《ᠠᠪᠤᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ》 ᠭᠡᠳᠡᠭᠴᠢᠯᠡᠨ ᠬᠦᠮᠦᠰ ᠵᠠᠩ ᠠᠭᠠᠰᠢ᠂ ᠦᠵᠡᠯᠳᠠ ᠳᠠᠨᠢᠯᠳᠠ᠂ ᠤᠴᠠᠷᠠᠯ ᠲᠤᠬᠢᠶᠠᠯᠳᠤᠯ ᠠᠳᠠᠯᠢ ᠪᠤᠰᠤᠡᠴᠡ ᠪᠤᠯᠵᠤ ᠬᠤᠭᠤᠷᠤᠨᠳᠤ ᠪᠠᠨ ᠬᠠᠶᠠ ᠵᠦᠷᠢᠴᠡᠯ ᠮᠦᠷᠭᠦᠯᠳᠦᠭᠡᠨ ᠡᠭᠦᠰᠬᠦ ᠨᠢ ᠲᠠᠮᠵᠢᠭ ᠦᠭᠡᠢ᠃ 《ᠡᠪᠯᠡᠪᠡᠯ ᠪᠦᠳᠦᠨᠡ ᠬᠤᠪᠯᠠᠪᠠᠯ ᠭᠤᠳᠤᠨᠠ》 ᠭᠡᠳᠡᠭᠢᠶᠡᠷ ᠵᠦᠷᠢᠴᠡᠯ ᠵᠠᠭᠤᠷᠠᠭᠠᠨᠢ ᠡᠪᠯᠢᠭ ᠰᠢᠢᠳᠪᠦᠷᠢᠯᠡᠬᠦ ᠳ᠋ᠤ ᠬᠠᠷᠢᠯᠴᠠᠨ ᠡᠶᠡ ᠨᠠᠢᠷᠢ ᠡᠷᠬᠢᠮᠯᠡᠵᠦ᠂ ᠬᠠᠷᠢᠯᠴᠠᠨ ᠤᠢᠯᠠᠭᠠᠵᠤ᠂ ᠤᠴᠢᠷ ᠶᠠᠪᠤᠳᠠᠯᠢ ᠤᠯᠠᠨ ᠲᠠᠯᠠ ᠡᠴᠡ ᠰᠡᠳᠭᠢᠨ ᠪᠤᠳᠤᠯᠬᠢᠯᠠᠬᠤ ᠨᠢ ᠮᠠᠰᠢ ᠴᠢᠬᠤᠯᠠ ᠶᠤᠮ᠃
ᠦᠪᠡᠷ ᠪᠤᠰᠤᠳ ᠲᠸ᠋ ᠡᠶᠡ ᠨᠠᠢᠷ ᠲᠠᠢ ᠬᠠᠨᠳᠤᠬᠤ ᠪᠤᠯ ᠨᠢᠭᠡ ᠵᠦᠢᠯᠤᠨ ᠡᠷᠬᠢᠮ ᠰᠤᠷᠳᠠᠯ ᠮᠦᠨ᠃ ᠪᠢᠳᠡ ᠡᠶᠡ ᠨᠠᠢᠷᠳᠠᠢ ᠤᠷᠴᠢᠨ ᠲᠤᠭᠤᠷᠢᠨᠢ ᠴᠤᠭᠴᠠᠯᠠᠬᠤᠳᠦ ᠪᠤᠰᠤᠳᠤᠨ ᠲᠦᠯᠦᠭᠡ ᠪᠤᠳᠤᠯᠬᠢᠯᠠᠵᠤ᠂ ᠯᠠᠪᠳᠠᠭᠤᠨ ᠬᠢᠨᠠᠭᠤᠷ᠂ ᠠᠭᠤᠳᠠᠮᠴᠢ ᠪᠤᠳᠤᠯᠢᠶᠡᠷ ᠬᠠᠷᠢᠯᠴᠠᠨ ᠨᠠᠢᠷ ᠲᠠᠯᠪᠢᠬᠤ ᠰᠠᠢᠬᠠᠨ ᠵᠠᠨᠭᠰᠢᠯ ᠲᠠᠢ ᠪᠠᠢᠪᠠᠯ ᠵᠤᠬᠢᠨᠠ᠃ ᠡᠭᠦᠨᠳᠦ ᠵᠠᠷᠢᠮ ᠬᠦᠮᠦᠨ ᠨᠠᠢᠷ ᠲᠠᠯᠪᠢᠬᠤ ᠨᠢ ᠨᠢᠭᠤᠷᠢᠶᠡᠨ ᠪᠠᠷᠠᠭᠰᠠᠨ ᠲᠤᠷᠤᠢ ᠨᠤᠮᠤᠢ ᠵᠠᠩ ᠴᠢᠨᠠᠷᠤᠨ ᠢᠯᠡᠷᠡᠯ᠂ ᠬᠠᠷᠢᠨ ᠨᠢᠳᠤᠷᠭᠠ ᠡᠷᠭᠢᠭᠦᠯᠵᠤ ᠬᠦᠴᠤ ᠪᠡᠷ ᠢᠯᠠᠬᠤ ᠵᠢ ᠬᠦᠴᠦᠨ ᠴᠢᠳᠠᠯ᠂ ᠠᠷᠭᠠ ᠤᠬᠠᠭᠠᠨᠤ ᠲᠡᠭᠡᠳᠦ ᠭᠡᠮᠡᠨ ᠦᠵᠡᠳᠡᠭ᠃ 《ᠬᠦᠴᠦ ᠪᠡᠷ ᠮᠢᠨᠭᠭᠠᠨ ᠯᠠᠩ᠂ ᠤᠬᠠᠭᠠᠨᠢᠶᠡᠷ ᠲᠦᠮᠡᠨ ᠯᠠᠩ》 ᠭᠡᠳᠡᠭ ᠵᠢᠡᠷ ᠤᠬᠠᠭᠠᠨᠳᠤ ᠬᠦᠮᠦᠰ ᠠᠮᠢᠳᠤᠷᠠᠯ ᠳᠤᠮᠳᠠ ᠳᠤᠬᠢᠶᠠᠯᠳᠤᠭᠰᠠᠨ ᠵᠦᠷᠢᠴᠡᠯᠢ᠋ ᠨᠠᠢᠷᠰᠠᠭ ᠰᠢᠯᠤᠭᠤᠬᠠᠨ ᠰᠢᠢᠳᠪᠦᠷᠢᠯᠡᠵᠦ ᠴᠢᠳᠠᠳᠠᠭ᠃ ᠨᠢᠭᠡ ᠬᠦᠮᠦᠨ ᠤᠯᠤᠰ ᠤᠷᠤᠨ᠂ ᠬᠠᠮᠳᠤ ᠨᠡᠢᠳᠡ ᠪᠠ ᠪᠤᠰᠤᠳᠤᠨ ᠠᠰᠢᠭ ᠲᠤᠰᠠᠵᠢᠨ ᠲᠦᠯᠦᠭᠡ ᠨᠠᠢᠷ ᠲᠠᠯᠪᠢᠬᠤ ᠰᠤᠷᠳᠠᠯ ᠲᠠᠢ ᠪᠠᠢᠬᠤ ᠨᠢ ᠮᠦᠨ ᠴᠢᠨᠠᠷ ᠲᠡᠭᠡᠷᠡ ᠪᠠᠨ ᠲᠡᠭᠦᠨᠤ ᠦᠵᠡᠯ ᠤᠬᠠᠮᠰᠡᠷ ᠦᠨᠳᠦᠷ᠂ ᠶᠤᠰᠤ ᠰᠤᠷᠳᠡᠬᠤᠨ ᠰᠠᠢᠨ ᠪᠠᠢᠬᠤ᠂ ᠵᠠᠩ ᠴᠢᠨᠠᠷ ᠡᠭᠡᠯᠢ ᠲᠠᠷᠤᠤ ᠪᠠᠢᠬᠤᠶᠢᠨ ᠢᠯᠡᠷᠡᠯ ᠶᠤᠮ᠃ ᠬᠦᠮᠦᠨᠤ ᠬᠠᠷᠢᠯᠴᠠᠭᠠᠨᠳᠦ ᠠᠭᠤᠴᠢᠯᠠᠬᠤ᠂ ᠬᠦᠨᠳᠦᠳᠬᠡᠬᠦ᠂ ᠬᠠᠪᠰᠤᠷᠤᠯᠴᠠᠬᠤ ᠨᠢ ᠮᠠᠰᠢ ᠴᠢᠬᠤᠯᠠ ᠪᠠᠢᠳᠠᠭ ᠪᠤᠯ ᠬᠦᠴᠦᠷᠬᠡᠬᠯᠡᠬᠦ᠂ ᠶᠤᠵᠤᠯᠠᠬᠤ᠂ ᠬᠤᠱᠤᠨᠭᠨᠠᠬᠤ ᠵᠡᠷᠭᠡ ᠨᠢ ᠲᠤᠢᠯᠤᠨ ᠮᠠᠭᠤ ᠪᠠᠢᠵᠤ᠂ ᠬᠦᠮᠦᠰᠢ ᠡᠪ ᠨᠠᠢᠷᠢᠶᠡᠨ ᠠᠯᠳᠠᠬᠤ ᠳ᠋ᠤ ᠬᠦᠷᠭᠡᠨᠡ᠃
ᠦᠪᠡᠷ ᠪᠤᠰᠤᠳ ᠲᠸ᠋ ᠡᠶᠡ ᠨᠠᠢᠷ ᠲᠠᠢ ᠬᠠᠨᠳᠤᠬᠤ ᠪᠤᠯ ᠤᠶᠤᠨ ᠤᠬᠠᠭᠠᠨ ᠰᠠᠢᠳᠠᠢᠶᠢᠨ ᠢᠯᠡᠷᠡᠯ ᠮᠦᠨ᠃ ᠬᠦᠮᠦᠰ ᠦᠵᠡᠯᠳᠡ ᠲᠠᠨᠢᠯᠳᠠ ᠨᠢᠭᠡᠳᠬᠦ ᠦᠭᠡᠢ ᠪᠤᠶᠤ ᠠᠰᠢᠭ ᠲᠤᠰᠠ ᠬᠤᠬᠢᠷᠠᠯ ᠤᠴᠠᠷᠠᠭᠰᠠᠨ ᠦᠶᠡᠰ ᠵᠦᠷᠢᠴᠡᠯ ᠡᠭᠦᠰᠳᠡᠭ᠃ ᠡᠭᠦᠨᠳᠦ ᠤᠶᠤᠨ ᠤᠬᠠᠭᠠᠨ ᠰᠠᠢᠳᠠᠢ ᠬᠦᠮᠦᠨ ᠪᠤᠯ ᠬᠦᠯᠢᠴᠡᠨᠭᠭᠦᠢ ᠪᠡᠷ ᠪᠤᠳᠠᠳᠤ ᠤᠴᠢᠷ ᠲᠤ᠌ ᠬᠠᠨᠳᠤᠨ᠂ ᠶᠤᠰᠤ ᠤᠴᠢᠷᠢ ᠲᠡᠯᠭᠡᠨ ᠶᠠᠷᠢᠵᠤ᠂ ᠠᠰᠠᠭᠤᠳᠠᠯᠢ ᠴᠠᠭ ᠲᠤᠬᠠᠢ ᠳ᠋ᠤᠨᠢ ᠰᠢᠢᠳᠪᠦᠷᠢᠯᠡᠬᠦᠵᠢ ᠵᠤᠷᠢᠳᠠᠭ ᠡᠴᠡ ᠪᠢᠰᠢ ᠬᠡᠷᠡᠬᠦᠯ ᠴᠤᠤᠬᠢᠶᠠᠨ ᠭᠠᠷᠭᠠᠬᠤ ᠡᠴᠡ ᠶᠡᠬᠡᠳᠡ ᠬᠢᠴᠢᠶᠡᠳᠡᠭ᠃ ᠡᠭᠦᠨᠤ ᠡᠰᠡᠷᠭᠦ ᠪᠡᠷ ᠤᠶᠤᠨ ᠤᠬᠠᠭᠠᠨ ᠮᠦᠴᠢᠳ ᠨᠢᠭᠡ ᠨᠢ ᠬᠡᠨ ᠳ᠋ᠦᠴᠦ ᠨᠠᠢᠷ ᠬᠠᠶᠠᠬᠤ ᠦᠬᠡᠢ᠂ ᠬᠦᠵᠦᠭᠦᠦ ᠰᠤᠨᠭᠭᠠᠨ ᠬᠡᠷᠡᠬᠦᠯ ᠱᠤᠤᠬᠢᠶᠠᠨ ᠲᠡᠭᠳᠡᠬᠡᠵᠦ ᠡᠪ ᠵᠢᠡᠡ ᠪᠠᠷᠠᠳᠠᠭ᠃ ᠶᠠᠭ ᠡᠢᠮᠤᠷᠬᠦᠤ ᠦᠶᠡ ᠨᠢ ᠨᠢᠭᠡ ᠬᠦᠮᠦᠨᠤ ᠬᠡᠪ ᠪᠤᠯᠪᠠᠰᠤᠷᠠᠯ᠂ ᠵᠢᠷᠤᠬᠡᠨ ᠲᠠᠮᠢᠷ᠂ ᠮᠤᠷᠠᠯ ᠰᠤᠷᠳᠡᠯᠤᠨ ᠬᠠᠳᠠᠭᠤ ᠰᠢᠯᠭᠠᠯᠳᠠ ᠪᠤᠯᠳᠠᠭ᠃ ᠵᠠᠨᠭᠭᠢᠯᠠᠭᠠᠵᠢᠨ ᠦᠶᠡᠰ ᠶᠡᠬᠡ ᠲᠠᠯᠠᠵᠢ ᠪᠤᠳᠤᠯᠬᠢᠯᠠᠵᠤ᠂ ᠠᠭᠤᠷ ᠤᠮᠤᠭᠢᠶᠡᠨ ᠲᠠᠷᠤᠵᠤ᠂ ᠡᠶᠡ ᠨᠠᠢᠷᠢ ᠡᠷᠬᠢᠮᠯᠡᠵᠦ᠂ ᠤᠶᠠᠨ ᠵᠦᠭᠡᠯᠡᠨᠢᠶᠡᠷ ᠭᠠᠩ ᠬᠠᠳᠠᠭᠤᠵᠢ ᠢᠯᠠᠭᠰᠠᠨ ᠵᠢᠱ᠌ᠢᠶᠡ ᠡᠳᠦᠷ ᠲᠤᠳᠤᠮᠤᠨ ᠠᠮᠢᠳᠤᠷᠠᠯ ᠲᠤᠮᠳᠠ ᠮᠤᠩ ᠦᠭᠡᠢ ᠤᠯᠠᠨ ᠪᠠᠢᠳᠠᠭ᠃
ᠡᠶᠡ ᠨᠠᠢᠷ ᠠᠮᠢᠳᠤᠷᠠᠯᠤᠨ ᠴᠢᠮᠡᠭ᠃ ᠠᠮᠢᠳᠤᠷᠠᠯ ᠳ᠋ᠤ ᠡᠶᠡ ᠨᠠᠢᠷ ᠪᠠᠢᠳᠠᠭ ᠡᠴᠡ ᠦᠯᠡᠮᠵᠢᠶᠢᠨ ᠵᠢᠷᠭᠠᠯ ᠲᠠᠢ ᠂ ᠤᠳᠬᠠ ᠠᠭᠤᠯᠭᠠ ᠲᠠᠢ᠂ ᠢᠯᠭᠤᠮ ᠤᠷᠤᠭᠰᠢᠳᠠᠢ ᠪᠠᠢᠳᠠᠭ᠃ ᠡᠢᠮᠦ ᠡᠴᠡ 《 ᠦᠨᠦᠳᠦᠷ ᠴᠢ ᠢᠨᠢᠶᠡᠵᠦ ᠂ ᠨᠦᠭᠦᠭᠡᠳᠡᠬᠢ ᠤᠭᠢᠯᠠᠳᠠᠭ ᠴᠤ᠌ ᠂ ᠦᠭᠡᠷᠡ ᠨᠢᠭᠡ ᠡᠳᠤᠷ ᠴᠢ ᠭᠤᠨᠢᠵᠤ ᠂ ᠴᠠᠭᠠᠳᠤᠬᠢ ᠴᠢᠨᠢ ᠲᠠᠭᠤᠯᠠᠨᠠ᠃ ᠦᠯᠦᠭᠡᠢ ᠠᠪᠰᠠ ᠬᠤᠶᠠᠷᠢ ᠬᠦᠮᠦᠨ ᠪᠦᠬᠦᠨ ᠲᠡᠮᠵᠢᠳᠡᠭ᠋ ᠪᠤᠯᠬᠤᠷ᠂ ᠦᠭᠡᠷᠡ ᠶᠠᠭᠤᠴᠤ ᠬᠡᠷᠡᠭ ᠦᠭᠡᠢ᠂ ᠪᠡᠶᠡ ᠪᠡᠶᠡ ᠪᠠᠨ ᠯᠡ ᠬᠠᠢᠷᠠᠯᠨ ! ᠦᠷᠭᠡᠨ ᠬᠤᠷᠤᠠᠳᠦ ᠬᠦᠮᠦᠨ ᠬᠠᠢᠷᠠ ᠪᠡᠷ ᠯᠠ ᠲᠤᠳᠠᠵᠤ ᠪᠤᠯᠬᠤ ᠦᠭᠡᠢ !》 ᠭᠡᠳᠡᠭ ᠰᠢᠭᠢᠶᠡᠷ ᠬᠠᠷᠢᠯᠴᠠᠨ ᠠᠭᠤᠴᠢᠯᠠᠨ ᠪᠠᠬᠳᠠᠭᠠᠵᠤ ᠂ ᠬᠠᠷᠢᠯᠴᠠᠨ ᠢᠳᠡᠭᠡᠨ ᠲᠡᠮᠵᠢᠵᠦ ᠂ ᠡᠶᠡ ᠨᠠᠢᠷᠢ ᠲᠡᠭᠡᠳᠦᠯᠡᠨ ᠶᠠᠪᠤᠵᠠᠭᠠᠶᠠ ᠬᠦᠮᠦᠰ ᠡ᠃