ᠥᠪᠥᠷ ᠮᠣᠩᠭᠣᠯ ᠤ᠋ᠨ ᠤᠷᠠᠨ ᠵᠢᠷᠤᠭ ᠤ᠋ᠨ ᠣᠷᠳᠣᠨ ᠤᠯᠠᠨ ᠠᠵᠢᠯᠯᠠᠭ᠎ᠠ ᠦᠷᠨᠢᠬᠦᠯᠪᠡ
2025-05-07 09:50:09
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

ᠤᠷᠠᠯᠢᠭ ᠤ᠋ᠨ ᠴᠤᠩᠬᠤ ᠪᠡᠷ ᠶᠢᠷᠲᠢᠨᠴᠦ ᠵᠢ ᠬᠠᠷᠠᠵᠦ᠂ ᠭᠤᠤ᠎ᠠ ᠰᠠᠢᠬᠠᠨ ᠢ᠋ᠶ᠋ᠡᠷ ᠰᠡᠳᠬᠢᠯ ᠢ᠋ᠶ᠋ᠡᠨ ᠴᠢᠮᠡᠨ᠎ᠠ᠃ 《5·1》 ᠤ᠋ ᠠᠮᠠᠷᠠᠯᠲᠠ ᠶ᠋ᠢᠨ ᠬᠤᠭᠤᠴᠠᠭᠠᠨ ᠳ᠋ᠦ᠂ ᠥᠪᠥᠷ ᠮᠣᠩᠭᠣᠯ ᠤ᠋ᠨ ᠤᠷᠠᠨ ᠵᠢᠷᠤᠭ ᠤ᠋ᠨ ᠣᠷᠳᠣᠨ ᠪᠠᠶᠠᠯᠢᠭ ᠠᠭᠤᠯᠭ᠎ᠠ ᠪᠦᠬᠦᠢ ᠦᠵᠡᠰᠭᠦᠯᠡᠩ ᠪᠠ ᠣᠯᠠᠨ ᠨᠡᠢᠲᠡ ᠶ᠋ᠢᠨ ᠰᠤᠷᠭᠠᠨ ᠬᠥᠮᠦᠵᠢᠯ ᠤ᠋ᠨ ᠠᠵᠢᠯᠯᠠᠭ᠎ᠠ ᠲᠣᠬᠢᠷᠠᠭᠤᠯᠤᠭ᠍ᠰᠠᠨ ᠤ᠋ ᠬᠠᠮᠲᠤ ᠡᠬᠦᠳᠡ ᠬᠠᠭᠠᠬᠤ ᠴᠠᠭ ᠢ᠋ᠶ᠋ᠡᠨ 18 ᠴᠠᠭ ᠪᠣᠯᠲᠠᠯ᠎ᠠ ᠤᠷᠲᠤᠳᠭᠠᠵᠤ᠂ ᠵᠢᠭᠤᠯᠴᠢᠯᠠᠭ᠍ᠰᠠᠳ ᠲᠦ᠍ ᠤᠷᠠᠯᠢᠭ ᠰᠤᠶᠤᠯ ᠢ᠋ᠶ᠋ᠡᠷ ᠠᠮᠠᠷᠠᠯᠳᠠ ᠪᠠᠨ ᠦᠩᠭᠡᠷᠡᠬᠦᠯᠬᠦ᠂ ᠤᠷᠠᠯᠢᠭ ᠤ᠋ᠨ ᠦᠵᠡᠰᠬᠥᠯᠡᠩ ᠵᠢᠨᠷ ᠦᠪᠦᠷ ᠮᠤᠨᠭᠭᠤᠯ ᠤ᠋ᠨ ᠤᠳᠬ᠎ᠠ ᠤᠷᠠᠯᠢᠭ ᠢ᠋ ᠤᠢᠯᠠᠭᠠᠬᠤ ᠳ᠋ᠦ ᠨᠦᠬᠦᠴᠡᠯ ᠬᠠᠩᠭᠠᠪᠡ᠃

《5·1》 ᠤ᠋ ᠠᠮᠠᠷᠠᠯᠲᠠ ᠶ᠋ᠢᠨ ᠬᠤᠭᠤᠴᠠᠭᠠᠨ ᠳ᠋ᠦ᠂ ᠥᠪᠥᠷ ᠮᠣᠩᠭᠣᠯ ᠤ᠋ᠨ ᠤᠷᠠᠨ ᠵᠢᠷᠤᠭ ᠤ᠋ᠨ ᠣᠷᠳᠣᠨ ᠳ᠋ᠦ 《ᠣᠲᠣᠭ ᠤ᠋ᠨ ᠦᠵᠡᠮᠵᠢ ᠪᠡᠷ ᠤᠮᠠᠷᠠᠲᠤ ᠬᠢᠯᠢ ᠶ᠋ᠢᠨ ᠬᠡᠪ ᠨᠠᠮᠪᠠ ᠵᠢ ᠤᠢᠯᠠᠭᠠᠬᠤ》 ᠵᠠᠩ ᠵᠧᠩ ᠭᠦᠸᠧ ᠶ᠋ᠢᠨ ᠬᠡᠷᠡᠯ ᠵᠢᠷᠤᠭ ᠤ᠋ᠨ ᠤᠷᠠᠯᠢᠭ ᠤ᠋ᠨ ᠦᠵᠡᠰᠬᠥᠯᠡᠩ ᠳ᠋ᠦ 80 ᠬᠡᠷᠡᠯ ᠵᠢᠷᠤᠭ ᠤ᠋ᠨ ᠪᠦᠲᠦᠭᠡᠯ ᠢ᠋ᠶ᠋ᠡᠷ ᠤᠮᠠᠷᠠᠲᠤ ᠬᠢᠯᠢ ᠶ᠋ᠢᠨ ᠥᠷᠭᠡᠨ ᠠᠭᠤᠳᠠᠮ ᠬᠢᠭᠡᠳ ᠰᠦᠷᠯᠢᠭ ᠰᠠᠢᠬᠠᠨ ᠢ᠋ ᠳᠡᠯᠭᠡᠨ ᠦᠵᠡᠭᠦᠯᠵᠦ᠂ 《ᠵᠠᠭᠤᠨ ᠴᠡᠴᠡᠭ ᠪᠤᠯᠢᠶᠠᠯᠳᠤᠨ ᠳᠡᠯᠭᠡᠷᠡᠭᠰᠡᠨ》 ᠪᠠᠷᠠᠭᠤᠨ ᠣᠷᠣᠨ ᠤ᠋ ᠦᠨᠳᠦᠰᠦᠲᠡᠨ ᠤ᠋ ᠭᠠᠵᠠᠷ ᠣᠷᠣᠨ ᠤ᠋ ᠵᠠᠯᠠᠭᠤ ᠤᠷᠠᠨ ᠵᠢᠷᠤᠭ᠍ᠴᠢᠳ ᠤ᠋ᠨ ᠵᠣᠬᠢᠶᠠᠨ ᠪᠦᠲᠦᠭᠡᠯᠭᠡ ᠶ᠋ᠢᠨ ᠳᠡᠭᠡᠳᠦ ᠵᠡᠷᠭᠡ ᠶ᠋ᠢᠨ ᠰᠤᠳᠤᠯᠭᠠᠨ ᠤ᠋ ᠠᠩᠭᠢ ᠶ᠋ᠢᠨ ᠦᠷ᠎ᠡ ᠪᠦᠲᠦᠭᠡᠯ ᠤ᠋ᠨ ᠬᠠᠷᠢᠭᠤ ᠮᠡᠳᠡᠭᠦᠯᠦᠯᠲᠡ ᠶ᠋ᠢᠨ ᠦᠵᠡᠰᠭᠦᠯᠡᠩ (ᠬᠥᠬᠡᠬᠣᠲᠠ ᠥᠷᠲᠡᠭᠡ) ᠳ᠋ᠦ 200 ᠭᠠᠷᠤᠶ ᠰᠤᠳᠤᠨ ᠪᠦᠲᠦᠭᠡᠯ ᠢ᠋ ᠳᠡᠯᠭᠡᠨ᠂ ᠥᠪᠡᠷᠮᠢᠴᠡ ᠬᠠᠷᠠᠭᠠᠰᠤ ᠪᠠ ᠨᠠᠷᠢᠯᠢᠭ ᠰᠠᠢᠬᠠᠨ ᠤᠷ᠎ᠠ ᠮᠡᠷᠭᠡᠵᠢᠯ ᠢ᠋ᠶ᠋ᠡᠷ ᠦᠨᠳᠦᠰᠦᠲᠡᠨ ᠤ᠋ ᠭᠠᠵᠠᠷ ᠣᠷᠣᠨ ᠤ᠋ ᠨᠡᠢᠭᠡᠮ ᠤ᠋ᠨ ᠠᠮᠢᠳᠤᠷᠠᠯ ᠢ᠋ ᠭᠦᠨᠵᠡᠭᠡᠶ ᠬᠠᠷᠠᠭᠤᠯᠵᠠᠢ᠃ ᠬᠦᠷᠦᠯᠴᠡᠨ ᠢᠷᠡᠭᠰᠡᠨ ᠦᠵᠡᠭᠴᠢᠳ ᠲᠦ᠍ ᠬᠥᠬᠡᠨᠠᠭᠤᠷ ᠮᠤᠵᠢ ᠶ᠋ᠢᠨ ᠪᠠᠷ ᠵᠢᠷᠤᠭ᠍ᠴᠢᠨ ᠠᠲ᠋ᠠᠢ ᠶ᠋ᠢᠨ ᠪᠠᠷ ᠵᠢᠷᠤᠭ ᠤ᠋ᠨ ᠦᠵᠡᠰᠬᠥᠯᠡᠩ ᠵᠢᠨᠷ ᠺᠠᠩᠪᠠ ᠤᠷᠤᠨ ᠤ᠋ ᠬᠦᠮᠦᠰ ᠤ᠋ᠨ ᠣᠶᠤᠨ ᠰᠠᠨᠠᠭᠠᠨ ᠤ᠋ ᠴᠣᠭ ᠵᠢᠪᠬᠤᠭ᠎ᠠ ᠵᠢ ᠤᠢᠯᠠᠭᠠᠭᠤᠯᠪᠠ᠃ ᠬᠣᠶᠠᠳᠤᠭᠠᠷ ᠬᠤᠭᠤᠴᠠᠭᠠᠨ ᠤ᠋ ᠥᠪᠥᠷ ᠮᠣᠩᠭᠣᠯ ᠤ᠋ᠨ ᠬᠢᠲᠠᠳ ᠵᠢᠷᠤᠭ ᠤ᠋ᠨ ᠨᠡᠢᠭᠡᠮᠯᠢᠭ ᠤ᠋ᠨ ᠪᠦᠲᠦᠭᠡᠯ ᠤ᠋ᠨ ᠦᠵᠡᠰᠬᠥᠯᠡᠩ ᠵᠢᠨᠷ ᠬᠢᠳᠠᠳ ᠵᠢᠷᠤᠭ ᠤ᠋ᠨ ᠷᠢᠳᠢ ᠱᠢᠳᠢ ᠵᠢ ᠰᠣᠨᠢᠷᠬᠠᠭᠤᠯᠵᠤ᠂ 《ᠤᠮᠠᠷᠠᠲᠤ ᠬᠢᠯᠢ ᠶ᠋ᠢᠨ ᠤᠳᠭ᠎ᠠ ᠤᠷᠠᠯᠢᠭ ᠬᠡᠪᠯᠡᠯ ᠤ᠋ᠨ ᠡᠷᠬᠡ ᠶ᠋ᠢᠨ ᠬᠡᠷᠡᠯ ᠭᠢᠯᠪᠠᠭ᠎ᠠ》 ᠥᠪᠥᠷ ᠮᠣᠩᠭᠣᠯ ᠤ᠋ᠨ ᠱᠢᠯᠢᠳᠡᠭ ᠤᠳᠭ᠎ᠠ ᠤᠷᠠᠯᠢᠭ ᠤ᠋ᠨ ᠬᠡᠪᠯᠡᠯ ᠤ᠋ᠨ ᠡᠷᠬᠡ ᠪᠦᠬᠦᠢ ᠡᠬᠢ ᠪᠠᠶᠠᠯᠢᠭ ᠢ᠋ ᠤᠨᠳᠤᠤᠱᠢᠭᠤᠯᠤᠨ ᠡᠳ᠋ᠯᠡᠬᠦ᠌ ᠦᠵᠡᠰᠬᠥᠯᠡᠩ ᠎ᠤᠨ 800 ᠭᠠᠷᠤᠶ ᠬᠤᠪᠢ ᠪᠦᠲᠦᠭᠡᠯ ᠵᠢᠡᠷ ᠲᠠᠮᠵᠢᠨ ᠬᠡᠪᠯᠡᠯ ᠤ᠋ᠨ ᠡᠷᠬᠡ ᠶ᠋ᠢᠨ ᠱᠢᠯᠢᠳᠡᠭ ᠪᠦᠲᠦᠭᠡᠯ ᠤ᠋ᠨ ᠤᠯᠠᠮᠵᠢᠯᠠᠯ ᠪᠠ ᠬᠥᠭ᠌ᠵᠢᠯᠲᠡ ᠵᠢ ᠤᠢᠯᠠᠭᠠᠭᠤᠯᠪᠠ᠃ ᠥᠪᠥᠷ ᠮᠣᠩᠭᠣᠯ ᠤ᠋ᠨ ᠤᠷᠠᠨ ᠵᠢᠷᠤᠭ ᠤ᠋ᠨ ᠣᠷᠳᠣᠨ ᠦᠵᠡᠭ᠌ᠴᠢᠳ ᠤ᠋ᠨ ᠬᠡᠷᠡᠭ᠌ᠴᠡᠭᠡ ᠱᠠᠭᠠᠷᠳᠠᠯᠭ᠎ᠠ ᠵᠢ ᠨᠠᠩ ᠰᠠᠢᠳᠤᠷ ᠬᠠᠩᠭᠠᠬᠤ ᠶ᠋ᠢᠨ ᠲᠥᠯᠥᠭᠡ 5 ᠰᠠᠷ᠎ᠠ ᠶ᠋ᠢᠨ 1 — 5 ᠤ᠋ ᠡᠳᠦᠷ ᠪᠣᠯᠲᠠᠯ᠎ᠠ ᠡᠳᠤᠷ ᠪᠦᠷᠢ 9 ᠴᠠᠭ ᠡᠴᠡ 18 ᠴᠠᠭ ᠪᠤᠯᠳᠠᠯ᠎ᠠ ᠨᠡᠬᠡᠬᠡᠵᠤ᠂ ᠴᠠᠭ ᠤᠷᠳᠤᠳᠬᠠᠨ ᠦᠢᠯᠡᠴᠢᠯᠡᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号