ᠮᠠᠨ ᠤ᠋ ᠤᠷᠤᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠢ᠋ ᠬᠠᠮᠠᠭᠠᠯᠠᠬᠤ ᠳ᠋ᠤ ᠳ᠋ᠦᠩᠱᠢᠭᠤᠷ ᠲᠥᠭᠥᠷᠢᠭ ᠤ᠋ᠨ ᠲᠤᠰᠭᠠᠶ ᠪᠠᠯᠠ ᠮᠥᠩᠭᠥ ᠪᠠᠭᠤᠯᠭᠠᠵᠠᠢ
2025-04-21 10:08:14
ᠵᠣᠬᠢᠶᠠᠭ᠍ᠴᠢ᠄
​ᠬᠦᠭᠵᠢᠯᠳᠦ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠥᠪᠡᠷᠲᠡᠭᠡᠨ ᠵᠠᠰᠠᠬᠤ ᠣᠷᠣᠨ ᠤ᠋ ᠡᠳ᠋ ᠤ᠋ᠨ ᠵᠠᠰᠠᠭ ᠤ᠋ᠨ ᠲᠢᠩᠬᠢᠮ ᠡᠴᠡ ᠤᠢᠯᠠᠭᠠᠭᠰᠠᠨ ᠵᠢᠡᠷ᠂ ᠮᠠᠨ ᠤ᠋ ᠤᠷᠤᠨ《ᠤᠮᠠᠷᠠᠲᠤ ᠬᠢᠯᠢ ᠶ᠋ᠢᠨ ᠰᠣᠶᠣᠯ ᠤ᠋ᠨ ᠪᠠᠢᠭᠤᠯᠤᠯᠲᠠ ᠵᠢ ᠲᠠᠬᠡᠭᠰᠢᠯᠡᠬᠦᠯᠬᠦ ᠠᠵᠢᠯᠯᠠᠭ᠎ᠠ》ᠪᠠᠷ ᠭᠠᠷᠳᠠᠴᠠ ᠪᠣᠯᠭᠠᠨ᠂ ᠲᠡᠦᠬᠡ ᠶ᠋ᠢᠨ ᠳᠤᠷᠠᠰᠭᠠᠯᠲᠤ ᠵᠦᠶ᠋ᠯᠡᠰ ᠢ᠋ ᠬᠠᠮᠠᠭᠠᠯᠠᠨ ᠠᠱᠢᠭ᠍ᠯᠠᠬᠤ ᠪᠠ ᠬᠠᠭᠤᠴᠢ ᠰᠤᠳᠤᠯᠤᠯ ᠤ᠋ᠨ ᠲᠦᠪᠱᠢᠨ ᠢ᠋ ᠴᠢᠨᠠᠭᠰᠢᠳᠠ ᠲᠠᠬᠡᠭᠰᠢᠯᠡᠬᠦᠯᠬᠦ ᠪᠡᠷ ᠡᠨᠡ ᠵᠢᠯ ᠤ᠋ᠨ ᠡᠳ᠋ ᠤ᠋ᠨ ᠵᠠᠰᠠᠭ ᠤ᠋ᠨ ᠲᠦᠰᠦᠪ ᠲᠠᠬᠡᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠢ᠋ ᠬᠠᠮᠠᠭᠠᠯᠠᠬᠤ ᠲᠤᠰᠭᠠᠶ ᠪᠠᠯᠠ ᠮᠥᠩᠭᠥ ᠵᠢ ᠳ᠋ᠦᠩᠱᠢᠭᠤᠷ ᠲᠥᠭᠥᠷᠢᠭ ᠲᠣᠬᠢᠷᠠᠭᠤᠯᠵᠤ᠂ ᠨᠢᠳᠤᠨᠤᠨ ᠤ᠋ ᠬᠢ ᠡᠴᠡ 157% ᠪᠠᠷ ᠨᠡᠮᠡᠭ᠌ᠳᠡᠵᠤ᠂ ᠣᠳᠣᠬᠠᠨ ᠳ᠋ᠦ ᠡᠨᠡ ᠬᠦ᠌ ᠲᠤᠰᠭᠠᠶ ᠪᠠᠯᠠ ᠮᠥᠩᠭᠥ ᠵᠢ ᠨᠢᠭᠡᠨᠲᠡ ᠪᠦᠬᠦᠨ ᠢ᠋ ᠪᠠᠭᠤᠯᠭᠠᠪᠠ᠃

ᠮᠠᠨ ᠤ᠋ ᠤᠷᠤᠨ ᠡᠨᠡ ᠬᠦ᠌ ᠲᠤᠰᠬᠠᠢ ᠪᠡᠯᠡ ᠮᠦᠩᠬᠦ ᠪᠡᠷ ᠲᠦᠮᠡᠨ ᠭᠠᠵᠠᠷ ᠤ᠋ᠨ ᠴᠠᠶ ᠶ᠋ᠢᠨ ᠵᠠᠮ ᠢ᠋ ᠪᠤᠳᠠᠰ ᠤ᠋ᠨ ᠪᠤᠰᠤ ᠰᠣᠶᠣᠯ ᠤ᠋ᠨ ᠥᠪ ᠢ᠋ᠶ᠋ᠡᠷ ᠪᠦᠷᠢᠳᠬᠡᠬᠦᠯᠬᠦ᠂ ᠬᠤᠪᠢᠰᠭᠠᠯ ᠤ᠋ᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠬᠠᠭᠤᠴᠢ ᠰᠤᠳᠤᠯᠤᠯ ᠤ᠋ᠨ ᠪᠠᠢᠴᠠᠭᠠᠯᠲᠠ ᠬᠢᠬᠦ᠂ ᠣᠷᠳᠣ ᠴᠠᠭᠠᠨ ᠬᠡᠷᠡᠮ ᠤ᠋ᠨ ᠠᠮᠤᠷ ᠲᠦᠪᠱᠢᠨ ᠤ᠋ ᠲᠣᠭᠣᠷᠢᠨ ᠪᠠᠢᠴᠠᠭᠠᠯᠲᠠ ᠬᠢᠬᠦ᠂ ᠶᠤᠸᠠᠨ ᠤ᠋ ᠳᠡᠭᠡᠳᠦ ᠨᠡᠢᠰᠯᠡᠯ ᠤ᠋ᠨ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠶ᠋ᠢᠨ ᠴᠡᠴᠡᠷᠯᠢᠭ ᠢ᠋ ᠲᠦᠯᠦᠪᠵᠢᠬᠦᠯᠬᠦ᠂ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠵᠢ ᠲᠣᠭᠠᠴᠢᠯᠠᠨ ᠬᠠᠮᠠᠭᠠᠯᠠᠬᠤ᠂ ᠬᠤᠩᠱᠠᠨ ᠰᠤᠶᠤᠯ ᠤ᠋ᠨ ᠪᠠᠭᠤᠷᠢ ᠶ᠋ᠢᠨ ᠪᠦᠯᠦᠭᠵᠢᠯ ᠤ᠋ᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠬᠠᠮᠠᠭᠠᠯᠠᠯᠲᠠ ᠶ᠋ᠢᠨ ᠲᠥᠯᠥᠪᠵᠢᠭᠦᠯᠭᠡ ᠵᠢ ᠨᠠᠢᠷᠠᠭᠤᠯᠤᠨ ᠵᠣᠬᠢᠶᠠᠬᠤ᠂ 《ᠨᠢᠭᠡ ᠲᠡᠦᠬᠡ ᠶ᠋ᠢᠨ ᠳᠤᠷᠠᠰᠭᠠᠯᠲᠤ ᠵᠦᠶ᠋ᠯᠡᠰ ᠲᠦ᠍ ᠨᠢᠭᠡ ᠠᠷᠭ᠎ᠠ ᠪᠣᠳᠣᠯᠭ᠎ᠠ ᠠᠪᠬᠤ》 ᠬᠠᠮᠠᠭᠠᠯᠠᠯᠲᠠ ᠶ᠋ᠢᠨ ᠠᠵᠢᠯ ᠤ᠋ᠨ ᠲᠥᠰᠦᠯ ᠵᠢᠴᠢ ᠬᠥᠱᠢᠶ᠎ᠡ ᠲᠡᠮᠳᠡᠭ (ᠬᠢᠯᠢ ᠶ᠋ᠢᠨ ᠬᠥᠱᠢᠶ᠎ᠡ) ᠤ᠋ᠨ ᠪᠠᠢᠭᠤᠯᠤᠯᠲᠠ᠂ ᠲᠤᠮᠳᠠᠳᠦ ᠲᠤᠷᠤᠨᠠᠳᠦ ᠵᠢᠨ ᠲᠡᠮᠦᠷ ᠵᠠᠮ ᠤ᠋ᠨ ᠪᠠᠷᠢᠯᠭ᠎ᠠ ᠶ᠋ᠢᠨ ᠪᠦᠯᠦᠭᠵᠢᠯ (ᠥᠪᠥᠷ ᠮᠣᠩᠭᠣᠯ ᠤ᠋ᠨ ᠬᠡᠰᠡᠭ)ᠤ᠋ᠨ ᠶᠡᠷᠦᠩᠬᠡᠶ ᠬᠠᠮᠠᠭᠠᠯᠠᠯᠲᠠ ᠶ᠋ᠢᠨ ᠲᠥᠯᠥᠪᠵᠢᠭᠦᠯᠭᠡ ᠵᠡᠷᠭᠡ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠬᠠᠮᠠᠭᠠᠯᠠᠯᠲᠠ ᠶ᠋ᠢᠨ ᠲᠥᠷᠥᠯ ᠵᠦᠶ᠋ᠯ ᠢ᠋ ᠭᠤᠤᠯᠳᠠᠯᠭ᠎ᠠ ᠲᠠᠶ ᠳᠡᠮᠵᠢᠬᠦ ᠪᠤᠯᠤᠨ᠎ᠡ᠃

ᠤᠢᠯᠠᠭᠠᠭᠰᠠᠨ ᠵᠢᠡᠷ᠂ ᠲᠦᠮᠡᠨ ᠭᠠᠵᠠᠷ ᠤ᠋ᠨ ᠴᠠᠶ ᠶ᠋ᠢᠨ ᠵᠠᠮ ᠪᠣᠯ ᠡᠷᠲᠡᠨ ᠤ᠋ ᠳᠤᠮᠳᠠᠳᠤ ᠤᠯᠤᠰ᠂ ᠮᠣᠩᠭᠣᠯ ᠤᠯᠤᠰ ᠪᠠ ᠣᠷᠣᠰ ᠤ᠋ᠨ ᠬᠣᠭᠣᠷᠣᠨᠳᠣᠬᠢ ᠴᠠᠶ ᠪᠠᠷ ᠭᠤᠤᠯ ᠲᠠᠸᠠᠷ ᠪᠣᠯᠭᠠᠭ᠍ᠰᠠᠨ ᠠᠯᠤᠰ ᠵᠠᠶ ᠶ᠋ᠢᠨ ᠠᠷᠠᠯᠵᠢᠶᠠᠨ ᠤ᠋ ᠵᠠᠮ ᠱᠤᠭᠤᠮ ᠪᠠᠢᠵᠤ᠂ ᠲᠣᠷᠭᠠᠨ ᠵᠠᠮ ᠤᠷᠤᠭᠤᠳᠠᠭᠰᠠᠨ ᠤ᠋ ᠳᠠᠷᠠᠭᠠᠬᠢ  ᠧᠦ᠋ᠷᠣᠫᠠ ᠠᠽᠢᠶ᠎ᠠ ᠶ᠋ᠢᠨ ᠡᠬᠡ ᠬᠠᠭᠤᠷᠠᠶ ᠳ᠋ᠤ ᠡᠭᠦᠰᠦᠭ᠌ᠰᠡᠨ ᠪᠠᠰᠠ ᠨᠢᠭᠡᠨ ᠴᠢᠬᠤᠯᠠ ᠣᠯᠠᠨ ᠤᠯᠤᠰ ᠤ᠋ᠨ ᠬᠤᠳᠠᠯᠳᠤᠭᠠᠨ ᠤ᠋ ᠵᠠᠮ ᠪᠣᠯᠤᠨ᠎ᠠ᠃ ᠲᠦᠮᠡᠨ ᠭᠠᠵᠠᠷ ᠤ᠋ᠨ ᠴᠠᠶ ᠶ᠋ᠢᠨ ᠵᠠᠮ᠎ᠨᠢ ᠳᠤᠮᠳᠠᠳᠤ ᠤᠯᠤᠰ ᠤ᠋ᠨ ᠹᠦᠵᠢᠶᠠᠨ ᠤ᠋ ᠴᠥᠩ ᠠᠨ(ᠣᠲᠣ ᠶ᠋ᠢᠨ ᠡᠸ᠋ ᠢ ᠱᠠᠨ ᠬᠣᠲᠠ)ᠡᠴᠡ ᠡᠬᠢᠯᠡᠨ ᠦᠪᠦᠷ ᠮᠤᠨᠭᠭᠤᠯ᠂ ᠬᠦᠷᠢᠶ᠎ᠡ (ᠣᠲᠣ ᠶ᠋ᠢᠨ ᠤᠯᠠᠭᠠᠨᠪᠠᠭᠠᠲᠤᠷ) ᠪᠠᠷ ᠳᠡᠮᠵᠢᠨ ᠬᠢᠶᠠᠭ᠍ᠲᠤ ᠬᠦᠷᠴᠦ᠂ ᠪᠦᠬᠦ᠌ ᠵᠠᠮ ᠨᠢ ᠪᠠᠷᠤᠭ 4760 ᠺᠢᠯᠣᠮᠧᠲ᠋ᠷ ᠪᠠᠢᠵᠤ᠂ ᠲᠠᠷᠢᠶᠠᠯᠠᠩ ᠤ᠋ᠨ ᠪᠣᠯᠪᠠᠰᠤᠨ ᠪᠠ ᠲᠠᠯ᠎ᠠ ᠨᠤᠲᠤᠭ ᠤ᠋ᠨ ᠨᠡᠭᠦᠳᠡᠯ ᠮᠠᠯᠵᠢᠯ ᠤ᠋ᠨ ᠪᠣᠯᠪᠠᠰᠤᠨ ᠤ᠋ ᠭᠣᠣᠯ ᠣᠷᠣᠨ ᠪᠦᠰᠡ ᠵᠢ ᠨᠡᠪᠳᠡᠷᠡᠬᠦᠯᠵᠡᠢ᠃ ᠶᠤᠸᠠᠨ ᠤ᠋ ᠳᠡᠭᠡᠳᠦ ᠨᠡᠢᠰᠯᠡᠯ ᠤ᠋ᠨ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠶ᠋ᠢᠨ ᠴᠡᠴᠡᠷᠯᠢᠭ ᠤ᠋ᠨ ᠪᠦᠳᠦᠭᠡᠨ ᠪᠠᠢᠭᠤᠯᠤᠯᠳᠠ ᠪᠠ ᠬᠠᠮᠠᠭᠠᠯᠠᠯᠳᠠ ᠳ᠋ᠤ ᠮᠢᠩ ᠳ᠋ᠧ ᠮᠧᠨ᠂ ᠢᠦᠢ ᠲᠢᠶᠠᠨ ᠮᠧᠨ᠂ ᠮᠦ᠍ ᠴᠢᠩ ᠭᠧ ᠶ᠋ᠢᠨ ᠪᠠᠭᠤᠷᠢ ᠵᠢᠨ ᠪᠠᠷᠢᠯᠭ᠎ᠠ ᠵᠢᠨ ᠦᠯᠡᠳᠡᠭᠳᠡᠯ ᠢ᠋ ᠬᠠᠮᠠᠭᠠᠯᠠᠬᠤ ᠪᠣᠯᠣᠳ ᠱᠢᠯ ᠪᠣᠯᠤᠨ ᠮᠣᠳᠣᠨ ᠬᠡᠷᠡᠰᠭᠡ ᠤᠭ᠍ᠰᠠᠷᠠᠬᠤ ᠢᠨᠵᠧᠨᠧᠷᠢᠩ ᠢ᠋ ᠪᠡᠶᠡᠯᠡᠭᠦᠯᠵᠦ᠍᠂ ᠪᠠᠭᠤᠷᠢ ᠶ᠋ᠢᠨ ᠠᠮᠤᠷ ᠲᠦᠪᠱᠢᠨ ᠤ᠋ ᠰᠡᠷᠭᠡᠢᠯᠡᠯᠲᠡ ᠶ᠋ᠢᠨ ᠱᠢᠰᠲ᠋ᠧᠮ ᠢ᠋ ᠥᠭᠡᠷᠡᠴᠢᠯᠡᠨ ᠱᠢᠨᠡᠳᠭᠡᠬᠦ᠌ ᠢᠨᠵᠧᠨᠧᠷᠢᠩ ᠢ᠋ ᠠᠱᠢᠭ᠍ᠯᠠᠯᠲᠠ ᠳ᠋ᠤ ᠣᠷᠣᠭᠤᠯᠤᠨ᠂ ᠬᠢᠨᠠᠨ ᠬᠡᠮᠵᠢᠭ᠌ᠰᠡᠨ ᠲᠣᠭ᠎ᠠ ᠪᠠᠷᠢᠮᠲᠠ ᠵᠢ ᠳᠤᠮᠳᠠᠳᠤ ᠤᠯᠤᠰ ᠤ᠋ᠨ ᠳᠡᠯᠡᠬᠡᠶ ᠶ᠋ᠢᠨ ᠰᠣᠶᠣᠯ ᠤ᠋ᠨ ᠥᠪ ᠢ᠋ ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌ ᠲᠠᠪᠴᠠᠩ ᠲᠠᠶ ᠵᠡᠷᠭᠡ ᠪᠡᠷ ᠶᠠᠪᠤᠭ᠍ᠳᠠᠭᠤᠯᠵᠤ᠂ ᠲᠣᠭᠠᠴᠢᠯᠠᠭ᠍ᠰᠠᠨ ᠬᠢᠨᠠᠨ ᠬᠡᠮᠵᠢᠯᠲᠡ ᠶ᠋ᠢᠨ ᠪᠦᠷᠢᠨ ᠪᠦᠲᠦᠨ ᠬᠡᠯᠬᠢᠶ᠎ᠡ ᠵᠢ ᠪᠦᠷᠢᠯᠳᠦᠭᠦᠯᠤᠨ᠂ ᠣᠲᠣ ᠦᠶ᠎ᠡ ᠶ᠋ᠢᠨ ᠮᠡᠷᠭᠡᠵᠢᠯ ᠬᠢᠭᠡᠳ ᠤᠯᠠᠮᠵᠢᠯᠠᠯᠲᠤ ᠤᠷᠠᠯᠢᠭ ᠢ᠋ ᠬᠠᠷᠢᠯᠴᠠᠨ ᠤᠶᠠᠯᠳᠤᠭᠤᠯᠵᠤ᠂ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠬᠠᠮᠠᠭᠠᠯᠠᠯᠲᠠ ᠶ᠋ᠢᠨ ᠨᠢᠭᠡᠴᠢ ᠶ᠋ᠢᠨ ᠦᠨ᠎ᠡ ᠥᠷᠲᠡᠭ ᠵᠢᠴᠢ ᠠᠭᠤᠯᠭ᠎ᠠ ᠵᠢ ᠳᠠᠬᠢᠨ ᠢᠯᠡᠷᠡᠭᠦᠯᠬᠥ ᠪᠤᠯᠤᠨ᠎ᠠ᠃ ᠲᠤᠮᠳᠠᠳᠦ ᠲᠤᠷᠤᠨᠠᠳᠦ ᠵᠢᠨ ᠲᠡᠮᠦᠷ ᠵᠠᠮ ᠤ᠋ᠨ ᠪᠠᠷᠢᠯᠭ᠎ᠠ ᠶ᠋ᠢᠨ ᠪᠦᠯᠦᠭᠵᠢᠯ (ᠥᠪᠥᠷ ᠮᠣᠩᠭᠣᠯ ᠤ᠋ᠨ ᠬᠡᠰᠡᠭ) ᠨᠢ ᠭᠤᠤᠯᠳᠠᠭᠤ ᠬᠥᠯᠥᠨ ᠪᠣᠢᠷ ᠬᠣᠲᠠ ᠶ᠋ᠢᠨ ᠬᠡᠪᠴᠢᠶᠡᠨ ᠳ᠋ᠦ ᠲᠠᠷᠬᠠᠵᠤ ᠪᠤᠢ᠃ ᠲᠡᠷᠡ ᠪᠤᠯ ᠳᠤᠮᠳᠠᠳᠤ ᠤᠯᠤᠰ ᠤ᠋ᠨ 20 ᠳ᠋ᠤᠭᠠᠷ ᠵᠠᠭᠤᠨ ᠤ᠋ ᠡᠬᠢᠨ ᠤ᠋ ᠦᠶ᠎ᠡ ᠶ᠋ᠢᠨ ᠠᠵᠤ ᠦᠶ᠋ᠯᠡᠳᠪᠦᠷᠢᠵᠢᠯᠲᠡ ᠪᠤᠯᠤᠨ ᠣᠷᠴᠢᠨ ᠦᠶ᠎ᠡ ᠶ᠋ᠢᠨ ᠠᠬᠢᠴᠠ ᠶ᠋ᠢᠨ ᠪᠣᠳᠠᠲᠤ ᠪᠣᠳᠠᠰ ᠤ᠋ᠨ ᠵᠢᠱ᠌ᠢᠶ᠎ᠡ ᠮᠦᠨ᠃ ᠳᠤᠮᠳᠠᠳᠤ ᠤᠯᠤᠰ ᠤ᠋ᠨ ᠣᠷᠴᠢᠨ ᠦᠶ᠎ᠡ ᠶ᠋ᠢᠨ ᠲᠡᠦᠬᠡᠨ ᠳᠡᠭᠡᠷᠡᠬᠢ ᠴᠢᠬᠤᠯᠠ ᠬᠡᠷᠡᠭ ᠶᠠᠪᠤᠳᠠᠯ ᠪᠠ ᠲᠡᠦᠬᠡ ᠶ᠋ᠢᠨ ᠬᠤᠪᠢᠷᠠᠯᠲᠠ ᠵᠢ ᠭᠡᠷᠡᠴᠢᠯᠡᠵᠦ᠍᠂ ᠳᠤᠮᠳᠠᠳᠤ ᠤᠷᠤᠰ ᠬᠣᠶᠠᠷ ᠤᠯᠤᠰ ᠤ᠋ᠨ ᠪᠠᠷᠢᠯᠭ᠎ᠠ ᠶ᠋ᠢᠨ ᠰᠣᠶᠣᠯ᠂ ᠤᠷᠠᠯᠢᠭ ᠤ᠋ᠨ ᠬᠡᠪ ᠨᠠᠮᠪᠠ ᠪᠣᠯᠤᠨ ᠠᠮᠢᠳᠤᠷᠠᠯ ᠤ᠋ᠨ ᠠᠷᠭ᠎ᠠ ᠬᠡᠯᠪᠡᠷᠢ ᠵᠢ ᠠᠭᠤᠰᠤᠯᠴᠠᠭᠤᠯᠤᠭᠰᠠᠨ ᠥᠪᠡᠷᠮᠢᠴᠡ ᠰᠣᠶᠣᠯ ᠤ᠋ᠨ ᠦᠨ᠎ᠠ ᠦᠷᠳᠡᠭ ᠲᠡᠶ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号