2025 ᠣᠨ᠎ᠤ 《ᠰᠣᠶᠣᠯ ᠪᠠ ᠪᠠᠢᠭᠠᠯᠢ᠎ᠶᠢᠨ ᠥᠪ᠎ᠦᠨ ᠡᠳᠦᠷ》᠎ᠤᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠣᠣᠯ ᠬᠤᠷᠠᠯ᠎ᠤᠨ ᠲᠠᠯᠠᠪᠠᠶ᠎ᠶᠢᠨ ᠠᠵᠢᠯᠯᠠᠭ᠎ᠠ 6 ᠰᠠᠷ᠎ᠠ᠎ᠶᠢᠨ 14᠎ᠦ ᠡᠳᠦᠷ ᠬᠥᠬᠡᠬᠣᠲᠠ᠎ᠶᠢᠨ ᠮᠤᠨᠢ ᠠᠭᠤᠯᠠ᠎ᠶᠢᠨ ᠪᠣᠳᠠᠰ᠎ᠤᠨ ᠪᠤᠰᠤ ᠰᠣᠶᠣᠯ᠎ᠤᠨ
ᠥᠪ᠎ᠦᠨ ᠵᠢᠵᠢᠭ ᠪᠠᠯᠭᠠᠰᠤᠨ᠎ᠳᠤ ᠶᠠᠪᠤᠭᠳᠠᠨ᠎ᠠ᠂ ᠤᠮᠠᠷᠠᠲᠤ ᠬᠢᠯᠢ᠎ᠶᠢᠨ ᠪᠣᠳᠠᠰ᠎ᠤᠨ ᠪᠤᠰᠤ ᠰᠣᠶᠣᠯ᠎ᠤᠨ
ᠥᠪ᠎ᠦᠨ ᠰᠠᠷ᠎ᠠ᠎ᠶᠢᠨ ᠠᠵᠢᠯᠯᠠᠭᠠᠴᠤ ᠬᠠᠮᠲᠤ ᠪᠡᠷ ᠡᠬᠢᠯᠡᠵᠦ᠂ 7 ᠰᠠᠷ᠎ᠠ᠎ᠶᠢᠨ 10᠎ᠤ ᠡᠳᠦᠷ ᠪᠣᠯᠲᠠᠯ᠎ᠠ ᠦᠷᠭᠦᠯᠵᠢᠯᠡᠭᠦᠯᠦᠨ᠎ᠡ᠃
《ᠰᠣᠶᠣᠯ ᠪᠠ ᠪᠠᠢᠭᠠᠯᠢ᠎ᠶᠢᠨ
ᠥᠪ᠎ᠦᠨ ᠡᠳᠦᠷ》᠎ᠤᠨ ᠠᠵᠢᠯᠯᠠᠭ᠎ᠠ ᠨᠢ《ᠣᠲᠣ᠌ ᠦᠶ᠎ᠡ᠎ᠶᠢᠨ ᠠᠮᠢᠳᠤᠷᠠᠯ᠎ᠳᠤ ᠠᠭᠤᠰᠴᠤ᠂ ᠪᠣᠳᠠᠰ᠎ᠤᠨ ᠪᠤᠰᠤ ᠰᠣᠶᠣᠯ᠎ᠤᠨ ᠰᠢᠨ᠎ᠡ
ᠠᠮᠢᠵᠢᠷᠠᠯ᠎ᠢ ᠬᠦᠭᠵᠢᠭᠡᠬᠦ》᠎ᠪᠠᠷ ᠭᠣᠣᠯ ᠰᠡᠳᠦᠪ ᠪᠣᠯᠭᠠᠵᠤ᠂ 《ᠠᠶᠠᠯᠭᠤᠲᠤ ᠵᠢᠭᠤᠯᠴᠢᠯᠠᠯ ᠥᠪᠥᠷ ᠮᠣᠩᠭᠣᠯ》ᠲᠦᠷᠦᠯ
ᠲᠡᠮᠳᠡᠭ᠎ᠢ ᠦᠷᠭᠦᠯᠵᠢᠯᠡᠨ ᠡᠭᠦᠳᠦᠨ᠎ᠡ᠃ ᠭᠣᠣᠯ ᠬᠤᠷᠠᠯ᠎ᠤᠨ ᠲᠠᠯᠠᠪᠠᠶ᠎ᠶᠢᠨ ᠠᠵᠢᠯᠯᠠᠭ᠎ᠠ᠎ᠶᠢᠨ ᠠᠭᠤᠯᠭ᠎ᠠ
ᠪᠠᠶᠠᠯᠢᠭ᠋ ᠪᠠᠢᠵᠤ᠂ ᠡᠬᠢᠯᠡᠯᠲᠡ᠎ᠶᠢᠨ ᠶᠣᠰᠣᠯᠠᠯ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ᠂ ᠴᠡᠯᠡᠭᠡᠷ
ᠲᠠᠯ᠎ᠠ ᠤᠮᠠᠷᠠᠲᠤ ᠬᠢᠯᠢ᠎ᠶᠢᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠶᠡᠬᠡ ᠴᠤᠭᠯᠠᠷᠠᠯ᠂ ᠪᠣᠳᠠᠰ᠎ᠤᠨ
ᠪᠤᠰᠤ ᠰᠣᠶᠣᠯ᠎ᠤᠨ ᠥᠪ᠎ᠦᠨ ᠲᠥᠷᠥᠯ ᠵᠦᠢᠯ᠎ᠦᠨ ᠦᠨᠳᠦᠰᠦᠨ ᠱᠠᠲᠤᠨ᠎ᠳᠤ ᠭᠦᠨᠵᠡᠭᠡᠢᠷᠡᠬᠦ ᠳᠥᠷᠪᠡᠨ ᠵᠦᠢᠯ᠎ᠦᠨ
ᠭᠣᠣᠯ ᠴᠣᠭᠴᠠ᠎ᠶᠢᠨ ᠠᠵᠢᠯᠯᠠᠭ᠎ᠠ ᠪᠠᠭᠲᠠᠨ᠎ᠠ᠃
ᠠᠵᠢᠯᠯᠠᠭ᠎ᠠ᠎ᠳᠤ ᠵᠠᠭᠤ
ᠰᠢᠬᠠᠮ ᠵᠦᠢᠯ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠢᠯ᠎ᠢ ᠴᠤᠭᠯᠠᠭᠤᠯᠵᠤ᠂ ᠪᠣᠳᠠᠰ᠎ᠤᠨ ᠪᠤᠰᠤ ᠰᠣᠶᠣᠯ᠎ᠤᠨ
ᠥᠪ᠎ᠦᠨ ᠤᠯᠠᠮᠵᠢᠯᠠᠭ᠍ᠴᠢ ᠵᠢᠨ ᠲᠥᠯᠥᠭᠡᠯᠡᠭᠴᠢ᠂ ᠵᠢᠭᠤᠯᠴᠢᠯᠠᠯ᠎ᠤᠨ ᠠᠵᠤ ᠠᠬᠤᠢᠯᠠᠯ᠎ᠤᠨ ᠲᠥᠯᠥᠭᠡᠯᠡᠭᠴᠢ᠂ ᠶᠣᠰᠣ᠌
ᠰᠤᠷᠲᠠᠬᠤᠨ᠎ᠤ ᠵᠢᠱ᠌ᠢᠶᠡᠴᠢ 200 ᠰᠢᠬᠠᠮ ᠬᠥᠮᠥᠨ᠎ᠢ ᠤᠷᠢᠵᠤ ᠣᠷᠣᠯᠴᠠᠭᠤᠯᠤᠨ᠎ᠠ᠃ ᠲᠣᠰ ᠤᠳᠠᠭᠠᠨ᠎ᠤ ᠠᠵᠢᠯᠯᠠᠭ᠎ᠠ ᠨᠢ ᠪᠣᠳᠠᠰ᠎ᠤᠨ
ᠪᠤᠰᠤ ᠰᠣᠶᠣᠯ᠎ᠤᠨ ᠥᠪ ᠪᠤᠯᠬᠤ ᠴᠠᠭᠠᠰᠤᠨ ᠬᠠᠢᠴᠢᠯᠠᠮᠠᠯ᠂ ᠮᠣᠩᠭᠣᠯ ᠦᠨᠳᠦᠰᠦᠲᠡᠨ᠎ᠦ ᠠᠷᠠᠰᠤᠨ ᠤᠷᠠᠯᠠᠯ᠂
ᠡᠮᠲᠦ ᠭᠦᠵᠢ ᠦᠢᠯᠡᠳᠬᠦ ᠤᠷ᠎ᠠ ᠮᠡᠷᠭᠡᠵᠢᠯ᠂ ᠶᠤᠤᠮᠠᠢ ᠵᠢᠨ ᠭᠤᠯᠢᠷ᠎ᠤᠨ ᠤᠷ᠎ᠠ ᠮᠡᠷᠭᠡᠵᠢᠯ ᠵᠡᠷᠭᠡ 20 ᠭᠠᠷᠤᠢ ᠵᠦᠢᠯ᠎ᠦᠨ ᠪᠣᠳᠠᠰ᠎ᠤᠨ ᠪᠤᠰᠤ
ᠰᠣᠶᠣᠯ᠎ᠤᠨ ᠥᠪ᠎ᠦᠨ ᠲᠥᠯᠥᠭᠡᠯᠡᠬᠦ ᠴᠢᠨᠠᠷᠲᠠᠢ ᠲᠥᠷᠥᠯ ᠵᠦᠢᠯ᠎ᠢ ᠠᠮᠢᠳᠤᠯᠢᠭ᠋ ᠵᠢᠡᠷ ᠢᠯᠡᠷᠡᠭᠦᠯᠬᠦ ᠪᠣᠯᠣᠨ᠎ᠠ᠃
ᠲᠤᠬᠠᠢ᠎ᠶᠢᠨ ᠲᠠᠯᠠᠪᠠᠢ᠎ᠳᠤ ᠪᠠᠰᠠ ᠨᠠᠢ᠍ᠮᠠᠳᠤᠭᠠᠷ ᠪᠦᠯᠦᠭ᠎ᠦᠨ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠪᠣᠳᠠᠰ᠎ᠤᠨ
ᠪᠤᠰᠤ ᠰᠣᠶᠣᠯ᠎ᠤᠨ ᠥᠪ᠎ᠦᠨ ᠲᠥᠯᠥᠭᠡᠯᠡᠬᠦ ᠴᠢᠨᠠᠷᠲᠠᠢ ᠲᠦᠷᠦᠯ ᠵᠦᠢᠯ᠎ᠦᠨ ᠫᠠᠢᠰᠠ ᠣᠯᠭᠣᠬᠤ ᠶᠣᠰᠣᠯᠠᠯ ᠶᠠᠪᠤᠭᠳᠠᠭᠤᠯᠤᠨ᠎ᠠ᠃
ᠣᠲᠤᠬᠠᠨ ᠪᠣᠯᠲᠠᠯ᠎ᠠ᠂ ᠮᠠᠨ᠎ᠤ ᠤᠷᠤᠨ᠎ᠳᠤ
ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠰᠣᠶᠣᠯ᠎ᠤᠨ ᠵᠣᠬᠢᠶᠠᠨ
ᠪᠠᠢᠭᠤᠯᠤᠯᠲᠠ᠎ᠶᠢᠨ ᠬᠥᠮᠥᠨ ᠲᠥᠷᠥᠯᠬᠢᠲᠡᠨ᠎ᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠭᠴᠢ ᠪᠦᠲᠦᠭᠡᠯ᠎ᠦᠨ
ᠨᠡᠷᠡᠰ᠎ᠦᠨ ᠵᠢᠭ᠍ᠰᠠᠭᠠᠯᠲᠠ᠎ᠳᠤ ᠤᠷᠤᠭᠰᠠᠨ 4 ᠲᠦᠷᠦᠯ᠂ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ ᠴᠢᠨᠠᠷᠲᠠᠢ
ᠲᠥᠷᠥᠯ ᠵᠦᠢᠯ 98 ᠲᠦᠷᠦᠯ 106 ᠭᠠᠵᠠᠷ᠂ ᠥᠪᠡᠷᠲᠡᠭᠡᠨ ᠵᠠᠰᠠᠬᠤ
ᠣᠷᠣᠨ᠎ᠤ ᠲᠠᠰ᠎ᠤᠨ ᠲᠥᠷᠥᠯ ᠵᠦᠢᠯ 634 ᠲᠦᠷᠦᠯ ᠵᠦᠢᠯ 1079 ᠭᠠᠵᠠᠷ ᠪᠣᠶ︔ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠦᠪ᠎ᠤᠨ ᠲᠥᠯᠥᠭᠡᠯᠡᠬᠦ
ᠴᠢᠨᠠᠷᠲᠠᠢ ᠤᠯᠠᠮᠵᠢᠯᠠᠭ᠍ᠴᠢ 110 ᠬᠥᠮᠥᠨ ( ᠤᠳᠤ ᠠᠮᠢᠳᠤ ᠮᠡᠨᠳᠦ ᠪᠠᠢᠭ᠎ᠠ 93 ᠬᠥᠮᠥᠨ)᠂ ᠥᠪᠡᠷᠲᠡᠭᠡᠨ ᠵᠠᠰᠠᠬᠤ
ᠣᠷᠣᠨ᠎ᠤ ᠲᠠᠰ᠎ᠤᠨ ᠤᠯᠠᠮᠵᠢᠯᠠᠭ᠍ᠴᠢ 1087 ᠬᠥᠮᠥᠨ ( ᠤᠳᠤ ᠠᠮᠢᠳᠤ ᠮᠡᠨᠳᠦ ᠪᠠᠢᠭ᠎ᠠ 914 ᠬᠥᠮᠥᠨ );ᠥᠪᠡᠷᠲᠡᠭᠡᠨ ᠵᠠᠰᠠᠬᠤ ᠣᠷᠣᠨ᠎ᠤ ᠲᠠᠰ᠎ᠤᠨ
ᠰᠣᠶᠣᠯ᠎ᠤᠨ ᠠᠮᠢ ᠠᠬᠤᠢ᠎ᠶᠢᠨ ᠬᠠᠮᠠᠭᠠᠯᠠᠯᠲᠠ᠎ᠶᠢᠨ ᠣᠷᠣᠨ 15᠂ ᠤᠯᠠᠮᠵᠢᠯᠠᠯᠲᠤ ᠭᠠᠷ ᠤᠷᠠᠯᠠᠯ᠎ᠤᠨ
ᠠᠵᠢᠯᠯᠠᠬᠤ ᠥᠷᠲᠡᠭᠡ 12᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠢᠯᠡᠳᠬᠡᠯ᠎ᠦᠨ ᠭᠠᠵᠠᠷ 5᠂ ᠪᠣᠳᠠᠰ᠎ᠤᠨ ᠪᠤᠰᠤ ᠰᠣᠶᠣᠯ᠎ᠤᠨ
ᠥᠪ᠎ᠦᠨ ᠦᠢᠯᠡᠳᠪᠦᠷᠢᠯᠡᠯ᠎ᠦᠨ ᠴᠢᠨᠠᠷᠲᠠᠢ ᠬᠠᠮᠠᠭᠠᠯᠠᠯᠲᠠ᠎ᠶᠢᠨ ᠵᠢᠱ᠌ᠢᠶ᠎ᠡ ᠦᠵᠡᠭᠦᠯᠬᠦ ᠰᠠᠭᠤᠷᠢᠨ 22᠂ ᠪᠣᠳᠠᠰ᠎ᠤᠨ ᠪᠤᠰᠤ ᠰᠣᠶᠣᠯ᠎ᠤᠨ
ᠥᠪ᠎ᠦᠨ ᠳᠠᠭᠤᠷᠢᠯᠢᠭ᠋᠎ᠤᠨ ᠲᠠᠯᠠᠪᠠᠶ 5᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠰᠤᠳᠤᠯᠭᠠᠨ᠎ᠤ ᠰᠠᠭᠤᠷᠢᠨ 8᠂ ᠪᠣᠳᠠᠰ᠎ᠤᠨ ᠪᠤᠰᠤ ᠰᠣᠶᠣᠯ᠎ᠤᠨ
ᠦᠪ᠎ᠤᠨ ᠵᠢᠭᠤᠯᠴᠢᠯᠠᠯ᠎ᠤᠨ ᠪᠡᠶᠡᠴᠢᠯᠡᠨ ᠣᠢᠯᠠᠭᠠᠬᠤ ᠰᠠᠭᠤᠷᠢᠨ 19᠂ ᠪᠣᠳᠠᠰ᠎ᠤᠨ ᠪᠤᠰᠤ ᠰᠣᠶᠣᠯ᠎ᠤᠨ
ᠦᠪ᠎ᠤᠨ ᠣᠨᠴᠠᠯᠢᠭ᠍ᠲᠤ ᠲᠣᠰᠬᠣᠨ ᠪᠠᠯᠭᠠᠰᠤ 24᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠣᠨᠴᠠᠯᠢᠭ᠍ᠲᠤ ᠵᠡᠭᠡᠯᠢ ᠲᠣᠭᠣᠷᠢᠭ᠋ 11᠂ 《ᠨᠡᠢᠭᠡᠮ ᠲᠣᠭᠣᠷᠢᠭ᠋ᠲᠡᠬᠢ ᠪᠣᠳᠠᠰ᠎ᠤᠨ ᠪᠤᠰᠤ ᠰᠣᠶᠣᠯ᠎ᠤᠨ ᠥᠪ》᠎ᠤᠨ ᠲᠤᠷᠰᠢᠯᠲᠠ᠎ᠶᠢᠨ ᠴᠡᠭ 10᠂ ᠪᠣᠳᠠᠰ᠎ᠤᠨ ᠪᠤᠰᠤ ᠰᠣᠶᠣᠯ᠎ᠤᠨ
ᠥᠪ᠎ᠦᠨ ᠤᠯᠠᠮᠵᠢᠯᠠᠯ ᠬᠥᠮᠦᠵᠢᠯ᠎ᠦᠨ ᠦᠢᠯᠡᠳᠦᠯᠭᠡ᠎ᠶᠢᠨ ᠰᠠᠭᠤᠷᠢᠨ 44 ᠪᠣᠶ᠃
ᠢᠷᠡᠯᠲᠡ ᠄ ᠲᠠᠯ᠎ᠠ
ᠨᠤᠲᠤᠭ᠎ᠤᠨ ᠡᠭᠦᠯᠡ ᠰᠢᠯᠵᠢᠶ᠎ᠡ