ᠠᠭᠤᠯᠠ ᠱᠢᠭ᠋ ᠲᠦᠱᠢᠭ ᠠᠪᠣ ᠮᠢᠨᠢ
2025-06-11 10:43:02
ᠵᠣᠬᠢᠶᠠᠭ᠍ᠴᠢ᠄
ᠰ᠊· ᠪᠦᠬᠡᠴᠢᠯᠠᠭᠤ
ᠣᠩᠱᠢᠭ᠍ᠰᠠᠨ ᠣᠳᠠᠭ᠎ᠠ᠄
★★★☆☆

ᠲᠡᠭ᠌ᠷᠢ ᠱᠢᠭ ᠲᠦᠪ ᠶᠡᠭᠡᠮᠰᠦᠭ

ᠲᠠᠯ᠎ᠠ ᠱᠢᠭ᠋ ᠲᠤᠳᠤᠷ ᠲᠠᠮᠢᠷ᠎ᠲᠠᠢ

ᠲᠦᠱᠢᠭ ᠶᠡᠭᠡ ᠬᠠᠢᠷᠬᠠᠨ

ᠲᠦᠷᠦᠭ᠌ᠰᠡᠨ ᠠᠪᠣ ᠮᠢᠨᠢ


ᠨᠢᠷᠤᠭᠤᠨ᠎ᠳ᠋ᠠᠭᠠᠨ ᠨᠠᠮᠠᠶ᠋ᠢ ᠡᠬᠦᠷᠴᠦ᠍

ᠨᠠᠷᠠᠨ᠎ᠤ ᠭᠡᠷᠡᠯ᠎ᠢᠶᠠᠷ ᠦᠨᠦᠰᠦᠬᠦᠯᠦᠭ᠌ᠰᠡᠨ

ᠨᠤᠳᠤᠭ᠎ᠤᠨ ᠲᠤᠬᠠᠢ ᠶᠠᠷᠢᠵᠦ᠍

ᠤᠷᠤᠱᠢᠬᠤᠢ᠎ᠶ᠋ᠢᠨ ᠨᠢᠭᠤᠴᠠ᠎ᠶ᠋ᠢ ᠲᠠᠨᠢᠭᠤᠯᠤᠭ᠍ᠰᠠᠨ


ᠠᠮᠢᠳᠤᠷᠠᠯ᠎ᠤᠨ ᠬᠦᠯᠭᠡᠨ ᠰᠤᠳᠤᠷ

ᠠᠷᠢᠭᠤᠨ ᠬᠠᠢᠷ᠎ᠠ᠎ᠶ᠋ᠢᠨ ᠪᠦᠷᠢᠯᠸ᠎ᠠ

ᠠᠯᠳᠠᠨ ᠰᠤᠷᠭᠠᠯ᠎ᠤᠨ ᠲᠤᠪᠴᠢᠶᠠᠨ

ᠠᠮᠵᠢᠯᠳᠠ᠎ᠳᠤ ᠬᠦᠷᠭᠡᠭ᠌ᠰᠡᠨ ᠨᠠᠮᠳᠠᠷ


ᠮᠤᠷᠢᠨ᠎ᠳ᠋ᠠᠭᠠᠨ ᠠᠯᠠᠪᠭᠢᠨ ᠮᠤᠷᠳᠠᠬᠤ᠎ᠳᠤ

ᠲᠤᠭ ᠱᠢᠭ᠋ ᠰᠦᠷ᠎ᠲᠠᠢ ᠬᠠᠷᠠᠭ᠍ᠳᠠᠳᠠᠭ

ᠮᠠᠩᠨᠤᠭ ᠲᠠᠯ᠎ᠠ᠎ᠪᠠᠷ᠎ᠢᠶᠠᠨ ᠲᠠᠪᠭᠢᠭᠤᠯᠬᠤ᠎ᠳᠤ

ᠰᠠᠯᠭᠢ ᠱᠢᠭ᠋ ᠬᠤᠷᠳᠦ᠍᠎ᠲᠠᠢ ᠰᠠᠨᠠᠭ᠍ᠳᠠᠳᠠᠭ


ᠲᠦᠷᠪᠡᠨ ᠴᠠᠭ᠎ᠢ ᠬᠠᠷᠢᠭᠤᠯᠵᠦ᠍

ᠲᠡᠮᠡᠦᠯᠵᠦ᠍ ᠵᠢᠳᠬᠦᠵᠦ᠍ ᠢᠷᠡᠭ᠌ᠰᠡᠨ

ᠲᠤᠭᠤᠷᠭᠠᠳᠤ ᠭᠡᠷ᠎ᠤᠨ᠎ᠢᠶᠠᠨ ᠨᠠᠷᠠ

ᠲᠡᠰᠪᠦᠷᠢ ᠲᠡᠪᠴᠢᠶᠡᠷᠢ᠎ᠲᠠᠢ ᠠᠪᠣ ᠮᠢᠨᠢ


ᠭᠡᠯᠡᠪᠡᠯ ᠦᠭᠡ ᠭᠡᠵᠦ᠍

ᠭᠡᠯᠡᠭ᠌ᠰᠡᠨ᠎ᠳᠡᠭᠡᠨ ᠵᠠᠪᠠᠯ ᠬᠦᠷᠬᠦ᠌ ᠭᠡᠵᠦ᠍

ᠭᠡᠨ᠎ᠳᠤ ᠴᠦ᠍ ᠶᠠᠷᠢᠭ᠎ᠠ ᠦᠭᠡᠢ

ᠭᠡᠬᠦᠳᠡᠭ ᠴᠡᠭᠡᠵᠢᠨ ᠳ᠋ᠡᠭᠡᠨ ᠪᠤᠳᠤᠵᠦ᠍


ᠵᠠᠪ ᠦᠭᠡᠢ ᠮᠤᠩᠭᠠᠨᠢᠵᠦ᠍

ᠵᠢᠯ ᠵᠢᠯ᠎ᠢ ᠡᠯᠡᠭᠡᠵᠦ᠍

ᠵᠢᠷᠭᠢᠬᠦ᠌ ᠱᠢᠪᠠᠭᠤ ᠮᠡᠳᠦ

ᠵᠢᠷᠭᠠᠵᠦ᠍ ᠵᠦᠳᠡᠷᠡᠭ᠌ᠰᠡᠨ ᠠᠪᠣ ᠮᠢᠨᠢ


ᠪᠡᠯᠴᠢᠭᠡᠷ᠎ᠤᠨ ᠴᠢᠨᠢ ᠱᠢᠷᠭᠡᠭ ᠡᠪᠡᠰᠦ

ᠴᠢᠮ᠎ᠠ᠎ᠶ᠋ᠢ ᠮᠠᠷᠳᠠᠬᠤ ᠦᠭᠡᠢ

ᠪᠤᠷᠤ ᠮᠠᠩᠬᠠᠨ᠎ᠤ ᠱᠢᠷᠭᠤᠯᠵᠢ  ᠴᠦ᠍

ᠴᠢᠮ᠎ᠠ᠎ᠶ᠋ᠢ ᠮᠠᠷᠳᠠᠬᠤ ᠦᠭᠡᠢ


ᠲᠡᠭ᠌ᠷᠢ ᠱᠢᠭ ᠲᠦᠪ ᠶᠡᠭᠡᠮᠰᠦᠭ

ᠲᠠᠯ᠎ᠠ ᠱᠢᠭ᠋ ᠲᠤᠳᠤᠷ ᠲᠠᠮᠢᠷ᠎ᠲᠠᠢ

ᠲᠦᠱᠢᠭ ᠶᠡᠭᠡ ᠬᠠᠢᠷᠬᠠᠨ

ᠲᠦᠷᠦᠭ᠌ᠰᠡᠨ ᠠᠪᠣ ᠮᠢᠨᠢ ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号