ᠣᠷᠳᠣᠰ ᠬᠤᠳᠠ᠄ ᠪᠤᠬᠢᠷᠳᠤᠯ ᠦᠬᠡᠢ ᠬᠦᠭᠵᠢᠯᠳᠡ᠎ᠶᠢᠨ ᠠᠶᠠᠨ᠎ᠳᠠᠭᠠᠨ ᠰᠢᠨ᠎ᠡ ᠡᠭᠦᠳᠦᠯᠳᠡ ᠵᠢ ᠴᠢᠬᠤᠯᠠᠴᠢᠯᠠᠨ᠎ᠠ
2025-03-27 09:22:48
ᠵᠣᠬᠢᠶᠠᠭ᠍ᠴᠢ᠄
ᠬᠤᠤ ᠱᠢᠤᠸᠠᠢ ᠯᠢᠶᠠᠨ
ᠣᠩᠱᠢᠭ᠍ᠰᠠᠨ ᠣᠳᠠᠭ᠎ᠠ᠄
★★★☆☆

2025 ᠣᠨ᠎ᠤ ᠪᠥᠬᠥ᠌ ᠤᠯᠤᠰ᠎ᠤᠨ ᠬᠣᠶᠠᠷ ᠬᠤᠷᠠᠯ ᠦᠨᠳᠦᠷᠯᠡᠭᠰᠡᠨ᠎ᠦ ᠳᠠᠷᠠᠭ᠎ᠠ᠂ ᠣᠷᠳᠣᠰ ᠬᠣᠲᠠ ᠬᠣᠶᠠᠷ ᠬᠤᠷᠠᠯ᠎ᠤᠨ ᠵᠣᠷᠢᠭ ᠰᠠᠨᠠᠭ᠎ᠠ᠎ᠵᠢ ᠦᠳᠲᠡᠷ ᠲᠦᠷᠭᠡᠨ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠡᠬᠢ 《ᠴᠢᠨᠠᠷ ᠰᠠᠢᠲᠠᠶ ᠬᠥᠭ᠌ᠵᠢᠯᠲᠡ》 ᠶ᠋ᠢᠨ ᠲᠡᠷᠢᠭᠦᠨ ᠴᠢᠬᠤᠯᠠ ᠡᠭᠦᠷᠭᠡ᠎ᠲᠡᠶ ᠨᠢᠭ᠍ᠲᠠ ᠤᠶᠠᠯᠳᠤᠭᠤᠯᠤᠨ᠂ ᠬᠣᠶᠠᠷ ᠶᠡᠬᠡ ᠶᠠᠪᠤᠳᠠᠯ᠎ᠢ ᠪᠥᠬᠥ᠌ ᠬᠦᠴᠦᠨ᠎ᠢᠶᠡᠷ᠎ᠢᠶᠡᠨ ᠰᠠᠢᠲᠤᠷ ᠬᠢᠵᠦ᠍᠂ 《ᠵᠢᠷᠭᠤᠭᠠᠨ ᠢᠨᠵᠧᠨᠧᠷᠢᠩ》 ᠢ᠋ ᠯᠠᠪᠳᠠᠭᠤᠨ ᠪᠠᠲᠤᠲᠠᠶ ᠠᠬᠢᠭᠤᠯᠵᠤ᠂ 《ᠭᠤᠷᠪᠠᠨ ᠳᠥᠷᠪᠡ》 ᠠᠵᠢᠯ᠎ᠤᠨ ᠡᠭᠦᠷᠭᠡ᠎ᠶ᠋ᠢ ᠦᠷᠭᠦᠯᠵᠢᠯᠡᠨ ᠰᠠᠢᠲᠤᠷ ᠠᠳᠭᠤᠵᠤ᠂ ᠤᠯᠤᠰ᠎ᠤᠨ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ ᠪᠠ ᠡᠬᠢ ᠪᠠᠶᠠᠯᠢᠭ᠎ᠤᠨ ᠳᠠᠪᠠᠭᠤᠯᠢᠭ᠎ᠲᠤ ᠰᠠᠭᠤᠷᠢᠯᠠᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠪᠡᠷ ᠬᠥᠳᠡᠯᠭᠡᠭᠦᠷ ᠪᠣᠯᠭᠠᠵᠤ᠂ ᠪᠣᠬᠢᠷᠲᠤᠯ ᠥᠬᠡᠶ ᠲᠠᠢᠰᠢ ᠬᠡᠯᠪᠡᠷᠢ ᠪᠡᠨ ᠬᠤᠪᠢᠷᠠᠭᠤᠯᠬᠤ᠎ᠪᠠᠷ ᠠᠷᠭ᠎ᠠ ᠵᠠᠮ ᠪᠣᠯᠭᠠᠨ᠂ ᠠᠵᠤ ᠦᠶ᠋ᠯᠡᠰ᠎ᠦᠨ ᠲᠠᠰ ᠳᠡᠪᠱᠢᠬᠦ᠌᠎ᠪᠡᠷ ᠲᠤᠯᠭᠠᠭᠤᠷᠢᠯᠠᠯ ᠪᠣᠯᠭᠠᠵᠤ᠂ ᠪᠤᠬᠢᠷᠳᠤᠯ ᠦᠬᠡᠢ ᠬᠦᠭᠵᠢᠯᠳᠡ᠎ᠶᠢᠨ ᠠᠶᠠᠨ᠎ᠳᠠᠭᠠᠨ ᠰᠢᠨ᠎ᠡ ᠡᠭᠦᠳᠦᠯᠳᠡ ᠵᠢ ᠴᠢᠬᠤᠯᠠᠴᠢᠯᠠᠨ᠎ᠠ᠃

《ᠬᠤᠤᠰ ᠨᠡᠭᠦᠷᠡᠰᠦᠲᠥ᠋ᠷᠥᠭ᠌ᠴᠢ》 ᠶ᠋ᠢᠨ ᠬᠠᠷᠠᠯᠲᠠ ᠶ᠋ᠢ ᠲᠣᠭ᠍ᠲᠠᠭᠠᠵᠤ᠂ ᠪᠣᠬᠢᠷᠲᠤᠯ ᠥᠬᠡᠶ ᠡᠨᠧᠷᠭᠢ᠎ᠶ᠋ᠢᠨ ᠰᠢᠨ᠎ᠠ ᠱᠢᠰᠲ᠋ᠧᠮ᠎ᠢ ᠪᠠᠢᠭᠤᠯᠤᠨ᠎ᠠ

ᠡᠨᠡ ᠵᠢᠯ᠎ᠦᠨ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ 《ᠴᠢᠨᠠᠷ ᠰᠠᠢᠲᠠᠶ ᠬᠥᠭ᠌ᠵᠢᠯᠲᠡ ᠪᠣᠯᠤᠨ ᠥᠨᠳᠥᠷ ᠲᠦᠪᠱᠢᠨ ᠪᠥᠬᠥᠶ ᠠᠮᠤᠷ ᠲᠦᠪᠱᠢᠨ᠎ᠢ ᠨᠢᠭᠡᠳᠦᠯᠲᠡᠶ ᠲᠥᠯᠥᠪᠵᠢᠭᠦᠯᠵᠦ᠍᠂ 〈ᠬᠤᠤᠰ ᠨᠡᠭᠦᠷᠡᠰᠦᠲᠥ᠋ᠷᠥᠭ᠌ᠴᠢ〉 ᠶ᠋ᠢᠨ ᠠᠵᠢᠯ᠎ᠢ ᠯᠠᠪᠳᠠᠭᠤᠨ ᠪᠠᠲᠤᠲᠠᠶ ᠠᠬᠢᠭᠤᠯᠬᠤ》 ᠶ᠋ᠢ ᠳᠤᠷᠠᠳᠤᠭ᠍ᠰᠠᠨ᠎ᠤ ᠬᠠᠮᠲᠤ᠂ 《ᠨᠡᠭᠦᠷᠡᠰᠦᠲᠥ᠋ᠷᠥᠭ᠌ᠴᠢ ᠦᠬᠡᠢ ᠬᠦᠷᠢᠶᠡᠯᠡᠩ ᠲᠣᠭᠣᠷᠢᠭ》 ᠢ᠋ ᠠᠩᠬ᠎ᠠ ᠤᠳᠠᠭ᠎ᠠ ᠳᠤᠷᠠᠳᠪᠠ᠃ ᠤᠯᠤᠰ᠎ᠤᠨ ᠴᠢᠬᠤᠯᠠ ᠡᠨᠧᠷᠭᠢ᠎ᠶ᠋ᠢᠨ ᠰᠠᠭᠤᠷᠢᠨ ᠪᠣᠯᠤᠭ᠍ᠰᠠᠨ᠎ᠤ ᠬᠤᠪᠢ᠎ᠳᠤ᠂ ᠣᠷᠳᠣᠰ ᠬᠣᠲᠠ 《ᠬᠤᠤᠰ ᠨᠡᠭᠦᠷᠡᠰᠦᠲᠥ᠋ᠷᠥᠭ᠌ᠴᠢ》 ᠶ᠋ᠢᠨ ᠬᠠᠷᠠᠯᠲᠠ᠎ᠶ᠋ᠢ ᠲᠣᠭ᠍ᠲᠠᠭᠠᠵᠤ᠂ ᠪᠣᠬᠢᠷᠲᠤᠯ ᠥᠬᠡᠶ ᠡᠨᠧᠷᠭᠢ᠎ᠶ᠋ᠢᠨ ᠱᠢᠨ᠎ᠡ ᠱᠢᠰᠲ᠋ᠧᠮ᠎ᠢ ᠴᠢᠷᠮᠠᠢᠨ ᠪᠠᠢᠭᠤᠯᠵᠤ᠂ ᠴᠢᠨᠠᠷ ᠰᠠᠢᠲᠠᠶ ᠬᠥᠭ᠌ᠵᠢᠯᠲᠡ᠎ᠶ᠋ᠢᠨ ᠱᠢᠨ᠎ᠡ ᠪᠠᠢᠳᠠᠯ᠎ᠢ ᠡᠭᠦᠳᠴᠠᠢ᠃

ᠣᠷᠳᠣᠰ᠎ᠤᠨ ᠮᠸᠩ ᠰᠦ᠍ ᠠᠵᠤ ᠠᠬᠤᠶ ᠶ᠋ᠢᠨ ᠨᠡᠭᠡᠭᠡᠯᠲᠡ᠎ᠶ᠋ᠢᠨ ᠲᠤᠭᠤᠷᠢᠭ ᠲᠦ᠍᠂ ᠪᠥᠬᠥ᠌ ᠪᠥᠮᠪᠥᠷᠴᠡᠭ᠎ᠦᠨ ᠠᠩᠬᠠᠳᠠᠭ᠍ᠴᠢ ᠨᠡᠭᠦᠷᠡᠰᠦᠲᠥ᠋ᠷᠥᠭ᠌ᠴᠢ ᠥᠬᠡᠶ ᠠᠵᠤ ᠦᠶ᠋ᠯᠡᠰ᠎ᠦᠨ ᠬᠦᠷᠢᠶᠡᠯᠡᠩ ᠶᠠᠭ ᠣᠳᠣᠬᠠᠨ᠎ᠤ ᠪᠣᠬᠢᠷᠲᠤᠯ ᠥᠬᠡᠶ ᠬᠥᠭ᠌ᠵᠢᠯᠲᠡ ᠶ᠋ᠢᠨ ᠬᠡᠪ ᠳᠠᠭᠤᠷᠢᠶᠠᠯ ᠪᠣᠯᠵᠣ ᠪᠤᠢ᠃ ᠲᠤᠰ ᠬᠦᠷᠢᠶᠡᠯᠡᠩ ᠲᠣᠭᠣᠷᠢᠭ᠎ᠨᠢ 《ᠰᠠᠯᠬᠢᠨ ᠬᠦᠴᠦᠨ᠎ᠤ ᠴᠠᠬᠢᠯᠭᠠᠨ᠂ ᠭᠡᠷᠡᠯᠴᠢ ᠴᠡᠨᠡᠭ᠂ ᠤᠰᠤᠲᠥ᠋ᠷᠥᠭ᠌ᠴᠢ ᠡᠨᠧᠷᠬᠢ᠂ ᠨᠦᠭᠡᠴᠡ ᠡᠨᠧᠷᠬᠢ᠂ ᠰᠢᠨ᠎ᠠ ᠡᠨᠧᠷᠬᠢ᠎ᠶᠢᠨ ᠮᠠᠰᠢᠨ ᠲᠡᠷᠭᠡ》 ᠶ᠋ᠢᠨ ᠪᠦᠬᠦ᠌ ᠠᠵᠤ ᠦᠢᠯᠡᠰ᠎ᠦᠨ ᠬᠡᠯᠬᠢᠶ᠎ᠡ᠎ᠶ᠋ᠢᠨ ᠪᠠᠢᠷᠢᠱᠢᠭᠤᠯᠤᠯᠲᠠ᠎ᠪᠠᠷ ᠳᠠᠮᠵᠢᠨ᠂  ᠪᠤᠬᠢᠷᠳᠤᠯ ᠦᠬᠡᠢ ᠴᠠᠬᠢᠯᠭᠠᠨ᠎ᠤ ᠦᠢᠯᠡᠳᠪᠦᠷᠢᠯᠡᠯ᠎ᠡᠴᠡ ᠨᠡᠭᠦᠷᠡᠰᠦᠲᠥ᠋ᠷᠥᠭ᠌ᠴᠢ ᠦᠬᠡᠢ ᠦᠢᠯᠡᠳᠪᠦᠷᠢᠯᠡᠯ ᠬᠦᠷᠲᠡᠯᠡᠬᠢ ᠤᠷᠴᠢᠯᠳᠤ ᠭᠤᠭᠴᠤᠭ᠎ᠠ ᠵᠢ ᠪᠠᠢᠭᠤᠯᠵᠤ᠂ ᠳᠠᠬᠢᠨ ᠡᠭᠦᠰᠴᠦ᠍ ᠪᠣᠯᠬᠤ ᠡᠨᠧᠷᠭᠢ᠎ᠶ᠋ᠢ 100% ᠪᠡᠷ ᠱᠢᠩᠭᠡᠭᠡᠨ ᠠᠪᠬᠤ ᠶ᠋ᠢ ᠪᠡᠶᠡᠯᠡᠭᠦᠯᠵᠠᠢ᠃ ᠲᠤᠰ ᠬᠦᠷᠢᠶᠡᠯᠡᠩ ᠲᠣᠭᠣᠷᠢᠭ᠎ᠲᠤ᠂ ᠱᠢᠨ᠎ᠡ ᠡᠨᠧᠷᠭᠢ᠎ᠶ᠋ᠢᠨ ᠬᠦᠨᠳᠦ ᠬᠡᠯᠪᠡᠷᠢ᠎ᠶᠢᠨ ᠠᠴᠢᠶᠠᠨ᠎ᠤ ᠮᠠᠱᠢᠨ᠂ ᠤᠰᠤᠲᠥ᠋ᠷᠥᠭ᠌ᠴᠢ ᠲᠦᠯᠡᠱᠢᠨ ᠳ᠋ᠢᠶᠠᠨ ᡂᠢ᠂ ᠤᠶᠤᠨᠲᠤ ᠡᠨᠧᠷᠭᠢ ᠬᠠᠳᠠᠭᠠᠯᠠᠬᠤ ᠱᠢᠰᠲ᠋ᠧᠮ ᠵᠡᠷᠭᠡ ᠠᠵᠤ ᠦᠢᠯᠡᠰ᠎ᠦᠨ ᠪᠦᠯᠦᠭ᠌ᠵᠢᠯ ᠲᠦᠷᠭᠡᠨ ᠪᠦᠷᠢᠯᠳᠦᠵᠦ᠍᠂ ᠵᠢᠱ᠌ᠢᠯᠲᠡ᠎ᠪᠡᠷ 2025 ᠣᠨ᠎ᠤ ᠦᠢᠯᠡᠳᠬᠦᠨ᠎ᠦ ᠦᠷᠳᠡᠭ ᠮᠢᠩᠭᠠᠨ ᠳ᠋ᠦᠩᠱᠢᠭᠤᠷ ᠲᠥᠭᠥᠷᠢᠭ᠎ᠢ ᠳᠠᠪᠠᠵᠤ᠂ ᠪᠦᠬᠦ᠌ ᠪᠥᠮᠪᠥᠷᠴᠡᠭ᠎ᠦᠨ ᠨᠡᠭᠦᠷᠡᠰᠦᠲᠥ᠋ᠷᠥᠭ᠌ᠴᠢ ᠦᠭᠡᠢ ᠠᠵᠤ ᠦᠢᠯᠡᠳᠪᠦᠷᠢ᠎ᠳᠦ 《ᠳᠤᠮᠳᠠᠳᠤ ᠤᠯᠤᠰ᠎ᠤᠨ ᠲᠥᠰᠦᠯ》 ᠢ᠋ ᠬᠠᠩᠭᠠᠬᠤ ᠪᠤᠯᠤᠨ᠎ᠠ᠃

《ᠢᠮᠠᠭᠠᠨ ᠨᠤᠤᠯᠤᠭᠤᠷ ᠨᠡᠭᠦᠷᠡᠰᠦ ᠬᠣᠪᠣᠷ ᠱᠢᠷᠣᠢ ᠱᠢᠲᠠᠮᠠᠬᠠᠢ ᠬᠡᠢ》 ᠡᠴᠡ 《ᠰᠠᠯᠬᠢᠨ ᠬᠦᠴᠦᠨ᠎ᠤ ᠴᠠᠬᠢᠯᠭᠠᠨ᠂ ᠭᠡᠷᠡᠯᠴᠢ ᠴᠡᠨᠡᠭ᠂ ᠤᠰᠤᠲᠥ᠋ᠷᠥᠭ᠌ᠴᠢ ᠡᠨᠧᠷᠬᠢ᠂ ᠨᠦᠭᠡᠴᠡ ᠡᠨᠧᠷᠬᠢ᠂ ᠰᠢᠨ᠎ᠠ ᠡᠨᠧᠷᠬᠢ᠎ᠶᠢᠨ ᠮᠠᠰᠢᠨ ᠲᠡᠷᠭᠡ》 ᠬᠦᠷᠲᠡᠯ᠎ᠡ᠂ ᠤᠢ᠍ᠢᠷ᠎ᠠ᠎ᠶ᠋ᠢᠨ ᠵᠢᠯ᠎ᠡᠴᠡ ᠤᠷᠳᠤᠰ ᠬᠤᠳᠠ ᠡᠨᠧᠷᠭᠢ᠎ᠶ᠋ᠢᠨ ᠪᠦᠲᠦᠴᠡ᠎ᠶ᠋ᠢ ᠲᠠᠬᠢᠨ ᠪᠠᠢᠭᠤᠯᠬᠤ᠎ᠶ᠋ᠢ ᠠᠬᠢᠭᠤᠯᠵᠤ᠂ ᠤᠯᠠᠮᠵᠢᠯᠠᠯᠲᠤ ᠡᠨᠧᠷᠭᠢ ᠪᠣᠯᠤᠨ ᠱᠢᠨ᠎ᠡ ᠡᠨᠧᠷᠭᠢ᠎ᠶ᠋ᠢᠨ ᠬᠠᠷᠢᠯᠴᠠᠨ ᠨᠥᠬᠥᠪᠥᠷᠢᠯᠡᠬᠦ᠌ ᠠᠭᠤᠰᠤᠯᠴᠠᠯ᠎ᠢ ᠴᠢᠩᠭᠠᠳᠬᠠᠬᠰᠠᠨ ᠵᠢᠡᠷ ᠱᠢᠨ᠎ᠡ ᠡᠨᠧᠷᠭᠢ᠎ᠶ᠋ᠢᠨ ᠮᠠᠱᠢᠨ ᠴᠣᠭ᠍ᠴᠠᠯᠠᠪᠤᠷᠢ 2000 ᠲᠦᠮᠡᠨ ᠺᠢᠯᠦᠸᠠᠲ᠎ᠢ ᠳᠠᠪᠠᠵᠤ᠂ ᠴᠠᠬᠢᠯᠭᠠᠨ ᠬᠦᠴᠦᠨ᠎ᠦ ᠪᠦᠬᠦ ᠮᠠᠱᠢᠨ ᠴᠣᠭ᠍ᠴᠠᠯᠠᠪᠤᠷᠢ᠎ᠶ᠋ᠢᠨ 35% ᠡᠴᠡ ᠳᠡᠭᠡᠭ᠌ᠰᠢᠬᠢ᠎ᠶ᠋ᠢ ᠡᠵᠡᠯᠡᠪᠡ᠃ ᠡᠭᠦᠨ᠎ᠦ ᠬᠠᠮᠲᠤ ᠡᠯᠡᠰᠦᠷᠭᠡᠭᠵᠢᠯ᠎ᠢ ᠰᠡᠷᠭᠡᠢᠯᠡᠨ ᠡᠯᠡᠰᠦ ᠵᠢ ᠵᠠᠰᠠᠬᠤ ᠪᠠ ᠰᠠᠯᠬᠢᠨ ᠬᠦᠴᠦᠨ᠎ᠤ ᠴᠠᠬᠢᠯᠭᠠᠨ ᠬᠡᠷᠡᠯᠴᠢ ᠴᠡᠨᠡᠭ᠎ᠢ ᠨᠢᠭᠡ ᠴᠤᠬ᠍ᠴᠠᠵᠢᠭᠤᠯᠬᠤ ᠢᠨᠵᠧᠨᠧᠷᠢᠩ᠎ᠢ ᠴᠢᠩᠭ᠎ᠠ ᠠᠳᠭᠤᠵᠤ᠂ ᠬᠥᠪᠴᠢ᠎ᠶ᠋ᠢᠨ ᠡᠯᠡᠰᠦᠨ᠎ᠦ 《ᠬᠡᠷᠡᠯᠴᠢ ᠴᠡᠨᠡᠭ᠎ᠦᠨ ᠣᠷᠳᠣ ᠴᠠᠭᠠᠨ ᠬᠡᠷᠡᠮ》 ᠤ᠋ᠨ ᠡᠯᠡᠰᠦ ᠵᠢ ᠵᠠᠰᠠᠬᠤ ᠢᠨᠵᠧᠨᠧᠷᠢᠩ᠎ᠢ ᠵᠡᠷᠭᠡ᠎ᠪᠡᠷ ᠬᠡᠷᠡᠭ᠌ᠵᠢᠭᠦᠯᠪᠡᠯ᠂ ᠬᠡᠷᠡᠯᠴᠢ ᠴᠡᠨᠡᠭ᠎ᠢᠶᠡᠷ ᠡᠯᠡᠰᠦ ᠵᠢ ᠵᠠᠰᠠᠬᠤ 300 ᠲᠦᠮᠡᠨ ᠮᠦ᠍᠎ᠪᠡᠶᠡᠯᠡᠭᠦᠯᠵᠦ᠍᠂ ᠵᠢᠯ᠎ᠳᠦ 60 ᠳ᠋ᠦᠩᠱᠢᠭᠤᠷ ᠭᠷᠠᠳᠦ᠋ᠰ᠎ᠦᠨ ᠪᠤᠬᠢᠷᠳᠤᠯ ᠦᠬᠡᠢ ᠴᠠᠬᠢᠯᠭᠠᠨ ᠭᠠᠷᠭᠠᠵᠤ ᠴᠢᠳᠠᠨ᠎ᠠ᠃ ᠡᠨᠡ ᠬᠦ᠌ 《ᠪᠤᠬᠢᠷᠳᠤᠯ ᠦᠬᠡᠢ ᠴᠠᠬᠢᠯᠭᠠᠨ + ᠠᠮᠢ ᠠᠬᠤᠶ》 ᠶ᠋ᠢᠨ ᠵᠠᠭ᠍ᠪᠤᠷ᠎ᠨᠢ ᠡᠭᠡ ᠤᠯᠤᠰ᠎ᠤᠨ ᠤᠮᠠᠷᠠᠲᠤ᠎ᠶ᠋ᠢᠨ ᠠᠮᠢ ᠠᠬᠤᠶ ᠶ᠋ᠢᠨ ᠠᠮᠤᠷ ᠲᠦᠪᠱᠢᠨ᠎ᠦ ᠬᠠᠯᠬᠠᠪᠴᠢ ᠶ᠋ᠢ ᠪᠠᠲᠤ ᠴᠣᠭ᠍ᠴᠠᠯᠠᠵᠤ ᠳᠡᠢᠯᠬᠦ᠎ᠪᠠᠷ ᠪᠠᠷᠠᠬᠤ ᠥᠬᠡᠶ ᠪᠠᠰᠠ ᠪᠡᠭᠡᠵᠢᠩ ᠲᠢᠶᠠᠨᠵᠢᠨ ᠾᠧᠪᠧᠶ᠂ ᠬᠥᠬᠡᠮᠥ᠋ᠷᠡᠨ᠎ᠦ ᠭᠤᠷᠪᠠᠯᠵᠢᠨ ᠬᠣᠢᠭ᠎ᠲᠤ ᠴᠡᠪᠡᠷ ᠡᠨᠧᠷᠭᠢ ᠬᠠᠩᠭᠠᠵᠦ ᠴᠢᠳᠠᠨ᠎ᠠ᠃ ᠣᠷᠳᠣᠰ᠎ᠤᠨ ᠪᠣᠬᠢᠷᠲᠤᠯ ᠥᠬᠡᠶ ᠡᠨᠧᠷᠭᠢ᠎ᠶ᠋ᠢᠨ ᠠᠵᠤ ᠦᠶ᠋ᠯᠡᠰ᠎ᠦᠨ ᠥᠷᠨᠢᠩᠭᠦᠶ ᠬᠥᠭ᠌ᠵᠢᠯᠲᠡ ᠨᠢ ᠡᠬᠢ ᠪᠠᠶᠠᠯᠢᠭ᠎ᠤᠨ ᠬᠡᠯᠪᠡᠷᠢ᠎ᠶ᠋ᠢᠨ ᠬᠣᠲᠠ᠎ᠲᠡᠢᠰᠢ ᠬᠡᠯᠪᠡᠷᠢ᠎ᠪᠡᠨ ᠬᠤᠪᠢᠷᠠᠭᠤᠯᠬᠤ ᠣᠶᠤᠨ ᠤᠬᠠᠭᠠᠨ ᠪᠠ ᠡᠭᠦᠷᠭᠡ ᠬᠠᠷᠢᠭᠤᠴᠠᠯᠭ᠎ᠠ ᠵᠢ ᠬᠠᠷᠠᠭᠤᠯᠵᠠᠢ᠃

ᠱᠢᠨ᠎ᠡ᠎ᠶ᠋ᠢ ᠡᠭᠦᠳᠬᠦ᠌᠎ᠪᠡᠷ ᠬᠥᠳᠡᠯᠭᠡᠭᠦᠷ ᠪᠣᠯᠭᠠᠨ᠂ ᠱᠢᠨ᠎ᠡ ᠴᠢᠨᠠᠷ᠎ᠤᠨ ᠦᠢᠯᠡᠳᠪᠦᠷᠢᠯᠡᠯ᠎ᠦᠨ ᠬᠦᠴᠦᠨ᠎ᠤ ᠦᠢᠯᠡᠳᠦᠯ᠎ᠢ ᠪᠠᠳᠠᠷᠠᠭᠤᠯᠤᠨ᠎ᠠ

ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ ᠶ᠋ᠢ ᠡᠭᠦᠳᠬᠦ᠌ ᠪᠡᠷ ᠠᠵᠤ ᠦᠶ᠋ᠯᠡᠰ᠎ᠦᠨ ᠱᠢᠨ᠎ᠡ ᠶ᠋ᠢ ᠡᠭᠦᠳᠬᠦ᠌᠎ᠶ᠋ᠢ ᠬᠥᠲᠥᠯᠥᠨ ᠳᠠᠭᠠᠭᠤᠯᠵᠤ᠂ ᠱᠢᠨ᠎ᠡ ᠴᠢᠨᠠᠷ᠎ᠤᠨ ᠦᠶ᠋ᠯᠡᠳᠪᠦᠷᠢᠯᠡᠯ᠎ᠦᠨ ᠬᠦᠴᠦᠨ᠎ᠢ ᠬᠦᠭᠵᠢᠬᠦᠯᠬᠦ ᠬᠡᠷᠡᠭ᠌ᠲᠡᠶ》 ᠭᠡᠵᠦ᠍ ᠴᠢᠬᠤᠯᠠᠴᠢᠯᠠᠪᠠ᠃ ᠣᠷᠳᠣᠰ ᠬᠣᠲᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ 《ᠪᠦᠰᠡᠯᠡᠯᠲᠡ᠎ᠱᠢᠪᠲᠤᠯᠬᠤ》 ᠢᠨᠵᠧᠨᠧᠷᠢᠩ᠎ᠢᠶᠡᠷ ᠭᠠᠷᠳᠠᠴᠠ ᠪᠣᠯᠭᠠᠵᠤ᠂ ᠱᠢᠨ᠎ᠡ᠎ᠪᠡᠷ ᠮᠠᠨᠳᠤᠭ᠍ᠰᠠᠨ ᠠᠵᠤ ᠦᠶ᠋ᠯᠡᠰ᠎ᠦᠨ ᠬᠦᠭᠵᠢᠯᠳᠡ ᠵᠢ ᠪᠤᠵᠠᠭᠠᠢᠷᠠᠭᠤᠯᠵᠦ᠂ ᠤᠯᠠᠮᠵᠢᠯᠠᠯᠲᠤ ᠠᠵᠤ ᠦᠶ᠋ᠯᠡᠰ᠎ᠦᠨ ᠰᠢᠨ᠎ᠠ ᠬᠡᠯᠪᠡᠷᠢ᠎ᠶᠢᠨ ᠬᠦᠭᠵᠢᠯᠳᠡ ᠵᠢ ᠠᠬᠢᠭᠤᠯᠵᠦ ᠪᠤᠢ᠃

2 ᠰᠠᠷ᠎ᠠ ᠶ᠋ᠢᠨ 14᠎ᠤ᠋ ᠡᠳᠦᠷ᠂ 484 ᠳ᠋ᠦᠩᠱᠢᠭᠤᠷ ᠲᠥᠭᠥᠷᠢᠭ᠎ᠤᠨ ᠶᠡᠷᠦᠩᠬᠡᠶ ᠪᠠᠯᠠ ᠤᠷᠤᠭᠤᠯᠤᠭᠰᠠᠨ ᠪᠥᠬᠥ᠌ ᠪᠥᠮᠪᠥᠷᠴᠡᠭ᠎ᠦᠨ᠎ᠳ᠋ᠠᠩ ᠦᠶ᠋ᠯᠡᠳᠪᠦᠷᠢ ᠶ᠋ᠢᠨ ᠬᠡᠪᠴᠢᠶ᠎ᠡ᠎ᠪᠡᠷ ᠬᠠᠮᠤᠭ᠎ᠤᠨ ᠶᠡᠬᠡ ᠠᠯᠺᠧᠨ᠎ᠤ ᠦᠶ᠋ᠯᠡᠳᠪᠦᠷᠢ — ᠥᠪᠥᠷ ᠮᠣᠩᠭᠣᠯ᠎ᠤᠨ ᠪᠦᠦ ᠹᠸᠩ 300 ᠲᠦᠮᠡᠨ ᠲᠣᠨ ᠠᠯᠺᠧᠨ᠎ᠤ ᠲᠥᠷᠥᠯ ᠵᠦᠶ᠋ᠯ ᠣᠷᠳᠣᠰ ᠬᠣᠲᠠ ᠶ᠋ᠢᠨ ᠦᠦᠱᠢᠨ ᠬᠣᠱᠢᠭᠤᠨ᠎ᠳᠤ ᠵᠢᠩᠬᠢᠨᠢ᠎ᠪᠡᠷ ᠪᠠᠢᠭᠤᠯᠤᠭ᠍ᠳᠠᠨ ᠠᠱᠢᠭ᠍ᠯᠠᠯᠲᠠ᠎ᠳᠤ ᠣᠷᠣᠵᠠᠢ᠃ ᠲᠣᠰ ᠲᠥᠷᠥᠯ ᠵᠦᠶ᠋ᠯ ᠨᠢ 18 ᠰᠠᠷ᠎ᠠ᠎ᠶ᠋ᠢᠨ ᠪᠠᠴᠢᠮ ᠪᠥᠲᠥᠭᠡᠨ ᠪᠠᠢᠭᠤᠯᠤᠯᠲᠠ᠎ᠪᠠᠷ ᠳᠡᠮᠵᠢᠨ᠂ ᠡᠳᠦᠷ᠎ᠲᠦ 4000 ᠭᠠᠷᠤᠶ ᠲᠣᠨ ᠠᠯᠺᠧᠨ ᠦᠶ᠋ᠯᠡᠳᠬᠦᠨ ᠦᠶ᠋ᠯᠡᠳᠪᠦᠷᠢᠯᠡᠵᠦ᠍ ᠪᠣᠶ᠃ ᠤᠯᠤᠰ᠎ᠤᠨ ᠣᠲᠣ ᠦᠶ᠎ᠡ᠎ᠶ᠋ᠢᠨ ᠨᠡᠭᠦᠷᠡᠰᠦ ᠬᠢᠮᠢ᠎ᠶ᠋ᠢᠨ ᠠᠵᠤ ᠦᠶ᠋ᠯᠡᠳᠪᠦᠷᠢ᠎ᠶ᠋ᠢᠨ ᠵᠢᠱ᠌ᠢᠶ᠎ᠡ ᠦᠵᠡᠭᠦᠯᠬᠦ᠌ ᠣᠷᠣᠨ ᠪᠣᠯᠤᠭ᠍ᠰᠠᠨ᠎ᠤ ᠬᠤᠪᠢ᠎ᠳᠤ᠂ ᠣᠷᠳᠣᠰ ᠬᠣᠲᠠ ᠣᠲᠣ ᠦᠶ᠎ᠡ᠎ᠶ᠋ᠢᠨ ᠨᠡᠭᠦᠷᠡᠰᠦ ᠬᠢᠮᠢ ᠶ᠋ᠢᠨ ᠠᠵᠤ ᠦᠶ᠋ᠯᠡᠳᠪᠦᠷᠢ᠎ᠶ᠋ᠢᠨ ᠠᠵᠤ ᠦᠶ᠋ᠯᠡᠰ᠎ᠦᠨ 《ᠳᠡᠭᠡᠳᠦ ᠲᠠᠰ᠎ᠤᠨ ᠱᠢᠪᠲᠤᠯᠤᠯᠲᠠ》 ᠶ᠋ᠢ ᠢᠳᠡᠪᠬᠢᠲᠡᠶ ᠠᠬᠢᠭᠤᠯᠵᠤ᠂ 2025 ᠣᠨ᠎ᠳᠤ᠂ ᠪᠥᠬᠥ᠌ ᠬᠣᠲᠠ ᠣᠲᠣ ᠦᠶ᠎ᠡ᠎ᠶ᠋ᠢᠨ ᠨᠡᠭᠦᠷᠡᠰᠦ ᠬᠢᠮᠢ᠎ᠶ᠋ᠢᠨ ᠠᠵᠤ ᠦᠶ᠋ᠯᠡᠳᠪᠦᠷᠢ ᠵᠢᠴᠢ ᠬᠡᠯᠬᠢᠶ᠎ᠡ ᠶ᠋ᠢ ᠤᠷᠲᠤᠳᠭᠠᠨ ᠬᠡᠯᠬᠢᠶ᠎ᠡ᠎ᠶ᠋ᠢ ᠨᠥᠬᠥᠪᠥᠷᠢᠯᠡᠬᠦ᠌ 23 ᠲᠥᠷᠥᠯ ᠵᠦᠶ᠋ᠯ᠎ᠢ ᠬᠡᠷᠡᠭ᠌ᠵᠢᠭᠦᠯᠬᠦ᠌᠎ᠪᠡᠷ ᠲᠥᠯᠥᠪᠯᠡᠵᠦ᠍᠂ ᠦᠶ᠋ᠯᠡᠳᠪᠦᠷᠢᠯᠡᠬᠦ᠌ ᠴᠢᠳᠠᠪᠤᠷᠢ᠎ᠶ᠋ᠢ ᠱᠢᠨ᠎ᠡ᠎ᠪᠡᠷ 300 ᠲᠦᠮᠡᠨ ᠲᠣᠨ ᠨᠡᠮᠡᠭ᠌ᠳᠡᠭᠦᠯᠵᠦ᠍᠂ ᠨᠡᠭᠦᠷᠡᠰᠦᠨ᠎ᠦ ᠲᠦᠯᠡᠰᠢ᠎ᠡᠴᠡ ᠬᠢᠮᠢ᠎ᠶ᠋ᠢᠨ ᠠᠵᠤ ᠦᠶ᠋ᠯᠡᠳᠪᠦᠷᠢ᠎ᠶ᠋ᠢᠨ ᠮᠠᠲ᠋ᠧᠷᠢᠶᠠᠯ ᠳᠠᠢᠰᠢ ᠳᠠᠪᠠᠯᠲᠠ ᠬᠢᠬᠦ ᠪᠠ ᠦᠶ᠋ᠯᠡᠳᠬᠦᠨ᠎ᠦ ᠥᠷᠲᠡᠭ ᠨᠢ ᠲᠦᠮᠡᠨ ᠳ᠋ᠦᠩᠱᠢᠭᠤᠷ ᠳᠠᠢᠰᠢ ᠲᠠᠰ ᠳᠠᠪᠱᠢᠬᠦ᠎ᠶ᠋ᠢ ᠠᠬᠢᠭᠤᠯᠪᠡ᠃

ᠤᠷᠳᠤᠰ ᠬᠤᠳᠠ ᠶᠠᠭ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠪᠡᠷ ᠡᠨᠧᠷᠭᠢ ᠣᠯᠭᠣᠬᠤ ᠠᠵᠤ ᠦᠢᠯᠡᠰ᠎ᠦᠨ ᠬᠡᠯᠪᠡᠷᠢ᠎ᠶ᠋ᠢ ᠬᠤᠪᠢᠷᠠᠭᠤᠯᠤᠨ ᠲᠡᠰ ᠳᠡᠪᠱᠢᠭᠦᠯᠵᠦ᠍᠂ ᠲᠦᠷᠦᠯ ᠲᠡᠮᠳᠡᠭ᠎ᠢ ᠲᠠᠬᠢᠨ ᠡᠭᠦᠳᠬᠦ᠌᠎ᠪᠡᠷ ᠠᠵᠤ ᠦᠢᠯᠡᠰ᠎ᠦᠨ ᠳᠡᠭᠡᠳᠦ ᠲᠡᠰ᠎ᠤᠨ ᠬᠥᠭ᠌ᠵᠢᠯᠲᠡ ᠶ᠋ᠢ ᠲᠠᠢ᠌ᠴᠢᠯᠠᠵᠤ ᠪᠤᠢ᠃ ᠭᠡᠬᠦ᠌᠎ᠳᠡᠭᠡᠨ ᠡᠨᠡ ᠪᠦᠬᠦᠨ ᠨᠢ ᠲᠦᠷᠦ᠍ ᠶ᠋ᠢᠨ ᠪᠤᠳᠤᠯᠭ᠎ᠠ ᠶ᠋ᠢᠨ ᠱᠢᠰᠲ᠋ᠧᠮ᠎ᠦᠨ ᠳᠡᠮᠵᠢᠯᠭᠡ ᠡᠴᠡ ᠰᠠᠯᠵᠤ ᠴᠢᠳᠠᠬᠤ ᠦᠭᠡᠢ ᠶᠤᠮ᠃ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ ᠲᠥᠷᠥ᠎ᠶ᠋ᠢᠨ ᠪᠣᠳᠣᠯᠭ᠎ᠠ ᠶ᠋ᠢᠨ 30 ᠵᠤᠷᠪᠤᠰ》 2.0 ᠬᠡᠪ᠎ᠢ ᠨᠡᠢᠳᠡᠯᠡᠵᠦ᠂ ᠣᠷᠳᠣᠰ᠎ᠤᠨ ᠲᠤᠷᠱᠢᠯᠲᠠ᠎ᠶ᠋ᠢᠨ ᠲᠠᠰᠤᠭ ᠵᠡᠷᠭᠡ ᠨᠢᠭᠡ ᠪᠦᠯᠦᠭ ᠱᠢᠨ᠎ᠡ ᠶ᠋ᠢ ᠡᠭᠦᠳᠬᠦ᠌ ᠲᠠᠪᠴᠠᠩ᠎ᠢ ᠪᠠᠢᠭᠤᠯᠵᠦ᠂ ᠳᠡᠭᠡᠳᠦ ᠱᠢᠨ᠎ᠡ ᠮᠡᠷᠭᠡᠵᠢᠯ᠎ᠦᠨ ᠠᠵᠤ ᠠᠬᠤᠢᠯᠠᠯ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠡᠯᠪᠡᠷᠢ᠎ᠶ᠋ᠢᠨ ᠳᠤᠮᠳᠠ ᠵᠢᠵᠢᠭ ᠠᠵᠤ ᠠᠬᠤᠢᠯᠠᠯ᠎ᠤᠨ ᠶᠡᠷᠦᠩᠬᠡᠢ ᠬᠡᠮᠵᠢᠶ᠎ᠡ 1000 ᠵᠢ ᠳᠠᠪᠠᠵᠦ᠂ ᠨᠡᠢᠭᠡᠮ ᠳᠠᠶᠠᠭᠠᠷ᠎ᠤᠨ ᠰᠤᠳᠤᠯᠤᠨ ᠨᠡᠭᠡᠭᠡᠬᠦ᠌ ᠵᠠᠷᠤᠳᠠᠯ᠎ᠤᠨ ᠨᠡᠮᠡᠭ᠌ᠳᠡᠯ᠎ᠦᠨ ᠬᠤᠪᠢ ᠨᠡᠮᠡᠷᠢ ᠶ᠋ᠢᠨ ᠨᠣᠷᠮ᠎ᠠ ᠪᠥᠬᠥ᠌ ᠣᠷᠣᠨ᠎ᠤ ᠲᠡᠷᠢᠭᠦᠨ᠎ᠳᠦ ᠣᠷᠣᠵᠦ᠂ ᠱᠠᠩᠬᠠᠶ᠂ ᠱᠧᠨᠵᠧᠨ᠂ ᠱᠢᠶᠦ᠋ᠩ ᠠᠨ ᠱᠢᠨ᠎ᠡ ᠲᠣᠭᠣᠷᠢᠭ᠎ᠤᠨ ᠴᠢᠳᠠᠪᠤᠷᠢᠲᠠᠨ᠎ᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠣᠷᠣᠨ᠎ᠢ  ᠠᠰᠢᠬᠯᠠᠯᠳᠡ᠎ᠳᠤ ᠤᠷᠤᠭᠤᠯᠵᠠᠢ ᠁ ᠣᠷᠳᠣᠰ ᠬᠣᠲᠠ ᠶᠠᠭ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ ᠶ᠋ᠢ ᠡᠭᠦᠳᠬᠦ᠌᠎ᠪᠡᠷ ᠭᠤᠤᠯ ᠬᠥᠳᠡᠯᠭᠡᠬᠦ᠌ ᠬᠦᠴᠦᠨ ᠪᠣᠯᠭᠠᠵᠤ᠂ ᠲᠥᠷᠥ᠎ᠶ᠋ᠢᠨ ᠪᠣᠳᠣᠯᠭ᠎ᠠ᠎ᠪᠠᠷ ᠳᠠᠮᠵᠢᠨ ᠬᠥᠲᠥᠯᠥᠨ ᠵᠢᠯᠣᠭᠣᠳᠭᠤ᠂ ᠲᠠᠪᠴᠠᠩ ᠪᠠᠢᠭᠤᠯᠬᠤ᠂ ᠠᠵᠤ ᠦᠶ᠋ᠯᠡᠰ᠎ᠦᠨ ᠳᠡᠰ ᠳᠡᠪᠱᠢᠬᠦ᠌ ᠪᠠ ᠴᠢᠳᠠᠪᠤᠷᠢᠲᠠᠨ᠎ᠢ ᠲᠥᠪᠯᠡᠷᠡᠭᠦᠯᠬᠦ᠌ ᠵᠡᠷᠭᠡ ᠠᠷᠭ᠎ᠠ ᠬᠡᠮᠵᠢᠶ᠎ᠡ ᠪᠡᠷ ᠳᠠᠮᠵᠢᠭᠤᠯᠤᠨ᠂ ᠱᠢᠨ᠎ᠡ ᠴᠢᠨᠠᠷ᠎ᠤᠨ ᠦᠢᠯᠡᠳᠪᠦᠷᠢᠯᠡᠯ᠎ᠦᠨ ᠬᠦᠴᠦᠨ᠎ᠤ ᠬᠥᠭ᠌ᠵᠢᠯᠳᠡ ᠵᠢ ᠠᠬᠢᠭᠤᠯᠵᠦ᠂ ᠠᠯᠢ ᠣᠯᠠᠨ ᠵᠢᠱ᠌ᠢᠶ᠎ᠡ ᠦᠵᠡᠭᠦᠯᠬᠦ᠌ ᠦᠶ᠋ᠯᠡᠳᠦᠯ ᠲᠡᠶ ᠦᠶ᠋ᠯᠡᠳᠦᠯᠭᠡ᠎ᠶ᠋ᠢᠨ ᠦᠷ᠎ᠡ ᠪᠦᠳᠦᠬᠡᠯ᠎ᠢ ᠭᠠᠷᠭᠠᠵᠠᠢ᠃

ᠨᠡᠭᠦᠷᠡᠰᠦᠲᠥ᠋ᠷᠥᠭ᠌ᠴᠢ ᠦᠬᠡᠢ ᠠᠵᠤ ᠦᠶ᠋ᠯᠡᠰ᠎ᠦᠨ ᠬᠦᠷᠢᠶᠡᠯᠡᠩ᠎ᠦᠨ ᠪᠥᠬᠥ᠌ ᠪᠥᠮᠪᠥᠷᠴᠡᠭ᠎ᠦᠨ ᠬᠡᠪ ᠳᠠᠭᠤᠷᠢᠶᠠᠯ᠎ᠠᠴᠠ ᠬᠠᠲᠤᠨ ᠭᠤᠤᠯ᠎ᠤᠨ ᠶᠡᠭᠡ ᠲᠤᠬᠤᠢ ᠵᠢᠨ ᠠᠮᠢ ᠠᠬᠤᠶ ᠶ᠋ᠢᠨ ᠵᠠᠰᠠᠯᠲᠠ ᠬᠦᠷᠲᠡᠯ᠎ᠡ᠂ ᠨᠡᠭᠦᠷᠡᠰᠦ ᠬᠢᠮᠢ᠎ᠶ᠋ᠢᠨ ᠠᠵᠤ ᠦᠶ᠋ᠯᠡᠳᠪᠦᠷᠢ ᠶ᠋ᠢᠨ 《ᠬᠠᠷ᠎ᠠ ᠠᠯᠲᠠ》 ᠡᠴᠡ 《ᠨᠣᠭᠣᠭᠠᠨ ᠠᠯᠲᠠ》 ᠬᠦᠷᠲᠡᠯ᠎ᠡ᠂ ᠲᠠᠬᠢᠨ ᠢᠮᠠᠭᠠᠨ ᠨᠣᠤᠯᠤᠭᠤᠷ᠎ᠤᠨ ᠠᠵᠤ ᠦᠶ᠋ᠯᠡᠰ᠎ᠦᠨ ᠰᠢᠨ᠎ᠠ ᠬᠡᠯᠪᠡᠷᠢ᠎ᠶᠢᠨ ᠬᠦᠭᠵᠢᠯᠳᠡ ᠬᠦᠷᠲᠡᠯ᠎ᠡ᠂ ᠣᠷᠳᠣᠰ ᠭᠡᠬᠦ᠌ ᠡᠨᠡ ᠬᠦ᠌ 《ᠪᠥᠬᠥ᠌ ᠳᠡᠯᠡᠬᠡᠶ ᠶ᠋ᠢ ᠳᠤᠯᠠᠭᠠᠴᠠᠭᠤᠯᠤᠭ᠍ᠰᠠᠨ》 ᠡᠨᠧᠷᠭᠢ᠎ᠶ᠋ᠢᠨ ᠬᠣᠲᠠ ᠶᠠᠭ ᠡᠷᠡᠰ ᠪᠠᠲᠤ ᠢᠲᠡᠭᠡᠯ ᠵᠣᠷᠢᠭ᠎ᠢᠶᠠᠷ ᠴᠢᠨᠠᠷ ᠰᠠᠢᠲᠠᠶ ᠬᠥᠭ᠌ᠵᠢᠯᠲᠡ᠎ᠶ᠋ᠢᠨ ᠱᠢᠨ᠎ᠡ ᠦᠵᠡᠮᠵᠢ᠎ᠶ᠋ᠢ ᠵᠢᠷᠤᠭ᠍ᠯᠠᠵᠤ᠂ ᠪᠠᠲᠤ ᠴᠢᠩᠭ᠎ᠠ ᠠᠯᠬᠤᠭ᠎ᠠ᠎ᠪᠠᠷ ᠡᠬᠢ ᠪᠠᠶᠠᠯᠢᠭ᠎ᠤᠨ ᠬᠡᠯᠪᠡᠷᠢ᠎ᠶ᠋ᠢᠨ ᠬᠣᠲᠠ ᠶ᠋ᠢᠨ ᠴᠢᠨᠠᠷ ᠰᠠᠢᠲᠠᠶ ᠬᠥᠭ᠌ᠵᠢᠯᠲᠡ᠎ᠶ᠋ᠢᠨ ᠵᠠᠮ᠎ᠢᠶᠠᠷ ᠤᠷᠤᠭ᠍ᠰᠢᠯᠠᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号