠᠨ᠎ᠠ᠃

ᠲᠦᠷᠪᠡ᠂ ᠪᠦᠲᠦᠭᠡᠯ ᠡᠯᠰᠡᠬᠦ  ᠴᠠᠭ᠄

2025 ᠣᠨ᠎ᠤ 6 ᠰᠠᠷ᠎ᠠ ᠵᠢᠨ 16᠎ᠤ᠋ ᠡᠲᠤᠷ ᠡᠴᠡ 9 ᠰᠠᠷ᠎ᠠ ᠵᠢᠨ 15᠎ᠤ᠋ ᠡᠳᠦᠷ ᠪᠤᠯᠳᠠᠯ᠎ᠠ᠃

ᠲᠠᠪᠤ᠂ ᠪᠦᠳᠦᠭᠡᠯ ᠢᠯᠡᠭᠡᠬᠦ ᠬᠠᠶᠢᠭ᠋᠄

1. ᠢᠮᠧᠯ ᠄ huluke2025@163.com ᠪᠦᠳᠦᠭᠡᠯ᠎ᠦᠨ ᠭᠠᠷᠴᠠᠭ᠂ ᠵᠤᠬᠢᠶᠠᠬ᠍ᠴᠢ᠎ᠶᠢᠨ ᠨᠡᠷ᠎ᠡ᠂ ᠬᠠᠶᠢᠭ᠋᠂ ᠬᠠᠷᠢᠯᠴᠠᠬᠤ  ᠤᠲᠠᠰᠤ ᠪᠠᠨ ᠲᠤᠳᠤᠷᠬᠠᠢ ᠪᠢᠴᠢᠨ᠎ᠡ᠃

2. ᠬᠠᠷᠢᠯᠴᠠᠬᠤ ᠬᠥᠮᠥᠨ᠄ ᠯᠢᠤ ᠯᠠᠨ ᠯᠠᠨ

3.ᠬᠠᠷᠢᠯᠴᠠᠬᠤ ᠤᠲᠠᠰᠤ᠄ 15248078336 (ᠵᠢᠷᠭᠢᠶ᠎ᠡ)

ᠵᠢᠷᠭᠤᠭ᠎ᠠ᠂ ᠱᠠᠩᠨᠠᠯ᠎ᠤᠨ ᠲᠣᠬᠢᠷᠠᠭᠤᠯᠤᠯᠲᠠ᠄

ᠮᠡᠷᠭᠡᠵᠢᠯ᠎ᠤᠨ ᠳᠤᠭᠤᠢᠯᠠᠩ᠂ ᠮᠡᠷᠭᠡᠵᠢᠯ᠎ᠤᠨ ᠪᠤᠰᠤ ᠳᠤᠭᠤᠢᠯᠠᠩ᠎ᠳᠤ ᠲᠤᠰ ᠲᠤᠰ ᠨᠢᠭᠡᠳᠦᠭᠡᠷ ᠳᠡᠰ᠂ ᠬᠣᠶᠠᠳᠤᠭᠠᠷ ᠳᠡᠰ᠂ ᠭᠤᠷᠪᠠᠳᠤᠭᠠᠷ ᠳᠡᠰ᠂ ᠰᠢᠯᠢᠳᠡᠭ ᠲᠡᠰ᠎ᠦᠨ ᠱᠠᠩᠨᠠᠯ ᠲᠤᠬᠢᠷᠠᠭᠤᠯᠤᠬ᠍ᠰᠠᠨ᠎ᠠᠴᠠ ᠭᠠᠳᠠᠨ᠎ᠠ ᠦᠵᠡᠭᠴᠢᠳ᠎ᠲᠦ ᠬᠠᠮᠤᠭ᠎ᠠᠴᠠ ᠲᠠᠭᠠᠯᠠᠬ᠍ᠳᠠᠬ᠍ᠰᠠᠨ  ᠸᠢᠳᠢᠤ᠋᠂ ᠬᠠᠮᠤᠭ ᠰᠢᠯᠢᠳᠡᠭ ᠪᠦᠲᠦᠭᠡᠯᠴᠢ ᠸᠢᠳᠢᠤ᠋᠎ᠶᠢᠨ ᠱᠠᠩᠨᠠᠯ ᠲᠣᠬᠢᠷᠠᠭᠤᠯᠪᠠ᠃

ᠨᠢᠭᠡᠳᠦᠭᠡᠷ ᠳᠡᠰ 2 ᠨᠡᠷ᠎ᠡ (ᠮᠡᠷᠭᠡᠵᠢᠯ ᠎ᠤᠨ ᠳᠤᠭᠤᠢᠯᠠᠩ᠂ ᠮᠡᠷᠭᠡᠵᠢᠯ᠎ᠤᠨ ᠪᠤᠰᠤ ᠳᠤᠭᠤᠢᠯᠠᠩ ᠎ᠳᠤ ᠲᠤᠰ ᠲᠤᠰ 1 ᠨᠡᠷ᠎ᠡ) ᠄ ᠳᠤᠰ ᠪᠦᠷᠢ 5000 ᠲᠥᠭᠥᠷᠢᠭ (ᠭᠠᠢᠯᠢ ᠡᠴᠡ ᠡᠮᠦᠨᠡᠬᠢ)

ᠬᠣᠶᠠᠳᠤᠭᠠᠷ ᠳᠡᠰ 4 ᠨᠡᠷ᠎ᠡ (ᠮᠡᠷᠭᠡᠵᠢᠯ ᠎ᠤᠨ ᠳᠤᠭᠤᠢᠯᠠᠩ᠂ ᠮᠡᠷᠭᠡᠵᠢᠯ᠎ᠤᠨ ᠪᠤᠰᠤ ᠳᠤᠭᠤᠢᠯᠠᠩ ᠳ᠋ᠤ᠌ ᠲᠤᠰ ᠲᠤᠰ 2 ᠨᠡᠷ᠎ᠡ)᠄ ᠳᠤᠰ ᠪᠦᠷᠢ 3000 ᠲᠥᠭᠥᠷᠢᠭ ( ᠭᠠᠢᠯᠢ ᠡᠴᠡ ᠡᠮᠦᠨᠡᠬᠢ )

ᠭᠤᠷᠪᠠᠳᠤᠭᠠᠷ ᠳᠡᠰ 8 ᠨᠡᠷ᠎ᠡ᠄ (ᠮᠡᠷᠭᠡᠵᠢᠯ᠎ᠤᠨ ᠳᠤᠭᠤᠢᠯᠠᠩ᠂ ᠮᠡᠷᠭᠡᠵᠢᠯ᠎ᠤᠨ ᠪᠤᠰᠤ ᠳᠤᠭᠤᠢᠯᠠᠩ ᠳ᠋ᠤ᠌ ᠲᠤᠰ ᠲᠤᠰ 4 ᠨᠡᠷ᠎ᠡ)᠄ ᠳᠤᠰ ᠪᠦᠷᠢ 2000 ᠲᠥᠭᠥᠷᠢᠭ (ᠭᠠᠢᠯᠢ ᠡᠴᠡ ᠡᠮᠦᠨᠡᠬᠢ)

ᠦᠵᠡᠭᠴᠢᠳ᠎ᠲᠦ ᠬᠠᠮᠤᠭ᠎ᠠᠴᠠ ᠲᠠᠭᠠᠯᠠᠬ᠍ᠳᠠᠬ᠍ᠰᠠᠨ  ᠸᠢᠳᠢᠤ᠋᠂ ᠬᠠᠮᠤᠭ ᠰᠢᠯᠢᠳᠡᠭ ᠪᠦᠲᠦᠭᠡᠯᠴᠢ ᠸᠢᠳᠢᠤ᠋᠎ᠶᠢᠨ ᠱᠠᠩᠨᠠᠯ (ᠲᠤᠰ ᠲᠤᠰ 1 ᠨᠡᠷ᠎ᠡ )᠄ ᠳᠤᠰ ᠪᠦᠷᠢ 3000 ᠲᠥᠭᠥᠷᠢᠭ ( ᠭᠠᠢᠯᠢ ᠡᠴᠡ ᠡᠮᠦᠨᠡᠬᠢ )

ᠰᠢᠯᠢᠳᠡᠭ ᠳᠡᠰ 22 ᠨᠡᠷ᠎ᠡ᠄ ᠳᠤᠰ ᠪᠦᠷᠢ 500 ᠲᠥᠭᠥᠷᠢᠭ  ( ᠭᠠᠢᠯᠢ ᠡᠴᠡ ᠡᠮᠦᠨᠡᠬᠢ )

ᠲᠤᠯᠤᠭ᠎ᠠ᠂ ᠲᠣᠳᠣᠷᠬᠠᠢᠯᠠᠯᠲᠠ᠄

1. ᠪᠦᠲᠦᠭᠡᠯ᠎ᠤᠨ ᠨᠡᠷ᠎ᠡ᠂ ᠵᠤᠬᠢᠶᠠᠬ᠍ᠴᠢ᠎ᠶᠢᠨ ᠪᠡᠶ᠎ᠡ ᠵᠢᠨ ᠦᠨᠡᠮᠯᠡᠯ ᠳᠡᠭᠡᠷᠡᠬᠢ ᠨᠡᠷ᠎ᠡ᠂ ᠬᠠᠶᠢᠭ᠋ ᠵᠢᠡᠨ ᠮᠣᠩᠭᠣᠯ ᠬᠢᠲᠠᠳ ᠵᠢᠡᠷ ᠲᠣᠳᠣᠷᠬᠠᠢ ᠪᠢᠴᠢᠵᠦ᠂ ᠬᠠᠷᠢᠯᠴᠠᠬᠤ ᠤᠲᠠᠰᠤ ᠪᠡᠨ ᠳᠠᠭᠠᠯᠳᠤᠭᠤᠯᠤᠨ᠎ᠠ᠃

2. ᠤᠷᠤᠯᠳᠤᠭᠠᠨ᠎ᠤ ᠳᠦᠷᠢᠮ᠎ᠳᠤ ᠨᠡᠢᠴᠡᠭᠰᠡᠨ ᠪᠦᠲᠦᠭᠡᠯ᠎ᠤᠳ᠎ᠢ ᠳᠠᠭᠢᠨ ᠨᠡᠢᠲᠡᠯᠡᠬᠦ᠂ ᠳᠡᠯᠭᠡᠨ ᠦᠵᠡᠭᠦᠯᠭᠦ᠂ ᠰᠤᠷᠲᠠᠯᠴᠢᠯᠠᠬᠤ᠂ ᠳᠠᠮᠵᠢᠭᠤᠯᠬᠤ ᠵᠡᠷᠭᠡ ᠡᠷᠬᠡ ᠨᠢ ᠵᠣᠬᠢᠶᠠᠨ ᠪᠠᠢᠭᠤᠯᠤᠭᠰᠠᠨ ᠨᠢᠭᠡᠴᠢ᠎ᠳᠤ ᠬᠠᠮᠢᠶᠠᠷᠤᠭᠳᠠᠵᠤ᠂ ᠬᠠᠷᠠᠮᠵᠢ ᠵᠢᠨ ᠮᠥᠩᠭᠥ ᠶ᠋ᠢ ᠳᠠᠪᠲᠠᠵᠤ ᠲᠥᠯᠥᠬᠦ ᠦᠭᠡᠢ᠃

3. ᠤᠷᠤᠯᠳᠤᠭᠠᠨ᠎ᠤ ᠬᠠᠮᠢᠶ᠎ᠠ ᠪᠦᠬᠦᠢ ᠮᠡᠳᠡᠭᠳᠡᠯ ᠵᠢᠴᠢ ᠪᠦᠲᠦᠭᠡᠯ ᠎ᠢ 《ᠭᠦᠯᠦᠭ》 ᠰᠢᠯᠵᠢᠶ᠎ᠡ᠂ ᠦᠪᠦᠷ ᠮᠤᠩᠭᠤᠯ᠎ᠤᠨ ᠡᠲᠤᠷ᠎ᠤᠨ ᠰᠣᠨᠢᠨ᠎ᠤ ᠮᠣᠩᠭᠣᠯ ᠰᠣᠨᠢᠨ᠎ᠦ ᠵᠢᠷᠭᠢᠶ᠎ᠡ᠎ᠶᠢᠨ ᠲᠠᠪᠴᠡᠩ ᠪᠠ ᠸᠢᠳᠢᠤ᠋ ᠳ᠋ᠤᠭᠠᠷ ᠳᠡᠭᠡᠷ᠎ᠡ ᠨᠡᠢᠲᠡᠯᠡᠬᠦ ᠤᠴᠢᠷ ᠡᠴᠡ 《ᠭᠦᠯᠦᠭ》 ᠰᠢᠯᠵᠢᠶ᠎ᠡ᠂ ᠦᠪᠦᠷ ᠮᠤᠩᠭᠤᠯ᠎ᠤᠨ ᠡᠲᠤᠷ᠎ᠤᠨ ᠰᠣᠨᠢᠨ᠎ᠤ ᠮᠣᠩᠭᠣᠯ ᠰᠣᠨᠢᠨ᠎ᠦ ᠵᠢᠷᠭᠢᠶ᠎ᠡ᠎ᠶᠢᠨ ᠲᠠᠪᠴᠡᠩ ᠪᠠ ᠸᠢᠳᠢᠤ᠋ ᠳ᠋ᠤᠭᠠᠷ᠎ᠲᠦ ᠠᠩᠬᠠᠷᠤᠯ᠎ᠢᠶᠡᠨ ᠬᠠᠨᠳᠤᠭᠤᠯᠵᠤ᠂ ᠤᠷᠤᠯᠳᠤᠭᠠᠨ᠎ᠤ ᠪᠠᠢᠳᠠᠯ᠎ᠢ ᠴᠠᠭ ᠲᠤᠬᠠᠢ ᠳ᠋ᠤᠨᠢ ᠤᠢᠯᠠᠭᠠᠭᠠᠷᠠᠢ !

                          2025 ᠣᠨ᠎ᠤ 6 ᠰᠠᠷ᠎ᠠ ᠵᠢᠨ 16᠎ᠤ᠋ ᠡᠳᠦᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号