— ᠦᠪᠤᠷ ᠮᠤᠩᠭᠤᠯ ᠤ᠋ᠨ ᠬᠤᠯᠢᠰᠢᠨ ᠢᠳᠡᠭᠡᠨ ᠪᠤᠯᠪᠠᠰᠤᠷᠠᠭᠤᠯᠬᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠬᠤ ᠠᠵᠢᠯᠯᠠᠭ᠎ᠠ ᠶ᠋ᠢᠨ 10 ᠭᠤᠤᠯᠳᠠᠯᠭᠠᠳᠤ ᠲᠦᠷᠦᠯ ᠵᠦᠢᠯ ③
ᠦᠪᠡᠷᠳᠡᠭᠡᠨ ᠵᠠᠰᠠᠬᠤ ᠤᠷᠤᠨ ᠤ᠋ ᠠᠷᠠᠳ ᠤ᠋ᠨ ᠵᠠᠰᠠᠭ ᠤ᠋ᠨ ᠤᠷᠳᠤᠨ ᠤ᠋ ᠵᠦᠪᠰᠢᠶᠡᠷᠡᠯ ᠶ᠋ᠢᠡᠷ ᠦᠪᠡᠷᠳᠡᠭᠡᠨ ᠵᠠᠰᠠᠬᠤ ᠤᠷᠤᠨ ᠤ᠋ ᠠᠷᠠᠳ ᠤ᠋ᠨ ᠵᠠᠰᠠᠭ ᠤ᠋ᠨ ᠤᠷᠳᠤᠨ ᠤ᠋ ᠠᠯᠪᠠᠨ ᠲᠢᠩᠬᠢᠮ ᠤᠢᠷ᠎ᠠ ᠳ᠋ᠤ 《 ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠬᠤᠯᠢᠰᠢᠨ ᠢᠳᠡᠭᠡᠨ ᠪᠤᠯᠪᠠᠰᠤᠷᠠᠭᠤᠯᠬᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠬᠤ ᠠᠵᠢᠯᠯᠠᠭᠠᠨ ᠤ᠋ ᠲᠦᠰᠦᠯ (2025 — 2027 ) 》 ᠢ᠋ ᠳᠠᠷᠤᠮᠠᠯᠯᠠᠨ ᠲᠠᠷᠬᠠᠭᠠᠵᠤ᠂ 3 ᠵᠢᠯ ᠤ᠋ᠨ ᠬᠤᠭᠤᠴᠠᠭ᠎ᠠ ᠪᠦᠬᠦᠢ ᠬᠤᠯᠢᠰᠢᠨ ᠢᠳᠡᠭᠡᠨ ᠪᠤᠯᠪᠠᠰᠤᠷᠠᠭᠤᠯᠬᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠬᠤ ᠠᠵᠢᠯᠯᠠᠭ᠎ᠠ ᠶ᠋ᠢ ᠡᠬᠢᠯᠡᠭᠦᠯᠪᠡ᠃ ᠡᠭᠦᠨ ᠳ᠋ᠤ ᠡᠷᠳᠡᠨᠢ ᠰᠢᠰᠢ ᠶ᠋ᠢᠨ ᠪᠦᠳᠦᠬᠡᠭᠳᠡᠬᠦᠨ ᠪᠤᠯᠪᠠᠰᠤᠷᠠᠭᠤᠯᠬᠤ ᠦᠢᠯᠡᠰ ᠢ᠋ ᠭᠤᠤᠯᠳᠠᠯᠭ᠎ᠠ ᠲᠠᠢ ᠬᠦᠭᠵᠢᠬᠦᠯᠬᠦ 10 ᠲᠦᠷᠦᠯ ᠵᠤᠢᠯ ᠤ᠋ᠨ ᠨᠢᠬᠡ ᠪᠤᠯᠭᠠᠵᠤ᠂ ᠤᠷᠤᠨ ᠪᠦᠰᠡ ᠵᠢᠨ ᠪᠠᠢᠷᠢᠰᠢᠭᠤᠯᠤᠯᠳᠠ ᠪᠠ ᠭᠤᠤᠯ ᠰᠢᠪᠳᠤᠯᠤᠯᠳᠠ ᠵᠢᠨ ᠴᠢᠭᠯᠡᠯ ᠢ᠋ ᠲᠤᠳᠤᠷᠬᠠᠢᠯᠠᠨ᠂ ᠬᠦᠭᠵᠢᠯᠳᠡ ᠵᠢᠨ ᠵᠠᠮ ᠱᠤᠭᠤᠮ ᠤ᠋ᠨ ᠵᠢᠷᠤᠭ ᠢ᠋ ᠲᠤᠳᠤᠷᠬᠠᠢ ᠲᠤᠭᠳᠠᠭᠠᠪᠠ᠃
ᠤᠷᠤᠨ ᠪᠦᠰᠡ ᠵᠢᠨ ᠪᠠᠢᠷᠢᠰᠢᠭᠤᠯᠤᠯᠳᠠ᠄ ᠬᠥᠯᠥᠨ ᠪᠤᠢᠷ ᠬᠤᠳᠠ᠂ ᠲᠦᠩᠯᠢᠶᠣᠤ ᠬᠤᠳᠠ᠂ ᠤᠯᠠᠭᠠᠨᠬᠠᠳᠠ ᠬᠤᠳᠠ᠂ ᠬᠥᠬᠡᠬᠣᠲᠠ᠂ ᠪᠠᠶᠠᠨᠨᠠᠭᠤᠷ ᠬᠤᠳᠠ ᠵᠡᠷᠭᠡ ᠠᠢᠮᠠᠭ ᠬᠣᠲᠠ ᠪᠠᠷ ᠭᠣᠣᠯᠳᠠᠯᠭ᠎ᠠ ᠪᠣᠯᠭᠠᠨ᠎ᠠ᠃
ᠭᠤᠤᠯ ᠰᠢᠪᠳᠤᠯᠤᠯᠳᠠ ᠵᠢᠨ ᠴᠢᠭᠯᠡᠯ᠄ ᠲᠦᠭᠦᠬᠡᠶ ᠮᠠᠲᠧᠷᠢᠶᠠᠯ ᠤ᠋ᠨ ᠳᠠᠪᠠᠭᠤᠯᠢᠭ ᠲᠠᠭᠠᠨ ᠲᠦᠱᠢᠭ᠌ᠯᠡᠨ ᠠᠮᠲᠠ ᠶ᠋ᠢᠨ ᠣᠬᠢ᠂ ᠴᠠᠷᠳᠠᠭᠤᠯ᠂ ᠡᠷᠳᠡᠨᠢ ᠱᠢᠰᠢ ᠶ᠋ᠢᠨ ᠬᠦᠪᠦᠷᠡᠯ ᠤ᠋ᠨ ᠨᠠᠬᠢᠶᠠᠨ ᠤ᠋ ᠲᠣᠰᠣ᠂ ᠰᠢᠨ᠎ᠠ ᠰᠣᠷᠭᠣᠭ ᠶ᠋ᠢᠡᠷ ᠢᠳᠡᠬᠦ᠌ ᠡᠷᠳᠡᠨᠢ ᠱᠢᠰᠢ ᠵᠡᠷᠭᠡ ᠪᠦᠲᠦᠭᠡᠭᠳᠡᠭᠦᠨ ᠤ᠋ ᠵᠠᠬ᠎ᠠ ᠳᠡᠯᠭᠡᠭᠦᠷ ᠤ᠋ᠨ ᠡᠵᠡᠯᠡᠬᠦ ᠬᠠᠷᠢᠴᠠᠯ ᠢ᠋ ᠦᠷᠭᠦᠯᠵᠢᠯᠡᠨ ᠦᠷᠭᠡᠳᠭᠡᠨ᠎ᠡ᠃ ᠳᠡᠭᠡᠳᠦ ᠲᠡᠰ ᠤ᠋ᠨ ᠪᠦᠲᠦᠭᠡᠭᠳᠡᠭᠦᠨ ᠴᠥᠭᠡᠨ᠂ ᠨᠠᠷᠢᠯᠢᠭ ᠡᠳ᠋ᠰᠢᠭᠦᠯᠦᠨ ᠪᠣᠯᠪᠠᠰᠤᠷᠠᠭᠤᠯᠬᠤ ᠴᠢᠳᠠᠪᠤᠷᠢ ᠬᠦᠷᠦᠯᠴᠡᠬᠦ᠌ ᠦᠭᠡᠢ ᠪᠠᠢᠬᠤ ᠠᠰᠠᠭᠤᠳᠠᠯ ᠳ᠋ᠤ ᠴᠢᠭ᠌ᠯᠡᠭᠦᠯᠦᠨ᠂ ᠡᠳ᠋ᠰᠢᠭᠦᠯᠦᠨ ᠪᠣᠯᠪᠠᠰᠤᠷᠠᠭᠤᠯᠬᠤ ᠠᠵᠤ ᠠᠬᠤᠢᠯᠠᠯ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠰᠤᠳᠤᠯᠭᠠᠨ ᠪᠠ ᠪᠦᠲᠦᠭᠡᠭᠳᠡᠭᠦᠨ ᠤ᠋ ᠱᠢᠨ᠎ᠡ ᠵᠢ ᠡᠭᠦᠳᠬᠦ ᠠᠬᠢᠴᠠ ᠪᠡᠨ ᠲᠦᠷᠭᠡᠳᠭᠡᠬᠦ ᠵᠢ ᠳᠡᠮᠵᠢᠵᠦ᠍᠂ ᠱᠢᠷᠠ ᠴᠠᠪᠠᠤᠯᠢᠭ ᠡᠳ᠋᠂ ᠤᠨᠴᠠᠭᠠᠢ ᠠᠮᠢᠨᠣ᠋ ᠬᠦᠴᠢᠯ᠂ ᠲᠦᠭᠦᠬᠡᠢ ᠮᠠᠲ᠋ᠧᠷᠢᠶᠠᠯ ᠤ᠋ᠨ ᠡᠮ᠂ ᠠᠮᠢᠳᠤ ᠪᠣᠳᠠᠰ ᠤ᠋ᠨ ᠬᠢᠮᠢ ᠶ᠋ᠢᠨ ᠠᠵᠤ ᠦᠢᠯᠡᠳᠪᠦᠷᠢ ᠵᠡᠷᠭᠡ ᠳᠡᠭᠡᠳᠦ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠠᠭᠤᠯᠤᠭᠳᠠᠴᠠ ᠲᠠᠢ ᠪᠦᠲᠦᠭᠡᠭᠳᠡᠭᠦᠨ ᠢ᠋ ᠭᠣᠣᠯᠳᠠᠯᠭ᠎ᠠ ᠲᠠᠶ ᠬᠥᠭ᠌ᠵᠢᠭᠦᠯᠦᠨᠡ᠃
ᠤᠨᠴᠠᠯᠢᠭᠳᠤ ᠪᠦᠲᠦᠭᠡᠭᠳᠡᠭᠦᠨ᠄
ᠱᠢᠷᠠ ᠴᠠᠪᠠᠤᠯᠢᠭ ᠡᠳ᠋ ᠪᠤᠯ ᠢᠳᠡᠭᠡᠨ ᠤᠮᠳᠠᠭᠠᠨ ᠤ᠋ ᠵᠦᠢᠯ᠂ ᠡᠮ ᠡᠮᠨᠡᠯᠭᠡ ᠪᠠ ᠠᠵᠤ ᠦᠢᠯᠡᠳᠪᠤᠷᠢ ᠳ᠋ᠤ ᠪᠠᠢᠩᠭᠤ ᠬᠡᠷᠡᠭᠯᠡᠭᠳᠡᠬᠦ ᠠᠮᠢᠳᠤ ᠪᠤᠳᠠᠰ ᠤ᠋ᠨ ᠴᠠᠪᠠᠤᠯᠢᠭ ᠡᠳ᠋ ᠪᠤᠯᠤᠨ᠎ᠠ᠃ ᠫᠢᠧᠤ᠋ ᠲᠤᠳᠤᠷ᠎ᠠ ᠬᠢᠪᠡᠯ ᠬᠦᠭᠡᠰᠦ ᠭᠠᠷᠴᠤ᠂ ᠴᠠᠭᠠᠨ ᠢᠳᠡᠭᠡᠨ ᠲᠤᠳᠤᠷ᠎ᠠ ᠬᠤᠯᠢᠪᠠᠯ ᠨᠡᠩ ᠵᠠᠵᠢᠯᠪᠤᠷᠢ ᠲᠠᠢ ᠪᠤᠯᠵᠤ᠂ ᠲᠠᠯᠬ᠎ᠠ ᠪᠠ ᠦᠨᠳᠡᠭᠡᠨ ᠪᠤᠭᠤᠷᠰᠤᠭ ᠲᠤ᠌ ᠬᠢᠪᠡᠯ ᠴᠢᠨᠠᠷ ᠢ᠋ ᠨᠢ ᠪᠠᠳᠤᠯᠠᠬᠤ ᠬᠤᠭᠤᠴᠠᠭ᠎ᠠ ᠶ᠋ᠢ ᠤᠷᠳᠤᠳᠬᠠᠳᠠᠭ᠃ 2024 ᠤᠨ ᠳ᠋ᠤ ᠪᠦᠬᠦ ᠳᠡᠯᠡᠬᠡᠢ ᠶ᠋ᠢᠨ ᠱᠢᠷᠠ ᠴᠠᠪᠠᠤᠯᠢᠭ ᠡᠳ᠋ ᠤ᠋ᠨ ᠵᠠᠬ᠎ᠠ ᠳᠡᠯᠭᠡᠭᠦᠷ ᠤ᠋ᠨ ᠡᠵᠡᠯᠡᠭᠦᠨ 15 ᠳ᠋ᠦᠩᠰᠢᠭᠤᠷ ᠲᠦᠭᠦᠷᠢᠭ ᠲᠤ᠌ ᠬᠦᠷᠪᠡ᠃ ᠡᠷᠳᠡᠨᠢ ᠰᠢᠰᠢ ᠪᠡᠷ ᠲᠦᠬᠦᠭᠡᠢ ᠮᠠᠲᠧᠷᠢᠶᠠᠯ ᠪᠤᠯᠭᠠᠨ ᠦᠢᠯᠡᠳᠪᠤᠷᠢᠯᠡᠭᠰᠡᠨ ᠱᠢᠷᠠ ᠴᠠᠪᠠᠤᠯᠢᠭ ᠡᠳ᠋ ᠤ᠋ᠨ ᠦᠪᠡᠷ ᠤ᠋ᠨ ᠦᠷᠳᠡᠭ ᠨᠢ ᠲᠤᠤᠷ᠎ᠠ ᠪᠤᠯᠬᠤᠷ ᠵᠠᠬ᠎ᠠ ᠳᠡᠯᠭᠡᠭᠦᠷ ᠤ᠋ᠨ ᠡᠵᠡᠯᠡᠭᠦᠨ ᠨᠢ ᠦᠷᠭᠦᠯᠵᠢᠯᠡᠨ ᠨᠡᠮᠡᠭᠳᠡᠭᠦ ᠬᠠᠨᠳᠤᠰᠢ ᠲᠠᠢ ᠶᠤᠮ᠃
ᠤᠨᠴᠠᠭᠠᠢ ᠠᠮᠢᠨᠣ᠋ ᠬᠦᠴᠢᠯ ᠬᠡᠳᠡᠭ ᠨᠢ ᠪᠠᠢᠭᠠᠯᠢ ᠳᠡᠯᠡᠬᠡᠢ ᠳ᠋ᠤ ᠮᠠᠰᠢ ᠴᠦᠬᠡᠨ ᠤᠷᠤᠰᠢᠬᠤ ᠪᠤᠯᠪᠠᠴᠦ ᠤᠨᠴᠠᠭᠠᠢ ᠦᠢᠯᠡᠳᠦᠯ ᠲᠠᠢ ᠠᠮᠢᠨᠤ᠋ ᠬᠦᠴᠢᠯ ᠵᠢᠴᠢ ᠰᠢᠨ᠎ᠠ ᠬᠡᠯᠪᠡᠷᠢ ᠶ᠋ᠢᠨ ᠵᠤᠬᠢᠶᠠᠮᠠᠯ ᠠᠮᠢᠨᠤ᠋ ᠬᠦᠴᠢᠯ ᠢ᠋ ᠵᠢᠭᠠᠵᠤ ᠪᠤᠢ᠂ ᠭᠤᠤᠯᠳᠠᠭᠤ ᠠᠮᠢᠳᠤ ᠪᠤᠳᠠᠰ ᠤ᠋ᠨ ᠡᠮ ᠡᠮᠨᠡᠯᠭᠡ᠂ ᠢᠳᠡᠭᠡᠨ ᠤ᠋ ᠵᠦᠢᠯ ᠪᠠ ᠨᠡᠢᠯᠡᠮᠡᠯ ᠠᠮᠢᠳᠤ ᠪᠤᠳᠠᠰ ᠤ᠋ᠨ ᠤᠬᠠᠭᠠᠨ ᠳ᠋ᠤ ᠬᠡᠷᠡᠭᠯᠡᠵᠦ ᠪᠠᠢᠨ᠎ᠠ᠃ ᠡᠷᠳᠡᠨᠢ ᠰᠢᠰᠢ ᠳ᠋ᠤ ᠦᠷ᠎ᠡ ᠶ᠋ᠢᠨ ᠠᠮᠢᠨᠣ᠋ ᠬᠦᠴᠢᠯ᠂ ᠳᠠᠪᠤᠰᠠᠡᠭ ᠤ᠋ᠨ ᠵᠠᠷᠢᠮᠳᠤᠭ ᠠᠮᠢᠨᠣ᠋ ᠬᠦᠴᠢᠯ᠂ ᠨᠡᠬᠡᠳᠡᠰᠦ ᠶ᠋ᠢᠨ ᠠᠮᠢᠨᠣ᠋ ᠬᠦᠴᠢᠯ ᠵᠡᠷᠭᠡ ᠤᠨᠴᠠᠭᠠᠢ ᠠᠮᠢᠨᠤ᠋ ᠬᠦᠴᠢᠯ ᠠᠭᠤᠯᠤᠭᠳᠠᠵᠤ ᠪᠤᠢ᠃ ᠡᠬᠦᠨ ᠳ᠋ᠤ᠂ ᠦᠷ᠎ᠡ ᠶ᠋ᠢᠨ ᠠᠮᠢᠨᠣ᠋ ᠬᠦᠴᠢᠯ ᠨᠢ ᠵᠢᠷᠦᠬᠡ ᠴᠢᠰᠤᠨ ᠰᠤᠳᠠᠯ ᠤ᠋ᠨ ᠡᠷᠡᠭᠦᠯ ᠮᠡᠨᠳᠦ ᠶ᠋ᠢ ᠬᠠᠮᠠᠭᠠᠯᠠᠬᠤ᠂ ᠡᠪᠡᠳᠴᠢᠨ ᠢ᠋ ᠡᠰᠡᠷᠭᠦᠴᠡᠬᠦ ᠴᠢᠳᠠᠪᠤᠷᠢ ᠶ᠋ᠢ ᠳᠡᠭᠡᠭᠰᠢᠯᠡᠭᠦᠯᠬᠦ ᠵᠡᠷᠭᠡ ᠦᠢᠯᠡᠳᠦᠯ ᠲᠠᠢ ; ᠳᠠᠪᠤᠰᠠᠡᠭ ᠤ᠋ᠨ ᠵᠠᠷᠢᠮᠳᠤᠭ ᠠᠮᠢᠨᠣ᠋ ᠬᠦᠴᠢᠯ ᠢ᠋ ᠦᠮᠡᠨ ᠢ᠋ ᠰᠡᠷᠭᠡᠢᠯᠡᠬᠦ᠂ ᠡᠯᠢᠭᠡᠨ ᠤ᠋ ᠦᠷᠪᠢᠰᠦᠯ᠂ ᠳᠠᠪᠤᠰᠠᠩ ᠤ᠋ᠨ ᠦᠷᠪᠢᠰᠦᠯ᠂ ᠴᠢᠰᠦᠨ ᠤ᠋ ᠴᠠᠭᠠᠨ ᠡᠰ ᠪᠠᠭᠠᠰᠬᠤ ᠵᠡᠷᠭᠡ ᠡᠪᠡᠳᠴᠢᠨ ᠢ᠋ ᠵᠠᠰᠠᠬᠤ ᠳ᠋ᠤ ᠬᠡᠷᠡᠭᠯᠡᠳᠡᠭ;ᠨᠡᠬᠡᠳᠡᠰᠦ ᠶ᠋ᠢᠨ ᠠᠮᠢᠨᠣ᠋ ᠬᠦᠴᠢᠯ ᠨᠢ ᠬᠡᠤᠬᠡᠳ ᠤ᠋ᠨ ᠦᠰᠦᠨ ᠪᠤᠢᠵᠢᠯᠳᠠ ᠪᠠ ᠲᠤᠮᠤ ᠬᠦᠮᠦᠨ ᠤ᠋ ᠡᠪᠡᠳᠴᠢᠨ ᠢ᠋ ᠡᠰᠡᠷᠭᠦᠴᠡᠬᠦ ᠴᠢᠳᠠᠪᠤᠷᠢ ᠶ᠋ᠢ ᠵᠤᠬᠢᠴᠠᠭᠤᠯᠬᠤ ᠳ᠋ᠤ ᠮᠠᠰᠢ ᠴᠢᠬᠤᠯᠠ ᠦᠢᠯᠡᠳᠦᠯ ᠲᠠᠢ ᠶᠤᠮ᠃
ᠲᠦᠭᠦᠬᠡᠢ ᠮᠠᠲ᠋ᠧᠷᠢᠶᠠᠯ ᠤ᠋ᠨ ᠡᠮ ᠪᠤᠯ ᠡᠯ᠎ᠡ ᠵᠦᠢᠯ ᠤ᠋ᠨ ᠡᠮ ᠨᠠᠢᠷᠠᠭᠤᠯᠬᠤ ᠪᠠ ᠦᠢᠯᠡᠳᠪᠤᠷᠢᠯᠡᠬᠦ ᠳ᠋ᠤ ᠬᠡᠷᠡᠭ᠌ᠯᠡᠬᠦ᠌ ᠲᠦᠭᠦᠬᠡᠢ ᠮᠠᠲ᠋ᠧᠷᠢᠶᠠᠯ ᠪᠤᠯᠤᠨ᠎ᠠ᠃ ᠤᠳᠤᠬᠠᠨ ᠤ᠋ ᠠᠵᠤ ᠦᠢᠯᠡᠳᠪᠤᠷᠢ ᠶ᠋ᠢᠨ ᠮᠡᠷᠭᠡᠵᠢᠯ ᠶ᠋ᠢᠡᠷ ᠡᠷᠳᠡᠨᠢ ᠰᠢᠰᠢ ᠪᠡᠷ ᠲᠧᠷᠠᠮᠢᠰᠢᠨ(ᠲᠦ ᠮᠧᠢ ᠰᠤ᠌)᠂ ᠫᠧᠨᠢᠰᠢᠯᠢᠨ(ᠴᠢᠩ ᠮᠧᠢ ᠰᠤ᠌)᠂ ᠴᠢᠰᠦᠨ ᠳᠠᠷᠤᠯᠳᠠ ᠶ᠋ᠢ ᠪᠠᠭᠤᠷᠠᠭᠤᠯᠬᠤ ᠡᠮ᠂ ᠠᠷᠢᠭᠤᠳᠬᠠᠬᠤ ᠡᠮ᠂ ᠮᠢᠨᠴᠤᠷᠠᠭᠦᠯᠬᠦ ᠡᠮ ᠵᠡᠷᠭᠡ ᠤᠯᠠᠨ ᠵᠦᠢᠯ ᠤ᠋ᠨ ᠡᠮ ᠦᠢᠯᠡᠳᠪᠤᠷᠢᠯᠡᠵᠦ ᠪᠤᠯᠤᠨ᠎ᠠ᠃ ᠲᠦᠩᠯᠢᠶᠤᠤ ᠬᠤᠳᠠ ᠪᠤᠯ ᠮᠠᠨ ᠤ᠋ ᠤᠯᠤᠰ ᠤ᠋ᠨ ᠲᠧᠷᠠᠮᠢᠰᠢᠨ(ᠲᠦ ᠮᠧᠢ ᠰᠤ᠌) ᠦᠢᠯᠡᠳᠪᠤᠷᠢᠯᠡᠬᠦ ᠴᠢᠬᠤᠯᠠ ᠰᠠᠭᠤᠷᠢᠨ ᠪᠠᠢᠵᠤ᠂ ᠪᠦᠬᠦ ᠤᠯᠤᠰ ᠤ᠋ᠨ 47.5%᠂ ᠪᠦᠬᠦ ᠳᠡᠯᠡᠬᠡᠢ ᠶ᠋ᠢᠨ 38% ᠶ᠋ᠢᠨ ᠲᠧᠷᠠᠮᠢᠰᠢᠨ (ᠲᠦ ᠮᠧᠢ ᠰᠤ᠌) ᠢ᠋ ᠦᠢᠯᠡᠳᠪᠤᠷᠢᠯᠡᠵᠦ ᠪᠠᠢᠨ᠎ᠠ᠃