ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ
2025-03-15 09:35:19
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

—  2025 ᠣᠨ᠎ᠤ 3 ᠰᠠᠷ᠎ᠠ᠎ᠶ᠋ᠢᠨ 5 ᠎ᠤ ᠡᠳᠦᠷ ᠠᠷᠪᠠᠨ ᠲᠦᠷᠪᠡᠳᠦᠬᠡᠷ ᠬᠤᠭᠤᠴᠠᠭᠠᠨ ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠭᠤᠷᠪᠠᠳᠤᠭᠠᠷ ᠬᠤᠷᠠᠯ ᠲᠡᠭᠡᠷ᠎ᠠ

ᠲᠦᠷᠦ᠍ ᠎ᠶ᠋ᠢᠨ ᠶᠠᠪᠤᠳᠠᠯ᠎ᠤᠨ ᠬᠤᠷᠢᠶ᠎ᠠ ᠵᠢᠨ  ᠶᠡᠷᠦᠩᠬᠡᠢ ᠰᠠᠢᠳ   ᠯᠢ ᠴᠢᠶᠠᠩ

 

ᠳᠦᠯᠦᠭᠡᠯᠡᠭ᠌ᠴᠢᠳ ᠡ᠄

ᠤᠳᠤ ᠪᠢ ᠲᠦᠷᠦ᠍᠎ᠶ᠋ᠢᠨ ᠶᠠᠪᠤᠳᠠᠯ᠎ᠤᠨ ᠬᠤᠷᠢᠶ᠎ᠠ ᠵᠢᠨ ᠡᠮᠦᠨ᠎ᠡ᠎ᠠᠴᠠ ᠶᠡᠭᠡ ᠬᠤᠷᠠᠯ᠎ᠳᠤ ᠵᠠᠰᠠᠭ᠎ᠤᠨ ᠣᠷᠳᠣᠨ᠎ᠤ ᠠᠵᠢᠯ᠎ᠢᠶᠠᠨ ᠮᠡᠳᠡᠭᠦᠯᠦᠶ᠎ᠡ᠂ ᠬᠢᠨᠠᠨ ᠶᠠᠷᠢᠯᠴᠠᠬᠤ ᠪᠣᠯᠪᠠ ᠤᠤ᠂ ᠪᠦᠬᠦ᠌ ᠤᠯᠤᠰ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ ᠴᠦ᠍ ᠰᠠᠨᠠᠯ᠎ᠢᠶᠠᠨ ᠳᠤᠷᠠᠳᠭᠤ ᠪᠣᠯᠪᠠ ᠤᠤ᠃

ᠨᠢᠭᠡ᠂ 2024 ᠣᠨ᠎ᠤ ᠠᠵᠢᠯ᠎ᠤᠨ ᠡᠷᠭᠢᠴᠡᠭᠦᠯᠦᠯ

ᠥᠩᠭᠡᠷᠡᠭ᠌ᠰᠡᠨ ᠨᠢᠭᠡ ᠵᠢᠯ᠎ᠳᠤ᠂ ᠮᠠᠨ᠎ᠤ ᠤᠯᠤᠰ᠎ᠤᠨ ᠬᠥᠭ᠌ᠵᠢᠯᠲᠡ᠎ᠶ᠋ᠢᠨ ᠶᠠᠪᠤᠴᠠ ᠮᠠᠰᠢ ᠶᠡᠷᠦ᠍ ᠪᠤᠰᠤ᠎ᠶ᠋ᠢᠨ ᠶᠤᠮ᠃ ᠨᠠᠮ᠎ᠤᠨ ᠬᠤᠷᠢᠳᠤᠭᠠᠷ ᠬᠤᠭᠤᠴᠠᠭᠠᠨ᠎ᠤ ᠲᠥᠪ ᠬᠤᠷᠢᠶ᠎ᠠ ᠵᠢᠨ ᠭᠤᠷᠪᠠᠳᠤᠭᠠᠷ ᠪᠥᠬᠦᠳᠡ ᠬᠤᠷᠠᠯ ᠢᠯᠠᠯᠲᠠ᠎ᠲᠠᠢ᠎ᠪᠠᠷ ᠬᠤᠷᠠᠯᠳᠤᠵᠤ᠂ ᠥᠭᠡᠷᠡᠴᠢᠯᠡᠯᠲᠡ᠎ᠶ᠋ᠢ ᠤᠯᠠᠮ ᠨᠢᠭᠡ ᠠᠯᠬᠤᠮ ᠪᠥᠬᠦ᠌ ᠲᠠᠯ᠎ᠠ᠎ᠪᠠᠷ ᠭᠦᠨᠵᠡᠭᠡᠢᠷᠡᠭᠦᠯᠵᠦ᠍᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢ ᠠᠬᠢᠭᠤᠯᠬᠤ ᠲᠤᠬᠠᠢ ᠪᠠᠢᠷᠢᠯᠠᠭᠤᠯᠤᠯᠲᠠ ᠬᠢᠪᠡ᠃ ᠪᠢᠳᠡ ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭ᠍ᠳᠠᠭ᠍ᠰᠠᠨ 75 ᠵᠢᠯ᠎ᠤᠨ ᠤᠢ᠎ᠶ᠋ᠢ ᠦᠪᠡᠳᠡᠭ᠌ᠰᠢ ᠶᠡᠭᠡ᠎ᠪᠠᠷ ᠪᠡᠯᠭᠡᠯᠡᠵᠦ᠍᠂ ᠪᠦᠬᠦ᠌ ᠤᠯᠤᠰ ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠡᠭᠡ ᠤᠯᠤᠰ᠎ᠢᠶᠠᠨ ᠬᠠᠢᠷᠠᠯᠠᠬᠤ ᠤᠷᠬᠢᠯᠦᠮ᠎ᠠ ᠬᠠᠯᠠᠭᠤᠨ ᠰᠡᠳᠭᠢᠯᠭᠡ ᠪᠠ ᠲᠡᠮᠡᠴᠡᠯ᠎ᠤᠨ ᠵᠣᠷᠢᠭ ᠰᠠᠨᠠᠭ᠎ᠠ᠎ᠶ᠋ᠢ ᠲᠦᠢᠯ᠎ᠤᠨ ᠶᠡᠭᠡ᠎ᠪᠠᠷ ᠬᠥᠭ᠌ᠵᠢᠭᠡᠪᠡ᠃ ᠨᠢᠭᠡ ᠵᠢᠯ᠎ᠤᠨ ᠲᠤᠷᠰᠢ᠂ ᠭᠠᠳᠠᠭᠠᠳᠤ ᠳᠠᠷᠤᠯᠲᠠ ᠶᠡᠬᠡᠰᠴᠦ᠍ ᠳᠣᠲᠣᠭᠠᠳᠤ᠎ᠶ᠋ᠢᠨ ᠬᠦᠴᠢᠷᠳᠡᠯ ᠨᠡᠮᠡᠭ᠌ᠳᠡᠭ᠌ᠰᠡᠨ ᠲᠥᠪᠡᠭ ᠪᠤᠳᠤᠯᠢᠶᠠᠨᠲᠠᠢ ᠬᠦᠨᠳᠦ ᠬᠡᠴᠡᠭᠦᠦ ᠪᠠᠢᠳᠠᠯ᠎ᠤᠨ ᠡᠮᠦᠨ᠎ᠡ᠂ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ ᠬᠠᠳᠠᠭᠤᠵᠢᠨ ᠲᠡᠮᠡᠴᠡᠵᠤ᠂ ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ᠂ ᠠᠵᠤ ᠠᠬᠤᠶ᠎ᠶ᠋ᠢᠨ ᠠᠵᠢᠯᠯᠠᠭᠠᠨ ᠶᠡᠷᠦᠩᠬᠡᠶ᠎ᠳᠡᠭᠡᠨ ᠲᠣᠭ᠍ᠲᠠᠭᠤᠨ ᠶᠠᠪᠤᠭ᠍ᠳᠠᠵᠤ᠂ ᠲᠣᠭ᠍ᠲᠠᠭᠤᠨ᠎ᠤ ᠳᠤᠮᠳᠠ ᠠᠬᠢᠯᠳᠠ᠎ᠲᠠᠢ ᠪᠤᠯᠵᠤ᠂ ᠪᠦᠬᠦ᠌ ᠵᠢᠯ᠎ᠤᠨ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠭᠤᠤᠯ ᠭᠤᠤᠯ ᠬᠠᠷᠠᠯᠲᠠ ᠡᠭᠦᠷᠭᠡ᠎ᠶ᠋ᠢ ᠤᠷᠤᠭ᠍ᠰᠢᠲᠠᠶ ᠪᠡᠶᠡᠯᠡᠬᠦᠯᠦᠨ᠂ ᠴᠢᠨᠠᠷ ᠰᠠᠢᠲᠠᠶ ᠬᠥᠭ᠌ᠵᠢᠯᠲᠡ᠎ᠶ᠋ᠢ ᠯᠠᠪᠳᠠᠭᠤᠨ ᠪᠠᠲᠤᠲᠠᠶ ᠠᠬᠢᠭᠤᠯᠵᠤ᠂ ᠱᠢᠨ᠎ᠡ ᠴᠢᠨᠠᠷ᠎ᠤᠨ ᠦᠢᠯᠡᠳᠪᠦᠷᠢᠯᠡᠯ᠎ᠤᠨ ᠬᠦᠴᠦᠨ᠎ᠢ ᠯᠠᠪᠳᠠᠭᠤᠨ ᠬᠥᠭ᠌ᠵᠢᠬᠦᠯᠵᠦ᠍᠂ ᠮᠠᠨ᠎ᠤ ᠤᠯᠤᠰ᠎ᠤᠨ ᠠᠵᠤ ᠠᠬᠤᠶ᠎ᠶ᠋ᠢᠨ ᠪᠣᠳᠠᠲᠤ ᠬᠦᠴᠦᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠪᠣᠳᠠᠲᠤ ᠬᠦᠴᠦᠨ᠂ ᠤᠯᠤᠰ᠎ᠤᠨ ᠶᠡᠷᠦᠩᠬᠡᠶ ᠬᠦᠴᠦᠨ ᠦᠷᠭᠦᠯᠵᠢᠯᠡᠨ ᠴᠢᠩᠭᠠᠷᠠᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠯᠠᠪᠳᠠᠭᠤᠨ ᠪᠠᠳᠤ ᠱᠢᠨ᠎ᠠ ᠠᠯᠬᠤᠮ᠎ᠢ ᠠᠯᠬᠤᠭᠠᠳ᠂ ᠪᠢᠳᠡᠨ᠎ᠤ ᠱᠢᠨ᠎ᠡ ᠴᠠᠭ ᠦᠶ᠎ᠡ ᠱᠢᠨ᠎ᠡ ᠠᠶᠠᠨ ᠵᠠᠮ᠎ᠳᠤ ᠨᠡᠢᠭᠡᠮ ᠵᠢᠷᠤᠮᠲᠤ ᠣᠳᠣᠬᠢᠴᠢᠯᠠᠭ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠲᠦᠭᠡᠨ ᠪᠠᠢᠭᠤᠯᠬᠤ ᠡᠷᠡᠰ ᠵᠤᠷᠢᠭ ᠪᠠ ᠢᠲᠡᠭᠡᠯ ᠵᠣᠷᠢᠭ᠎ᠢ ᠨᠡᠩ ᠢᠯᠡᠬᠦᠦ ᠪᠠᠲᠤᠳᠭᠠᠪᠠ᠃

《ᠲᠣᠭ᠍ᠲᠠᠭᠤᠨ》 ᠪᠠᠢᠳᠠᠯ ᠪᠠᠬᠢᠵᠢᠨ ᠦᠷᠭᠦᠯᠵᠢᠯᠡᠪᠡ᠃ ᠭᠤᠣᠯ ᠢᠯᠡᠷᠡᠯ᠎ᠨᠢ ᠬᠡᠪᠡᠯ᠂ ᠠᠵᠤ ᠠᠬᠤᠢ᠎ᠶ᠋ᠢᠨ ᠬᠡᠪᠴᠢᠶ᠎ᠡ᠎ᠶ᠋ᠢ ᠯᠠᠪᠳᠠᠭᠤᠨ᠎ᠢᠶᠠᠷ ᠥᠷᠭᠡᠳᠭᠡᠵᠤ᠂ ᠤᠯᠤᠰ᠎ᠤᠨ ᠳᠣᠲᠣᠭᠠᠳᠤ᠎ᠶ᠋ᠢᠨ ᠦᠢᠯᠡᠳᠪᠦᠷᠢᠯᠡᠯ᠎ᠤᠨ ᠪᠦᠬᠦ᠌ ᠥᠷᠲᠡᠭ 134.9 ᠲᠦᠮᠡᠨ ᠳ᠋ᠦᠩᠱᠢᠭᠤᠷ ᠲᠥᠭᠦᠷᠢᠭ᠎ᠲᠤ ᠬᠦᠷᠴᠦ᠍᠂ 5% ᠎ᠪᠠᠷ ᠨᠡᠮᠡᠭ᠌ᠳᠡᠵᠦ᠍᠂ ᠨᠡᠮᠡᠭ᠌ᠳᠡᠯ᠎ᠤᠨ ᠬᠤᠷᠳᠤᠴᠠ᠎ᠨᠢ ᠳᠡᠯᠡᠬᠡᠶ᠎ᠶ᠋ᠢᠨ ᠭᠤᠤᠯ ᠪᠤᠯᠬᠤ ᠠᠵᠤ ᠠᠬᠤᠶ᠎ᠶ᠋ᠢᠨ ᠴᠣᠭ᠍ᠴᠠ᠎ᠶ᠋ᠢᠨ ᠡᠮᠦᠨ᠎ᠠ ᠡᠩᠨᠡᠭᠡᠨ᠎ᠳᠤ ᠣᠷᠣᠵᠤ᠂ ᠳᠡᠯᠡᠬᠡᠢ᠎ᠶ᠋ᠢᠨ ᠠᠵᠤ ᠠᠬᠤᠶ᠎ᠶ᠋ᠢᠨ ᠨᠡᠮᠡᠭ᠌ᠳᠡᠯ᠎ᠳᠤ ᠦᠵᠡᠭᠦᠯᠬᠦ᠌ ᠬᠤᠪᠢ ᠨᠡᠮᠡᠷᠢ᠎ᠶ᠋ᠢᠨ ᠨᠤᠷᠮ᠎ᠠ᠎ᠶ᠋ᠢ 30% ᠣᠷᠴᠢᠮ᠎ᠳᠤ ᠪᠠᠳᠤᠯᠠᠪᠠ᠃ ᠠᠵᠢᠯ ᠣᠯᠭᠤᠯᠲᠠ᠂ ᠪᠠᠷᠠᠭᠠᠨ᠎ᠤ ᠦᠨ᠎ᠡ ᠶᠡᠷᠦᠩᠬᠡᠶ᠎ᠳᠡᠭᠡᠨ ᠲᠣᠭ᠍ᠲᠠᠭᠤᠨ ᠪᠠᠢᠵᠤ᠂ ᠬᠤᠲᠠ ᠪᠠᠯᠭᠠᠰᠤᠨ᠎ᠳᠤ ᠠᠵᠢᠯ ᠤᠯᠤᠭ᠍ᠰᠠᠨ ᠬᠦᠮᠦᠨ 1256 ᠲᠦᠮᠨ ᠱᠢᠨ᠎ᠡ᠎ᠪᠠᠷ ᠨᠡᠮᠡᠭ᠌ᠳᠡᠵᠤ᠂ ᠬᠤᠲᠠ ᠪᠠᠯᠭᠠᠰᠤᠨ᠎ᠤ ᠪᠠᠢᠴᠠᠭᠠᠭ᠍ᠰᠠᠨ ᠠᠵᠢᠯ ᠠᠯᠳᠠᠯᠲᠠ᠎ᠶ᠋ᠢᠨ ᠨᠣᠷᠮ᠎ᠠ ᠳᠤᠮᠳᠠᠴᠢ᠎ᠪᠠᠷ 5.1% ᠪᠣᠯᠵᠤ᠂ ᠰᠠᠭᠤᠭᠠᠯᠢ ᠠᠷᠠᠳ᠎ᠤᠨ ᠬᠡᠷᠡᠭ᠌ᠯᠡᠭᠡ᠎ᠶ᠋ᠢᠨ ᠦᠨ᠎ᠡ 0.2% ᠎ᠢᠶᠠᠷ ᠥᠰᠪᠡ᠃ ᠤᠯᠤᠰ᠎ᠤᠨ ᠬᠤᠭᠤᠷᠤᠨᠳᠤᠬᠢ ᠣᠷᠣᠯᠭ᠎ᠠ ᠵᠠᠷᠤᠯᠭ᠎ᠠ ᠦᠨᠳᠦᠰᠦᠨ᠎ᠳᠡᠭᠡᠨ ᠲᠡᠩᠴᠡᠭᠦᠷᠢᠲᠡᠶ ᠪᠠᠢᠵᠤ᠂ ᠭᠠᠳᠠᠭᠠᠳᠤ ᠠᠷᠠᠯᠵᠢᠶᠠᠨ᠎ᠤ ᠬᠡᠪᠴᠢᠶ᠎ᠡ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠴᠦ᠍᠂ ᠤᠯᠠᠨ ᠤᠯᠤᠰ᠎ᠤᠨ ᠵᠠᠬ᠎ᠠ ᠳᠡᠯᠭᠡᠭᠦᠷ᠎ᠲᠠᠬᠢ ᠬᠤᠪᠢᠳᠠᠴᠡ ᠲᠣᠭ᠍ᠲᠠᠭᠤᠨ ᠪᠠᠢᠬᠤ᠎ᠶ᠋ᠢᠨ ᠵᠡᠷᠭᠡ᠎ᠳᠤ ᠳᠡᠭᠡᠭ᠌ᠰᠢᠯᠡᠵᠦ᠍᠂ ᠭᠠᠳᠠᠭᠠᠳᠤ ᠭᠤᠪᠢᠭᠤᠯᠭ᠎ᠠ᠎ᠶ᠋ᠢᠨ ᠨᠥᠭᠡᠴᠡ 3.2 ᠲᠦᠮᠡᠨ ᠳ᠋ᠦᠩᠱᠢᠭᠤᠷ ᠳ᠋ᠣᠯᠯᠠᠷ᠎ᠢ ᠳᠠᠪᠠᠪᠠ᠃ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠪᠡᠳᠦ ᠪᠠᠬᠢ ᠪᠠᠢᠵᠤ᠂ ᠰᠠᠭᠤᠭᠠᠯᠢ ᠠᠷᠠᠳ᠎ᠤᠨ ᠬᠥᠮᠦᠨ ᠳᠤᠮᠳᠠᠴᠢ᠎ᠶ᠋ᠢᠨ ᠡᠵᠡᠮᠳᠡᠵᠦ᠍ ᠪᠣᠯᠬᠤ ᠣᠷᠣᠯᠭ᠎ᠠ 5.1% ᠎ᠪᠠᠷ ᠪᠣᠳᠠᠲᠠᠶ ᠨᠡᠮᠡᠭ᠌ᠳᠡᠵᠦ᠍᠂ ᠶᠠᠳᠠᠭᠤ ᠎ᠠᠴᠠ ᠠᠩᠭᠢᠵᠢᠷᠠᠭᠤᠯᠬᠤ ᠪᠡᠷᠭᠡ ᠰᠡᠳᠦᠪ᠎ᠢ ᠱᠢᠢᠳᠪᠤᠷᠢᠯᠡᠭ᠌ᠰᠡᠨ ᠦᠷ᠎ᠡ ᠪᠦᠲᠦᠭᠡᠯ᠎ᠢ ᠦᠷᠭᠦᠯᠵᠢᠯᠡᠨ ᠪᠠᠬᠢᠵᠢᠬᠦᠯᠦᠨ ᠥᠷᠭᠡᠳᠭᠡᠵᠤ᠂ ᠠᠯᠪᠠᠨ ᠵᠢᠷᠤᠮ᠎ᠤᠨ ᠰᠤᠷᠭᠠᠨ ᠬᠥᠮᠦᠵᠢᠯ᠂ ᠦᠨᠳᠦᠰᠦᠨ ᠨᠠᠰᠤᠵᠢᠯ᠎ᠤᠨ ᠠᠰᠠᠷᠠᠮᠵᠢ᠂ ᠦᠨᠳᠦᠰᠦᠨ ᠡᠮᠨᠡᠯᠭᠡ᠂ ᠨᠡᠢᠭᠡᠮ᠎ᠤᠨ ᠠᠪᠤᠷᠠᠨ ᠲᠤᠰᠠᠯᠠᠯᠳᠠ ᠵᠡᠷᠭᠡ ᠪᠠᠲᠤᠯᠠᠭ᠎ᠠ᠎ᠶ᠋ᠢᠨ ᠡᠷᠴᠢᠮ᠎ᠢ ᠴᠢᠩᠭᠠᠷᠠᠭᠤᠯᠪᠠ᠃ ᠭᠤᠤᠯᠳᠠᠯᠭ᠎ᠠ᠎ᠲᠠᠢ ᠬᠦᠷᠢᠶᠡᠨ᠎ᠳᠠᠬᠢ ᠠᠶᠤᠯ ᠲᠦᠭ᠌ᠰᠢᠭᠦᠷᠢ᠎ᠶ᠋ᠢ ᠠᠷᠢᠯᠭᠠᠬᠤ ᠠᠵᠢᠯ ᠡᠮᠬᠢ ᠵᠢᠷᠤᠮ᠎ᠲᠠᠢ ᠪᠥᠭᠡᠳ ᠪᠦᠲᠦᠮᠵᠢᠲᠡᠶ ᠪᠠᠢᠵᠤ᠂ ᠨᠡᠢᠭᠡᠮ᠎ᠤᠨ ᠶᠡᠭᠡ ᠲᠠᠯ᠎ᠠ᠎ᠶ᠋ᠢᠨ ᠲᠣᠭ᠍ᠲᠠᠭᠤᠨ ᠪᠠᠢᠳᠠᠯ᠎ᠢ ᠪᠠᠲᠤᠯᠠᠪᠠ᠃

《ᠤᠷᠤᠭ᠍ᠰᠢᠯᠠᠬᠤ》 ᠠᠯᠬᠤᠭ᠎ᠠ ᠢᠳᠡᠷᠭᠡᠭ ᠪᠠᠳᠤ ᠪᠠᠢᠨ᠎ᠠ᠃ ᠭᠤᠣᠯ ᠢᠯᠡᠷᠡᠯ᠎ᠨᠢ ᠬᠡᠪᠡᠯ᠂ ᠠᠵᠤ ᠦᠢᠯᠡᠰ᠎ᠤᠨ ᠳᠡᠰ ᠳᠠᠪᠱᠢᠯᠲᠠ ᠱᠢᠨ᠎ᠡ ᠠᠬᠢᠯᠲᠠ᠎ᠲᠠᠢ ᠪᠣᠯᠵᠤ᠂ ᠠᠮᠤ ᠪᠤᠳᠠᠭᠠᠨ᠎ᠤ ᠤᠨᠠᠯᠲᠠ ᠠᠩᠬ᠎ᠠ ᠤᠳᠠᠭ᠎ᠠ 1.4 ᠲᠦᠮᠡᠨ ᠳ᠋ᠦᠩᠱᠢᠭᠤᠷ ᠵᠢᠩ ᠎ᠤᠨ ᠱᠢᠨ᠎ᠡ ᠳᠡᠭ᠌ᠲᠡᠷ᠎ᠲᠤ ᠭᠠᠷᠴᠤ᠌᠂ ᠮᠦ᠍ ᠪᠦᠷᠢ᠎ᠶ᠋ᠢᠨ ᠤᠨᠠᠯᠲᠠ 10.1 ᠵᠢᠩ ᠳᠡᠭᠡᠭ᠌ᠰᠢᠯᠡᠪᠡ; ᠳᠡᠭᠡᠳᠦ ᠮᠡᠷᠭᠡᠵᠢᠯ᠎ᠤᠨ ᠦᠢᠯᠡᠳᠬᠦ᠌ ᠦᠢᠯᠡᠰ᠂ ᠲᠣᠨᠣᠭ᠍ᠯᠠᠯ ᠦᠢᠯᠡᠳᠬᠦ᠌ ᠦᠢᠯᠡᠰ᠎ᠤᠨ ᠨᠡᠮᠡᠭ᠌ᠳᠡᠯ ᠥᠷᠲᠡᠭ ᠲᠣᠰ ᠲᠣᠰ 8.9%᠂ 7.7% ᠎ᠪᠠᠷ ᠨᠡᠮᠡᠭ᠌ᠳᠡᠵᠦ᠍᠂ ᠱᠢᠨ᠎ᠡ ᠡᠨᠧᠷᠭᠢ᠎ᠶ᠋ᠢᠨ ᠰᠤᠷᠪᠤᠯᠵᠢ ᠬᠡᠷᠡᠭ᠌ᠯᠡᠬᠦ᠌ ᠮᠠᠱᠢᠨ ᠲᠡᠷᠭᠡᠨ᠎ᠤ ᠵᠢᠯ᠎ᠤᠨ ᠭᠠᠷᠤᠯᠲᠠ 1300 ᠲᠦᠮᠡ᠎ᠶ᠋ᠢ ᠳᠠᠪᠠᠪᠠ; ᠮᠡᠳᠡᠭᠡ ᠵᠠᠩᠭᠢ ᠳᠠᠮᠵᠢᠭᠤᠯᠬᠤ ᠵᠥᠭᠡᠯᠡᠨ ᠲᠣᠨᠤᠭ ᠪᠠ ᠮᠡᠳᠡᠭᠡ ᠵᠠᠩᠭᠢ᠎ᠶ᠋ᠢᠨ ᠮᠡᠷᠭᠡᠵᠢᠯ ᠎ᠤᠨ ᠦᠢᠯᠡᠴᠢᠯᠡᠭᠡᠨ᠎ᠤ ᠦᠢᠯᠡᠰ᠂ ᠲᠦᠷᠢᠶᠡᠰᠦᠯᠡᠯ ᠪᠠ ᠬᠤᠳᠠᠯᠳᠤᠭᠠᠨ᠎ᠤ ᠶᠠᠪᠤᠳᠠᠯ᠎ᠤᠨ ᠦᠢᠯᠡᠴᠢᠯᠡᠭᠡᠨ᠎ᠤ ᠦᠢᠯᠡᠰ᠎ᠤᠨ ᠨᠡᠮᠡᠭ᠌ᠳᠡᠯ ᠥᠷᠲᠡᠭ ᠲᠣᠰ ᠲᠣᠰ 10.9%᠂ 10.4% ᠎ᠪᠠᠷ ᠨᠡᠮᠡᠭ᠌ᠳᠡᠪᠡ᠃ ᠱᠢᠨ᠎ᠡ᠎ᠶ᠋ᠢ ᠡᠭᠦᠳᠬᠦ᠌ ᠴᠢᠳᠠᠪᠤᠷᠢ ᠱᠢᠨ᠎ᠡ ᠳᠡᠭᠡᠭ᠌ᠰᠢᠯᠡᠯᠲᠡ᠎ᠲᠠᠢ ᠪᠣᠯᠵᠤ᠂ ᠬᠤᠷᠠᠮᠠᠯ ᠴᠠᠬᠢᠯᠭᠠᠨ ᠬᠡᠯᠬᠢᠶ᠎ᠡ᠂ ᠵᠤᠬᠢᠶᠠᠮᠠᠯ ᠤᠶᠤᠯᠢᠭ᠂ ᠺᠸᠠᠨ᠋ᠲ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠵᠡᠷᠭᠡ ᠬᠦᠷᠢᠶᠡᠨ᠎ᠳᠤ ᠱᠢᠨ᠎ᠡ ᠦᠷ᠎ᠡ ᠪᠦᠲᠦᠭᠡᠯ ᠣᠯᠪᠠ; 《ᠴᠠᠩ ᠧ ᠵᠢᠷᠭᠤᠳᠤᠭᠠᠷ》 ᠬᠥᠮᠦᠨ ᠲᠥᠷᠥᠯᠬᠢᠲᠡᠨ᠎ᠤ ᠠᠩᠬ᠎ᠠ ᠤᠳᠠᠭ᠎ᠠ ᠰᠠᠷᠠᠨ ᠪᠥᠮᠪᠥᠷᠴᠡᠭ᠎ᠤᠨ ᠠᠷᠤ ᠲᠠᠯ᠎ᠠ᠎ᠠᠴᠠ ᠦᠯᠢᠭᠡᠷ ᠠᠪᠴᠤ᠌ ᠪᠤᠴᠠᠵᠤ ᠢᠷᠡᠬᠦ᠌᠎ᠶ᠋ᠢ ᠪᠡᠶᠡᠯᠡᠭᠦᠯᠦᠨ᠂ 《ᠬᠦᠰᠡᠯ ᠡᠷᠡᠮᠡᠯᠵᠡᠯ》 ᠨᠡᠷᠡᠮᠵᠢᠲᠦ ᠶᠡᠭᠡ ᠲᠠᠯᠠᠢ᠎ᠳᠤ ᠥᠷᠥᠮᠳᠡᠨ ᠬᠠᠢᠬᠤ ᠣᠩᠭᠤᠴᠠ᠎ᠶ᠋ᠢ ᠪᠠᠢᠭᠤᠯᠤᠨ ᠪᠦᠳᠦᠬᠡᠬᠡᠳ ᠵᠢᠭ᠍ᠰᠠᠭᠠᠯ᠎ᠳᠤ ᠣᠷᠣᠭᠤᠯᠪᠠ; ᠮᠡᠷᠭᠡᠵᠢᠯ᠎ᠤᠨ ᠭᠡᠷ᠎ᠡ᠎ᠶ᠋ᠢᠨ ᠠᠷᠠᠯᠵᠢᠶ᠎ᠠ ᠲᠤᠬᠢᠷᠠᠭ᠍ᠰᠠᠨ ᠲᠤᠭ᠎ᠠ 11.2% ᠎ᠢᠶᠠᠷ ᠨᠡᠮᠡᠭ᠌ᠳᠡᠪᠡ᠃ ᠠᠮᠢ ᠠᠬᠤᠢ᠎ᠶ᠋ᠢᠨ ᠣᠷᠴᠢᠨ ᠨᠦᠬᠦᠴᠡᠯ᠎ᠤᠨ ᠶᠠᠰᠤ ᠴᠢᠨᠠᠷ ᠱᠢᠨ᠎ᠡ ᠰᠠᠢᠵᠢᠷᠠᠯᠲᠠ᠎ᠲᠠᠢ ᠪᠣᠯᠵᠤ᠂ ᠲᠤᠰᠭᠠᠶ ᠣᠷᠣᠨ᠎ᠤ ᠲᠠᠰ ᠵᠢᠴᠢ ᠲᠡᠭᠦᠨ᠎ᠠᠴᠠ ᠳᠡᠭᠡᠭ᠌ᠰᠢᠬᠢ ᠬᠤᠲᠠ᠎ᠶ᠋ᠢᠨ ᠵᠢᠵᠢᠭ ᠮᠥᠬᠦᠯᠢᠭ᠌ᠲᠦ ᠪᠣᠳᠠᠰ (PM2.5)ᠤ᠋ᠨ ᠳᠤᠮᠳᠠᠴᠢ ᠥᠳᠭᠡᠴᠡ 2.7% ᠎ᠪᠠᠷ ᠪᠠᠭᠤᠷᠠᠵᠤ᠂ ᠴᠠᠪᠡᠷ ᠠᠭᠠᠷᠳᠤ ᠡᠳᠦᠷ᠎ᠤᠨ ᠲᠤᠭ᠎ᠠ᠎ᠶ᠋ᠢᠨ ᠬᠠᠷᠢᠴᠠᠯ 87.2% ᠪᠣᠯᠤᠨ ᠳᠡᠭᠡᠭ᠌ᠰᠢᠯᠡᠵᠦ᠍᠂ ᠭᠠᠵᠠᠷ᠎ᠤᠨ ᠭᠠᠳᠠᠷᠭᠤ᠎ᠶ᠋ᠢᠨ ᠤᠰᠤᠨ᠎ᠤ ᠴᠢᠨᠡᠷ ᠱᠢᠯᠢᠳᠡᠭ ᠰᠠᠢᠨ ᠤᠰᠤᠨ᠎ᠤ ᠣᠭ᠍ᠲᠣᠯᠤᠭᠠᠰᠤ᠎ᠶ᠋ᠢᠨ ᠬᠠᠷᠢᠴᠠᠯ᠎ᠢ 90.4% ᠪᠣᠯᠲᠠᠯ᠎ᠠ ᠳᠡᠭᠡᠭ᠌ᠰᠢᠯᠡᠭᠦᠯᠪᠠ; ᠨᠢᠭᠡᠴᠢ ᠤᠯᠤᠰ᠎ᠤᠨ ᠳᠣᠲᠣᠭᠠᠳᠤ᠎ᠶ᠋ᠢᠨ ᠦᠢᠯᠡᠳᠪᠦᠷᠢᠯᠡᠯ᠎ᠤᠨ ᠪᠦᠬᠦ᠌ ᠦᠷᠲᠡᠭ᠎ᠤᠨ ᠡᠨᠧᠷᠭᠢ᠎ᠶ᠋ᠢᠨ ᠬᠤᠷᠣᠭ᠍ᠳᠠᠭᠤᠯᠤᠯ᠎ᠤᠨ ᠪᠠᠭᠤᠷᠠᠯᠲᠠ᠎ᠶ᠋ᠢᠨ ᠬᠡᠮᠵᠢᠶ᠎ᠡ 3% ᠎ᠶ᠋ᠢ ᠲᠠᠪᠠᠪᠠ; ᠳᠠᠬᠢᠨ ᠡᠭᠦᠰᠴᠦ᠍ ᠪᠣᠯᠬᠤ ᠡᠨᠧᠷᠭᠢ᠎ᠶ᠋ᠢᠨ ᠰᠤᠷᠪᠤᠯᠵᠢ᠎ᠶ᠋ᠢᠨ ᠱᠢᠨ᠎ᠠ᠎ᠪᠠᠷ ᠨᠡᠮᠡᠭ᠌ᠳᠡᠭ᠌ᠰᠡᠨ ᠮᠠᠱᠢᠨ ᠴᠤᠭ᠍ᠴᠠᠯᠠᠪᠤᠷᠢ᠎ᠶ᠋ᠢᠨ ᠬᠡᠪᠴᠢᠶ᠎ᠠ 3.7 ᠳ᠋ᠦᠩᠱᠢᠭᠤᠷ ᠺᠢᠯᠣᠸᠠᠲ᠎ᠲᠤ ᠬᠦᠷᠪᠡ᠃ ᠥᠭᠡᠷᠡᠴᠢᠯᠡᠯᠲᠡ ᠨᠡᠭᠡᠭᠡᠯᠲᠡ ᠱᠢᠨ᠎ᠡ ᠱᠢᠪᠲᠤᠯᠤᠯᠲᠠ᠎ᠲᠠᠢ ᠪᠣᠯᠵᠤ᠂ ᠨᠠᠮ᠎ᠤᠨ ᠬᠤᠷᠢᠳᠤᠭᠠᠷ ᠬᠤᠭᠤᠴᠠᠭᠠᠨ᠎ᠤ ᠲᠥᠪ ᠬᠤᠷᠢᠶ᠎ᠠ ᠵᠢᠨ ᠬᠤᠶᠠᠳᠤᠭᠠᠷ ᠪᠦᠬᠦᠳᠡ ᠬᠤᠷᠠᠯ᠂ ᠭᠤᠷᠪᠠᠳᠤᠭᠠᠷ ᠪᠥᠬᠦᠳᠡ ᠬᠤᠷᠠᠯ᠎ᠤᠨ ᠥᠭᠡᠷᠡᠴᠢᠯᠡᠯᠲᠡ᠎ᠶ᠋ᠢᠨ ᠪᠠᠢᠷᠢᠯᠠᠭᠤᠯᠤᠯᠲᠠ᠎ᠶ᠋ᠢ ᠯᠠᠪᠳᠠᠭᠤᠨ ᠪᠠᠲᠤᠲᠠᠶ ᠪᠦᠬᠡᠳ ᠬᠦᠴᠦᠲᠡᠶ ᠨᠠᠢᠳᠠᠪᠤᠷᠢᠵᠢᠭᠤᠯᠵᠤ᠂ ᠪᠠᠢᠭᠤᠯᠤᠮᠵᠢ᠎ᠶ᠋ᠢᠨ ᠥᠭᠡᠷᠡᠴᠢᠯᠡᠯᠲᠡ᠎ᠶ᠋ᠢ ᠪᠦᠬᠦ᠌ ᠲᠠᠯ᠎ᠠ᠎ᠪᠠᠷ ᠪᠡᠶᠡᠯᠡᠭᠦᠯᠵᠦ᠍᠂ ᠪᠦᠬᠦ᠌ ᠤᠯᠤᠰ᠎ᠤᠨ ᠨᠢᠭᠡᠳᠦᠯᠲᠡᠶ ᠲᠤᠮᠤ ᠵᠠᠬ᠎ᠠ ᠳᠡᠯᠭᠡᠭᠦᠷ᠎ᠢ ᠪᠠᠢᠭᠤᠯᠬᠤ᠂ ᠬᠠᠤᠯᠢ᠎ᠪᠠᠷ ᠲᠣᠭ᠍ᠲᠠᠭᠠᠭ᠍ᠰᠠᠨ ᠠᠵᠢᠯ᠎ᠠᠴᠠ ᠪᠠᠭᠤᠵᠤ ᠠᠮᠠᠷᠠᠬᠤ ᠨᠠᠰᠤ᠎ᠶ᠋ᠢ ᠠᠭᠠᠵᠢᠮ᠎ᠢᠶᠠᠷ ᠱᠠᠳᠤᠯᠠᠨ ᠬᠤᠢᠱᠢᠯᠠᠭᠤᠯᠬᠤ ᠵᠡᠷᠭᠡ ᠴᠢᠬᠤᠯᠠ ᠶᠡᠭᠡ ᠥᠭᠡᠷᠡᠴᠢᠯᠡᠯᠲᠡ᠎ᠶ᠋ᠢᠨ ᠠᠷᠭ᠎ᠠ ᠬᠡᠮᠵᠢᠶ᠎ᠡ᠎ᠶ᠋ᠢ ᠵᠠᠯᠭᠠᠭ᠎ᠠ ᠵᠠᠯᠭᠠᠭ᠎ᠠ᠎ᠪᠠᠷ ᠬᠡᠷᠡᠭ᠌ᠵᠢᠭᠦᠯᠪᠡ; ᠦᠢᠯᠡᠳᠬᠦ᠌ ᠦᠢᠯᠡᠰ᠎ᠤᠨ ᠬᠦᠷᠢᠶᠡᠨ᠎ᠳᠠᠬᠢ ᠭᠠᠳᠠᠭᠠᠳᠤ ᠪᠡᠯᠡ᠎ᠶ᠋ᠢᠨ ᠵᠠᠬ᠎ᠠ ᠳᠡᠯᠬᠡᠬᠦᠷ᠎ᠲᠤ ᠣᠷᠣᠬᠤ ᠵᠥᠪᠱᠢᠶᠡᠷᠡᠯ᠎ᠤᠨ ᠬᠢᠵᠠᠭᠠᠷᠯᠠᠬᠤ ᠠᠷᠭ᠎ᠠ ᠬᠡᠮᠵᠢᠶ᠎ᠡ᠎ᠶ᠋ᠢ ᠪᠦᠬᠦᠨ᠎ᠢ ᠬᠦᠴᠦᠨ ᠦᠭᠡᠢ ᠪᠣᠯᠭᠠᠵᠤ᠂ 《ᠨᠢᠭᠡ ᠪᠦᠰᠡ ᠨᠢᠭᠡ ᠵᠠᠮ》 ᠢ᠋ ᠬᠠᠮᠲᠤ᠎ᠪᠠᠷ ᠪᠠᠢᠭᠤᠯᠬᠤ ᠠᠷᠠᠯᠵᠢᠶ᠎ᠠ ᠪᠡᠯᠡ ᠣᠷᠣᠭᠤᠯᠤᠯᠲᠠ᠎ᠶ᠋ᠢᠨ ᠬᠠᠮᠲᠤᠷᠠᠯᠴᠠᠭ᠎ᠠ᠎ᠶ᠋ᠢ ᠲᠠᠰᠤᠷᠠᠯᠳᠠ ᠦᠭᠡᠢ ᠪᠠᠭ᠍ᠳᠠᠭᠠᠮᠵᠢ᠎ᠶ᠋ᠢ᠎ᠨᠢ ᠥᠷᠭᠡᠳᠭᠡᠨ ᠲᠡᠰ ᠳᠡᠪᠱᠢᠭᠦᠯᠪᠡ᠃

ᠥᠩᠭᠡᠷᠡᠭ᠌ᠰᠡᠨ ᠨᠢᠭᠡ ᠵᠢᠯ᠎ᠢ ᠡᠷᠭᠢᠴᠡᠭᠦᠯᠪᠡᠯ᠂ ᠠᠮᠵᠢᠯᠲᠠ ᠪᠦᠲᠦᠮᠵᠢ᠎ᠶ᠋ᠢ ᠬᠢᠯᠪᠠᠷ ᠪᠤᠰᠤ᠎ᠪᠠᠷ ᠣᠯᠤᠭ᠍ᠰᠠᠨ ᠶᠤᠮ᠃ ᠭᠠᠳᠠᠭᠠᠳᠤ ᠣᠷᠴᠢᠨ ᠨᠦᠬᠦᠴᠡᠯ᠎ᠤᠨ ᠬᠤᠪᠢᠷᠠᠯᠲᠠ᠎ᠠᠴᠠ ᠪᠣᠯᠤᠭ᠍ᠰᠠᠨ ᠠᠱᠢᠭ ᠦᠭᠡᠢ ᠨᠥᠯᠥᠭᠡ ᠦᠷᠭᠦᠯᠵᠢᠯᠡᠨ ᠭᠦᠨᠵᠡᠭᠡᠢᠷᠡᠵᠦ᠍᠂ ᠤᠯᠤᠰ᠎ᠤᠨ ᠳᠣᠲᠣᠭᠠᠳᠤ᠎ᠶ᠋ᠢᠨ ᠤᠷᠲᠤ ᠬᠤᠭᠤᠴᠠᠭ᠎ᠠ᠎ᠪᠠᠷ ᠬᠤᠷᠠᠮᠳᠤᠭ᠍ᠰᠠᠨ ᠵᠠᠷᠢᠮ ᠭᠦᠨ ᠳᠠᠪᠬᠤᠷᠭ᠎ᠠ᠎ᠶ᠋ᠢᠨ ᠪᠦᠲᠦᠴᠡ᠎ᠶ᠋ᠢᠨ ᠴᠢᠨᠠᠷᠲᠠᠶ ᠵᠥᠷᠢᠴᠡᠯ ᠲᠥᠪᠯᠡᠷᠡᠩᠭᠦᠢ ᠢᠯᠡᠷᠡᠵᠦ᠍᠂ ᠳᠣᠲᠣᠭᠠᠳᠤ ᠬᠡᠷᠡᠭ᠌ᠴᠡᠭᠡ ᠮᠠᠭᠤᠳᠠᠭ᠍ᠰᠠᠨ᠂ ᠵᠢᠱ᠌ᠢᠯᠲᠡ ᠪᠠᠭᠤᠷᠠᠶ ᠪᠣᠯᠤᠭ᠍ᠰᠠᠨ ᠵᠡᠷᠭᠡ ᠠᠰᠠᠭᠤᠳᠠᠯ ᠰᠣᠯᠪᠢᠴᠠᠨ ᠳᠠᠪᠬᠤᠴᠠᠵᠤ᠂ ᠬᠡᠰᠡᠭ ᠭᠠᠵᠠᠷ ᠣᠷᠣᠨ᠎ᠳᠤ ᠦᠶᠡᠷ ᠤᠰᠤᠲᠤᠯ ᠵᠡᠷᠭᠡ ᠪᠠᠢᠭᠠᠯᠢ᠎ᠶ᠋ᠢᠨ ᠭᠠᠮᠱᠢᠭ ᠣᠯᠠᠨᠲᠠ ᠭᠠᠷᠴᠤ᠌᠂ ᠠᠵᠤ ᠠᠬᠤᠶ ᠨᠡᠢᠭᠡᠮ᠎ᠤᠨ ᠲᠣᠭ᠍ᠲᠠᠭᠤᠨ ᠠᠵᠢᠯᠯᠠᠭᠠᠨ᠎ᠢ ᠪᠠᠲᠤᠯᠠᠬᠤ᠎ᠳᠤ ᠬᠦᠴᠢᠷᠳᠡᠯ ᠶᠡᠬᠡᠰᠪᠡ᠃ ᠣᠯᠠᠨ ᠳᠠᠪᠬᠤᠷ ᠬᠦᠴᠢᠷ ᠪᠡᠷᠬᠡᠱᠢᠶᠡᠯ ᠪᠠ ᠱᠢᠯᠭᠠᠯᠳᠠ᠎ᠶ᠋ᠢᠨ ᠡᠮᠦᠨ᠎ᠡ᠂ ᠪᠢᠳᠡ ᠬᠠᠳᠠᠭᠠᠯᠠᠯᠳᠠ ᠲᠥᠷᠥ᠎ᠶ᠋ᠢᠨ ᠪᠣᠳᠣᠯᠭ᠎ᠠ᠎ᠶ᠋ᠢ ᠬᠦᠴᠦᠯᠡᠨ ᠬᠡᠷᠡᠭ᠌ᠵᠢᠭᠦᠯᠵᠦ᠍᠂ ᠬᠤᠷᠸ᠎ᠠ ᠲᠤᠬᠢᠷᠠᠭᠤᠯᠤᠯ ᠡᠵᠡᠮᠳᠡᠯ᠎ᠢ ᠴᠠᠭ᠎ᠲᠤᠨᠢ ᠲᠤᠬᠢᠷᠠᠭᠤᠯᠤᠨ ᠱᠢᠯᠢᠳᠡᠭ᠌ᠵᠢᠭᠦᠯᠵᠦ᠍᠂ ᠢᠳᠡᠪᠬᠢᠲᠡᠶ ᠪᠥᠭᠡᠳ ᠪᠦᠲᠦᠮᠵᠢᠲᠡᠶ᠎ᠪᠠᠷ ᠠᠷᠭᠠᠴᠠᠪᠠ᠃ ᠣᠨᠴᠠᠭᠠᠢᠯᠠᠨ 9 ᠰᠠᠷ᠎ᠠ᠎ᠶ᠋ᠢᠨ 26 ᠎ᠤ ᠡᠳᠦᠷ᠎ᠤᠨ ᠲᠥᠪ ᠬᠤᠷᠢᠶ᠎ᠠ ᠵᠢᠨ ᠤᠯᠤᠰ ᠲᠥᠷᠥ᠎ᠶ᠋ᠢᠨ ᠲᠣᠪᠴᠢᠶ᠎ᠠ ᠵᠢᠨ ᠬᠤᠷᠠᠯ᠎ᠠᠴᠠ ᠡᠷᠡᠰ ᠱᠢᠭᠤᠷᠬᠠᠶ᠎ᠪᠠᠷ ᠪᠠᠢᠷᠢᠯᠠᠭᠤᠯᠤᠭ᠍ᠰᠠᠨ ᠬᠠᠮ ᠨᠡᠮᠡᠭ᠌ᠳᠡᠯ ᠲᠥᠷᠥ᠎ᠶ᠋ᠢᠨ ᠪᠣᠳᠣᠯᠭ᠎ᠠ᠎ᠶ᠋ᠢ ᠡᠷᠡᠰ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠠᠵᠤ ᠠᠬᠤᠢ᠎ᠶ᠋ᠢᠨ ᠢᠯᠡᠳᠲᠡ ᠡᠷᠬᠢᠵᠦ᠍ ᠰᠠᠢᠵᠢᠷᠠᠬᠤ᠎ᠶ᠋ᠢ ᠠᠬᠢᠭᠤᠯᠵᠤ᠂ ᠨᠡᠢᠭᠡᠮ ᠨᠡᠢᠲᠡ᠎ᠶ᠋ᠢᠨ ᠢᠲᠡᠭᠡᠯ ᠵᠣᠷᠢᠭ᠎ᠢ ᠪᠦᠲᠦᠮᠵᠢᠲᠡᠶ ᠬᠦᠪᠴᠢᠯᠡᠭ᠌ᠰᠡᠨ᠎ᠢᠶᠠᠷ᠂ ᠪᠦᠬᠦ᠌ ᠵᠢᠯ᠎ᠤᠨ ᠬᠠᠷᠠᠯᠲᠠ᠎ᠪᠠᠨ ᠪᠡᠶᠡᠯᠡᠭᠦᠯᠬᠦ᠌᠎ᠶ᠋ᠢ ᠠᠬᠢᠭᠤᠯᠤᠭ᠍ᠰᠠᠨ ᠮᠥᠷᠲᠡᠭᠡᠨ ᠡᠨᠡ ᠵᠢᠯ᠎ᠤᠨ ᠬᠥᠭ᠌ᠵᠢᠯᠲᠡ᠎ᠳᠤ ᠴᠤ᠌ ᠰᠠᠢᠨ ᠰᠠᠭᠤᠷᠢ᠎ᠶ᠋ᠢ ᠲᠠᠯᠪᠢᠵᠤ ᠥᠭ᠌ᠪᠡ᠃ ᠡᠨᠡ ᠶᠠᠪᠤᠴᠠ᠎ᠳᠤ᠂ ᠪᠢᠳᠡ ᠠᠵᠤ ᠠᠬᠤᠶ᠎ᠶ᠋ᠢᠨ ᠠᠵᠢᠯ᠎ᠤᠨ ᠵᠢᠮ᠎ᠡ ᠶᠣᠰᠣᠴᠢ ᠴᠢᠨᠠᠷ᠎ᠤᠨ ᠲᠤᠬᠠᠶ ᠲᠠᠨᠢᠯᠲᠠ᠎ᠪᠠᠨ ᠭᠦᠨᠵᠡᠭᠡᠢᠷᠡᠭᠦᠯᠵᠦ᠍᠂ ᠨᠠᠮ᠎ᠤᠨ ᠲᠥᠪ ᠬᠣᠷᠢᠶ᠎ᠠ ᠵᠢᠨ  ᠲᠥᠪᠯᠡᠷᠡᠩᠭᠦᠢ ᠨᠢᠭᠡᠳᠦᠯᠲᠡᠶ ᠤᠳᠤᠷᠢᠳᠤᠯᠭ᠎ᠠ ᠪᠣᠯ ᠠᠵᠤ ᠠᠬᠤᠶ᠎ᠶ᠋ᠢᠨ ᠠᠵᠢᠯ᠎ᠢ ᠰᠠᠢᠲᠤᠷ ᠬᠢᠬᠦ᠌᠎ᠶ᠋ᠢᠨ ᠦᠨᠳᠦᠰᠦᠨ ᠪᠠᠲᠤᠯᠠᠭ᠎ᠠ ᠮᠥᠨ᠂ ᠡᠷᠬᠡᠪᠰᠢ ᠪᠦᠲᠦᠮᠵᠢᠲᠡᠶ ᠵᠠᠬ᠎ᠠ ᠳᠡᠯᠭᠡᠭᠦᠷ ᠪᠠ ᠴᠢᠷᠮᠠᠢᠯᠳᠠ᠎ᠲᠠᠢ ᠵᠠᠰᠠᠭ᠎ᠤᠨ ᠣᠷᠳᠣᠨ᠂ ᠶᠡᠷᠦᠩᠬᠡᠶ ᠬᠠᠩᠭᠠᠯᠭ᠎ᠠ ᠪᠠ ᠶᠡᠷᠦᠩᠬᠡᠶ ᠬᠡᠷᠡᠭ᠌ᠴᠡᠭᠡ᠂ ᠱᠢᠨ᠎ᠡ ᠬᠥᠳᠡᠯᠭᠡᠭ᠌ᠴᠢ ᠡᠨᠧᠷᠭᠢ᠎ᠶ᠋ᠢ ᠪᠤᠢᠵᠢᠭᠤᠯᠬᠤ ᠪᠠ ᠬᠠᠭᠤᠴᠢᠨ ᠬᠥᠳᠡᠯᠭᠡᠭ᠌ᠴᠢ ᠡᠨᠧᠷᠭᠢ᠎ᠶ᠋ᠢ ᠱᠢᠨᠡᠳᠭᠡᠬᠦ᠂ ᠨᠡᠮᠡᠭ᠌ᠳᠡᠯ᠎ᠢ ᠱᠢᠯᠢᠳᠡᠭ᠌ᠵᠢᠭᠦᠯᠬᠦ᠌ ᠪᠠ ᠬᠠᠳᠠᠭᠠᠯᠠᠯᠲᠠ᠎ᠶ᠋ᠢ ᠠᠮᠢᠳᠤᠯᠢᠬ ᠪᠤᠯᠭᠠᠬᠤ᠂ ᠶᠠᠰᠤ ᠴᠢᠨᠠᠷ᠎ᠢ ᠳᠡᠭᠡᠭ᠌ᠰᠢᠯᠡᠭᠦᠯᠬᠦ᠌ ᠪᠠ ᠶᠡᠷᠦᠩᠬᠡᠶ ᠬᠡᠮᠵᠢᠶ᠎ᠡ᠎ᠶ᠋ᠢ ᠪᠤᠵᠠᠭᠠᠢᠷᠠᠭᠤᠯᠬᠤ᠎ᠶ᠋ᠢᠨ ᠬᠠᠷᠢᠴᠠᠭ᠎ᠠ᠎ᠶ᠋ᠢ ᠰᠠᠢᠲᠤᠷ ᠨᠢᠬᠡᠳᠦᠯᠳᠡᠢ ᠲᠥᠯᠥᠪᠯᠡᠬᠦ᠌ ᠬᠡᠷᠡᠭ᠌ᠲᠡᠶ ᠭᠡᠳᠡᠭ᠎ᠢ ᠤᠯᠠᠮ ᠨᠢᠭᠡ ᠠᠯᠬᠤᠮ ᠲᠠᠨᠢᠵᠤ ᠣᠯᠪᠠ᠃ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠤᠯᠤᠰ ᠲᠠᠶᠠᠭᠠᠷ᠎ᠢᠶᠠᠨ ᠬᠦᠴᠦ᠍᠎ᠪᠠᠨ ᠲᠥᠪᠯᠡᠷᠡᠭᠦᠯᠦᠨ ᠪᠡᠷᠭᠡ ᠰᠡᠳᠦᠪ᠎ᠢ ᠱᠢᠢᠳᠪᠤᠷᠢᠯᠡᠪᠡᠯ᠂ ᠮᠠᠨ᠎ᠤ ᠤᠯᠤᠰ᠎ᠤᠨ ᠬᠥᠭ᠌ᠵᠢᠯᠲᠡ᠎ᠳᠤ ᠳᠠᠪᠠᠵᠤ ᠴᠢᠳᠠᠰᠢ ᠦᠭᠡᠢ ᠪᠡᠷᠬᠡ ᠪᠣᠭᠤᠮᠲᠠ ᠭᠡᠵᠦ᠍ ᠦᠭᠡᠢ ᠶᠤᠮ ᠭᠡᠳᠡᠭ᠎ᠢ ᠦᠢᠯᠡᠳᠦᠯᠬᠡ ᠳᠠᠬᠢᠨᠳᠠ ᠬᠡᠷᠡᠴᠢᠯᠡᠪᠡ᠃

ᠨᠢᠭᠡ ᠵᠢᠯ ᠎ᠤᠨ ᠲᠤᠷᠰᠢ᠂ ᠪᠢᠳᠡ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠣᠷᠢᠶ᠎ᠠ ᠵᠢᠨ  ᠡᠷᠬᠡ ᠰᠦᠷ ᠪᠣᠯᠤᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶ᠋ᠢ ᠡᠷᠡᠰ ᠬᠠᠮᠠᠭᠠᠯᠠᠵᠤ᠂ ᠨᠠᠮ᠎ᠤᠨ ᠤᠳᠤᠷᠢᠳᠤᠯᠭ᠎ᠠ᠎ᠶ᠋ᠢ ᠵᠠᠰᠠᠭ᠎ᠤᠨ ᠣᠷᠳᠣᠨ᠎ᠤ ᠠᠵᠢᠯ᠎ᠤᠨ ᠡᠯ᠎ᠡ ᠲᠠᠯ᠎ᠠ ᠪᠦᠬᠦ᠌ ᠶᠠᠪᠤᠴᠠ᠎ᠳᠤ ᠲᠤᠭᠤᠱᠢᠯᠠᠭᠤᠯᠤᠨ᠂ ᠨᠠᠮ᠎ᠤᠨ ᠬᠤᠷᠢᠳᠤᠭᠠᠷ ᠶᠡᠭᠡ ᠬᠤᠷᠠᠯ ᠪᠠ ᠬᠤᠷᠢᠳᠤᠭᠠᠷ ᠬᠤᠭᠤᠴᠠᠭᠠᠨ᠎ᠤ ᠲᠥᠪ ᠬᠣᠷᠢᠶ᠎ᠠ ᠵᠢᠨ  ᠬᠤᠶᠠᠳᠤᠭᠠᠷ ᠪᠦᠬᠦᠳᠡ ᠬᠤᠷᠠᠯ᠂ ᠭᠤᠷᠪᠠᠳᠤᠭᠠᠷ ᠪᠥᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠨᠠᠮ ᠎ᠤᠨ ᠲᠥᠪ ᠬᠣᠷᠢᠶ᠎ᠠ ᠵᠢᠨ  ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ ᠶᠣᠰᠣᠭᠠᠷ᠂ ᠭᠤᠤᠯᠳᠠᠭᠤ ᠳᠣᠤᠷᠠᠬᠢ ᠠᠵᠢᠯ᠎ᠤᠳ᠎ᠢ ᠬᠢᠪᠡ᠃

ᠨᠢᠭᠡ᠎ᠳᠤ ᠴᠠᠭ ᠪᠤᠯᠤᠨ ᠪᠠᠢᠳᠠᠯ᠎ᠳᠤ ᠲᠤᠬᠢᠷᠠᠭᠤᠯᠤᠨ ᠬᠤᠷᠸ᠎ᠠ ᠲᠤᠬᠢᠷᠠᠭᠤᠯᠤᠯ ᠡᠵᠡᠮᠳᠡᠯ᠎ᠢ ᠴᠢᠩᠭᠠᠳᠭᠠᠬᠤ ᠪᠠ ᠡᠨᠡ ᠲᠠᠯ᠎ᠠ᠎ᠪᠠᠷ ᠱᠢᠨ᠎ᠡ᠎ᠶ᠋ᠢ ᠡᠭᠦᠳᠴᠦ᠍᠂ ᠠᠵᠤ ᠠᠬᠤᠶ᠎ᠶ᠋ᠢᠨ ᠰᠡᠷᠬᠦᠵᠤ ᠰᠠᠢᠵᠢᠷᠠᠬᠤ᠎ᠶ᠋ᠢ ᠠᠬᠢᠭᠤᠯᠪᠠ᠃ ᠨᠢᠳᠤᠨᠤᠨ᠎ᠤ ᠨᠢᠭᠡᠳᠦᠭᠡᠷ ᠤᠯᠠᠷᠢᠯ᠎ᠤᠨ ᠠᠵᠤ ᠠᠬᠤᠶ ᠰᠠᠢᠨ ᠡᠬᠢᠯᠡᠯᠲᠡ᠎ᠲᠠᠢ ᠪᠠᠢᠬ᠍ᠰᠠᠨ ᠪᠣᠯᠪᠠᠴᠤ᠌᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠣᠯᠠᠨ ᠲᠠᠯ᠎ᠠ᠎ᠶ᠋ᠢᠨ ᠬᠦᠴᠦᠨ ᠵᠦᠢᠯ᠎ᠤᠨ ᠨᠥᠯᠥᠭᠡ᠎ᠠᠴᠠ ᠪᠤᠯᠵᠤ᠂ ᠬᠤᠶᠠᠳᠤᠭᠠᠷ ᠤᠯᠠᠷᠢᠯ᠎ᠳᠤ ᠤᠷᠤᠭ᠍ᠰᠠᠨ᠎ᠤ ᠳᠠᠷᠠᠭ᠎ᠠ ᠭᠤᠤᠯ ᠭᠤᠤᠯ ᠭᠦᠢᠴᠡᠳᠭᠡᠯ ᠲᠤᠭ᠎ᠠ ᠦᠷᠭᠦᠯᠵᠢᠯᠡᠨ ᠲᠤᠷᠤᠭ᠍ᠰᠢᠯᠠᠵᠤ᠂ ᠪᠠᠭᠤᠷᠠᠬᠤ ᠳᠠᠷᠤᠯᠲᠠ ᠶᠡᠬᠡᠰᠪᠠ᠃ ᠪᠢᠳᠡ ᠦᠶᠡᠯᠡᠯ ᠦᠭ᠌ᠰᠦᠬᠦᠯᠦᠨ ᠲᠣᠬᠢᠷᠠᠭᠤᠯᠤᠯᠲᠠ ᠬᠢᠬᠦ᠌᠎ᠪᠠᠨ ᠴᠢᠩᠭᠠᠳᠭᠠᠵᠤ᠂ ᠳᠣᠪᠤᠢᠮ᠎ᠠ ᠠᠰᠠᠭᠤᠳᠠᠯ᠎ᠤᠳ᠎ᠲᠤ ᠠᠩᠬᠠᠷᠤᠯ ᠲᠦᠪᠯᠡᠷᠡᠬᠦᠯᠦᠨ ᠬᠠᠨᠳᠤᠯᠭᠠᠲᠤ ᠴᠢᠨᠠᠷᠲᠠᠶ᠎ᠪᠠᠷ ᠠᠷᠭ᠎ᠠ ᠪᠣᠳᠣᠯᠭ᠎ᠠ ᠬᠡᠷᠡᠭ᠌ᠵᠢᠭᠦᠯᠵᠤ᠂ ᠬᠠᠳᠠᠭᠠᠯᠠᠯᠲᠠ ᠪᠣᠯᠤᠨ ᠨᠡᠮᠡᠭ᠌ᠳᠡᠯ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠬᠤ᠎ᠶ᠋ᠢ ᠴᠢᠩᠭ᠎ᠠ ᠠᠳᠭᠤᠵᠤ᠂ ᠬᠡᠷᠡᠭ᠌ᠴᠡᠭᠡ᠎ᠶ᠋ᠢᠨ ᠨᠡᠯᠢᠶᠡᠳ ᠲᠦᠷᠭᠡᠨ ᠡᠷᠬᠢᠵᠦ᠍ ᠰᠠᠢᠵᠢᠷᠠᠬᠤ᠎ᠶ᠋ᠢ ᠠᠬᠢᠭᠤᠯᠤᠨ᠂ ᠦᠢᠯᠡᠳᠪᠦᠷᠢᠯᠡᠯ᠎ᠤᠨ ᠨᠡᠮᠡᠭ᠌ᠳᠡᠯ ᠲᠦᠷᠭᠡᠳᠴᠦ᠍᠂ ᠵᠠᠬ᠎ᠠ ᠳᠡᠯᠭᠡᠭᠦᠷ᠎ᠤᠨ ᠵᠢᠱ᠌ᠢᠯᠲᠡ ᠢᠯᠡᠳᠲᠡ ᠰᠠᠢᠵᠢᠷᠠᠵᠤ᠂ ᠪᠦᠬᠦ᠌ ᠵᠢᠯ᠎ᠤᠨ ᠠᠵᠤ ᠠᠬᠤᠶ᠎ᠶ᠋ᠢᠨ ᠠᠵᠢᠯᠯᠠᠭᠠᠨ᠎ᠳᠤ ᠡᠮᠦᠨᠡᠬᠢ ᠬᠤᠭᠤᠴᠠᠭᠠᠨ᠎ᠳᠤ ᠰᠠᠢᠨ᠂ ᠳᠤᠮᠳᠠ ᠬᠤᠭᠤᠴᠠᠭᠠᠨ᠎ᠳᠤ ᠠᠨᠠᠢ᠂ ᠰᠡᠭᠦᠯ᠎ᠤᠨ ᠬᠤᠭᠤᠴᠠᠭᠠᠨ᠎ᠳᠤ ᠰᠡᠷᠬᠦᠭ᠌ᠰᠡᠨ ᠪᠠᠢᠳᠠᠯ ᠢᠯᠡᠷᠡᠪᠡ᠃ ᠡᠳ᠋᠎ᠤᠨ ᠵᠠᠰᠠᠭ ᠵᠣᠭᠤᠰᠣᠨ᠎ᠤ ᠲᠥᠷᠥ᠎ᠶ᠋ᠢᠨ ᠪᠣᠳᠣᠯᠭ᠎ᠠ᠎ᠶ᠋ᠢ ᠬᠦᠴᠦᠲᠡᠶ ᠬᠡᠷᠡᠭ᠌ᠵᠢᠭᠦᠯᠵᠦ᠍᠂ ᠵᠠᠷᠤᠯᠭ᠎ᠠ᠎ᠶ᠋ᠢᠨ ᠬᠡᠪᠴᠢᠶ᠎ᠡ᠎ᠶ᠋ᠢ ᠥᠷᠭᠡᠳᠭᠡᠨ᠂ ᠭᠤᠤᠯᠳᠠᠯᠭ᠎ᠠ᠎ᠲᠠᠢ ᠬᠦᠷᠢᠶᠡᠨ᠎ᠤ ᠡᠳ᠋᠎ᠤᠨ ᠬᠦᠴᠦᠨ᠎ᠤ ᠪᠠᠲᠤᠯᠠᠭ᠎ᠠ᠎ᠶ᠋ᠢ ᠴᠢᠩᠭᠠᠳᠭᠠᠵᠤ᠂ ᠬᠠᠳᠠᠭᠠᠯᠠᠮᠵᠢ᠎ᠶ᠋ᠢᠨ ᠪᠡᠯᠡᠳᠭᠡᠯ ᠮᠥᠩᠭᠦ᠎ᠶ᠋ᠢᠨ ᠨᠤᠷᠮ᠎ᠠ ᠪᠠ ᠲᠦᠷᠦ᠍᠎ᠶ᠋ᠢᠨ ᠪᠤᠳᠤᠯᠭ᠎ᠠ᠎ᠶ᠋ᠢᠨ ᠴᠢᠨᠠᠷᠳᠠᠢ ᠬᠦᠤ ᠮᠦᠡᠭ᠌ᠬᠦ᠎ᠶ᠋ᠢᠨ ᠨᠤᠷᠮ᠎ᠠ᠎ᠶ᠋ᠢ ᠬᠤᠶᠠᠷ ᠤᠳᠠᠭ᠎ᠠ ᠪᠠᠭᠤᠷᠠᠭᠤᠯᠵᠤ᠂ ᠨᠡᠢᠭᠡᠮ᠎ᠤᠨ ᠪᠡᠯᠡ ᠲᠤᠬᠢᠷᠠᠭᠤᠯᠭ᠎ᠠ᠎ᠶ᠋ᠢᠨ ᠥᠪᠡᠷ᠎ᠤᠨ ᠦᠷᠲᠡᠭ᠎ᠢ ᠤᠯᠠᠮ ᠨᠢᠭᠡ ᠠᠯᠬᠤᠮ ᠪᠠᠭᠤᠷᠠᠭᠤᠯᠪᠠ᠃ ᠪᠦᠲᠦᠮᠵᠢᠲᠡᠶ ᠬᠡᠷᠡᠭ᠌ᠴᠡᠭᠡ᠎ᠶ᠋ᠢ ᠥᠷᠭᠡᠳᠭᠡᠬᠦ᠌᠎ᠶ᠋ᠢᠨ ᠲᠣᠭᠤᠷᠢᠨ᠎ᠳᠤ 《ᠨᠢᠭᠡ ᠴᠢᠬᠤᠯᠠ ᠨᠢᠬᠡ ᠭᠤᠤᠯᠳᠠᠯᠭ᠎ᠠ》 ᠵᠢᠨ ᠪᠦᠲᠦᠭᠡᠨ ᠪᠠᠢᠭᠤᠯᠤᠯᠲᠠ᠎ᠶ᠋ᠢ ᠯᠠᠪᠳᠠᠭᠤᠨ ᠪᠠᠲᠤᠲᠠᠶ ᠠᠬᠢᠭᠤᠯᠵᠤ᠂ 《ᠱᠢᠨᠡᠳᠭᠡᠬᠦ᠌ ᠪᠡ ᠰᠤᠯᠢᠬᠤ》 ᠠᠵᠢᠯ᠎ᠢ ᠬᠦᠴᠦᠯᠡᠨ ᠳᠡᠮᠵᠢᠵᠦ᠍᠂ ᠪᠡᠯᠡᠳᠭᠡᠮᠵᠢ ᠬᠤᠳᠠᠯᠳᠤᠨ ᠠᠪᠬᠤ ᠪᠡᠯᠡ ᠣᠷᠣᠭᠤᠯᠤᠯᠲᠠ 15.7% ᠎ᠪᠠᠷ ᠨᠡᠮᠡᠭ᠌ᠳᠡᠵᠤ᠂ ᠭᠡᠷ᠎ᠤᠨ ᠴᠠᠬᠢᠯᠭᠠᠨ ᠬᠡᠷᠡᠭ᠌ᠰᠡᠯ᠎ᠤᠨ ᠲᠥᠷᠥᠯ᠎ᠤᠨ ᠲᠠᠸᠠᠷ᠎ᠤᠨ ᠵᠢᠵᠢᠭ᠌ᠯᠡᠨ ᠬᠤᠳᠠᠯᠳᠤᠭ᠍ᠰᠠᠨ ᠲᠤᠭ᠎ᠠ 12.3% ᠎ᠪᠠᠷ ᠨᠡᠮᠡᠭ᠌ᠳᠡᠪᠡ᠃ ᠭᠡᠷ ᠪᠠᠢᠱᠢᠩ ᠭᠠᠵᠠᠷ ᠱᠢᠷᠤᠢ᠎ᠶ᠋ᠢᠨ ᠬᠥᠷᠥᠩᠭᠡ᠎ᠶ᠋ᠢᠨ ᠵᠠᠬ᠎ᠠ ᠳᠡᠯᠭᠡᠭᠦᠷ᠎ᠤᠨ ᠪᠠᠭᠤᠷᠠᠯᠳᠠ᠎ᠶ᠋ᠢ ᠵᠣᠭ᠍ᠰᠣᠭᠠᠵᠤ ᠲᠣᠭ᠍ᠲᠠᠭᠤᠨ ᠪᠠᠢᠳᠠᠯ᠎ᠳᠤ ᠤᠷᠤᠭᠤᠯᠬᠤ᠎ᠶ᠋ᠢ ᠠᠬᠢᠭᠤᠯᠵᠤ᠂ ᠣᠷᠣᠨ ᠰᠠᠭᠤᠴᠠ᠎ᠶ᠋ᠢᠨ ᠵᠢᠭᠡᠯᠡᠯᠭᠡ᠎ᠶ᠋ᠢᠨ ᠬᠦᠦ ᠮᠦᠩᠬᠦ᠌᠎ᠶ᠋ᠢᠨ ᠨᠤᠷᠮ᠎ᠠ ᠪᠠ ᠠᠩᠬ᠎ᠠ ᠲᠤᠱᠢᠶᠠᠬᠤ ᠬᠠᠷᠢᠴᠠᠯ᠎ᠢ ᠪᠠᠭᠤᠷᠠᠭᠤᠯᠤᠭ᠍ᠰᠠᠨ᠎ᠢᠶᠠᠷ᠂ ᠰᠠᠭᠤᠭᠠᠯᠢ ᠠᠷᠠᠳ᠎ᠤᠨ ᠬᠠᠳᠠᠭᠠᠯᠠᠯᠳᠠ ᠣᠷᠣᠨ ᠰᠠᠭᠤᠴᠠ᠎ᠶ᠋ᠢᠨ ᠵᠢᠭᠡᠯᠡᠯᠭᠡ᠎ᠶ᠋ᠢᠨ ᠬᠦᠤ ᠮᠥᠩᠭᠦ᠎ᠶ᠋ᠢᠨ ᠵᠢᠯ᠎ᠤᠨ ᠵᠠᠷᠤᠯᠭ᠎ᠠ᠎ᠶ᠋ᠢ ᠪᠠᠷᠤᠭ 1500 ᠳ᠋ᠦᠩᠱᠢᠭᠤᠷ ᠲᠥᠭᠦᠷᠢᠭ ᠪᠠᠭᠠᠰᠭᠠᠵᠤ᠂ ᠠᠷᠠᠯᠵᠢᠶᠠᠯᠠᠬᠤ ᠭᠤᠭ᠍ᠴᠤᠭ᠎ᠠ᠎ᠶ᠋ᠢᠨ ᠭᠠᠢᠯᠢ ᠰᠦᠢᠳᠭᠡᠯ᠎ᠤᠨ ᠲᠦᠪᠱᠢᠨ᠎ᠢ ᠳᠣᠷᠣᠭ᠍ᠰᠢᠯᠠᠭᠤᠯᠵᠤ᠂ ᠬᠡᠷ ᠪᠠᠢᠱᠢᠩ᠎ᠢ ᠪᠠᠳᠤᠳᠠᠢ ᠲᠤᠱᠢᠶᠠᠬᠤ ᠠᠵᠢᠯ᠎ᠢ ᠯᠠᠪᠳᠠᠭᠤᠨ ᠪᠠᠲᠤ ᠠᠬᠢᠭᠤᠯᠪᠠ᠃ ᠬᠥᠷᠥᠩᠭᠡ᠎ᠶ᠋ᠢᠨ ᠵᠠᠬ᠎ᠠ ᠳᠡᠯᠭᠡᠭᠦᠷ᠎ᠢ ᠢᠳᠡᠪᠬᠢᠲᠡᠢ ᠲᠣᠭ᠍ᠲᠠᠪᠤᠷᠢᠵᠢᠭᠤᠯᠵᠤ᠂ ᠰᠠᠭᠤᠷᠢ ᠴᠢᠨᠠᠷᠲᠠᠶ ᠳᠦᠷᠢᠮ᠎ᠢ ᠲᠦᠷᠭᠡᠯᠡᠨ ᠲᠡᠭᠦᠯᠳᠡᠷᠵᠢᠭᠦᠯᠵᠦ᠍᠂ ᠬᠠᠷᠢᠯᠴᠠᠨ ᠰᠣᠯᠢᠬᠤ᠎ᠳᠤ ᠲᠦᠬᠦᠮ ᠦᠵᠡᠭᠦᠯᠬᠦ᠌ (SFISF)᠂ ᠰᠲ᠋ᠤᠺ᠎ᠢᠶᠠᠨ ᠡᠭᠡᠭᠦᠯᠦᠨ ᠬᠤᠳᠠᠯᠳᠤᠨ ᠠᠪᠴᠤ᠌ ᠬᠤᠪᠢ᠎ᠪᠠᠨ ᠨᠡᠮᠡᠵᠦ᠍ ᠡᠵᠡᠮᠱᠢᠬᠦ᠌᠎ᠳᠤ ᠲᠠᠬᠢᠨ ᠵᠢᠭᠡᠯᠡᠯᠭᠡ ᠲᠠᠯᠪᠢᠬᠤ ᠵᠡᠷᠭᠡ ᠪᠠᠭᠠᠵᠢ᠎ᠶ᠋ᠢ ᠡᠭᠦᠳᠦᠨ ᠪᠠᠢᠭᠤᠯᠵᠤ᠂ ᠵᠠᠬ᠎ᠠ ᠳᠡᠯᠭᠡᠭᠦᠷ᠎ᠤᠨ ᠬᠥᠭ᠌ᠵᠢᠶᠡᠨᠲᠤ ᠬᠡᠮᠵᠢᠶ᠎ᠡ᠎ᠶ᠋ᠢ ᠳᠡᠭᠡᠭ᠌ᠰᠢᠯᠡᠭᠦᠯᠪᠡ᠃ ᠨᠢᠭᠡ ᠯᠡ ᠤᠳᠠᠭ᠎ᠠ ᠳᠡᠭᠡᠷ᠎ᠡ ᠣᠷᠣᠨ ᠨᠤᠲᠤᠭ᠎ᠤᠨ ᠲᠤᠰᠭᠠᠶ ᠵᠦᠢᠯ᠎ᠤᠨ ᠥᠷᠢ ᠥᠭ᠌ᠴᠡᠭᠡ᠎ᠶ᠋ᠢᠨ ᠬᠢᠵᠠᠭᠠᠷ ᠲᠤᠭ᠎ᠠ᠎ᠶ᠋ᠢ 6 ᠲᠦᠮᠡᠨ ᠳ᠋ᠦᠩᠱᠢᠭᠤᠷ ᠲᠥᠭᠦᠷᠢᠭ ᠨᠡᠮᠡᠭ᠌ᠳᠡᠬᠦᠯᠤᠨ ᠬᠠᠳᠠᠭᠠᠯᠠᠯᠳᠠ ᠳᠠᠯᠳᠠ ᠥᠷᠢ ᠥᠭ᠌ᠴᠡᠭᠡ᠎ᠶ᠋ᠢ ᠰᠣᠯᠢᠪᠠ᠃ ᠣᠷᠣᠨ ᠨᠤᠲᠤᠭ᠎ᠤᠨ ᠳᠤᠮᠳᠠ ᠵᠢᠵᠢᠭ ᠮᠥᠩᠭᠦᠨ ᠭᠦᠢᠯᠭᠡᠭᠡᠨ᠎ᠤ ᠪᠠᠢᠭᠤᠯᠤᠮᠵᠢ᠎ᠶ᠋ᠢᠨ ᠥᠭᠡᠷᠡᠴᠢᠯᠡᠯᠲᠡ ᠬᠢᠵᠦ᠍ ᠲᠦᠭ᠌ᠰᠢᠬᠦᠷᠢ᠎ᠶ᠋ᠢ ᠠᠷᠢᠯᠭᠠᠬᠤ᠎ᠶ᠋ᠢ ᠯᠠᠪᠳᠠᠭᠤᠨ ᠳᠤᠬᠢᠳᠠᠢ ᠠᠬᠢᠭᠤᠯᠪᠠ᠃

ᠬᠤᠶᠠᠷ᠎ᠲᠤ ᠡᠷᠡᠰ ᠭᠤᠢᠪᠢᠰᠢ ᠦᠭᠡᠢ᠎ᠪᠠᠷ ᠥᠭᠡᠷᠡᠴᠢᠯᠡᠯᠲᠡ᠎ᠶ᠋ᠢ ᠪᠦᠬᠦ᠌ ᠲᠠᠯ᠎ᠠ᠎ᠪᠠᠷ ᠭᠦᠨᠵᠡᠭᠡᠢᠷᠡᠭᠦᠯᠤᠨ ᠨᠡᠭᠡᠭᠡᠯᠲᠡ᠎ᠶ᠋ᠢ ᠥᠷᠭᠡᠳᠭᠡᠵᠦ᠍᠂ ᠬᠥᠭ᠌ᠵᠢᠯᠲᠡ᠎ᠶ᠋ᠢᠨ ᠳᠣᠲᠣᠭᠠᠳᠤ ᠬᠥᠳᠡᠯᠭᠡᠭ᠌ᠴᠢ ᠬᠦᠴᠦᠨ᠎ᠢ ᠴᠢᠩᠭᠠᠳᠭᠠᠪᠠ᠃ ᠪᠦᠬᠦ᠌ ᠤᠯᠤᠰ᠎ᠤᠨ ᠨᠢᠭᠡᠳᠦᠯᠲᠡᠶ ᠵᠠᠬ᠎ᠠ ᠳᠡᠯᠭᠡᠭᠦᠷ᠎ᠢ ᠬᠠᠷᠱᠢᠯᠠᠬᠤ ᠲᠤᠬ᠍ᠳᠠᠭᠠᠯ ᠪᠤᠯᠤᠨ ᠬᠢᠳᠠᠯ᠎ᠢ ᠴᠡᠪᠡᠷᠯᠡᠨ ᠲᠢᠭ᠌ᠯᠡᠬᠦ᠌ ᠪᠠ ᠬᠥᠴᠤᠨ ᠦᠭᠡᠢ ᠪᠤᠯᠭᠠᠵᠤ᠂ ᠭᠤᠤᠯᠴᠢ ᠥᠷᠢᠰᠥᠯᠳᠦᠭᠡᠨ᠎ᠤ ᠬᠢᠨᠠᠨ ᠪᠠᠢᠴᠠᠭᠠᠬᠤ ᠳᠦᠷᠢᠮ᠎ᠢ ᠲᠣᠭ᠍ᠲᠠᠭᠠᠨ ᠬᠡᠷᠡᠭ᠌ᠵᠢᠭᠦᠯᠵᠦ᠍᠂ ᠣᠷᠣᠨ ᠨᠤᠲᠤᠭ᠎ᠤᠨ ᠬᠤᠳᠠᠯᠳᠤᠭᠠᠴᠢᠨ ᠤᠷᠢᠵᠤ ᠪᠡᠯᠡ ᠲᠠᠲᠠᠬᠤ᠎ᠶ᠋ᠢ ᠵᠢᠷᠤᠮᠵᠢᠭᠤᠯᠬᠤ ᠠᠷᠭ᠎ᠠ ᠬᠡᠮᠵᠢᠶ᠎ᠡ᠎ᠶ᠋ᠢ ᠨᠡᠢᠲᠡᠯᠡᠪᠡ᠃ ᠤᠯᠤᠰ᠎ᠤᠨ ᠥᠮᠴᠢᠯᠡᠯ᠎ᠤᠨ ᠠᠵᠤ ᠠᠬᠤᠢᠯᠠᠯ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠤᠯᠤᠰ᠎ᠤᠨ ᠥᠮᠴᠢᠯᠡᠯ᠎ᠤᠨ ᠠᠵᠤ ᠠᠬᠤᠶ᠎ᠶ᠋ᠢᠨ ᠪᠠᠢᠷᠢᠯᠠᠭᠤᠯᠤᠯᠳᠠ᠎ᠶ᠋ᠢ ᠦᠷᠭᠦᠯᠵᠢᠯᠡᠨ ᠱᠢᠯᠢᠳᠡᠭ᠌ᠵᠢᠭᠦᠯᠪᠠ᠃ ᠠᠷᠠᠳ᠎ᠠᠴᠠ ᠡᠵᠡᠩᠨᠡᠭ᠌ᠰᠡᠨ ᠠᠵᠤ ᠠᠬᠤᠶ᠎ᠶ᠋ᠢ ᠠᠬᠢᠭᠤᠯᠬᠤ ᠬᠠᠤᠯᠢ᠎ᠶ᠋ᠢᠨ ᠲᠥᠰᠦᠯ᠎ᠢ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠳᠤ ᠳᠡᠪᠱᠢᠭᠦᠯᠦᠨ ᠬᠢᠨᠠᠨ ᠶᠠᠷᠢᠯᠴᠠᠭᠤᠯᠵᠤ᠂ ᠠᠷᠠᠳ᠎ᠠᠴᠠ ᠡᠵᠡᠩᠨᠡᠭ᠌ᠰᠡᠨ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠣᠷᠴᠢᠨ ᠨᠥᠬᠦᠴᠡᠯ᠎ᠢ ᠰᠠᠢᠵᠢᠷᠠᠭᠤᠯᠪᠠ᠃ ᠭᠠᠳᠠᠭᠠᠳᠤ ᠠᠷᠠᠯᠵᠢᠶᠠᠨ᠎ᠤ ᠱᠢᠨ᠎ᠡ ᠨᠡᠮᠡᠭ᠌ᠳᠡᠯ᠎ᠤᠨ ᠴᠡᠭ᠎ᠢ ᠢᠳᠡᠪᠬᠢᠲᠡᠶ ᠥᠷᠭᠡᠳᠭᠡᠵᠦ᠍᠂ ᠭᠠᠳᠠᠭᠠᠳᠤ ᠤᠷᠤᠭᠤᠯᠤᠯᠲᠠ ᠭᠠᠳᠠᠭᠠᠳᠤ ᠭᠠᠷᠭᠠᠯᠲᠠ᠎ᠶ᠋ᠢᠨ ᠪᠦᠲᠦᠴᠡ᠎ᠶ᠋ᠢ ᠲᠠᠰᠤᠷᠠᠯᠳᠠ ᠦᠭᠡᠢ ᠱᠢᠯᠢᠳᠡᠭ᠌ᠵᠢᠭᠦᠯᠦᠭ᠌ᠰᠡᠨ᠎ᠢᠶᠠᠷ᠂ ᠠᠵᠤ ᠠᠬᠤᠶ᠎ᠶ᠋ᠢᠨ ᠨᠡᠮᠡᠭ᠌ᠳᠡᠯ᠎ᠳᠤ ᠦᠵᠡᠭᠦᠯᠬᠦ᠌ ᠭᠠᠳᠠᠭᠠᠳᠤ ᠠᠷᠠᠯᠵᠢᠶᠠᠨ᠎ᠤ ᠭᠠᠳᠠᠭᠠᠳᠤ ᠭᠠᠷᠭᠠᠯᠲᠠ᠎ᠶ᠋ᠢᠨ ᠬᠤᠪᠢ ᠨᠡᠮᠡᠷᠢ ᠨᠡᠮᠡᠭ᠌ᠳᠡᠪᠡ᠃ ᠬᠢᠯᠢ ᠠᠯᠤᠰᠯᠠᠭ᠍ᠰᠠᠨ ᠦᠢᠯᠡᠴᠢᠯᠡᠭᠡᠨ᠎ᠤ ᠠᠷᠠᠯᠵᠢᠶ᠎ᠠ᠎ᠶ᠋ᠢᠨ ᠨᠠᠵᠠᠭᠠᠶ ᠲᠠᠯ᠎ᠠ᠎ᠶ᠋ᠢᠨ ᠲᠣᠳᠣᠷᠬᠠᠶ ᠬᠠᠭᠤᠳᠠᠰᠤ᠎ᠶ᠋ᠢ ᠪᠦᠬᠦ᠌ ᠲᠠᠯ᠎ᠠ᠎ᠪᠠᠷ ᠬᠡᠷᠡᠭ᠌ᠵᠢᠭᠦᠯᠪᠠ᠃ ᠥᠷᠲᠡᠭ ᠨᠡᠮᠡᠭ᠌ᠳᠡᠯ᠎ᠤᠨ ᠴᠠᠬᠢᠯᠭᠠᠨ ᠬᠤᠯᠪᠣᠭ᠎ᠠ᠂ ᠠᠮᠢᠳᠤ ᠪᠣᠳᠠᠰ᠎ᠤᠨ ᠮᠡᠷᠭᠡᠵᠢᠯ᠂ ᠲᠤᠰᠠᠭᠠᠷ ᠪᠡᠯᠡᠳᠦ ᠡᠮᠨᠡᠯᠭᠡ᠎ᠶ᠋ᠢᠨ ᠬᠤᠷᠢᠶ᠎ᠠ᠎ᠶ᠋ᠢᠨ ᠨᠡᠭᠡᠭᠡᠯᠳᠡ ᠬᠢᠬᠦ᠌ ᠲᠤᠷᠱᠢᠯᠳᠠ᠎ᠶ᠋ᠢ ᠥᠷᠨᠢᠭᠦᠯᠪᠠ᠃ ᠭᠠᠭ᠍ᠴᠠ ᠲᠠᠯ᠎ᠠ᠎ᠠᠴᠠ ᠨᠡᠭᠡᠭᠡᠯᠲᠡ ᠬᠢᠬᠦ᠌ ᠡᠷᠴᠢᠮ᠎ᠢᠶᠠᠨ ᠴᠢᠩᠭᠠᠷᠠᠭᠤᠯᠵᠤ᠂ ᠳᠤᠮᠳᠠᠳᠤ ᠤᠯᠤᠰ᠎ᠯᠤᠭ᠎ᠠ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ ᠭᠦᠭ᠌ᠵᠢᠯᠲᠡ᠎ᠪᠠᠷ ᠬᠠᠮᠤᠭ᠎ᠤᠨ ᠳᠣᠷᠦᠶ ᠤᠯᠤᠰ᠎ᠤᠳ᠎ᠤᠨ ᠦᠢᠯᠡᠳᠬᠦᠨ᠎ᠳᠤ ᠪᠦᠬᠦ᠌ ᠲᠠᠯ᠎ᠠ᠎ᠪᠠᠷ ᠪᠣᠭᠤᠮᠲᠠ᠎ᠶ᠋ᠢᠨ ᠭᠠᠢᠯᠢ ᠥᠯᠥ᠍ ᠬᠤᠷᠢᠶᠠᠬᠤ ᠬᠠᠷᠠᠭᠠᠯᠵᠠᠯ ᠦᠵᠡᠭᠦᠯᠪᠠ᠃ ᠭᠠᠭ᠍ᠴᠠ ᠲᠠᠯ᠎ᠠ᠎ᠠᠴᠠ ᠸᠢᠰᠠ ᠦᠯᠤ ᠲᠠᠮᠠᠭᠠᠯᠠᠬᠤ ᠤᠯᠤᠰ᠎ᠤᠨ ᠬᠡᠪᠴᠢᠶ᠎ᠡ᠎ᠶ᠋ᠢ ᠥᠷᠭᠡᠳᠭᠡᠵᠦ᠍᠂ ᠬᠢᠯᠢ᠎ᠪᠠᠷ ᠥᠩᠭᠡᠷᠡᠬᠦ᠌᠎ᠳᠤ ᠸᠢᠰᠠ ᠦᠯᠤ ᠲᠠᠮᠠᠭᠠᠯᠠᠬᠤ ᠬᠢᠯᠢ᠎ᠶ᠋ᠢᠨ ᠳᠣᠲᠣᠷ᠎ᠠ ᠰᠠᠭᠠᠲᠠᠬᠤ ᠴᠠᠭ᠎ᠢ 240 ᠴᠠᠭ ᠪᠣᠯᠭᠠᠨ ᠤᠷᠲᠤᠳᠭᠠᠬ᠍ᠰᠠᠨ᠎ᠢᠶᠠᠷ᠂ ᠬᠢᠯᠢ᠎ᠳᠤ ᠣᠷᠣᠬᠤ ᠵᠢᠭᠤᠯᠴᠢᠯᠠᠯ ᠦᠷᠭᠦᠯᠵᠢᠯᠡᠨ ᠰᠠᠢᠵᠢᠷᠠᠪᠠ᠃ 《ᠨᠢᠭᠡ ᠪᠦᠰᠡ ᠨᠢᠭᠡ ᠵᠠᠮ》 ᠢ᠋ ᠴᠢᠨᠠᠷ ᠰᠠᠢᠲᠠᠢ ᠬᠠᠮᠲᠤ᠎ᠪᠠᠷ ᠪᠠᠢᠭᠤᠯᠬᠤ ᠠᠵᠢᠯ ᠢᠯᠡᠳᠲᠡ ᠦᠷ᠎ᠡ ᠪᠦᠲᠦᠮᠵᠢ ᠣᠯᠵᠤ᠂ ᠨᠢᠭᠡ ᠪᠦᠯᠦᠭ ᠴᠢᠬᠤᠯᠠ ᠶᠡᠭᠡ ᠢᠨᠵᠧᠨᠧᠷᠢᠩ᠂ ᠠᠷᠠᠳ᠎ᠤᠨ ᠠᠮᠢᠳᠤᠷᠠᠯ᠎ᠤᠨ ᠲᠦᠰᠦᠯ᠎ᠢ ᠯᠠᠪᠳᠠᠭᠤᠨ᠎ᠢᠶᠠᠷ ᠬᠡᠷᠡᠭ᠌ᠵᠢᠭᠦᠯᠪᠡ᠃

ᠭᠤᠷᠪᠠ ᠎ᠳᠤ ᠱᠢᠨ᠎ᠡ᠎ᠶ᠋ᠢ ᠡᠭᠦᠳᠬᠦ᠌᠎ᠪᠠᠷ ᠬᠥᠭ᠌ᠵᠢᠯᠲᠡ᠎ᠶ᠋ᠢᠨ ᠬᠥᠳᠡᠯᠭᠡᠭᠦᠷ ᠪᠣᠯᠭᠠᠬᠤ᠎ᠶ᠋ᠢ ᠶᠡᠭᠡ᠎ᠪᠠᠷ ᠠᠬᠢᠭᠤᠯᠵᠤ᠂ ᠠᠵᠤ ᠦᠢᠯᠡᠰ ᠎ᠤᠨ ᠪᠦᠲᠦᠴᠡ ᠎ᠶ᠋ᠢ ᠱᠢᠯᠢᠳᠡᠭ᠌ᠵᠢᠭᠦᠯᠦᠨ ᠲᠡᠰ ᠳᠡᠪᠱᠢᠭᠦᠯᠬᠦ᠌᠎ᠶ᠋ᠢ ᠠᠬᠢᠭᠤᠯᠪᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠶ᠋ᠢ ᠠᠬᠢᠭᠤᠯᠵᠤ᠂ ᠤᠯᠤᠰ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠴᠢᠬᠤᠯᠠ ᠶᠡᠭᠡ ᠲᠤᠰᠭᠠᠶ ᠲᠦᠰᠦᠯ᠎ᠢ ᠪᠦᠬᠦ᠌ ᠲᠠᠯ᠎ᠠ᠎ᠪᠠᠷ ᠡᠬᠢᠯᠡᠭᠦᠯᠦᠨ ᠬᠡᠷᠡᠭ᠌ᠵᠢᠭᠦᠯᠵᠦ᠍᠂ ᠴᠢᠬᠤᠯᠠ ᠶᠡᠭᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠰᠠᠭᠤᠷᠢ ᠲᠥᠬᠦᠭᠡᠷᠦᠮᠵᠢ᠎ᠶ᠋ᠢᠨ ᠱᠢᠰᠲ᠋ᠧᠮ᠎ᠢ ᠲᠦᠷᠭᠡᠯᠡᠨ ᠲᠡᠭᠦᠯᠳᠡᠷᠵᠢᠭᠦᠯᠵᠦ᠍᠂ ᠱᠢᠨ᠎ᠡ᠎ᠶ᠋ᠢ ᠡᠭᠦᠳᠬᠦ᠌ ᠣᠷᠦ᠋ᠢᠯᠠᠭ᠍ᠰᠠᠨ ᠴᠢᠳᠠᠪᠤᠷᠢᠲᠠᠨ᠎ᠢ ᠬᠥᠮᠦᠵᠢᠭᠦᠯᠬᠦ᠌᠎ᠶ᠋ᠢ ᠴᠢᠩᠭᠠᠳᠭᠠᠪᠠ᠃ ᠠᠵᠤ ᠦᠢᠯᠡᠳᠪᠦᠷᠢ᠎ᠶ᠋ᠢᠨ ᠠᠵᠤ ᠠᠬᠤᠶ᠎ᠶ᠋ᠢᠨ ᠠᠵᠢᠯᠯᠠᠭᠠᠨ᠎ᠢ ᠲᠣᠭ᠍ᠲᠠᠪᠤᠷᠢᠵᠢᠭᠤᠯᠵᠤ᠂ ᠦᠢᠯᠡᠳᠬᠦ᠌ ᠦᠢᠯᠡᠰ᠎ᠤᠨ ᠮᠡᠷᠭᠡᠵᠢᠯ᠎ᠤᠨ ᠥᠭᠡᠷᠡᠴᠢᠯᠡᠯᠲᠡ ᠬᠢᠵᠦ᠍ ᠲᠡᠰ ᠳᠡᠪᠱᠢᠬᠦᠯᠬᠦ᠌᠎ᠶ᠋ᠢ ᠠᠬᠢᠭᠤᠯᠵᠤ᠂ ᠦᠢᠯᠡᠳᠬᠦ᠌ ᠦᠢᠯᠡᠰ᠎ᠤᠨ ᠪᠡᠯᠡ ᠣᠷᠣᠭᠤᠯᠤᠯᠲᠠ᠎ᠶ᠋ᠢ 9.2% ᠎ᠢᠶᠠᠷ ᠨᠡᠮᠡᠭ᠌ᠳᠡᠭᠦᠯᠪᠡ᠃ ᠨᠢᠭᠡ ᠪᠦᠯᠦᠭ ᠤᠯᠤᠰ᠎ᠤᠨ ᠲᠡᠰ ᠎ᠤᠨ ᠲᠡᠷᠢᠭᠦᠨ ᠎ᠤ ᠦᠢᠯᠡᠳᠬᠦ᠌ ᠦᠢᠯᠡᠰ᠎ᠤᠨ ᠪᠦᠬᠡᠬᠡᠨᠡᠷᠡᠯ ᠎ᠢ ᠱᠢᠨ᠎ᠡ᠎ᠪᠠᠷ ᠪᠤᠢᠵᠢᠭᠤᠯᠵᠤ᠂ ᠬᠤᠳᠠᠯᠳᠤᠭᠠᠨ ᠎ᠤ ᠰᠠᠨᠰᠠᠷ᠎ᠤᠨ ᠠᠶᠠᠯᠠᠯ᠂ ᠳᠣᠬᠢᠭᠤᠷ ᠲᠤᠯᠤᠭᠠᠨ ᠤᠳᠤ᠎ᠶ᠋ᠢᠨ ᠱᠢᠰᠲ᠋ᠧᠮ᠎ᠤᠨ ᠬᠡᠷᠡᠭ᠌ᠯᠡᠭᠡ᠂ ᠱᠢᠨ᠎ᠡ ᠬᠡᠯᠪᠡᠷᠢ᠎ᠶ᠋ᠢᠨ ᠡᠨᠧᠷᠭᠢ ᠬᠠᠳᠠᠭᠠᠯᠠᠯᠲᠠ ᠵᠡᠷᠭᠡ ᠱᠢᠨ᠎ᠡ᠎ᠪᠠᠷ ᠬᠥᠭ᠌ᠵᠢᠭ᠌ᠰᠡᠨ ᠠᠵᠤ ᠦᠢᠯᠡᠰ ᠦᠳᠲᠡᠷ ᠲᠦᠷᠭᠡᠨ ᠬᠥᠭ᠌ᠵᠢᠪᠡ᠃ ᠣᠷᠴᠢᠨ ᠠᠬᠤᠶ᠎ᠶ᠋ᠢᠨ ᠬᠠᠮᠠᠭᠠᠯᠠᠯᠲᠠ᠂ ᠠᠮᠤᠷ ᠲᠦᠪᠱᠢᠨ ᠵᠡᠷᠭᠡ ᠠᠯᠪᠠᠳᠠᠯᠭ᠎ᠠ᠎ᠶ᠋ᠢᠨ ᠴᠢᠨᠠᠷᠲᠠᠶ ᠤᠯᠤᠰ᠎ᠤᠨ ᠪᠠᠷᠢᠮᠵᠢᠶ᠎ᠠ᠎ᠶ᠋ᠢ ᠲᠣᠭ᠍ᠲᠠᠭᠠᠬ᠍ᠰᠠᠨ ᠪᠠ ᠵᠠᠰᠠᠨ ᠲᠤᠭ᠍ᠳᠠᠭᠠᠪᠠ᠃ ᠳ᠋ᠢᠵᠢᠲ᠋ᠠᠯ ᠳᠤᠮᠳᠠᠳᠤ ᠤᠯᠤᠰ᠎ᠤᠨ ᠪᠦᠳᠦᠭᠡᠨ ᠪᠠᠢᠭᠤᠯᠤᠯᠲᠠ᠎ᠶ᠋ᠢ ᠲᠦᠷᠭᠡᠳᠭᠡᠵᠦ᠍᠂ ᠳ᠋ᠢᠵᠢᠲ᠋ᠠᠯ ᠠᠵᠤ ᠠᠬᠤᠶ᠎ᠶ᠋ᠢᠨ ᠭᠤᠤᠯᠯᠠᠬᠤ ᠠᠵᠤ ᠦᠢᠯᠡᠰ᠎ᠤᠨ ᠨᠡᠮᠡᠭ᠌ᠳᠡᠯ ᠦᠷᠳᠡᠭ᠎ᠤᠨ ᠤᠯᠤᠰ᠎ᠤᠨ ᠳᠣᠲᠣᠭᠠᠳᠤ᠎ᠶ᠋ᠢᠨ ᠦᠢᠯᠡᠳᠪᠦᠷᠢᠯᠡᠯ᠎ᠤᠨ ᠪᠦᠬᠦ᠌ ᠦᠷᠳᠡᠭ᠎ᠲᠤ ᠡᠵᠡᠯᠡᠬᠦ᠌ ᠬᠤᠪᠢ᠎ᠶ᠋ᠢᠨ ᠵᠢᠩ 10% ᠣᠷᠴᠢᠮ᠎ᠳᠤ ᠬᠦᠷᠪᠠ᠃

ᠲᠦᠷᠪᠡ ᠎ᠳᠤ ᠬᠤᠳᠠ ᠬᠥᠳᠡᠭᠡ ᠣᠷᠣᠨ ᠪᠦᠰᠡ᠎ᠶ᠋ᠢᠨ ᠵᠣᠬᠢᠴᠠᠩᠭᠤᠶ ᠬᠥᠭ᠌ᠵᠢᠯᠲᠡ᠎ᠶ᠋ᠢ ᠨᠢᠭᠡᠳᠦᠯᠲᠡᠶ ᠲᠥᠯᠥᠪᠯᠡᠵᠦ᠍᠂ ᠠᠵᠤ ᠠᠬᠤᠶ᠎ᠶ᠋ᠢᠨ ᠪᠠᠢᠷᠢᠯᠠᠭᠤᠯᠤᠯᠳᠠ᠎ᠶ᠋ᠢ ᠱᠢᠯᠢᠳᠡᠭ᠌ᠵᠢᠭᠦᠯᠪᠠ᠃ ᠱᠢᠨ᠎ᠡ ᠬᠡᠯᠪᠡᠷᠢ᠎ᠶ᠋ᠢᠨ ᠬᠤᠲᠠ ᠪᠠᠯᠭᠠᠰᠤᠵᠢᠯᠲᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠲᠠᠪᠤᠨ ᠵᠢᠯ᠎ᠤᠨ ᠠᠵᠢᠯᠯᠠᠭᠠᠨ᠎ᠤ ᠲᠥᠯᠥᠪᠯᠡᠭᠡ᠎ᠶ᠋ᠢ ᠨᠡᠢᠲᠡᠯᠡᠨ ᠬᠡᠷᠡᠭ᠌ᠵᠢᠭᠦᠯᠵᠦ᠍᠂ ᠬᠤᠲᠠ᠎ᠶ᠋ᠢᠨ ᠱᠢᠨᠡᠴᠢᠯᠡᠯᠲᠡ᠎ᠶ᠋ᠢ ᠯᠠᠪᠳᠠᠭᠤᠨ ᠪᠠᠲᠤᠲᠠᠶ ᠠᠬᠢᠭᠤᠯᠵᠤ᠂ ᠪᠠᠢᠩᠭᠤ ᠰᠠᠭᠤᠭ᠎ᠠ ᠬᠥᠮᠦᠨ ᠠᠮᠠ᠎ᠶ᠋ᠢᠨ ᠬᠤᠲᠠ ᠪᠠᠯᠭᠠᠰᠤᠵᠢᠯᠲᠠ᠎ᠶ᠋ᠢᠨ ᠨᠤᠷᠮ᠎ᠠ᠎ᠶ᠋ᠢ 67% ᠪᠣᠯᠲᠠᠯ᠎ᠠ ᠳᠡᠭᠡᠭ᠌ᠰᠢᠯᠡᠭᠦᠯᠪᠠ᠃ ᠲᠠᠷᠢᠶᠠᠯᠠᠩ᠎ᠤᠨ ᠰᠠᠭᠤᠷᠢ᠎ᠶ᠋ᠢ ᠴᠥᠬᠦᠷᠡᠰᠢ ᠦᠭᠡᠢ ᠪᠠᠲᠤᠵᠢᠭᠤᠯᠵᠤ᠂ ᠭᠠᠮᠱᠢᠭ᠎ᠢ ᠰᠡᠷᠭᠡᠢᠯᠡᠵᠦ᠍ ᠭᠠᠮᠱᠢᠭ᠎ᠢ ᠪᠠᠭᠠᠰᠭᠠᠬᠤ ᠪᠠ ᠶᠡᠷᠦᠩᠬᠡᠢᠯᠡᠭ᠌ᠰᠡᠨ ᠦᠢᠯᠡᠳᠪᠦᠷᠢᠯᠡᠯ᠎ᠤᠨ ᠴᠢᠳᠠᠪᠤᠷᠢ᠎ᠶ᠋ᠢ ᠯᠠᠪᠳᠠᠭᠤᠨ᠎ᠢᠶᠠᠷ ᠳᠡᠭᠡᠭ᠌ᠰᠢᠯᠡᠭᠦᠯᠵᠦ᠍᠂ ᠬᠥᠳᠡᠭᠡ ᠲᠣᠰᠭᠤᠨ᠎ᠢ ᠪᠦᠬᠦ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ ᠠᠵᠢᠯ ᠱᠢᠨ᠎ᠡ ᠦᠷ᠎ᠡ ᠪᠦᠲᠦᠮᠵᠢ ᠤᠯᠪᠠ᠃ ᠣᠷᠣᠨ ᠪᠦᠰᠡ᠎ᠶ᠋ᠢᠨ ᠬᠥᠭ᠌ᠵᠢᠯᠲᠡ᠎ᠶ᠋ᠢᠨ ᠲᠥᠷᠥ᠎ᠶ᠋ᠢᠨ ᠪᠣᠳᠣᠯᠭ᠎ᠠ᠎ᠨᠤᠭᠤᠳ᠎ᠢ ᠨᠡᠢᠲᠡᠯᠡᠨ᠂ ᠣᠷᠣᠨ ᠪᠦᠰᠡ᠎ᠶ᠋ᠢᠨ ᠴᠢᠬᠤᠯᠠ ᠶᠡᠭᠡ ᠲᠦᠰᠦᠯ᠎ᠤᠳ᠎ᠢ ᠬᠡᠷᠡᠭ᠌ᠵᠢᠭᠦᠯᠵᠦ᠍᠂ ᠪᠡᠶᠡᠴᠢ ᠴᠣᠭ᠍ᠴᠠ᠎ᠶ᠋ᠢᠨ ᠴᠢᠳᠠᠮᠵᠢᠳᠤ ᠣᠷᠣᠨ᠎ᠤ ᠲᠦᠷᠢᠮ ᠲᠥᠷᠦ᠍᠎ᠶ᠋ᠢᠨ ᠪᠣᠳᠣᠯᠭ᠎ᠠ᠎ᠶ᠋ᠢ ᠪᠥᠷᠢᠨᠱᠢᠭᠦᠯᠵᠦ᠍᠂ ᠣᠷᠣᠨ ᠪᠦᠰᠡ᠎ᠶ᠋ᠢ ᠠᠭᠤᠰᠤᠯᠴᠠᠭᠤᠯᠤᠨ ᠬᠥᠭ᠌ᠵᠢᠬᠦᠯᠬᠦ᠌ ᠠᠵᠢᠯ ᠱᠢᠨ᠎ᠡ ᠠᠬᠢᠯᠲᠠ᠎ᠲᠠᠢ ᠪᠣᠯᠪᠠ᠃

ᠲᠠᠪᠤ᠎ᠳᠤ ᠨᠡᠢᠭᠡᠮ᠎ᠤᠨ ᠦᠢᠯᠡᠰ ᠎ᠢ ᠢᠳᠡᠪᠬᠢᠲᠡᠶ ᠬᠥᠭ᠌ᠵᠢᠭᠦᠯᠵᠦ᠍᠂ ᠠᠷᠠᠳ᠎ᠤᠨ ᠠᠮᠢᠳᠤᠷᠠᠯ᠎ᠤᠨ ᠠᠵᠠ ᠵᠢᠷᠭᠠᠯ᠎ᠢ ᠨᠡᠮᠡᠭ᠌ᠳᠡᠭᠦᠯᠪᠡ᠃ ᠴᠢᠨᠠᠷ ᠰᠠᠢᠲᠠᠶ ᠪᠦᠭᠡᠳ ᠭᠦᠢᠴᠡᠳ ᠠᠵᠢᠯ ᠣᠯᠭᠤᠯᠲᠠ᠎ᠶ᠋ᠢ ᠠᠬᠢᠭᠤᠯᠬᠤ ᠲᠥᠷᠥ᠎ᠶ᠋ᠢᠨ ᠪᠣᠳᠣᠯᠭ᠎ᠠ ᠠᠷᠭ᠎ᠠ ᠬᠡᠮᠵᠢᠶ᠎ᠡ᠎ᠶ᠋ᠢ ᠨᠡᠢᠲᠡᠯᠡᠵᠦ᠍᠂ ᠠᠵᠤ ᠠᠬᠤᠢᠯᠠᠯ᠎ᠤᠨ ᠠᠵᠢᠯ ᠣᠯᠭᠤᠬᠤ᠎ᠶ᠋ᠢ ᠳᠡᠮᠵᠢᠬᠦ᠌᠎ᠪᠠᠨ ᠴᠢᠩᠭᠠᠳᠭᠠᠵᠤ᠂ ᠶᠡᠭᠡ ᠳᠡᠭᠡᠳᠦ ᠰᠤᠷᠭᠠᠭᠤᠯᠢ ᠲᠡᠭᠦᠰᠦᠭ᠌ᠰᠡᠨ ᠰᠤᠷᠤᠭ᠍ᠴᠢ᠂ ᠶᠠᠳᠠᠭᠤ᠎ᠠᠴᠠ ᠠᠩᠭᠢᠵᠢᠷᠠᠭ᠍ᠰᠠᠨ ᠬᠥᠮᠦᠨ ᠠᠮᠠ᠂ ᠬᠥᠯᠥᠰᠥᠨ ᠠᠵᠢᠯᠴᠢᠨ ᠵᠡᠷᠭᠡ ᠭᠤᠤᠯᠳᠠᠯᠭ᠎ᠠ᠎ᠲᠠᠢ ᠬᠠᠮᠲᠤᠯᠢᠭ ᠎ᠤᠨ ᠠᠵᠢᠯ ᠣᠯᠭᠤᠯᠲᠠ᠎ᠶ᠋ᠢ ᠲᠣᠭ᠍ᠲᠠᠭᠤᠨ ᠪᠠᠢᠯᠭᠠᠬᠤ᠎ᠶ᠋ᠢ ᠪᠠᠲᠤᠯᠠᠪᠠ᠃ ᠰᠤᠷᠭᠠᠨ ᠬᠥᠮᠦᠵᠢᠯ ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠶ᠋ᠢ ᠠᠬᠢᠭᠤᠯᠪᠠ᠃ ᠠᠯᠪᠠᠨ ᠵᠢᠷᠤᠮ ᠎ᠤᠨ ᠰᠤᠷᠭᠠᠨ ᠬᠥᠮᠦᠵᠢᠯ᠎ᠤᠨ ᠱᠠᠲᠤᠨ᠎ᠳᠠᠬᠢ ᠭᠡᠷ ᠪᠦᠯᠢ᠎ᠶ᠋ᠢᠨ ᠠᠮᠢᠳᠤᠷᠠᠯ᠎ᠨᠢ ᠬᠦᠴᠢᠷᠳᠡᠯ᠎ᠲᠠᠢ ᠰᠤᠷᠤᠭ᠍ᠴᠢᠳ᠎ᠤᠨ ᠠᠮᠢᠳᠤᠷᠠᠯ᠎ᠤᠨ ᠨᠥᠬᠦᠪᠥᠷᠢ᠎ᠶ᠋ᠢᠨ ᠪᠠᠷᠢᠮᠵᠢᠶ᠎ᠠ᠎ᠶ᠋ᠢ ᠳᠡᠭᠡᠭ᠌ᠰᠢᠯᠡᠭᠦᠯᠪᠠ᠃ ᠤᠯᠤᠰ᠎ᠤᠨ ᠰᠤᠷᠤᠯᠭ᠎ᠠ᠎ᠶ᠋ᠢᠨ ᠱᠠᠩᠨᠠᠯ᠎ᠤᠨ ᠮᠥᠩᠭᠦ᠌ ᠪᠠ ᠰᠤᠷᠤᠯᠭ᠎ᠠ᠎ᠶ᠋ᠢᠨ ᠲᠡᠳᠬᠦᠮᠵᠢ᠎ᠶ᠋ᠢᠨ ᠮᠥᠩᠭᠦ᠎ᠶ᠋ᠢᠨ ᠪᠠᠷᠢᠮᠵᠢᠶ᠎ᠠ᠎ᠶ᠋ᠢ ᠳᠡᠭᠡᠭ᠌ᠰᠢᠯᠡᠭᠦᠯᠦᠨ ᠬᠡᠪᠴᠢᠶ᠎ᠡ᠎ᠶ᠋ᠢ᠎ᠨᠢ ᠥᠷᠭᠡᠳᠭᠡᠵᠦ᠍᠂ ᠰᠤᠷᠤᠯᠭ᠎ᠠ᠎ᠶ᠋ᠢᠨ ᠲᠡᠳᠬᠦᠮᠵᠢ᠎ᠶ᠋ᠢᠨ ᠵᠢᠭᠡᠯᠡᠯᠭᠡ᠎ᠶ᠋ᠢᠨ ᠮᠥᠩᠭᠦ᠎ᠶ᠋ᠢ ᠥᠰᠭᠡᠵᠦ᠍ ᠬᠦᠦ ᠮᠥᠩᠭᠦ᠎ᠶ᠋ᠢ᠎ᠨᠢ ᠪᠠᠭᠤᠷᠠᠭᠤᠯᠤᠨ᠂ ᠰᠤᠷᠤᠭ᠍ᠴᠢᠳ᠎ᠲᠤ 3400 ᠭᠠᠷᠤᠶ ᠲᠦᠮᠡᠡ ᠬᠦᠮᠦᠨ ᠤᠳᠠᠭ᠎ᠠ ᠠᠱᠢᠭ ᠬᠦᠷᠲᠡᠭᠡᠪᠡ᠃ 《ᠬᠤᠶᠠᠷ᠎ᠢ ᠬᠥᠡᠭ᠌ᠭᠡᠷᠡᠭᠦᠯᠭᠦ᠌》 ᠦᠷ᠎ᠡ ᠪᠦᠲᠦᠭᠡᠯ᠎ᠢ ᠪᠠᠬᠢᠵᠢᠭᠦᠯᠵᠦ᠍᠂ ᠰᠠᠭᠤᠷᠢ ᠰᠤᠷᠭᠠᠨ ᠬᠥᠮᠦᠵᠢᠯ᠎ᠤᠨ ᠠᠮᠢ ᠠᠬᠤᠢ᠎ᠶ᠋ᠢ ᠦᠷᠭᠦᠯᠵᠢᠯᠡᠨ ᠱᠢᠯᠢᠳᠡᠭ᠌ᠵᠢᠭᠦᠯᠪᠠ᠃ ᠡᠮᠴᠢᠯᠡᠭᠡᠨ᠎ᠤ ᠪᠠᠢᠭᠤᠯᠤᠮᠵᠢ᠎ᠶ᠋ᠢᠨ ᠪᠠᠢᠴᠠᠭᠠᠭ᠍ᠰᠠᠨ ᠪᠠ ᠱᠢᠯᠭᠠᠨ ᠪᠠᠢᠴᠠᠭᠠᠭ᠍ᠰᠠᠨ ᠦᠷ᠎ᠡ ᠳ᠋ᠦᠩ᠎ᠢ ᠬᠠᠷᠢᠯᠴᠠᠨ ᠮᠡᠳᠡᠷᠡᠬᠦ᠌᠎ᠶ᠋ᠢ ᠠᠬᠢᠭᠤᠯᠵᠤ᠂ ᠦᠨᠳᠦᠰᠦᠨ ᠱᠠᠲᠤᠨ᠎ᠤ ᠤᠵᠢᠭ ᠡᠪᠡᠳᠴᠢᠨ᠂ ᠪᠠᠢᠩᠭᠤ ᠲᠣᠬᠢᠶᠠᠯᠳᠤᠳᠠᠭ ᠡᠪᠡᠳᠴᠢᠨ᠎ᠳᠤ ᠬᠡᠷᠡᠭ᠌ᠯᠡᠬᠦ᠌ ᠡᠮ᠎ᠤᠨ ᠲᠥᠷᠥᠯ ᠵᠦᠢᠯ᠎ᠢ ᠥᠷᠭᠡᠳᠭᠡᠪᠠ᠃ ᠭᠤᠤᠯᠳᠠᠯᠭ᠎ᠠ᠎ᠲᠠᠢ ᠬᠠᠯᠳᠠᠪᠤᠷᠢᠲᠤ ᠡᠪᠡᠳᠴᠢᠨ᠎ᠢ ᠰᠡᠷᠭᠡᠢᠯᠡᠨ ᠵᠠᠰᠠᠬᠤ ᠠᠵᠢᠯ᠎ᠢ ᠯᠠᠪᠳᠠᠭᠤᠨ ᠪᠠᠲᠤᠲᠠᠶ ᠰᠠᠢᠲᠤᠷ ᠬᠢᠪᠡ᠃ ᠠᠵᠢᠯᠲᠠᠨ ᠠᠵᠢᠯᠴᠢᠨ᠎ᠤ ᠡᠮᠨᠡᠯᠭᠡ᠎ᠶ᠋ᠢᠨ ᠳᠠᠭᠠᠳᠭᠠᠯ᠎ᠤᠨ ᠬᠤᠪᠢ ᠬᠥᠮᠦᠨ᠎ᠤ ᠲᠠᠩᠰᠠᠨ ᠡᠷᠦᠬᠡ᠎ᠶ᠋ᠢᠨ ᠬᠠᠷᠢᠯᠴᠠᠨ ᠲᠤᠰᠠᠯᠠᠯᠴᠠᠬᠤ ᠬᠡᠪᠴᠢᠶ᠎ᠡ᠎ᠶ᠋ᠢ ᠥᠷᠭᠡᠳᠭᠡᠪᠡ᠃ ᠬᠤᠲᠠ ᠬᠥᠳᠡᠭᠡ᠎ᠶ᠋ᠢᠨ ᠰᠠᠭᠤᠭᠠᠯᠢ ᠠᠷᠠᠳ᠎ᠤᠨ ᠰᠠᠭᠤᠷᠢ ᠨᠠᠰᠤᠵᠢᠯ᠎ᠤᠨ ᠠᠰᠠᠷᠠᠮᠵᠢ᠎ᠶ᠋ᠢᠨ ᠮᠥᠩᠭᠦ᠌ ᠪᠠ ᠠᠵᠢᠯ᠎ᠠᠴᠠ᠎ᠪᠠᠨ ᠪᠠᠭᠤᠵᠤ ᠠᠮᠠᠷᠠᠭ᠍ᠰᠠᠳ᠎ᠤᠨ ᠦᠨᠳᠦᠰᠦᠨ ᠨᠠᠰᠤᠵᠢᠯ᠎ᠤᠨ ᠠᠰᠠᠷᠠᠮᠵᠢ᠎ᠶ᠋ᠢᠨ ᠮᠥᠩᠭᠦ᠎ᠶ᠋ᠢ ᠳᠡᠭᠡᠭ᠌ᠰᠢᠯᠡᠭᠦᠯᠪᠡ᠃ ᠨᠠᠰᠤᠵᠢᠯ᠎ᠤᠨ ᠠᠰᠠᠷᠠᠮᠵᠢ᠎ᠶ᠋ᠢᠨ ᠦᠢᠯᠡᠴᠢᠯᠡᠭᠡᠨ᠎ᠤ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠪᠤᠭᠤᠷᠤᠯᠴᠤᠳ᠎ᠤᠨ ᠠᠵᠤ ᠠᠬᠤᠶ᠎ᠶ᠋ᠢᠨ ᠬᠥᠭ᠌ᠵᠢᠯᠲᠡ ᠎ᠶ᠋ᠢ ᠠᠬᠢᠭᠤᠯᠬᠤ ᠲᠦᠷᠦ᠍᠎ᠶ᠋ᠢᠨ ᠪᠤᠳᠤᠯᠭ᠎ᠠ᠎ᠶ᠋ᠢ ᠲᠣᠭ᠍ᠲᠠᠭᠠᠪᠠ᠃ ᠵᠡᠮᠳᠡᠭ᠌ᠴᠦᠳ᠎ᠤᠨ ᠡᠷᠬᠡ ᠠᠱᠢᠭ ᠎ᠤᠨ ᠪᠠᠲᠤᠯᠠᠭ᠎ᠠ᠎ᠶ᠋ᠢ ᠴᠢᠩᠭᠠᠳᠭᠠᠪᠠ᠃ ᠠᠰᠠᠷᠠᠨ ᠬᠠᠷᠠᠭᠠᠯᠵᠠᠬᠤ ᠨᠥᠬᠦᠪᠥᠷᠢ᠎ᠶ᠋ᠢᠨ ᠪᠠᠷᠢᠮᠵᠢᠶ᠎ᠠ᠎ᠶ᠋ᠢ ᠳᠡᠭᠡᠭ᠌ᠰᠢᠯᠡᠭᠦᠯᠪᠠ᠃ ᠨᠠᠭᠠᠳᠤ ᠵᠠᠬ᠎ᠠ᠎ᠶ᠋ᠢᠨ ᠪᠠᠲᠤᠯᠠᠭ᠎ᠠ᠎ᠶ᠋ᠢᠨ ᠪᠠᠷᠢᠮᠵᠢᠶ᠎ᠠ᠎ᠶ᠋ᠢ ᠲᠣᠭ᠍ᠲᠠᠭᠠᠬᠤ ᠪᠠ ᠲᠣᠬᠢᠷᠠᠭᠤᠯᠬᠤ ᠲᠣᠭ᠍ᠲᠠᠴᠠ᠎ᠶ᠋ᠢ ᠪᠦᠷᠢᠨᠱᠢᠬᠦᠯᠵᠤ᠂ ᠠᠪᠤᠷᠠᠨ ᠲᠤᠰᠠᠯᠠᠬᠤ ᠡᠲᠡᠭᠡᠳ᠎ᠤᠨ ᠬᠦᠷᠢᠶ᠎ᠡ ᠬᠡᠪᠴᠢᠶ᠎ᠡ᠎ᠶ᠋ᠢ ᠥᠷᠭᠡᠳᠭᠡᠪᠠ᠃ ᠬᠦᠴᠢᠷᠳᠡᠯ᠎ᠲᠠᠢ ᠤᠯᠠᠨ ᠲᠦᠮᠡᠨ᠎ᠳᠤ ᠨᠢᠭᠡ ᠤᠳᠠᠭ᠎ᠠ᠎ᠶ᠋ᠢᠨ ᠴᠢᠨᠠᠷᠲᠠᠶ ᠠᠮᠢᠳᠤᠷᠠᠯ᠎ᠤᠨ ᠨᠥᠬᠦᠪᠥᠷᠢ ᠣᠯᠭᠤᠵᠤ᠂ 1100 ᠭᠠᠷᠤᠶ ᠲᠦᠮᠡᠨ ᠬᠥᠮᠦᠨ᠎ᠳᠤ ᠠᠱᠢᠭ ᠬᠦᠷᠲᠡᠭᠡᠪᠡ᠃ ᠪᠦᠬᠦ᠌ ᠤᠯᠤᠰ᠎ᠤᠨ ᠴᠠᠭᠠᠨ ᠰᠠᠷ᠎ᠠ ᠵᠢᠴᠢ ᠳᠤᠷᠠᠰᠭᠠᠯ᠎ᠤᠨ ᠡᠳᠦᠷ᠎ᠤᠨ ᠴᠢᠯᠥᠭᠡ ᠲᠠᠯᠪᠢᠬᠤ ᠠᠷᠭ᠎ᠠ᠎ᠶ᠋ᠢ ᠲᠡᠭᠦᠯᠳᠡᠷᠵᠢᠬᠦᠯᠪᠡ᠃ ᠰᠣᠶᠣᠯ᠎ᠤᠨ ᠦᠢᠯᠡᠰ ᠪᠠ ᠰᠣᠶᠣᠯ᠎ᠤᠨ ᠠᠵᠤ ᠦᠢᠯᠡᠰ᠎ᠢ ᠴᠡᠴᠡᠭ᠌ᠯᠡᠭᠦᠯᠦᠨ ᠬᠥᠭ᠌ᠵᠢᠭᠦᠯᠵᠦ᠍᠂ ᠰᠣᠶᠣᠯ ᠪᠠ ᠵᠢᠭᠤᠯᠴᠢᠯᠠᠯ᠎ᠤᠨ ᠵᠠᠬ᠎ᠠ ᠳᠡᠯᠭᠡᠭᠦᠷ᠎ᠢ ᠦᠷᠭᠦᠯᠵᠢᠯᠡᠨ ᠬᠥᠭ᠌ᠵᠢᠶᠡᠨᠲᠡᠶ ᠪᠣᠯᠭᠠᠪᠠ᠃ ᠶᠢᠰᠦᠳᠦᠭᠡᠷ ᠬᠤᠭᠤᠴᠠᠭᠠᠨ᠎ᠤ ᠠᠽᠢᠶ᠎ᠠ ᠲᠢᠪ᠎ᠤᠨ ᠡᠪᠦᠯ᠎ᠤᠨ ᠤᠯᠠᠷᠢᠯ᠎ᠤᠨ ᠪᠡᠶ᠎ᠠ᠎ᠶ᠋ᠢᠨ ᠲᠠᠮᠢᠷ᠎ᠤᠨ ᠴᠤᠭ᠍ᠯᠠᠭᠠᠨ᠎ᠢ ᠯᠠᠪᠳᠠᠭᠤᠨ ᠪᠠᠲᠤᠲᠠᠢ ᠪᠡᠯᠡᠳᠭᠡᠵᠦ᠍᠂ ᠠᠷᠪᠠᠨ ᠬᠤᠶᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠢ ᠠᠮᠵᠢᠯᠲᠠ᠎ᠲᠠᠢ ᠡᠷᠬᠢᠯᠡᠵᠤ᠂ ᠮᠠᠨ᠎ᠤ ᠤᠯᠤᠰ᠎ᠤᠨ ᠲᠠᠮᠢᠷᠴᠢᠳ ᠫᠠᠷᠢᠰ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠬᠢᠯᠢ᠎ᠶ᠋ᠢᠨ ᠭᠠᠳᠠᠨᠠᠬᠢ ᠤᠷᠤᠯᠳᠤᠭᠠᠨ᠎ᠳᠤ ᠣᠷᠣᠯᠴᠠᠭ᠍ᠰᠠᠨ ᠬᠠᠮᠤᠭ᠎ᠤᠨ ᠰᠠᠢᠨ ᠬᠢᠷᠢ ᠪᠦᠲᠦᠮᠵᠢ᠎ᠶ᠋ᠢ ᠤᠯᠪᠠ᠃

ᠵᠢᠷᠭᠤᠭ᠎ᠠ ᠎ᠳᠤ ᠠᠮᠢ ᠠᠬᠤᠢ ᠎ᠶ᠋ᠢᠨ ᠣᠷᠴᠢᠨ ᠨᠦᠬᠦᠴᠡᠯ ᠎ᠤᠨ ᠬᠠᠮᠠᠭᠠᠯᠠᠯᠲᠠ᠎ᠶ᠋ᠢ ᠦᠷᠭᠦᠯᠵᠢᠯᠡᠨ ᠴᠢᠩᠭᠠᠳᠭᠠᠵᠤ᠂ ᠨᠤᠭᠤᠭᠠᠨ ᠪᠦᠬᠡᠳ ᠨᠡᠭᠦᠷᠡᠰᠦᠲᠥ᠋ᠷᠥᠭ᠌ᠴᠢ ᠪᠠᠭᠠᠳᠠᠢ ᠬᠥᠭ᠌ᠵᠢᠯᠲᠡ᠎ᠶ᠋ᠢᠨ ᠲᠦᠪᠱᠢᠨ᠎ᠢ ᠳᠡᠭᠡᠭ᠌ᠰᠢᠯᠡᠭᠦᠯᠪᠡ᠃ ᠠᠮᠢ ᠠᠬᠤᠢ᠎ᠶ᠋ᠢᠨ ᠣᠷᠴᠢᠨ ᠨᠦᠬᠦᠴᠡᠯ᠎ᠢ ᠶᠡᠷᠦᠩᠬᠡᠢᠯᠡᠨ ᠵᠠᠰᠠᠬᠤ᠎ᠶ᠋ᠢ ᠴᠢᠩᠭᠠᠳᠭᠠᠵᠤ᠂ ᠭᠤᠣᠯ ᠪᠣᠯᠬᠤ ᠪᠣᠬᠢᠷᠳᠤᠭᠤᠯᠬᠤ ᠪᠣᠳᠠᠰ ᠭᠠᠳᠠᠭ᠍ᠰᠢᠯᠠᠭᠤᠯᠬᠤ ᠬᠡᠮᠵᠢᠶ᠎ᠡ᠎ᠶ᠋ᠢ ᠦᠷᠭᠦᠯᠵᠢᠯᠡᠨ ᠪᠠᠭᠤᠷᠠᠭᠤᠯᠪᠡ᠃ ᠴᠢᠬᠤᠯᠠ ᠠᠮᠢ ᠠᠬᠤᠶ᠎ᠶ᠋ᠢᠨ ᠱᠢᠰᠲ᠋ᠧᠮ᠎ᠢ ᠬᠠᠮᠠᠭᠠᠯᠠᠬᠤ ᠪᠠ ᠵᠠᠰᠠᠨ ᠰᠡᠷᠭᠦᠭᠡᠬᠦ᠌ ᠴᠢᠬᠤᠯᠠ ᠶᠡᠭᠡ ᠢᠨᠵᠧᠨᠧᠷᠢᠩ᠎ᠢ ᠭᠦᠨᠵᠡᠭᠡᠢᠷᠡᠬᠦᠯᠦᠨ ᠬᠡᠷᠡᠭ᠌ᠵᠢᠭᠦᠯᠵᠦ᠍᠂ ᠴᠦᠯᠵᠢᠭ᠌ᠰᠡᠨ᠂ ᠡᠯᠡᠰᠦᠵᠢᠭ᠌ᠰᠡᠨ ᠭᠠᠵᠠᠷ ᠱᠢᠷᠣᠶ᠎ᠶ᠋ᠢᠨ ᠲᠠᠯᠠᠪᠠᠢ ᠦᠷᠭᠦᠯᠵᠢᠯᠡᠨ 《ᠬᠤᠶᠠᠷ ᠪᠠᠭᠠᠰᠭᠠᠯᠲᠠ》 ᠵᠢ  ᠪᠡᠶᠡᠯᠡᠭᠦᠯᠪᠡ᠃ ᠠᠮᠢᠳᠣ ᠪᠣᠳᠠᠰ ᠤ᠋ᠨ ᠣᠯᠠᠨ ᠶᠠᠩᠵᠣᠳᠣ ᠴᠢᠨᠠᠷ ᠎ᠢ ᠬᠠᠮᠠᠭᠠᠯᠠᠬᠣ ᠠᠵᠢᠯ ᠢᠳᠡᠪᠬᠢᠳᠡᠢ ᠦᠷ᠎ᠡ ᠪᠦᠳᠦᠮᠵᠢ ᠣᠯᠵᠣ ᠂ ᠶᠡᠬᠡ ᠬᠡᠮᠵᠢᠶᠡᠨ ᠤ᠋ ᠬᠣᠪᠣᠷ ᠴᠣᠬᠠᠭ ᠣᠰᠠᠳᠬᠣ ᠠᠶᠣᠯ ᠳᠠᠢ ᠪᠠᠢᠭ᠎ᠠ ᠬᠡᠭᠡᠷ᠎ᠡ ᠵᠢᠨ ᠠᠮᠢᠳᠠᠨ ᠣᠷᠭᠣᠮᠠᠯ ᠤ᠋ᠨ ᠳᠦᠷᠰᠦ ᠰᠦᠷᠦᠭ ᠳᠣᠭᠳᠠᠭᠣᠨ ᠵᠢᠡᠷ ᠨᠡᠮᠡᠭᠳᠡᠪᠡ᠃ ᠭᠤᠤᠯᠳᠠᠯᠭ᠎ᠠ᠎ᠲᠠᠢ ᠠᠵᠢᠯ ᠲᠥᠷᠥᠯ᠎ᠤᠨ ᠡᠨᠧᠷᠭᠢ ᠠᠷᠪᠢᠯᠠᠵᠤ ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠳᠠ᠎ᠶ᠋ᠢ ᠪᠠᠭᠤᠷᠠᠭᠤᠯᠬᠤ ᠥᠭᠡᠷᠡᠴᠢᠯᠡᠯᠲᠡ᠎ᠶ᠋ᠢ ᠠᠬᠢᠭᠤᠯᠵᠤ᠂ ᠱᠢᠨ᠎ᠡ ᠡᠨᠧᠷᠭᠢ᠎ᠶ᠋ᠢᠨ ᠰᠤᠷᠪᠤᠯᠵᠢ᠎ᠶ᠋ᠢ ᠨᠡᠭᠡᠭᠡᠨ ᠠᠱᠢᠭ᠍ᠯᠠᠬᠤ᠎ᠶ᠋ᠢ ᠠᠬᠢᠭᠤᠯᠵᠤ᠂ ᠴᠢᠯᠠᠭᠤᠵᠢᠮᠠᠯ ᠪᠤᠰᠤ ᠡᠨᠧᠷᠭᠢ᠎ᠶ᠋ᠢᠨ ᠰᠤᠷᠪᠤᠯᠵᠢ᠎ᠶ᠋ᠢᠨ ᠴᠠᠬᠢᠯᠭᠠᠨ ᠭᠠᠷᠭᠠᠬᠤ ᠬᠡᠮᠵᠢᠶ᠎ᠡ᠎ᠶ᠋ᠢᠨ ᠶᠡᠷᠦᠩᠬᠡᠶ ᠴᠠᠬᠢᠯᠭᠠᠨ ᠭᠠᠷᠭᠠᠬᠤ ᠬᠡᠮᠵᠢᠶᠡᠨ᠎ᠳᠤ ᠡᠵᠡᠯᠡᠬᠦ᠌ ᠬᠤᠪᠢ᠎ᠶ᠋ᠢᠨ ᠵᠢᠩ᠎ᠢ 40% ᠎ᠳᠤ ᠤᠢ᠍ᠢᠷᠠᠳᠤᠭᠤᠯᠪᠠ᠃ ᠪᠦᠬᠦ᠌ ᠤᠯᠤᠰ᠎ᠤᠨ ᠬᠦᠯᠡᠮᠵᠢ᠎ᠶ᠋ᠢᠨ ᠬᠡᠢ ᠪᠡᠶᠡᠲᠦ ᠭᠠᠳᠠᠭ᠍ᠰᠢᠯᠠᠭᠤᠯᠬᠤ ᠬᠡᠮᠵᠢᠶ᠎ᠡ᠎ᠶ᠋ᠢ ᠰᠠᠢᠨ ᠳᠤᠷ᠎ᠠ᠎ᠠᠴᠠ᠎ᠪᠠᠨ ᠪᠠᠭᠠᠰᠭᠠᠬᠤ ᠠᠷᠠᠯᠵᠢᠶᠠᠨ᠎ᠤ ᠵᠠᠬ᠎ᠠ ᠳᠡᠯᠭᠡᠭᠦᠷ᠎ᠢ ᠡᠬᠢᠯᠡᠭᠦᠯᠪᠡ᠃ ᠪᠦᠬᠦ᠌ ᠤᠯᠤᠰ᠎ᠤᠨ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠡᠷᠬᠡ᠎ᠶ᠋ᠢᠨ ᠠᠷᠠᠯᠵᠢᠶ᠎ᠠ ᠨᠡᠩ ᠬᠥᠭ᠌ᠵᠢᠶᠡᠨᠲᠡᠶ ᠪᠣᠯᠪᠠ᠃

ᠲᠤᠯᠤᠭ᠎ᠠ ᠎ᠳᠤ ᠵᠠᠰᠠᠭ᠎ᠤᠨ ᠣᠷᠳᠣᠨ᠎ᠤ ᠪᠠᠢᠭᠤᠯᠤᠯᠲᠠ ᠪᠠ ᠵᠠᠰᠠᠯᠲᠠ᠎ᠶ᠋ᠢᠨ ᠱᠢᠨ᠎ᠡ᠎ᠶ᠋ᠢ ᠡᠭᠦᠳᠬᠦ᠌᠎ᠶ᠋ᠢ ᠴᠢᠩᠭᠠᠳᠭᠠᠵᠤ᠂ ᠨᠡᠢᠭᠡᠮ᠎ᠤᠨ ᠡᠶ᠎ᠡ ᠵᠣᠬᠢᠴᠠᠯ ᠪᠠ ᠲᠣᠭ᠍ᠲᠠᠭᠤᠨ ᠪᠠᠢᠳᠠᠯ᠎ᠢ ᠪᠠᠲᠤᠯᠠᠪᠠ᠃ ᠨᠠᠮ᠎ᠤᠨ ᠲᠥᠪ ᠬᠣᠷᠢᠶ᠎ᠠ ᠵᠢᠨ  ᠨᠠᠮ᠎ᠢ ᠪᠦᠬᠦ᠌ ᠲᠠᠯ᠎ᠠ᠎ᠪᠠᠷ ᠴᠢᠩᠭ᠎ᠠ ᠵᠠᠰᠠᠬᠤ ᠪᠠᠢᠯᠳᠤᠬᠤ ᠪᠣᠳᠣᠯᠭ᠎ᠠ᠎ᠶ᠋ᠢᠨ ᠪᠠᠢᠷᠢᠯᠠᠭᠤᠯᠤᠯᠲᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠲᠥᠪ ᠬᠣᠷᠢᠶ᠎ᠠ ᠵᠢᠨ  ᠨᠠᠢ᠍ᠮᠠᠨ ᠵᠤᠷᠪᠤᠰ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠴᠢᠩᠭ᠎ᠠ ᠨᠠᠢᠳᠠᠪᠤᠷᠢᠵᠢᠭᠤᠯᠤᠨ᠂ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠢ ᠯᠠᠪᠳᠠᠭᠤᠨ ᠪᠠᠲᠤᠲᠠᠶ ᠥᠷᠨᠢᠭᠦᠯᠵᠦ᠍᠂ ᠬᠡᠯᠪᠡᠷᠢ᠎ᠶ᠋ᠢᠨ ᠦᠵᠡᠯ᠂ ᠨᠣᠶᠠᠨᠴᠢ ᠰᠣᠷᠳᠠᠯ᠎ᠢ ᠶᠡᠭᠡ᠎ᠪᠠᠷ ᠴᠡᠭ᠌ᠴᠡᠯᠡᠨ ᠵᠠᠰᠠᠵᠤ᠂ ᠦᠨᠳᠦᠰᠦᠨ ᠱᠠᠲᠤᠨ᠎ᠤ ᠳᠠᠷᠤᠭᠠᠰᠤ᠎ᠶ᠋ᠢ ᠦᠨᠡᠨ ᠬᠦ᠌ ᠬᠥᠩᠭᠡᠷᠡᠭᠦᠯᠵᠦ᠍᠂ ᠤᠯᠠᠨ ᠲᠦᠮᠡᠨ᠎ᠤ ᠳᠡᠷᠭᠡᠳᠡᠬᠢ ᠲᠥᠪ ᠪᠤᠰᠤ ᠰᠤᠷᠲᠠᠯ᠎ᠢ ᠭᠦᠨᠵᠡᠭᠡᠶ ᠵᠠᠰᠠᠵᠤ᠂ ᠨᠠᠮ᠎ᠤᠨ ᠰᠤᠷᠲᠠᠯ᠎ᠤᠨ ᠪᠠ ᠠᠷᠢᠭᠤᠨ ᠴᠢᠬᠡᠴᠢ᠎ᠪᠠᠷ ᠵᠠᠰᠠᠭ ᠪᠠᠷᠢᠬᠤ ᠪᠠᠢᠭᠤᠯᠤᠯᠲᠠ ᠪᠣᠯᠣᠨ ᠢᠯᠵᠢᠷᠠᠯ᠎ᠢ ᠡᠰᠡᠷᠭᠦᠴᠡᠬᠦ᠌ ᠲᠡᠮᠡᠴᠡᠯ᠎ᠢ ᠦᠷᠭᠦᠯᠵᠢᠯᠡᠨ ᠴᠢᠩᠭᠠᠳᠭᠠᠪᠠ᠃ ᠬᠠᠤᠯᠢ ᠶᠣᠰᠣᠭᠠᠷ ᠵᠠᠰᠠᠭ ᠶᠠᠪᠤᠭᠤᠯᠬᠤ᠎ᠶ᠋ᠢ ᠭᠦᠨᠵᠡᠭᠡᠢᠷᠡᠬᠦᠯᠦᠨ ᠠᠬᠢᠭᠤᠯᠪᠡ᠃ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠳᠤ 19 ᠬᠤᠪᠢ ᠬᠠᠤᠯᠢ ᠴᠠᠭᠠᠵᠠ᠎ᠶ᠋ᠢᠨ ᠰᠠᠨᠠᠯ ᠵᠥᠪᠯᠡᠯᠭᠡ᠎ᠶ᠋ᠢ ᠬᠢᠨᠠᠨ ᠶᠠᠷᠢᠯᠴᠠᠭᠤᠯᠬᠤ᠎ᠪᠠᠷ ᠳᠡᠪᠱᠢᠭᠦᠯᠵᠦ᠍᠂ 28 ᠬᠤᠪᠢ ᠵᠠᠰᠠᠭ ᠵᠠᠬᠢᠷᠭᠠᠨ᠎ᠤ ᠬᠠᠤᠯᠢ ᠲᠣᠭ᠍ᠲᠠᠭᠠᠯ᠎ᠢ ᠲᠣᠭ᠍ᠲᠠᠭᠠᠭ᠍ᠰᠠᠨ ᠪᠤᠶᠤ ᠵᠠᠰᠠᠨ ᠲᠤᠭ᠍ᠲᠠᠭᠠᠪᠠ᠃ ᠤᠬᠠᠮᠰᠠᠷ᠎ᠠᠴᠠ᠎ᠪᠠᠨ ᠬᠠᠤᠯᠢ ᠶᠣᠰᠣᠭᠠᠷ ᠬᠢᠨᠠᠯᠲᠠ ᠎ᠶ᠋ᠢ ᠬᠦᠯᠢᠶᠡᠪᠡ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢᠳ᠎ᠤᠨ ᠰᠠᠨᠠᠭᠤᠯᠭ᠎ᠠ ᠪᠠ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ᠎ᠤᠨ ᠳᠤᠷᠠᠳᠤᠯᠭ᠎ᠠ᠎ᠶ᠋ᠢ ᠬᠢᠨᠠᠮᠠᠭᠠᠶ ᠱᠢᠢᠳᠪᠦᠷᠢᠯᠡᠪᠡ᠃ ᠵᠠᠰᠠᠭ ᠵᠠᠬᠢᠷᠭᠠᠨ᠎ᠤ ᠬᠠᠤᠯᠢ ᠬᠡᠷᠡᠭ᠌ᠵᠢᠭᠦᠯᠦᠯᠲᠡ᠎ᠳᠤ ᠬᠢᠨᠠᠯᠲᠠ ᠲᠠᠯᠪᠢᠬᠤ᠎ᠪᠠᠨ ᠴᠢᠩᠭᠠᠳᠭᠠᠵᠤ᠂ ᠠᠵᠤ ᠠᠬᠤᠢᠯᠠᠯ᠎ᠳᠤ ᠬᠤᠯᠪᠣᠭ᠍ᠳᠠᠬᠤ ᠵᠠᠰᠠᠭ ᠵᠠᠬᠢᠷᠭᠠᠨ᠎ᠤ ᠪᠠᠢᠴᠠᠭᠠᠯᠲᠠ᠎ᠶ᠋ᠢ ᠵᠢᠷᠤᠮᠵᠢᠭᠤᠯᠪᠠ᠃ 《ᠥᠨᠳᠥᠷ ᠪᠦᠲᠦᠮᠵᠢᠲᠡᠶ᠎ᠪᠠᠷ ᠨᠢᠭᠡ ᠤᠴᠢᠷ ᠶᠠᠪᠤᠳᠠᠯ᠎ᠢ ᠪᠦᠲᠦᠭᠡᠬᠦ᠌》 ᠬᠤᠶᠠᠷ ᠪᠦᠯᠦᠭ ᠭᠤᠤᠯᠳᠠᠯᠭ᠎ᠠ᠎ᠲᠠᠢ ᠵᠦᠢᠯᠡᠰ᠎ᠤᠨ ᠲᠣᠲᠣᠷᠬᠠᠢ ᠬᠠᠭᠤᠳᠠᠰᠤ᠎ᠶ᠋ᠢ ᠨᠡᠢᠲᠡᠯᠡᠵᠦ᠍᠂ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠦᠢᠯᠡᠴᠢᠯᠡᠭᠡᠨ ᠎ᠤ ᠴᠢᠳᠠᠪᠤᠷᠢ᠎ᠶ᠋ᠢ ᠪᠦᠬᠦᠯᠢ ᠴᠣᠭ᠍ᠴᠠ᠎ᠪᠠᠷ᠎ᠨᠢ ᠳᠡᠭᠡᠭ᠌ᠰᠢᠯᠡᠭᠦᠯᠬᠦ᠌᠎ᠶ᠋ᠢ ᠠᠬᠢᠭᠤᠯᠪᠠ᠃ ᠴᠢᠨᠠᠷ ᠰᠠᠢᠲᠠᠶ ᠬᠥᠭ᠌ᠵᠢᠯᠲᠡ ᠎ᠶ᠋ᠢ ᠠᠬᠢᠭᠤᠯᠬᠤ ᠶᠡᠷᠦᠩᠬᠡᠢᠯᠡᠭ᠌ᠰᠡᠨ ᠱᠢᠪᠠᠳᠠᠨ ᠪᠠᠢᠴᠠᠭᠠᠯᠲᠠ᠎ᠶ᠋ᠢ ᠥᠷᠨᠢᠭᠦᠯᠪᠡ᠃ ᠨᠡᠢᠭᠡᠮ᠎ᠤᠨ ᠵᠠᠰᠠᠯᠲᠠ ᠎ᠶ᠋ᠢᠨ ᠲᠠᠯ᠎ᠠ᠎ᠪᠠᠷ ᠱᠢᠨ᠎ᠡ᠎ᠶ᠋ᠢ ᠡᠭᠦᠳᠴᠦ᠍ ᠲᠡᠭᠦᠯᠳᠡᠷᠵᠢᠭᠦᠯᠪᠡ᠃ ᠵᠥᠷᠢᠴᠡᠯ ᠵᠠᠭᠤᠷᠠᠯᠳᠤᠭᠠᠨ ᠎ᠢ ᠰᠠᠮᠨᠠᠨ ᠪᠠᠢᠴᠠᠭᠠᠵᠤ ᠱᠢᠢᠳᠪᠦᠷᠢᠯᠡᠬᠦ᠌ ᠠᠵᠢᠯ᠎ᠢ ᠴᠢᠩᠭᠠᠳᠭᠠᠵᠤ᠂ ᠵᠠᠬᠢᠳᠠᠯ ᠰᠤᠷᠪᠤᠯᠵᠢᠯᠠᠭ᠎ᠠ᠎ᠶ᠋ᠢᠨ ᠠᠵᠢᠯ᠎ᠢ ᠬᠠᠤᠯᠢ᠎ᠪᠠᠷ ᠵᠠᠰᠠᠬᠤ᠎ᠶ᠋ᠢ ᠠᠬᠢᠭᠤᠯᠪᠠ᠃ ᠪᠠᠴᠢᠮ ᠪᠠᠢᠳᠠᠯ᠎ᠢ ᠠᠷᠭᠠᠴᠠᠬᠤ ᠬᠠᠮᠢᠶᠠᠷᠤᠯᠲᠠ ᠪᠠ ᠠᠶᠤᠯ ᠥᠬᠡᠶ ᠦᠢᠯᠡᠳᠪᠦᠷᠢᠯᠡᠯ᠎ᠢ ᠴᠢᠩᠭᠠᠷᠠᠭᠤᠯᠵᠤ᠂ ᠱᠢᠲᠠᠮᠠᠬᠠᠶ ᠬᠡᠶ᠂ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠡᠷᠭᠡ᠎ᠶ᠋ᠢᠨ ᠠᠮᠤᠷ ᠲᠦᠪᠱᠢᠨ᠎ᠤ ᠳᠠᠯᠳᠠ ᠬᠡᠮ᠎ᠢ ᠪᠥᠬᠦ᠌ ᠬᠡᠯᠬᠢᠶᠡᠨ᠎ᠳᠤᠨᠢ ᠲᠤᠰᠭᠠᠶ ᠵᠦᠢᠯ᠎ᠢᠶᠠᠷ ᠴᠡᠭ᠌ᠴᠡᠯᠡᠨ ᠵᠠᠰᠠᠬᠤ᠎ᠶ᠋ᠢ ᠥᠷᠨᠢᠭᠦᠯᠪᠡ᠃ ᠦᠶᠡᠷ ᠤᠰᠤᠲᠤᠯ᠂ ᠲᠠᠢᠹᠧᠩ ᠰᠠᠯᠬᠢ᠂ ᠭᠠᠵᠠᠷ ᠬᠥᠳᠡᠯᠦᠯᠲᠡ ᠵᠡᠷᠭᠡ ᠪᠠᠢᠭᠠᠯᠢ᠎ᠶ᠋ᠢᠨ ᠭᠠᠮᠱᠢᠭ᠎ᠢ ᠪᠦᠲᠦᠮᠵᠢᠲᠡᠶ ᠰᠡᠷᠭᠡᠢᠯᠡᠨ ᠠᠷᠭᠠᠴᠠᠪᠡ᠃ ᠤᠯᠤᠰ᠎ᠤᠨ ᠠᠮᠤᠷ ᠲᠦᠪᠱᠢᠨ᠎ᠤ ᠱᠢᠰᠲ᠋ᠧᠮ᠎ᠢ ᠲᠡᠭᠦᠯᠳᠡᠷᠵᠢᠭᠦᠯᠪᠡ᠃ ᠬᠡᠲᠦᠷᠡᠮᠡᠬᠡᠶ ᠬᠡᠷᠡᠭ ᠪᠠ ᠬᠡᠳᠦᠷᠡᠮᠡᠬᠡᠢ ᠬᠡᠷᠡᠭ ᠶᠠᠪᠤᠳᠠᠯ ᠭᠠᠷᠬᠤ᠎ᠶ᠋ᠢ ᠴᠢᠩᠭ᠎ᠠ ᠰᠡᠷᠭᠡᠢᠯᠡᠵᠦ᠍᠂ ᠬᠠᠷ᠎ᠠ ᠬᠤᠤᠷᠳᠠᠢ ᠶᠠᠯᠠᠲᠤ ᠠᠵᠢᠯᠯᠠᠭ᠎ᠠ᠎ᠶ᠋ᠢ ᠬᠠᠤᠯᠢ ᠶᠣᠰᠣᠭᠠᠷ ᠴᠢᠩᠭ᠎ᠠ ᠱᠢᠢᠳᠭᠡᠵᠦ᠍᠂ ᠠᠷᠠᠳ ᠣᠯᠠᠨ᠎ᠤ ᠠᠮᠢ ᠨᠠᠰᠤ ᠡᠳ᠋ ᠬᠥᠷᠥᠩᠭᠡ᠎ᠶ᠋ᠢᠨ ᠠᠮᠤᠷ ᠲᠦᠪᠱᠢᠨ ᠪᠠ ᠨᠡᠢᠭᠡᠮ᠎ᠤᠨ ᠲᠣᠭ᠍ᠲᠠᠭᠤᠨ ᠪᠠᠢᠳᠠᠯ᠎ᠢ ᠪᠥᠬᠦ᠌ ᠬᠦᠴᠦᠨ᠎ᠢᠶᠠᠷ᠎ᠢᠶᠠᠨ ᠪᠠᠲᠤᠯᠠᠪᠠ᠃

ᠥᠩᠭᠡᠷᠡᠭ᠌ᠰᠡᠨ ᠨᠢᠭᠡ ᠵᠢᠯ᠎ᠳᠤ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠲᠤᠮᠤ ᠤᠯᠤᠰ᠎ᠤᠨ ᠭᠠᠳᠠᠭᠠᠳᠤ ᠬᠠᠷᠢᠯᠴᠠᠭ᠎ᠠ ᠱᠢᠨ᠎ᠡ ᠪᠠᠢᠳᠠᠯ᠎ᠢ ᠡᠬᠦᠳᠦᠨ ᠨᠡᠬᠡᠬᠡᠪᠡ᠃ ᠲᠡᠷᠢᠭᠦᠯᠡᠭ᠌ᠴᠢ ᠰᠢ᠎ᠶ᠋ᠢᠨ ᠫᠢᠩ ᠵᠡᠷᠭᠡ ᠨᠠᠮ ᠪᠠ ᠲᠦᠷᠦ᠍᠎ᠶ᠋ᠢᠨ ᠤᠳᠤᠷᠢᠳᠭᠤ ᠬᠥᠮᠦᠰ ᠤᠯᠠᠨ ᠤᠯᠤᠰ᠎ᠲᠤ ᠠᠢᠯᠴᠢᠯᠠᠵᠤ᠂ ᠱᠠᠩᠬᠠᠢ ᠎ᠶ᠋ᠢᠨ ᠬᠠᠮᠲᠤᠷᠠᠯᠴᠠᠭᠠᠨ ᠎ᠤ ᠵᠣᠬᠢᠶᠠᠨ ᠪᠠᠢᠭᠤᠯᠤᠯᠲᠠ᠎ᠶ᠋ᠢᠨ ᠲᠦᠷᠦᠭᠦᠴᠦᠳ᠎ᠤᠨ ᠬᠤᠷᠠᠯᠳᠤᠭᠠᠨ᠂ BRICS ᠤᠯᠤᠰ᠎ᠤᠳ᠎ᠤᠨ ᠤᠳᠤᠷᠢᠳᠭᠤ ᠬᠥᠮᠦᠰ᠎ᠤᠨ ᠠᠭᠤᠯᠵᠠᠯᠲᠠ᠂ ᠠᠽᠢᠶ᠎ᠠ ᠨᠤᠮᠤᠬᠠᠨ ᠳᠠᠯᠠᠢ᠎ᠶ᠋ᠢᠨ ᠤᠷᠤᠨ᠎ᠤ ᠠᠵᠤ ᠠᠬᠤᠢ᠎ᠶ᠋ᠢᠨ ᠬᠠᠮᠳᠤᠷᠠᠯᠴᠠᠭᠠᠨ᠎ᠤ ᠵᠣᠬᠢᠶᠠᠨ ᠪᠠᠢᠭᠤᠯᠤᠯᠲᠠ᠎ᠶ᠋ᠢᠨ ᠤᠳᠤᠷᠢᠳᠭᠤ ᠬᠥᠮᠦᠰ᠎ᠤᠨ ᠠᠯᠪᠠᠨ ᠶᠣᠰᠣᠨ᠎ᠤ ᠪᠤᠰᠤ ᠬᠤᠷᠠᠯᠳᠤᠭᠠᠨ᠂ ᠬᠤᠷᠢᠨ ᠤᠯᠤᠰ᠎ᠤᠨ ᠪᠦᠯᠦᠭ᠌ᠯᠡᠯ᠎ᠤᠨ ᠤᠳᠤᠷᠢᠳᠭᠤ ᠬᠥᠮᠦᠰ᠎ᠤᠨ ᠲᠦᠷᠦᠭᠦᠴᠦᠳ᠎ᠤᠨ ᠬᠤᠷᠠᠯᠳᠤᠭᠠᠨ᠂ ᠵᠡᠬᠦᠨ ᠠᠽᠢᠶ᠎ᠠ᠎ᠶ᠋ᠢᠨ ᠬᠠᠮᠳᠤᠷᠠᠯᠴᠠᠭᠠᠨ᠎ᠤ ᠤᠳᠤᠷᠢᠳᠭᠤ ᠬᠦᠮᠦᠰ᠎ᠤᠨ ᠱᠢᠷᠢᠰ ᠬᠤᠷᠠᠯᠳᠤᠭᠠᠨ ᠵᠡᠷᠭᠡ ᠤᠯᠠᠨ ᠲᠠᠯᠠᠲᠤ ᠬᠤᠶᠠᠷ ᠲᠠᠯᠠᠳᠤ ᠴᠢᠬᠤᠯᠠ ᠶᠡᠭᠡ ᠠᠵᠢᠯᠯᠠᠭ᠎ᠠ᠎ᠳᠤ ᠣᠷᠣᠯᠴᠠᠪᠠ᠃ ᠳᠤᠮᠳᠠᠳᠤ ᠠᠹᠷᠢᠺᠠ᠎ᠶ᠋ᠢᠨ ᠬᠠᠮᠲᠤᠷᠠᠯᠴᠠᠭᠠᠨ᠎ᠤ ᠶᠠᠷᠢᠯᠴᠠᠭᠠᠨ᠎ᠤ ᠲᠠᠪᠴᠠᠩ᠎ᠤᠨ ᠪᠡᠭᠡᠵᠢᠩ ᠎ᠳᠠᠬᠢ ᠲᠦᠷᠦᠭᠦᠴᠦᠳ᠎ᠤᠨ ᠬᠤᠷᠠᠯᠳᠤᠭᠠᠨ᠂ ᠨᠠᠢᠷᠠᠮᠳᠠᠯ᠎ᠢᠶᠠᠷ ᠵᠡᠷᠭᠡᠴᠡᠨ ᠣᠷᠣᠱᠢᠬᠤ ᠲᠠᠪᠤᠨ ᠵᠠᠷᠴᠢᠮ ᠨᠡᠢᠲᠡᠯᠡᠭ᠌ᠳᠡᠭ᠌ᠰᠡᠨ 70 ᠵᠢᠯ᠎ᠤᠨ ᠣᠶ᠎ᠶ᠋ᠢ ᠳᠤᠷᠠᠰᠭᠠᠬᠤ ᠶᠡᠭᠡ ᠬᠤᠷᠠᠯ᠂ ᠳᠤᠮᠳᠠᠳᠤ ᠠᠷᠠᠪ᠎ᠤᠨ ᠬᠠᠮᠲᠤᠷᠠᠯᠴᠠᠭᠠᠨ᠎ᠤ ᠶᠠᠷᠢᠯᠴᠠᠭᠠᠨ᠎ᠤ ᠲᠠᠪᠴᠠᠩ᠎ᠤᠨ ᠰᠠᠢᠳ᠎ᠤᠨ ᠲᠠᠰ᠎ᠤᠨ ᠬᠤᠷᠠᠯᠳᠤᠭᠠᠨ ᠵᠡᠷᠭᠡ ᠴᠢᠬᠤᠯᠠ ᠶᠡᠭᠡ ᠡᠵᠡᠨ ᠲᠠᠯᠠᠪᠤᠷ᠎ᠤᠨ ᠭᠠᠳᠠᠭᠠᠳᠤ ᠬᠠᠷᠢᠯᠴᠠᠭᠠᠨ᠎ᠤ ᠠᠵᠢᠯᠯᠠᠭ᠎ᠠ᠎ᠶ᠋ᠢ ᠠᠮᠵᠢᠯᠲᠠ᠎ᠲᠠᠢ ᠡᠷᠬᠢᠯᠡᠪᠡ᠃ ᠬᠥᠮᠦᠨ ᠲᠥᠷᠥᠯᠬᠢᠲᠡᠨ᠎ᠤ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ᠎ᠶ᠋ᠢ ᠠᠬᠢᠭᠤᠯᠵᠤ᠂ ᠪᠦᠬᠦ᠌ ᠪᠥᠮᠪᠥᠷᠴᠡᠭ᠎ᠤᠨ ᠬᠠᠨᠢᠲᠠᠨ᠎ᠤ ᠬᠠᠷᠢᠴᠠᠭ᠎ᠠ᠎ᠶ᠋ᠢ ᠪᠠᠬᠢᠵᠢᠭᠦᠯᠦᠨ ᠥᠷᠭᠡᠳᠭᠡᠵᠦ᠍᠂ ᠵᠢᠩᠬᠢᠨᠢ ᠤᠯᠠᠨ ᠲᠠᠯᠠᠲᠤ ᠦᠵᠡᠯ᠎ᠢ ᠪᠠᠷᠢᠮᠲᠠᠯᠠᠵᠤ᠂ ᠪᠦᠬᠦ᠌ ᠪᠥᠮᠪᠥᠷᠴᠡᠭ᠎ᠤᠨ ᠴᠢᠨᠠᠷᠲᠠᠶ ᠱᠢᠯᠭᠠᠯᠲᠠ᠎ᠶ᠋ᠢ ᠠᠷᠭᠠᠴᠠᠬᠤ ᠪᠤᠯᠤᠨ ᠤᠯᠠᠨ ᠤᠯᠤᠰ᠎ᠤᠨ ᠪᠠ ᠭᠠᠵᠠᠷ ᠣᠷᠣᠨ᠎ᠤ ᠬᠠᠯᠠᠭᠤᠨ ᠴᠡᠭ ᠎ᠤᠨ ᠠᠰᠠᠭᠤᠳᠠᠯ᠎ᠢ ᠱᠢᠢᠳᠪᠦᠷᠢᠯᠡᠬᠦ᠌ ᠳᠤᠮᠳᠠ ᠢᠳᠡᠪᠬᠢᠲᠡᠶ ᠪᠦᠬᠡᠳ ᠪᠦᠲᠦᠭᠡᠯᠴᠢ ᠴᠢᠨᠠᠷᠲᠠᠶ ᠦᠢᠯᠡᠳᠦᠯ ᠪᠠᠳᠠᠷᠠᠭᠤᠯᠪᠠ᠃ ᠳᠤᠮᠳᠠᠳᠤ ᠤᠯᠤᠰ ᠳᠡᠯᠡᠬᠡᠶ᠎ᠶ᠋ᠢᠨ ᠡᠩᠭᠡ ᠲᠠᠢᠪᠤᠩ ᠪᠠ ᠬᠥᠭ᠌ᠵᠢᠯᠲᠡ᠎ᠶ᠋ᠢ ᠠᠬᠢᠭᠤᠯᠬᠤ᠎ᠳᠤ ᠴᠢᠬᠤᠯᠠ ᠬᠤᠪᠢ ᠨᠡᠮᠡᠷᠢ ᠦᠵᠡᠭᠦᠯᠪᠡ᠃

ᠥᠩᠭᠡᠷᠡᠭ᠌ᠰᠡᠨ ᠨᠢᠭᠡ ᠵᠢᠯ᠎ᠳᠤ ᠣᠯᠤᠭ᠍ᠰᠠᠨ ᠠᠮᠵᠢᠯᠲᠠ ᠪᠦᠲᠦᠮᠵᠢ᠎ᠶ᠋ᠢᠨ ᠦᠨᠳᠦᠰᠦᠨ ᠱᠢᠯᠲᠠᠭᠠᠨ᠎ᠨᠢ ᠶᠡᠷᠦᠩᠬᠡᠢ ᠱᠦᠵᠢ ᠰᠢ᠎ᠶ᠋ᠢᠨ ᠫᠢᠩ᠎ᠤᠨ ᠠᠶᠠᠯᠠᠯ ᠵᠠᠮᠴᠢᠯᠠᠨ ᠴᠢᠭ᠌ᠯᠡᠯ᠎ᠢ ᠡᠵᠡᠮᠳᠡᠭ᠌ᠰᠡᠨ᠎ᠳᠤ ᠪᠤᠢ᠂ ᠰᠢ᠎ᠶ᠋ᠢᠨ ᠫᠢᠩ᠎ᠤᠨ ᠱᠢᠨ᠎ᠡ ᠴᠠᠭ ᠥᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠥᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠱᠢᠨᠵᠢᠯᠡᠬᠦ᠌ ᠤᠬᠠᠭᠠᠨᠴᠢ ᠵᠢᠯᠤᠭᠤᠳᠤᠯᠭ᠎ᠠ᠎ᠳᠤ ᠪᠤᠢ᠂ ᠲᠡᠷᠡ᠎ᠨᠢ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠣᠷᠢᠶ᠎ᠠ ᠵᠢᠨ  ᠪᠠᠲᠤ ᠴᠢᠩᠭ᠎ᠠ ᠤᠳᠤᠷᠢᠳᠤᠭ᠍ᠰᠠᠨ᠎ᠤ ᠦᠷ᠎ᠡ ᠳ᠋ᠦᠩ ᠮᠥᠨ᠂ ᠪᠦᠬᠦ᠌ ᠨᠠᠮ ᠪᠦᠬᠦ᠌ ᠴᠡᠷᠢᠭ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠪᠦᠯᠬᠦᠮᠳᠡᠨ ᠲᠡᠮᠡᠴᠡᠭ᠌ᠰᠡᠨ᠎ᠤ ᠦᠷ᠎ᠡ ᠳ᠋ᠦᠩ ᠮᠥᠨ᠃ ᠪᠢ ᠲᠥᠷᠥ᠎ᠶ᠋ᠢᠨ ᠶᠠᠪᠤᠳᠠᠯ᠎ᠤᠨ ᠬᠣᠷᠢᠶ᠎ᠠ ᠵᠢᠨ  ᠡᠮᠦᠨ᠎ᠡ᠎ᠠᠴᠠ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠂ ᠡᠯ᠎ᠡ ᠠᠷᠠᠳᠴᠢᠯᠠᠭ᠍ᠰᠠᠨ ᠨᠠᠮ ᠪᠦᠯᠦᠭ᠂ ᠡᠯ᠎ᠡ ᠠᠷᠠᠳ᠎ᠤᠨ ᠪᠦᠯᠬᠦᠮ ᠪᠣᠯᠤᠨ ᠡᠯ᠎ᠡ ᠡᠲᠡᠭᠡᠳ᠎ᠤᠨ ᠬᠥᠮᠦᠰ᠎ᠲᠤ ᠴᠢᠩ ᠰᠡᠳᠭᠢᠯ᠎ᠤᠨ ᠲᠠᠯᠠᠷᠬᠠᠯ᠎ᠢᠶᠠᠨ ᠳᠡᠪᠱᠢᠭᠦᠯᠥᠶ᠎ᠡ! ᠱᠢᠶᠠᠩᠭᠠᠩ᠎ᠤᠨ ᠵᠠᠰᠠᠭ ᠵᠠᠬᠢᠷᠭᠠᠨ᠎ᠤ ᠣᠨᠴᠠᠭᠠᠶ ᠣᠷᠣᠨ᠎ᠤ ᠠᠬ᠎ᠠ ᠳᠡᠭᠦᠦ ᠨᠡᠷ᠂ ᠣᠣᠮᠧᠨ᠎ᠤ ᠵᠠᠰᠠᠭ ᠵᠠᠬᠢᠷᠭᠠᠨ᠎ᠤ ᠣᠨᠴᠠᠭᠠᠶ ᠣᠷᠣᠨ᠎ᠤ ᠠᠬ᠎ᠠ ᠳᠡᠭᠦᠦ ᠨᠡᠷ᠂ ᠲᠠᠢᠸᠠᠨ᠎ᠤ ᠠᠬ᠎ᠠ ᠳᠡᠭᠦᠦ ᠨᠡᠷ ᠪᠠ ᠭᠠᠳᠠᠭᠠᠳᠤ᠎ᠳᠤ ᠰᠠᠭᠤᠭ᠎ᠠ ᠬᠠᠷᠢᠶᠠᠲᠤ ᠠᠬ᠎ᠠ ᠳᠡᠭᠦᠦ ᠨᠡᠷ᠎ᠲᠤ ᠴᠢᠩ ᠰᠡᠳᠭᠢᠯ ᠎ᠤᠨ ᠲᠠᠯᠠᠷᠬᠠᠯ᠎ᠢᠶᠠᠨ ᠳᠡᠪᠱᠢᠭᠦᠯᠦᠶ᠎ᠡ! ᠳᠤᠮᠳᠠᠳᠤ ᠤᠯᠤᠰ᠎ᠤᠨ ᠣᠳᠣᠬᠢᠴᠢᠯᠠᠬᠤ ᠪᠦᠲᠦᠭᠡᠨ ᠪᠠᠢᠭᠤᠯᠤᠯᠲᠠ᠎ᠶ᠋ᠢ ᠬᠠᠯᠠᠮᠵᠢᠯᠠᠨ ᠳᠠᠮᠵᠢᠵᠤ ᠪᠠᠢᠭ᠎ᠠ ᠡᠯ᠎ᠡ ᠤᠯᠤᠰ᠎ᠤᠨ ᠵᠠᠰᠠᠭ᠎ᠤᠨ ᠣᠷᠳᠣᠨ᠂ ᠣᠯᠠᠨ ᠤᠯᠤᠰ᠎ᠤᠨ ᠵᠣᠬᠢᠶᠠᠨ ᠪᠠᠢᠭᠤᠯᠤᠯᠲᠠ ᠪᠣᠯᠤᠨ ᠡᠯ᠎ᠡ ᠤᠯᠤᠰ᠎ᠤᠨ ᠨᠠᠢᠵᠠ ᠨᠠᠷ᠎ᠲᠤ ᠴᠢᠩ ᠰᠡᠳᠭᠢᠯ᠎ᠤᠨ ᠲᠠᠯᠠᠷᠬᠠᠯ᠎ᠢᠶᠠᠨ ᠳᠡᠪᠱᠢᠭᠦᠯᠦᠶ᠎ᠡ!

ᠠᠮᠵᠢᠯᠲᠠ᠎ᠪᠠᠨ ᠨᠤᠲᠠᠯᠠᠬᠤ᠎ᠶ᠋ᠢᠨ ᠵᠡᠷᠭᠡ᠎ᠳᠤ᠂ ᠪᠢᠳᠡ ᠪᠠᠰᠠ ᠲᠤᠯᠭᠠᠷᠠᠵᠤ ᠪᠠᠢᠭ᠎ᠠ ᠠᠰᠠᠭᠤᠳᠠᠯ ᠪᠠ ᠱᠢᠯᠭᠠᠯᠲᠠ᠎ᠶ᠋ᠢ ᠰᠡᠷᠭᠡᠭ᠎ᠢᠶᠠᠷ ᠣᠯᠵᠤ ᠬᠠᠷᠠᠪᠠ᠃ ᠳᠡᠯᠡᠬᠡᠶ᠎ᠶ᠋ᠢᠨ ᠪᠠᠢᠳᠠᠯ᠎ᠠᠴᠠ ᠦᠵᠡᠪᠡᠯ᠂ ᠳᠡᠯᠡᠬᠡᠶ᠎ᠶ᠋ᠢᠨ ᠵᠠᠭᠤᠨ ᠵᠢᠯ᠎ᠤᠨ ᠬᠤᠪᠢᠰᠤᠯᠲᠠ ᠲᠦᠷᠭᠡᠨ᠎ᠢᠶᠠᠷ ᠤᠯᠠᠷᠢᠨ ᠬᠤᠪᠢᠷᠠᠵᠤ᠂ ᠭᠠᠳᠠᠭᠠᠳᠤ ᠣᠷᠴᠢᠨ ᠨᠥᠬᠦᠴᠡᠯ ᠨᠡᠩ ᠲᠦᠪᠡᠭ ᠪᠤᠳᠤᠯᠢᠶᠠᠨᠲᠠᠶ ᠬᠦᠨᠳᠦ ᠬᠡᠴᠡᠭᠦᠦ ᠪᠤᠯᠵᠤ ᠪᠠᠢᠬᠤ᠎ᠨᠢ ᠮᠠᠨ᠎ᠤ ᠤᠯᠤᠰ᠎ᠤᠨ ᠠᠷᠠᠯᠵᠢᠶ᠎ᠠ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠵᠡᠷᠭᠡ ᠬᠦᠷᠢᠶᠡᠨ᠎ᠳᠤ ᠨᠡᠩ ᠶᠡᠭᠡ ᠲᠠᠭᠠᠷᠢᠯᠳᠠ ᠤᠴᠠᠷᠠᠭᠤᠯᠵᠤ ᠮᠡᠳᠡᠨ᠎ᠡ᠃ ᠳᠡᠯᠡᠬᠡᠶ᠎ᠶ᠋ᠢᠨ ᠠᠵᠤ ᠠᠬᠤᠢ᠎ᠶ᠋ᠢᠨ ᠨᠡᠮᠡᠭ᠌ᠳᠡᠯ᠎ᠤᠨ ᠬᠥᠳᠡᠯᠭᠡᠭ᠌ᠴᠢ ᠡᠨᠧᠷᠭᠢ ᠭᠦᠢᠴᠡᠳ ᠪᠤᠰᠤ ᠪᠠᠢᠵᠤ᠂ ᠭᠠᠭ᠍ᠴᠠ ᠲᠠᠯᠠᠲᠤ ᠦᠵᠡᠯ᠂ ᠬᠠᠮᠠᠭᠠᠯᠠᠬᠤ ᠦᠵᠡᠯ ᠱᠢᠷᠦᠭᠦᠰᠦᠨ᠂ ᠣᠯᠠᠨ ᠲᠠᠯᠠᠲᠤ ᠠᠷᠠᠯᠵᠢᠶᠠᠨ᠎ᠤ ᠪᠠᠢᠭᠤᠯᠤᠯ ᠬᠠᠷᠰᠢ ᠰᠠᠭᠠᠳ᠎ᠲᠤ ᠤᠴᠠᠷᠠᠵᠤ᠂ ᠪᠣᠭᠤᠮᠲᠠ᠎ᠶ᠋ᠢᠨ ᠭᠠᠢᠯᠢ᠎ᠶ᠋ᠢᠨ ᠬᠤᠷᠢᠭ᠎ᠠ ᠰᠠᠭᠠᠳ ᠨᠡᠮᠡᠭ᠌ᠳᠡᠵᠦ᠍ ᠪᠠᠢᠬᠤ᠎ᠨᠢ ᠪᠦᠬᠦ᠌ ᠪᠥᠮᠪᠥᠷᠴᠡᠭ᠎ᠤᠨ ᠠᠵᠤ ᠦᠢᠯᠡᠰ᠎ᠤᠨ ᠬᠡᠯᠬᠢᠶ᠎ᠡ ᠬᠠᠩᠭᠠᠯᠭ᠎ᠠ᠎ᠶ᠋ᠢᠨ ᠬᠡᠯᠬᠢᠶ᠎ᠡ᠎ᠶ᠋ᠢᠨ ᠲᠣᠭ᠍ᠲᠠᠭᠤᠨ ᠪᠠᠢᠳᠠᠯ᠎ᠳᠤ ᠳᠠᠭᠠᠷᠢᠯᠲᠠ ᠤᠴᠠᠷᠠᠭᠤᠯᠵᠤ᠂ ᠣᠯᠠᠨ ᠤᠯᠤᠰ᠎ᠤᠨ ᠠᠵᠤ ᠠᠬᠤᠶ᠎ᠶ᠋ᠢᠨ ᠣᠷᠴᠢᠯ᠎ᠳᠤ ᠬᠠᠷᠰᠢ ᠰᠠᠭᠠᠳ ᠤᠴᠠᠷᠠᠭᠤᠯᠵᠤ ᠪᠠᠢᠨ᠎ᠠ᠃ ᠭᠠᠵᠠᠷ ᠣᠷᠣᠨ᠎ᠤ ᠤᠯᠤᠰ ᠲᠥᠷᠥ᠎ᠶ᠋ᠢᠨ ᠪᠠᠴᠢᠮ ᠬᠦᠴᠦᠨ ᠵᠦᠢᠯ ᠮᠥᠨ ᠬᠦ᠌ ᠨᠡᠯᠢᠶᠡᠳ ᠣᠯᠠᠨ ᠤᠷᠤᠱᠢᠵᠤ ᠪᠠᠢᠬᠤ᠎ᠨᠢ ᠪᠦᠬᠦ᠌ ᠪᠥᠮᠪᠥᠷᠴᠡᠭ᠎ᠤᠨ ᠵᠠᠬ᠎ᠠ ᠳᠡᠯᠭᠡᠭᠦᠷ᠎ᠤᠨ ᠵᠢᠱ᠌ᠢᠯᠲᠡ ᠪᠣᠯᠤᠨ ᠪᠡᠯᠡ ᠣᠷᠣᠭᠤᠯᠤᠯᠲᠠ᠎ᠶ᠋ᠢᠨ ᠢᠲᠡᠭᠡᠯ ᠵᠤᠷᠢᠭ᠎ᠢ ᠨᠥᠯᠥᠭᠡᠯᠡᠵᠦ᠍᠂ ᠤᠯᠠᠨ ᠤᠯᠤᠰ᠎ᠤᠨ ᠵᠠᠬ᠎ᠠ ᠳᠡᠯᠭᠡᠭᠦᠷ᠎ᠤᠨ ᠬᠡᠯᠪᠡᠯᠵᠡᠯ᠎ᠤᠨ ᠠᠶᠤᠯ ᠲᠦᠭ᠌ᠰᠢᠭᠦᠷᠢ᠎ᠶ᠋ᠢ ᠨᠡᠮᠡᠭ᠌ᠳᠡᠬᠦᠯᠵᠦ᠍ ᠪᠠᠢᠨ᠎ᠠ᠃ ᠤᠯᠤᠰ᠎ᠤᠨ ᠳᠣᠲᠣᠭᠠᠳᠤ᠎ᠶ᠋ᠢᠨ ᠪᠠᠢᠳᠠᠯ᠎ᠠᠴᠠ ᠦᠵᠡᠪᠡᠯ᠂ ᠠᠵᠤ ᠠᠬᠤᠶ᠎ᠶ᠋ᠢᠨ ᠰᠡᠷᠭᠦᠨ ᠰᠠᠢᠵᠢᠷᠠᠬᠤ ᠰᠠᠭᠤᠷᠢ ᠪᠠᠰᠠ ᠲᠣᠭ᠍ᠲᠠᠭᠤᠨ ᠪᠢᠰᠢ᠂ ᠪᠦᠲᠦᠮᠵᠢᠲᠡᠶ ᠬᠡᠷᠡᠭ᠌ᠴᠡᠭᠡ ᠬᠦᠷᠦᠯᠴᠡᠬᠦ᠌ ᠦᠭᠡᠢ ᠪᠠᠢᠵᠤ᠂ ᠢᠯᠠᠩᠭᠤᠶ᠎ᠠ ᠬᠡᠷᠡᠭ᠌ᠯᠡᠭᠡ ᠠᠨᠠᠢ ᠪᠠᠢᠨ᠎ᠠ᠃ ᠬᠡᠰᠡᠭ ᠠᠵᠤ ᠠᠬᠤᠢᠯᠠᠯ᠎ᠤᠨ ᠦᠢᠯᠡᠳᠪᠦᠷᠢᠯᠡᠯ ᠡᠵᠡᠩᠨᠡᠯᠲᠡ ᠬᠦᠴᠢᠷᠳᠡᠯ᠎ᠲᠠᠢ ᠪᠠᠢᠵᠤ᠂ ᠠᠵᠤ ᠠᠬᠤᠢᠯᠠᠯ᠎ᠤᠨ ᠠᠪᠴᠠᠭᠠᠨ᠎ᠤ ᠵᠤᠭᠤᠰ᠎ᠢ ᠥᠷᠢᠲᠦᠬᠦ᠌ ᠠᠰᠠᠭᠤᠳᠠᠯ ᠮᠥᠨ ᠬᠦ᠌ ᠨᠡᠯᠢᠶᠡᠳ ᠲᠣᠪᠤᠢᠮ᠎ᠠ ᠪᠠᠢᠨ᠎ᠠ᠃ ᠣᠯᠠᠨ ᠲᠦᠮᠡᠨ᠎ᠤ ᠠᠵᠢᠯ ᠣᠯᠵᠤ ᠣᠷᠣᠯᠭ᠎ᠠ᠎ᠪᠠᠨ ᠨᠡᠮᠡᠭ᠌ᠳᠡᠭᠦᠯᠬᠦ᠌᠎ᠳᠤ ᠳᠠᠷᠤᠯᠲᠠ ᠲᠤᠯᠭᠠᠷᠠᠵᠤ ᠪᠠᠢᠨ᠎ᠠ᠃ ᠠᠷᠠᠳ᠎ᠤᠨ ᠠᠮᠢᠳᠤᠷᠠᠯ᠎ᠤᠨ ᠬᠦᠷᠢᠶᠡᠨ᠎ᠳᠤ ᠳᠤᠲᠠᠭᠤᠳᠠᠯ ᠣᠷᠣᠱᠢᠵᠤ ᠪᠠᠢᠨ᠎ᠠ᠃ ᠵᠠᠷᠢᠮ ᠣᠷᠣᠨ ᠨᠤᠳᠤᠭ᠎ᠤᠨ ᠦᠨᠳᠦᠰᠦᠨ ᠱᠠᠲᠤᠨ᠎ᠤ ᠡᠳ᠋᠎ᠤᠨ ᠵᠠᠰᠠᠭ ᠬᠦᠴᠢᠷᠳᠡᠯ᠎ᠲᠠᠢ ᠪᠠᠢᠨ᠎ᠠ᠃ ᠨᠡᠢᠭᠡᠮ᠎ᠤᠨ ᠵᠥᠷᠢᠴᠡᠯ᠎ᠢ ᠠᠷᠢᠯᠭᠠᠬᠤ ᠪᠠ ᠠᠶᠤᠯ ᠲᠦᠭ᠌ᠰᠢᠭᠦᠷᠢ᠎ᠶ᠋ᠢ ᠰᠡᠷᠭᠡᠢᠯᠡᠬᠦ᠌ ᠠᠵᠢᠯ ᠎ᠢ  ᠪᠠᠰᠠ ᠴᠢᠩᠭᠠᠳᠭᠠᠬᠤ ᠴᠢᠬᠤᠯᠠᠲᠠᠶ ᠪᠠᠢᠨ᠎ᠠ᠃ ᠵᠠᠰᠠᠭ᠎ᠤᠨ ᠣᠷᠳᠣᠨ᠎ᠤ ᠦᠢᠯᠡᠳᠦᠯ ᠴᠢᠳᠠᠪᠤᠷᠢ ᠪᠠ ᠬᠠᠤᠯᠢ ᠶᠣᠰᠣᠭᠠᠷ ᠵᠠᠰᠠᠭ ᠶᠠᠪᠤᠭᠤᠯᠬᠤ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠴᠢᠬᠤᠯᠠᠲᠠᠶ ᠪᠠᠢᠨ᠎ᠠ᠃ ᠵᠠᠷᠢᠮ ᠠᠵᠢᠯ᠎ᠤᠨ ᠵᠣᠬᠢᠴᠠᠭᠤᠯᠭ᠎ᠠ ᠬᠠᠮᠵᠢᠯᠴᠠᠭ᠎ᠠ ᠬᠦᠷᠦᠯᠴᠡᠬᠦ᠌ ᠦᠭᠡᠢ ᠪᠠᠢᠵᠤ᠂ ᠵᠠᠷᠢᠮ ᠲᠦᠷᠦ᠍᠎ᠶ᠋ᠢᠨ ᠪᠤᠳᠤᠯᠭ᠎ᠠ᠎ᠶ᠋ᠢᠨ ᠨᠠᠢᠳᠠᠪᠤᠷᠢᠵᠢᠭᠤᠯᠤᠯᠲᠠ ᠤᠳᠠᠭᠠᠪᠲᠤᠷ ᠪᠠᠢᠵᠤ᠂ ᠦᠷ᠎ᠡ ᠪᠦᠲᠦᠮᠵᠢ᠎ᠨᠢ ᠵᠢᠱ᠌ᠢᠯᠲᠡ᠎ᠳᠤ ᠬᠦᠷᠬᠦ᠌ ᠦᠭᠡᠢ ᠪᠠᠢᠨ᠎ᠠ᠃ ᠵᠠᠷᠢᠮ ᠰᠠᠯᠠᠭ᠎ᠠ ᠮᠥᠴᠢᠷ᠎ᠤᠨ ᠦᠢᠯᠡᠴᠢᠯᠡᠭᠡᠨ᠎ᠤ ᠤᠬᠠᠮᠰᠠᠷ᠎ᠨᠢ ᠴᠢᠩᠭ᠎ᠠ ᠪᠢᠰᠢ᠂ ᠬᠡᠷᠡᠭ ᠡᠷᠬᠢᠯᠡᠬᠦ᠌ ᠦᠷ᠎ᠡ ᠪᠦᠲᠦᠮᠵᠢ᠎ᠨᠢ ᠥᠨᠳᠥᠷ ᠪᠢᠰᠢ ᠪᠠᠢᠨ᠎ᠠ᠃ ᠵᠠᠷᠢᠮ ᠺᠠᠳ᠋ᠷ ᠳᠤᠷ᠎ᠠ᠎ᠪᠠᠷ᠎ᠢᠶᠠᠨ ᠦᠢᠯᠡᠳᠴᠦ᠍᠂ ᠡᠰᠡ ᠦᠢᠯᠡᠳᠴᠦ᠍᠂ ᠦᠢᠯᠡᠳᠬᠦᠢ᠎ᠳᠤᠷ ᠴᠢᠳᠠᠮᠠᠭᠠᠢ ᠪᠤᠰᠤ ᠪᠠᠢᠵᠤ᠂ ᠵᠠᠷᠢᠮ ᠬᠦᠷᠢᠶ᠎ᠡ ᠪᠠ ᠣᠷᠣᠨ ᠨᠤᠲᠤᠭ᠎ᠲᠤ ᠢᠯᠵᠢᠷᠠᠯ᠎ᠤᠨ ᠠᠰᠠᠭᠤᠳᠠᠯ ᠮᠥᠨ ᠯᠡ ᠤᠯᠠᠨ ᠭᠠᠷᠴᠤ᠌ ᠪᠠᠢᠨ᠎ᠠ᠃ ᠪᠢᠳᠡ ᠬᠦᠴᠢᠷᠳᠡᠯ ᠪᠠ ᠠᠰᠠᠭᠤᠳᠠᠯ᠎ᠳᠤ ᠵᠥᠪ᠎ᠢᠶᠠᠷ ᠬᠠᠨᠳᠤᠬᠤ ᠬᠡᠷᠡᠭ᠌ᠳᠠᠢ ᠮᠥᠷᠲᠡᠭᠡᠨ ᠨᠡᠩ ᠴᠤ᠌ ᠬᠥᠭ᠌ᠵᠢᠯᠲᠡ᠎ᠶ᠋ᠢᠨ ᠢᠲᠡᠭᠡᠯ ᠵᠣᠷᠢᠭ᠎ᠢᠶᠠᠨ ᠪᠠᠲᠤᠳᠭᠠᠬᠤ ᠬᠡᠷᠡᠭ᠌ᠲᠡᠶ᠃ ᠮᠠᠨ᠎ᠤ ᠤᠯᠤᠰ ᠢᠯᠡᠳᠲᠡ ᠪᠠᠢᠭᠤᠯᠤᠯ᠎ᠤᠨ ᠳᠠᠪᠠᠭᠤᠯᠢᠭ᠎ᠲᠠᠢ᠂ ᠬᠡᠳᠦ ᠶᠡᠭᠡ ᠬᠡᠪᠴᠢᠶᠡᠨ᠎ᠤ ᠵᠠᠬ᠎ᠠ ᠳᠡᠯᠭᠡᠭᠦᠷ᠂ ᠪᠦᠷᠢᠨ ᠲᠦᠬᠦᠷ ᠠᠵᠤ ᠦᠢᠯᠡᠰ᠎ᠤᠨ ᠱᠢᠰᠲ᠋ᠧᠮ᠂ ᠡᠯᠪᠡᠭ ᠳᠡᠯᠪᠡᠭ ᠬᠥᠮᠦᠨ᠎ᠤ ᠬᠦᠴᠦᠨ ᠴᠢᠳᠠᠪᠤᠷᠢᠲᠠᠨ᠎ᠤ ᠡᠬᠢ ᠪᠠᠶᠠᠯᠢᠭ ᠵᠡᠷᠭᠡ ᠣᠯᠠᠨ ᠠᠷᠪᠢᠨ ᠳᠠᠪᠠᠭᠤᠯᠢᠭ ᠨᠥᠬᠦᠴᠡᠯ᠎ᠲᠠᠢ᠂ ᠠᠯᠤᠰ ᠬᠡᠳᠦ᠍᠎ᠶ᠋ᠢᠨ ᠲᠥᠯᠥᠪᠵᠢᠭᠦᠯᠭᠡ᠂ ᠱᠢᠨᠵᠢᠯᠡᠬᠦ᠌ ᠤᠬᠠᠭᠠᠨᠴᠢ ᠲᠣᠬᠢᠷᠠᠭᠤᠯᠤᠯ ᠡᠵᠡᠮᠳᠡᠯ᠂ ᠳᠡᠭᠡᠳᠦ ᠳᠤᠤᠷᠠᠳᠤ ᠱᠠᠲᠤ᠎ᠪᠠᠷ᠎ᠢᠶᠠᠨ ᠬᠠᠮᠵᠢᠯᠴᠠᠭ᠍ᠰᠠᠨ ᠪᠦᠲᠦᠮᠵᠢᠲᠡᠶ ᠵᠠᠰᠠᠯᠲᠠ᠎ᠶ᠋ᠢᠨ ᠲᠣᠭ᠍ᠲᠠᠴᠠ᠎ᠲᠠᠢ᠂ ᠬᠡᠷᠡᠭ᠌ᠴᠡᠭᠡ᠎ᠶ᠋ᠢ ᠳᠡᠰ ᠳᠡᠪᠱᠢᠬᠦᠯᠬᠦ᠂ ᠪᠦᠲᠦᠴᠡ᠎ᠶ᠋ᠢ ᠱᠢᠯᠢᠳᠡᠭ᠌ᠵᠢᠬᠦᠯᠬᠦ᠂ ᠬᠥᠳᠡᠯᠭᠡᠭ᠌ᠴᠢ ᠡᠨᠧᠷᠭᠢ᠎ᠶ᠋ᠢ ᠰᠣᠯᠢᠬᠤ ᠥᠷᠭᠡᠨ ᠠᠭᠤᠳᠠᠮ ᠨᠡᠮᠡᠭ᠌ᠳᠡᠯ ᠣᠷᠣᠨ ᠵᠠᠶ᠎ᠲᠠᠢ ᠪᠠᠢᠵᠤ᠂ ᠠᠵᠤ ᠠᠬᠤᠢ᠎ᠶ᠋ᠢᠨ ᠤᠷᠳᠤ ᠬᠤᠭᠤᠴᠠᠭ᠎ᠠ᠎ᠪᠠᠷ ᠰᠠᠢᠵᠢᠷᠠᠬᠤ ᠦᠨᠳᠦᠰᠦᠨ ᠬᠠᠨᠳᠤᠰᠢ ᠬᠤᠪᠢᠷᠠᠭ᠍ᠰᠠᠨ ᠦᠭᠡᠢ ᠪᠥᠭᠡᠳ ᠬᠤᠪᠢᠷᠠᠬᠤ ᠴᠤ᠌ ᠦᠭᠡᠢ ᠶᠤᠮ᠂ ᠮᠠᠨ᠎ᠤ ᠤᠯᠤᠰ᠎ᠤᠨ ᠠᠵᠤ ᠠᠬᠤᠢ᠎ᠶ᠋ᠢᠨ ᠠᠶᠠᠯᠠᠯ᠎ᠤᠨ ᠣᠩᠭᠤᠴᠠ ᠰᠠᠯᠬᠢ ᠳᠠᠪᠠᠯᠭᠠᠨ᠎ᠢ ᠵᠦᠰᠦᠵᠦ᠍᠂ ᠯᠠᠪᠳᠠᠭᠤᠨ᠎ᠢᠶᠠᠷ ᠬᠤᠯᠠ ᠠᠶᠠᠯᠠᠬᠤ᠎ᠨᠢ ᠯᠠᠪᠲᠠᠢ ᠶᠤᠮ!

ᠬᠤᠶᠠᠷ᠂ 2025 ᠣᠨ᠎ᠤ ᠠᠵᠤ ᠠᠬᠤᠶ ᠨᠡᠢᠭᠡᠮ ᠎ᠤᠨ ᠬᠥᠭ᠌ᠵᠢᠯᠲᠡ᠎ᠶ᠋ᠢᠨ ᠶᠡᠷᠦᠩᠬᠡᠶ ᠱᠠᠭᠠᠷᠳᠠᠯᠭ᠎ᠠ ᠪᠠ ᠲᠦᠷᠦ᠍᠎ᠶ᠋ᠢᠨ ᠪᠤᠳᠤᠯᠭ᠎ᠠ᠎ᠶ᠋ᠢᠨ ᠬᠠᠨᠳᠤᠰᠢ

ᠡᠨᠡ ᠵᠢᠯ ᠪᠣᠯ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢᠨ ᠡᠴᠦᠰ᠎ᠤᠨ ᠵᠢᠯ ᠪᠣᠯᠤᠨ᠎ᠠ᠃ ᠵᠠᠰᠠᠭ᠎ᠤᠨ ᠣᠷᠳᠣᠨ᠎ᠤ ᠠᠵᠢᠯ᠎ᠢ ᠰᠠᠢᠲᠤᠷ ᠬᠢᠬᠦ᠌᠎ᠳᠤ᠂  ᠰᠢ᠎ᠶ᠋ᠢᠨ ᠫᠢᠩ  ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠣᠷᠢᠶ᠎ᠠ ᠵᠢᠨ  ᠪᠠᠳᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠣᠯᠭᠠᠵᠤ᠂ ᠨᠠᠮ᠎ᠤᠨ ᠬᠤᠷᠢᠳᠤᠭᠠᠷ ᠶᠡᠭᠡ ᠬᠤᠷᠠᠯ ᠪᠠ ᠬᠤᠷᠢᠳᠤᠭᠠᠷ ᠬᠤᠭᠤᠴᠠᠭᠠᠨ᠎ᠤ ᠲᠥᠪ ᠬᠣᠷᠢᠶ᠎ᠠ ᠵᠢᠨ  ᠬᠤᠶᠠᠳᠤᠭᠠᠷ ᠪᠥᠬᠦᠳᠡ ᠬᠤᠷᠠᠯ᠂ ᠭᠤᠷᠪᠠᠳᠤᠭᠠᠷ ᠪᠥᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠲᠦᠪ ᠤ᠋ᠨ ᠠᠵᠣ ᠠᠬᠣᠢ ᠵᠢᠨ ᠠᠵᠢᠯ ᠤ᠋ᠨ ᠬᠣᠷᠠᠯ ᠤ᠋ᠨ ᠪᠠᠢᠷᠢᠯᠠᠭᠣᠯᠣᠯᠳᠠ ᠶᠣᠰᠣᠭᠠᠷ᠂ ᠲᠤᠬ᠍ᠲᠠᠭᠤᠨ ᠪᠠᠢᠯᠭᠠᠬᠤ᠎ᠶ᠋ᠢᠨ ᠵᠡᠷᠭᠡ᠎ᠳᠤ ᠣᠷᠣᠭ᠍ᠰᠢᠯᠠᠭᠤᠯᠬᠤ ᠠᠵᠢᠯ᠎ᠤᠨ ᠶᠡᠷᠦᠩᠬᠡᠢ ᠬᠦᠭ ᠠᠶᠠᠰ᠎ᠢ ᠪᠠᠷᠢᠮᠲᠠᠯᠠᠨ᠂ ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠪᠦᠷᠢᠨ ᠪᠦᠲᠦᠨ ᠣᠨᠣᠪᠴᠢᠲᠠᠶ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠱᠢᠨ᠎ᠡ ᠬᠥᠭ᠌ᠵᠢᠯᠲᠡ᠎ᠶ᠋ᠢᠨ ᠪᠠᠢᠷᠢᠱᠢᠯ᠎ᠢ ᠲᠦᠷᠭᠡᠯᠡᠨ ᠪᠠᠢᠭᠤᠯᠵᠤ᠂ ᠴᠢᠨᠠᠷ ᠰᠠᠢᠲᠠᠶ ᠬᠥᠭ᠌ᠵᠢᠯᠲᠡ᠎ᠶ᠋ᠢ ᠯᠠᠪᠳᠠᠭᠤᠨ ᠪᠠᠲᠤᠲᠠᠶ ᠠᠬᠢᠭᠤᠯᠵᠤ᠂ ᠥᠭᠡᠷᠡᠴᠢᠯᠡᠯᠲᠡ᠎ᠶ᠋ᠢ ᠤᠯᠠᠮ ᠨᠢᠭᠡ ᠠᠯᠬᠤᠮ ᠪᠦᠬᠦ᠌ ᠲᠠᠯ᠎ᠠ᠎ᠪᠠᠷ ᠭᠦᠨᠵᠡᠭᠡᠢᠷᠡᠭᠦᠯᠦᠨ᠂ ᠥᠨᠳᠥᠷ ᠲᠦᠪᠱᠢᠨ ᠪᠦᠬᠦᠢ ᠭᠠᠳᠠᠭᠠᠳᠤ ᠨᠡᠭᠡᠭᠡᠯᠲᠡ᠎ᠶ᠋ᠢ ᠥᠷᠭᠡᠳᠭᠡᠵᠦ᠍᠂ ᠣᠳᠣᠬᠢᠴᠢᠯᠠᠭ᠍ᠰᠠᠨ ᠠᠵᠤ ᠦᠢᠯᠡᠰ᠎ᠤᠨ ᠱᠢᠰᠲ᠋ᠧᠮ᠎ᠢ ᠪᠠᠢᠭᠤᠯᠤᠨ᠂ ᠬᠥᠭ᠌ᠵᠢᠯᠲᠡ ᠪᠣᠯᠤᠨ ᠠᠮᠤᠷ ᠲᠦᠪᠱᠢᠨ᠎ᠢ ᠨᠡᠩ ᠰᠠᠢᠨ ᠨᠢᠭᠡᠳᠦᠯᠲᠡᠶ ᠲᠥᠯᠥᠪᠯᠡᠵᠦ᠍᠂ ᠨᠡᠩ ᠢᠳᠡᠪᠬᠢᠲᠡᠶ ᠪᠦᠬᠡᠳ ᠪᠦᠳᠦᠮᠵᠢᠳᠠᠢ ᠬᠤᠷᠸ᠎ᠠ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠦᠨ᠂ ᠤᠯᠤᠰ᠎ᠤᠨ ᠳᠣᠲᠣᠭᠠᠳᠤ᠎ᠶ᠋ᠢᠨ ᠬᠡᠷᠡᠭ᠌ᠴᠡᠭᠡ᠎ᠶ᠋ᠢ ᠥᠷᠭᠡᠳᠭᠡᠵᠦ᠍᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠪᠠ ᠠᠵᠤ ᠦᠢᠯᠡᠰ᠎ᠤᠨ ᠱᠢᠨ᠎ᠡ᠎ᠶ᠋ᠢ ᠡᠭᠦᠳᠬᠦ᠌᠎ᠶ᠋ᠢ ᠠᠭᠤᠰᠤᠯᠴᠠᠭᠤᠯᠤᠨ ᠬᠥᠭ᠌ᠵᠢᠬᠦᠯᠬᠦ᠌᠎ᠶ᠋ᠢ ᠠᠬᠢᠭᠤᠯᠵᠤ᠂ ᠲᠠᠸᠠᠷ᠎ᠤᠨ ᠪᠠᠢᠱᠢᠩ᠎ᠤᠨ ᠵᠠᠬ᠎ᠠ ᠳᠡᠯᠭᠡᠭᠦᠷ ᠰᠲ᠋ᠣᠺ᠎ᠤᠨ ᠵᠠᠬ᠎ᠠ ᠳᠡᠯᠭᠡᠭᠦᠷ᠎ᠢ ᠲᠣᠭ᠍ᠲᠠᠪᠤᠷᠢᠵᠢᠭᠤᠯᠤᠨ᠂ ᠭᠤᠣᠯᠳᠠᠯᠭ᠎ᠠ᠎ᠲᠠᠢ ᠬᠦᠷᠢᠶᠡᠨ᠎ᠳᠠᠬᠢ ᠠᠶᠤᠯ ᠲᠦᠭ᠌ᠰᠢᠭᠦᠷᠢ ᠪᠠ ᠭᠠᠳᠠᠨᠠᠬᠢ᠎ᠶ᠋ᠢᠨ ᠳᠠᠭᠠᠷᠢᠯᠲᠠ᠎ᠶ᠋ᠢ ᠰᠡᠷᠭᠡᠢᠯᠡᠨ ᠠᠷᠢᠯᠭᠠᠵᠤ᠂ ᠵᠢᠱ᠌ᠢᠯᠲᠡ᠎ᠶ᠋ᠢ ᠲᠣᠭ᠍ᠲᠠᠪᠤᠷᠢᠵᠢᠭᠤᠯᠤᠨ ᠠᠮᠢᠵᠢᠷᠠᠯ᠎ᠤᠨ ᠬᠦᠴᠦᠨ᠎ᠢ ᠬᠥᠭ᠌ᠵᠢᠭᠡᠵᠦ᠍᠂ ᠠᠵᠤ ᠠᠬᠤᠢ᠎ᠶ᠋ᠢᠨ ᠦᠷᠭᠦᠯᠵᠢᠯᠡᠨ ᠰᠡᠷᠭᠦᠨ ᠰᠠᠢᠵᠢᠷᠠᠬᠤ᠎ᠶ᠋ᠢ ᠠᠬᠢᠭᠤᠯᠤᠨ᠂ ᠠᠷᠠᠳ ᠲᠦᠮᠡᠨ᠎ᠤ ᠠᠮᠢᠳᠤᠷᠠᠯ᠎ᠤᠨ ᠲᠦᠪᠱᠢᠨ᠎ᠢ ᠲᠠᠰᠤᠷᠠᠯᠲᠠ ᠦᠭᠡᠢ ᠳᠡᠭᠡᠭ᠌ᠰᠢᠯᠡᠭᠦᠯᠵᠦ᠍᠂ ᠨᠡᠢᠭᠡᠮ᠎ᠤᠨ ᠡᠶ᠎ᠡ ᠵᠣᠬᠢᠴᠠᠯ ᠪᠠ ᠲᠣᠭ᠍ᠲᠠᠭᠤᠨ ᠪᠠᠢᠳᠠᠯ᠎ᠢ ᠪᠠᠲᠤᠯᠠᠵᠤ᠂ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢᠨ ᠬᠠᠷᠠᠯᠲᠠ ᠡᠭᠦᠷᠭᠡ᠎ᠶ᠋ᠢ ᠴᠢᠨᠠᠷ ᠰᠠᠢᠲᠠᠶ ᠪᠡᠶᠡᠯᠡᠭᠦᠯᠵᠦ᠍᠂ ᠠᠷᠪᠠᠨ ᠲᠠᠪᠤᠳᠤᠭᠠᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢᠨ ᠰᠠᠢᠨ ᠰᠠᠢᠬᠠᠨ ᠡᠬᠢᠯᠡᠯᠲᠡ᠎ᠶ᠋ᠢ ᠪᠡᠶᠡᠯᠡᠭᠦᠯᠬᠦ᠌᠎ᠳᠤ ᠪᠠᠲᠤ ᠪᠠᠬᠢ ᠰᠠᠭᠤᠷᠢ᠎ᠶ᠋ᠢ ᠲᠠᠯᠪᠢᠵᠤ ᠥᠭ᠌ᠭᠦ ᠬᠡᠷᠡᠭ᠌ᠲᠡᠢ᠃

ᠡᠨᠡ ᠵᠢᠯ᠎ᠤᠨ ᠬᠥᠭ᠌ᠵᠢᠯᠲᠡ᠎ᠶ᠋ᠢᠨ ᠭᠤᠤᠯ ᠭᠤᠤᠯ ᠵᠢᠱ᠌ᠢᠭ᠌ᠰᠡᠨ ᠬᠠᠷᠠᠯᠲᠠ ᠭᠡᠪᠡᠯ᠄ ᠤᠯᠤᠰ᠎ᠤᠨ ᠳᠣᠲᠣᠭᠠᠳᠤ᠎ᠶ᠋ᠢᠨ ᠦᠢᠯᠡᠳᠪᠦᠷᠢᠯᠡᠯ᠎ᠤᠨ ᠪᠦᠬᠦ᠌ ᠦᠷᠲᠡᠭ᠎ᠢ 5% ᠣᠷᠴᠢᠮ᠎ᠢᠶᠠᠷ ᠨᠡᠮᠡᠭ᠌ᠳᠡᠭᠦᠯᠦᠨ᠎ᠡ; ᠬᠤᠳᠠ ᠪᠠᠯᠭᠠᠰᠤᠨ᠎ᠤ ᠪᠠᠢᠴᠠᠭᠠᠭ᠍ᠰᠠᠨ ᠠᠵᠢᠯ ᠠᠯᠳᠠᠯᠲᠠ᠎ᠶ᠋ᠢᠨ ᠨᠤᠷᠮ᠎ᠠ᠎ᠶ᠋ᠢ 5.5% ᠣᠷᠴᠢᠮ ᠪᠠᠢᠯᠭᠠᠵᠤ᠂ ᠬᠤᠳᠠ ᠪᠠᠯᠭᠠᠰᠤᠨ᠎ᠳᠤ ᠠᠵᠢᠯ ᠤᠯᠤᠭ᠍ᠰᠠᠨ ᠬᠦᠮᠦᠨ᠎ᠢ 1200 ᠲᠦᠮᠡ᠎ᠠᠴᠠ ᠳᠡᠭᠡᠭ᠌ᠰᠢ ᠱᠢᠨ᠎ᠡ᠎ᠪᠠᠷ ᠨᠡᠮᠡᠭ᠌ᠳᠡᠭᠦᠯᠦᠨ᠎ᠡ; ᠰᠠᠭᠤᠭᠠᠯᠢ ᠠᠷᠠᠳ᠎ᠤᠨ ᠬᠡᠷᠡᠭ᠌ᠯᠡᠭᠡᠨ᠎ᠤ ᠦᠨ᠎ᠡ᠎ᠶ᠋ᠢᠨ ᠥᠰᠥᠯᠲᠡ᠎ᠶ᠋ᠢᠨ ᠬᠡᠮᠵᠢᠶ᠎ᠡ᠎ᠶ᠋ᠢ 2% ᠣᠷᠴᠢᠮ ᠪᠠᠢᠯᠭᠠᠨ᠎ᠠ ; ᠰᠠᠭᠤᠭᠠᠯᠢ ᠠᠷᠠᠳ᠎ᠤᠨ ᠣᠷᠣᠯᠭ᠎ᠠ᠎ᠶ᠋ᠢᠨ ᠨᠡᠮᠡᠭ᠌ᠳᠡᠯ ᠪᠣᠯᠤᠨ ᠠᠵᠤ ᠠᠬᠤᠢ᠎ᠶ᠋ᠢᠨ ᠨᠡᠮᠡᠭ᠌ᠳᠡᠯ᠎ᠢ ᠵᠢᠭ᠌ᠳᠡ ᠪᠠᠢᠯᠭᠠᠨ᠎ᠠ; ᠤᠯᠤᠰ᠎ᠤᠨ ᠬᠤᠭᠤᠷᠣᠨᠳᠣᠬᠢ ᠣᠷᠣᠯᠭ᠎ᠠ ᠵᠠᠷᠤᠯᠭ᠎ᠠ᠎ᠶ᠋ᠢ ᠦᠨᠳᠦᠰᠦᠨ᠎ᠳᠡᠭᠡᠨ ᠲᠡᠩᠴᠡᠭᠦᠷᠢᠲᠡᠶ ᠪᠠᠢᠯᠭᠠᠨ᠎ᠠ; ᠠᠮᠤ ᠪᠤᠳᠠᠭᠠᠨ᠎ᠤ ᠤᠨᠠᠯᠲᠠ᠎ᠶ᠋ᠢ 1.4 ᠲᠦᠮᠡᠨ ᠳ᠋ᠦᠩᠱᠢᠭᠤᠷ ᠵᠢᠩ ᠣᠷᠴᠢᠮ ᠪᠠᠢᠯᠭᠠᠨ᠎ᠠ; ᠨᠢᠭᠡᠴᠢ ᠤᠯᠤᠰ᠎ᠤᠨ ᠳᠣᠲᠣᠭᠠᠳᠤ᠎ᠶ᠋ᠢᠨ ᠦᠢᠯᠡᠳᠪᠦᠷᠢᠯᠡᠯ᠎ᠤᠨ ᠪᠦᠬᠦ᠌ ᠦᠷᠲᠡᠭ᠎ᠤᠨ ᠡᠨᠧᠷᠭᠢ᠎ᠶ᠋ᠢᠨ ᠬᠤᠷᠣᠭ᠍ᠳᠠᠭᠤᠯᠤᠯ᠎ᠢ 3% ᠣᠷᠴᠢᠮ᠎ᠢᠶᠠᠷ ᠪᠠᠭᠤᠷᠠᠭᠤᠯᠵᠤ᠂ ᠠᠮᠢ ᠠᠬᠤᠶ᠎ᠶ᠋ᠢᠨ ᠣᠷᠴᠢᠨ ᠨᠥᠬᠦᠴᠡᠯ᠎ᠤᠨ ᠶᠠᠰᠤ ᠴᠢᠨᠠᠷ᠎ᠢ ᠦᠷᠭᠦᠯᠵᠢᠯᠡᠨ ᠰᠠᠢᠵᠢᠷᠠᠭᠤᠯᠤᠨ᠎ᠠ᠃

ᠳᠡᠭᠡᠷ᠎ᠡ ᠳᠤᠷᠠᠳᠤᠭ᠍ᠰᠠᠨ ᠵᠢᠱ᠌ᠢᠭ᠌ᠰᠡᠨ ᠬᠠᠷᠠᠯᠲᠠ ᠎ᠶ᠋ᠢ ᠳᠤᠷᠠᠳᠭᠤ᠎ᠳᠠᠭᠠᠨ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠪᠠᠢᠳᠠᠯ ᠪᠣᠯᠤᠨ ᠡᠯ᠎ᠡ ᠲᠠᠯ᠎ᠠ ᠎ᠶ᠋ᠢᠨ ᠬᠦᠴᠦᠨ ᠵᠦᠢᠯ᠎ᠢ ᠶᠡᠷᠦᠩᠬᠡᠢᠯᠡᠨ ᠪᠣᠳᠣᠯᠬᠢᠯᠠᠵᠤ᠂ ᠬᠡᠷᠡᠭ᠌ᠴᠡᠭᠡ ᠪᠣᠯᠤᠨ ᠪᠣᠯᠤᠯᠴᠠᠭ᠎ᠠ᠎ᠶ᠋ᠢ ᠬᠠᠮᠲᠤ᠎ᠳᠤᠨᠢ ᠬᠠᠷᠠᠭᠠᠯᠵᠠᠭ᠍ᠰᠠᠨ ᠶᠤᠮ᠃ ᠠᠵᠤ ᠠᠬᠤᠢ᠎ᠶ᠋ᠢᠨ ᠨᠡᠮᠡᠭ᠌ᠳᠡᠯ᠎ᠤᠨ ᠵᠢᠱ᠌ᠢᠭ᠌ᠰᠡᠨ ᠬᠠᠷᠠᠯᠲᠠ᠎ᠶ᠋ᠢ 5% ᠣᠷᠴᠢᠮ ᠪᠠᠢᠯᠭᠠᠬᠤ᠎ᠨᠢ ᠠᠵᠢᠯ ᠣᠯᠭᠤᠯᠲᠠ᠎ᠶ᠋ᠢ ᠲᠣᠭ᠍ᠲᠠᠪᠤᠷᠢᠵᠢᠭᠤᠯᠬᠤ᠂ ᠠᠶᠤᠯ ᠲᠦᠭ᠌ᠰᠢᠭᠦᠷᠢ᠎ᠶ᠋ᠢ ᠰᠡᠷᠭᠡᠢᠯᠡᠬᠦ᠂ ᠠᠷᠠᠳ᠎ᠤᠨ ᠠᠮᠢᠳᠤᠷᠠᠯ᠎ᠳᠤ ᠠᠱᠢᠭ ᠬᠦᠷᠲᠡᠭᠡᠬᠦ᠌᠎ᠶ᠋ᠢᠨ ᠬᠡᠷᠡᠭ᠌ᠴᠡᠭᠡ ᠪᠣᠯᠬᠤ ᠮᠥᠷᠲᠡᠭᠡᠨ ᠪᠠᠰᠠ ᠠᠵᠤ ᠠᠬᠤᠶ᠎ᠶ᠋ᠢᠨ ᠨᠡᠮᠡᠭ᠌ᠳᠡᠯ᠎ᠤᠨ ᠳᠠᠯᠳᠠ ᠬᠦᠴᠦᠨ ᠪᠠ ᠠᠱᠢᠭ᠍ᠲᠠᠶ ᠨᠥᠬᠦᠴᠡᠯ᠎ᠤᠨ ᠲᠤᠯᠭᠠᠭᠤᠷᠢᠯᠠᠯ᠎ᠲᠠᠢ ᠪᠠᠢᠵᠤ᠂ ᠲᠡᠷᠡᠴᠢᠯᠡᠨ ᠤᠷᠳᠤᠪᠲᠤᠷ ᠬᠤᠭᠤᠴᠠᠭᠠᠨ᠎ᠤ ᠬᠥᠭ᠌ᠵᠢᠯᠲᠡ᠎ᠶ᠋ᠢᠨ ᠬᠠᠷᠠᠯᠲᠠ᠎ᠲᠠᠢ ᠵᠣᠯᠭᠠᠯᠳᠤᠭᠤᠯᠵᠤ᠂ ᠬᠦᠴᠢᠷ᠎ᠢ ᠰᠦᠷᠦᠨ ᠤᠷᠤᠭ᠍ᠰᠢᠯᠠᠵᠤ ᠬᠦᠴᠦᠯᠡᠨ ᠴᠢᠷᠮᠠᠢᠬᠤ ᠢᠯᠡ ᠲᠣᠳᠣ ᠤᠳᠤᠷᠢᠳᠤᠮᠵᠢ᠎ᠶ᠋ᠢ ᠲᠤᠪᠤᠢᠯᠭᠠᠭ᠍ᠰᠠᠨ ᠶᠤᠮ᠃ ᠬᠤᠲᠠ ᠪᠠᠯᠭᠠᠰᠤᠨ ᠎ᠤ ᠪᠠᠢᠴᠠᠭᠠᠭ᠍ᠰᠠᠨ ᠠᠵᠢᠯ ᠠᠯᠳᠠᠯᠲᠠ᠎ᠶ᠋ᠢᠨ ᠨᠣᠷᠮ᠎ᠠ᠎ᠶ᠋ᠢ 5.5% ᠣᠷᠴᠢᠮ ᠪᠠᠢᠯᠭᠠᠬᠤ᠎ᠨᠢ ᠠᠵᠢᠯ ᠣᠯᠭᠤᠯᠲᠠ᠎ᠶ᠋ᠢᠨ ᠶᠡᠷᠦᠩᠬᠡᠶ ᠬᠡᠮᠵᠢᠶ᠎ᠡ ᠪᠠ ᠪᠦᠲᠦᠴᠡ᠎ᠶ᠋ᠢᠨ ᠴᠢᠨᠠᠷᠲᠠᠶ ᠵᠥᠷᠢᠴᠡᠯ ᠨᠠᠩ ᠲᠣᠪᠤᠢᠮ᠎ᠠ ᠪᠠᠢᠬᠤ ᠠᠬᠤᠶ ᠪᠠᠢᠳᠠᠯ ᠳᠣᠤᠷ᠎ᠠ᠂ ᠠᠵᠢᠯ ᠣᠯᠭᠤᠯᠲᠠ᠎ᠶ᠋ᠢ ᠲᠣᠭ᠍ᠲᠠᠪᠤᠷᠢᠵᠢᠭᠤᠯᠬᠤ ᠡᠷᠴᠢᠮ᠎ᠢ ᠴᠢᠩᠭᠠᠷᠠᠭᠤᠯᠬᠤ ᠱᠠᠭᠠᠷᠳᠠᠯᠭ᠎ᠠ᠎ᠶ᠋ᠢ ᠢᠯᠡᠷᠡᠭᠦᠯᠦᠭ᠌ᠰᠡᠨ ᠶᠤᠮ᠃ ᠰᠠᠭᠤᠭᠠᠯᠢ ᠠᠷᠠᠳ᠎ᠤᠨ ᠬᠡᠷᠡᠭ᠌ᠯᠡᠭᠡᠨ᠎ᠤ ᠦᠨ᠎ᠡ᠎ᠶ᠋ᠢᠨ ᠥᠰᠥᠯᠲᠡ᠎ᠶ᠋ᠢᠨ ᠬᠡᠮᠵᠢᠶ᠎ᠡ᠎ᠶ᠋ᠢ 2% ᠣᠷᠴᠢᠮ ᠪᠠᠢᠯᠭᠠᠬᠤ᠎ᠶ᠋ᠢᠨ ᠵᠣᠷᠢᠯᠭ᠎ᠠ᠎ᠨᠢ ᠡᠯ᠎ᠡ ᠵᠦᠢᠯ᠎ᠤᠨ ᠲᠥᠷᠥ᠎ᠶ᠋ᠢᠨ ᠪᠣᠳᠣᠯᠭ᠎ᠠ ᠪᠠ ᠥᠭᠡᠷᠡᠴᠢᠯᠡᠯᠲᠡ᠎ᠶ᠋ᠢᠨ ᠬᠠᠮᠲᠤ᠎ᠶ᠋ᠢᠨ ᠦᠢᠯᠡᠳᠦᠯ᠎ᠢᠶᠠᠷ ᠳᠠᠮᠵᠢᠭᠤᠯᠤᠨ ᠬᠠᠩᠭᠠᠯᠭ᠎ᠠ ᠬᠡᠷᠡᠭ᠌ᠴᠡᠭᠡ᠎ᠶ᠋ᠢᠨ ᠬᠠᠷᠢᠴᠠᠭ᠎ᠠ᠎ᠶ᠋ᠢ ᠰᠠᠢᠵᠢᠷᠠᠭᠤᠯᠵᠤ᠂ ᠦᠨ᠎ᠡ ᠬᠠᠩᠰᠢ᠎ᠶ᠋ᠢᠨ ᠶᠡᠷᠦᠩᠬᠡᠶ ᠲᠦᠪᠱᠢᠨ᠎ᠢ ᠵᠦᠢ ᠵᠤᠬᠢᠰᠲᠠᠢ ᠤᠷᠤᠨ ᠵᠠᠢ᠎ᠳᠤ ᠪᠠᠢᠯᠭᠠᠬᠤ᠎ᠶ᠋ᠢᠨ ᠲᠦᠯᠦᠭᠡ ᠶᠤᠮ᠃ ᠡᠳᠡᠭᠡᠷ ᠬᠠᠷᠠᠯᠲᠠ᠎ᠶ᠋ᠢ ᠪᠡᠶᠡᠯᠡᠭᠦᠯᠬᠦ᠌᠎ᠳᠤ ᠮᠠᠰᠢ ᠬᠢᠯᠪᠡᠷ ᠪᠤᠰᠤ ᠶᠤᠮ᠂ ᠡᠷᠬᠡᠪᠰᠢ ᠱᠢᠷᠭᠠᠭᠤ ᠬᠠᠲᠠᠭᠤᠵᠢᠯᠲᠠᠶ ᠴᠢᠷᠮᠠᠢᠯᠭ᠎ᠠ ᠭᠠᠷᠭᠠᠬᠤ ᠬᠡᠷᠡᠭ᠌ᠲᠡᠶ᠃

ᠪᠢᠳᠡ ᠲᠣᠭ᠍ᠲᠠᠭᠤᠨ ᠪᠠᠢᠯᠭᠠᠬᠤ ᠎ᠶ᠋ᠢᠨ ᠵᠡᠷᠭᠡ ᠎ᠳᠤ ᠤᠷᠤᠭ᠍ᠰᠢᠯᠠᠭᠤᠯᠬᠤ ᠪᠠ ᠤᠷᠤᠭ᠍ᠰᠢᠯᠠᠭᠤᠯᠬᠤ᠎ᠪᠠᠷ ᠲᠣᠭ᠍ᠲᠠᠭᠤᠨ ᠪᠠᠢᠯᠭᠠᠬᠤ᠎ᠶ᠋ᠢ ᠠᠬᠢᠭᠤᠯᠬᠤ᠂ ᠲᠥᠪ ᠶᠣᠰᠣ᠎ᠶ᠋ᠢ ᠰᠠᠬᠢᠨ ᠱᠢᠨ᠎ᠡ᠎ᠶ᠋ᠢ ᠡᠭᠦᠳᠬᠦ᠌ ᠪᠠ ᠤᠷᠢᠳ᠎ᠢᠶᠠᠷ ᠱᠢᠨ᠎ᠡ᠎ᠶ᠋ᠢ ᠪᠠᠢᠭᠤᠯᠵᠤ ᠳᠠᠷᠠᠭ᠎ᠠ᠎ᠨᠢ ᠬᠠᠭᠤᠴᠢᠨ᠎ᠢ᠎ᠨᠢ ᠡᠪᠳᠡᠬᠦ᠂ ᠱᠢᠰᠲ᠋ᠧᠮᠵᠢᠭᠦᠯᠦᠨ ᠬᠤᠷᠠᠭᠤᠯᠬᠤ ᠪᠠ ᠬᠠᠮᠲᠤᠷᠠᠨ ᠬᠠᠮᠵᠢᠯᠴᠠᠬᠤ᠎ᠶ᠋ᠢ ᠪᠠᠷᠢᠮᠲᠠᠯᠠᠵᠤ᠂ ᠲᠦᠷᠦ᠍᠎ᠶ᠋ᠢᠨ ᠪᠤᠳᠤᠯᠭ᠎ᠠ᠎ᠶ᠋ᠢᠨ ᠪᠠᠭᠠᠵᠢ᠎ᠶ᠋ᠢᠨ ᠬᠠᠢᠷᠴᠠᠭ᠎ᠢ ᠪᠦᠷᠢᠨᠱᠢᠭᠦᠯᠦᠨ ᠲᠡᠭᠦᠯᠳᠡᠷᠵᠢᠭᠦᠯᠵᠦ᠍᠂ ᠪᠠᠢᠳᠠᠯ᠎ᠤᠨ ᠬᠤᠪᠢᠷᠠᠯᠲᠠ᠎ᠶ᠋ᠢ ᠦᠨᠳᠦᠰᠦᠯᠡᠨ ᠲᠦᠷᠦ᠍᠎ᠶ᠋ᠢᠨ ᠪᠤᠳᠤᠯᠭ᠎ᠠ᠎ᠶ᠋ᠢ ᠬᠥᠳᠡᠯᠦᠩᠭᠦᠢ᠎ᠪᠠᠷ ᠲᠣᠬᠢᠷᠠᠭᠤᠯᠵᠤ᠂ ᠬᠤᠷᠸ᠎ᠠ ᠲᠤᠬᠢᠷᠠᠭᠤᠯᠤᠯ ᠡᠵᠡᠮᠳᠡᠯ᠎ᠤᠨ ᠪᠠᠷᠠᠯᠠᠬᠢᠯᠠᠯᠳᠤ ᠴᠢᠨᠠᠷ᠂ ᠬᠠᠨᠳᠤᠯᠭᠠᠲᠤ ᠴᠢᠨᠠᠷ᠂ ᠪᠦᠳᠦᠮᠵᠢᠳᠦ ᠴᠢᠨᠠᠷ᠎ᠢ ᠳᠡᠭᠡᠭ᠌ᠰᠢᠯᠡᠭᠦᠯᠦᠨ᠎ᠡ᠃ ᠬᠠᠷᠠᠯᠲᠠ᠎ᠪᠠᠷ ᠬᠥᠲᠥᠯᠥᠨ ᠳᠠᠭᠠᠭᠤᠯᠬᠤ᠎ᠶ᠋ᠢ ᠴᠢᠬᠤᠯᠠᠴᠢᠯᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠬᠠᠨᠳᠤᠰᠢ᠎ᠶ᠋ᠢ ᠡᠵᠡᠮᠳᠡᠨ᠂ ᠴᠠᠭ ᠲᠣᠬᠢᠶᠠᠯ ᠪᠠ ᠡᠷᠴᠢᠮ᠎ᠢ ᠡᠷᠬᠢᠮᠯᠡᠵᠦ᠍᠂ ᠱᠢᠰᠲ᠋ᠧᠮᠲᠦ ᠰᠡᠳᠭᠢᠬᠦᠢ᠎ᠶ᠋ᠢ ᠴᠢᠩᠭᠠᠳᠭᠠᠵᠤ᠂ ᠬᠤᠷᠸ᠎ᠠ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠬᠦ᠌ ᠦᠢᠯᠡᠳᠦᠯ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ᠃

ᠡᠳ᠋᠎ᠤᠨ ᠵᠠᠰᠠᠭ᠎ᠤᠨ ᠨᠡᠩ ᠢᠳᠡᠪᠬᠢᠲᠡᠶ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠦᠨ᠎ᠡ᠃ ᠣᠷᠣᠯᠭ᠎ᠠ᠂ ᠵᠢᠭᠡᠯᠡᠯᠭᠡ᠎ᠶ᠋ᠢᠨ ᠲᠡᠮᠳᠡᠭ᠌ᠲᠦ ᠵᠡᠷᠭᠡ ᠡᠯ᠎ᠡ ᠲᠥᠷᠥᠯ᠎ᠤᠨ ᠡᠳ᠋᠎ᠤᠨ ᠵᠠᠰᠠᠭ᠎ᠤᠨ ᠪᠡᠯᠡ ᠮᠥᠩᠭᠦ᠎ᠶ᠋ᠢ ᠨᠢᠭᠡᠳᠦᠯᠲᠡᠶ ᠲᠥᠯᠥᠪᠯᠡᠨ ᠲᠣᠬᠢᠷᠠᠭᠤᠯᠵᠤ᠂ ᠡᠳ᠋᠎ᠤᠨ ᠵᠠᠰᠠᠭ᠎ᠤᠨ ᠲᠥᠷᠥ᠎ᠶ᠋ᠢᠨ ᠪᠣᠳᠣᠯᠭ᠎ᠠ᠎ᠶ᠋ᠢᠨ ᠦᠷᠭᠦᠯᠵᠢᠯᠡᠨ ᠬᠦᠴᠦᠯᠡᠵᠦ᠍᠂ ᠨᠠᠩ ᠢᠯᠡᠭᠦᠦ ᠬᠦᠴᠦᠲᠠᠢ ᠪᠤᠯᠬᠤ᠎ᠶ᠋ᠢ ᠦᠨᠡᠨ ᠬᠦ᠌ ᠪᠠᠲᠤᠯᠠᠨ᠎ᠠ᠃ ᠡᠨᠡ ᠵᠢᠯ᠎ᠤᠨ ᠤᠯᠠᠭᠠᠨ ᠲᠤᠭ᠎ᠠ᠎ᠶ᠋ᠢᠨ ᠨᠣᠷᠮ᠎ᠠ᠎ᠶ᠋ᠢ 4% ᠣᠷᠴᠢᠮ᠎ᠢᠶᠠᠷ ᠲᠣᠬᠢᠷᠠᠭᠤᠯᠵᠤ᠂ ᠲᠦᠷᠦᠭᠦᠦ ᠵᠢᠯ᠎ᠤᠨ᠎ᠬᠢ᠎ᠠᠴᠠ 1 ᠵᠠᠭᠤᠨ᠎ᠤ ᠨᠢᠭᠡᠴᠢ ᠳᠡᠭᠡᠭ᠌ᠰᠢᠯᠡᠭᠦᠯᠵᠦ᠍᠂ ᠤᠯᠠᠭᠠᠨ ᠲᠤᠭ᠎ᠠ᠎ᠶ᠋ᠢᠨ ᠬᠡᠪᠴᠢᠶ᠎ᠡ᠎ᠶ᠋ᠢ 5.66 ᠲᠦᠮᠡᠨ ᠳ᠋ᠦᠩᠱᠢᠭᠤᠷ ᠲᠥᠭᠦᠷᠢᠭ ᠪᠠᠢᠯᠭᠠᠵᠤ᠂ ᠲᠦᠷᠦᠭᠦᠦ ᠵᠢᠯ᠎ᠤᠨ᠎ᠬᠢ᠎ᠠᠴᠠ 1.6 ᠲᠦᠮᠡᠨ ᠳ᠋ᠦᠩᠱᠢᠭᠤᠷ ᠲᠥᠭᠦᠷᠢᠭ ᠨᠡᠮᠡᠭ᠌ᠳᠡᠭᠦᠯᠬᠦ᠌᠎ᠪᠠᠷ ᠪᠠᠢᠨ᠎ᠠ᠃ ᠡᠩ᠎ᠤᠨ ᠤᠯᠠᠨ ᠨᠡᠢᠲᠡ᠎ᠶ᠋ᠢᠨ ᠲᠥᠰᠦᠪ᠎ᠤᠨ ᠵᠠᠷᠤᠯᠭ᠎ᠠ᠎ᠶ᠋ᠢᠨ ᠬᠡᠪᠴᠢᠶ᠎ᠡ᠎ᠶ᠋ᠢ 29.7 ᠲᠦᠮᠡᠨ ᠳ᠋ᠦᠩᠱᠢᠭᠤᠷ ᠲᠥᠭᠦᠷᠢᠭ ᠪᠠᠢᠯᠭᠠᠵᠤ᠂ ᠲᠦᠷᠦᠭᠦᠦ ᠵᠢᠯ᠎ᠤᠨ᠎ᠬᠢ᠎ᠠᠴᠠ 1.2 ᠲᠦᠮᠡᠨ ᠳ᠋ᠦᠩᠱᠢᠭᠤᠷ ᠲᠥᠭᠦᠷᠢᠭ ᠨᠡᠮᠡᠭ᠌ᠳᠡᠭᠦᠯᠦᠨ᠎ᠠ᠃ ᠬᠡᠲᠦ ᠤᠷᠳᠤ ᠬᠤᠭᠤᠴᠠᠭᠠᠨ᠎ᠤ ᠣᠨᠴᠠᠭᠠᠶ ᠤᠯᠤᠰ᠎ᠤᠨ ᠵᠢᠭᠡᠯᠡᠯᠭᠡ᠎ᠶ᠋ᠢ 1.3 ᠲᠦᠮᠡᠨ ᠳ᠋ᠦᠩᠱᠢᠭᠤᠷ ᠲᠥᠭᠦᠷᠢᠭ ᠲᠠᠷᠬᠠᠭᠠᠵᠦ᠍᠂ ᠲᠦᠷᠦᠭᠦᠦ ᠵᠢᠯ᠎ᠤᠨ᠎ᠬᠢ᠎ᠠᠴᠠ 3000 ᠳ᠋ᠦᠩᠱᠢᠭᠤᠷ ᠲᠥᠭᠦᠷᠢᠭ ᠨᠡᠮᠡᠭ᠌ᠳᠡᠭᠦᠯᠬᠦ᠌᠎ᠪᠠᠷ ᠪᠠᠢᠨ᠎ᠠ᠃ ᠣᠨᠴᠠᠭᠠᠶ ᠤᠯᠤᠰ᠎ᠤᠨ ᠵᠢᠭᠡᠯᠡᠯᠭᠡ᠎ᠶ᠋ᠢ 5000 ᠳ᠋ᠦᠩᠱᠢᠭᠤᠷ ᠲᠥᠭᠦᠷᠢᠭ ᠲᠠᠷᠬᠠᠭᠠᠵᠦ᠍᠂ ᠤᠯᠤᠰ ᠎ᠤᠨ ᠥᠮᠴᠢᠯᠡᠯ᠎ᠤᠨ ᠲᠤᠮᠤ ᠬᠡᠯᠪᠡᠷᠢ᠎ᠶ᠋ᠢᠨ ᠬᠤᠳᠠᠯᠳᠤᠭᠠᠨ᠎ᠤ ᠪᠠᠩᠬᠢ᠎ᠶ᠋ᠢᠨ ᠬᠦᠷᠦᠩᠭᠡ᠎ᠪᠠᠨ ᠨᠥᠬᠦᠪᠥᠷᠢᠯᠡᠬᠦ᠌᠎ᠶ᠋ᠢ ᠲᠡᠮᠵᠢᠬᠦ᠌᠎ᠪᠠᠷ ᠪᠠᠢᠨ᠎ᠠ᠃ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠲᠤᠰᠭᠠᠶ ᠵᠦᠢᠯ᠎ᠤᠨ ᠵᠢᠭᠡᠯᠡᠯᠭᠡ᠎ᠶ᠋ᠢᠨ ᠲᠡᠮᠳᠡᠭ᠌ᠲᠦ᠍᠎ᠶ᠋ᠢ 4.4 ᠲᠦᠮᠡᠨ ᠳ᠋ᠦᠩᠱᠢᠭᠤᠷ ᠲᠥᠭᠦᠷᠢᠭ ᠲᠣᠬᠢᠷᠠᠭᠤᠯᠵᠤ᠂ ᠲᠦᠷᠦᠭᠦᠦ ᠵᠢᠯ ᠎ᠤᠨ ᠎ᠬᠢ᠎ᠠᠴᠠ 5000 ᠳ᠋ᠦᠩᠱᠢᠭᠤᠷ ᠲᠥᠭᠦᠷᠢᠭ ᠨᠡᠮᠡᠭ᠌ᠳᠡᠭᠦᠯᠵᠦ᠍᠂ ᠪᠡᠯᠡ ᠣᠷᠣᠭᠤᠯᠵᠤ ᠪᠦᠲᠦᠭᠡᠨ ᠪᠠᠢᠭᠤᠯᠬᠤ᠂ ᠭᠠᠵᠠᠷ ᠱᠢᠷᠣᠶ ᠬᠤᠳᠠᠯᠳᠤᠨ ᠠᠪᠴᠤ᠌ ᠨᠥᠭᠡᠴᠡᠯᠡᠬᠦ᠌ ᠪᠠ ᠬᠠᠳᠠᠭᠠᠯᠠᠯᠲᠠ ᠲᠠᠸᠠᠷ᠎ᠤᠨ ᠭᠡᠷ ᠪᠠᠢᠱᠢᠩ᠎ᠢ ᠬᠤᠳᠠᠯᠳᠤᠨ ᠠᠪᠬᠤ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠥᠷᠢᠲᠦᠵᠦ᠍ ᠪᠠᠢᠭ᠎ᠠ ᠠᠵᠤ ᠠᠬᠤᠢᠯᠠᠯ᠎ᠤᠨ ᠠᠪᠴᠠᠭᠠᠨ᠎ᠤ ᠵᠤᠭᠤᠰ᠎ᠢ ᠱᠢᠢᠳᠪᠦᠷᠢᠯᠡᠬᠦ᠌ ᠵᠡᠷᠭᠡ᠎ᠳᠤ ᠭᠤᠤᠯᠳᠠᠯᠭ᠎ᠠ᠎ᠲᠠᠢ ᠬᠡᠷᠡᠭ᠌ᠯᠡᠬᠦ᠌᠎ᠪᠠᠷ ᠪᠠᠢᠨ᠎ᠡ᠃ ᠡᠨᠡ ᠵᠢᠯ ᠵᠠᠰᠠᠭ᠎ᠤᠨ ᠣᠷᠳᠣᠨ᠎ᠤ ᠥᠷᠢ ᠦᠭ᠌ᠴᠡᠭᠡ᠎ᠶ᠋ᠢᠨ ᠶᠡᠷᠦᠩᠬᠡᠶ ᠬᠡᠪᠴᠢᠶ᠎ᠡ᠎ᠶ᠋ᠢ ᠨᠡᠢᠲᠡ 11.86 ᠲᠦᠮᠡᠨ ᠳ᠋ᠦᠩᠱᠢᠭᠤᠷ ᠲᠥᠭᠦᠷᠢᠭ ᠱᠢᠨ᠎ᠡ᠎ᠪᠠᠷ ᠨᠡᠮᠡᠭ᠌ᠳᠡᠭᠦᠯᠵᠦ᠍᠂ ᠲᠦᠷᠦᠭᠦᠦ ᠵᠢᠯ᠎ᠤᠨ᠎ᠬᠢ᠎ᠠᠴᠠ 2.9 ᠲᠦᠮᠡᠨ ᠳ᠋ᠦᠩᠱᠢᠭᠤᠷ ᠲᠥᠭᠦᠷᠢᠭ ᠨᠡᠮᠡᠭ᠌ᠳᠡᠭᠦᠯᠦᠨ᠂ ᠡᠳ᠋᠎ᠤᠨ ᠵᠠᠰᠠᠭ᠎ᠤᠨ ᠵᠠᠷᠤᠯᠭ᠎ᠠ᠎ᠶ᠋ᠢᠨ ᠡᠷᠴᠢᠮ᠎ᠢ ᠢᠯᠡᠳᠲᠡ ᠴᠢᠩᠭᠠᠷᠠᠭᠤᠯᠤᠨ᠎ᠠ᠃ ᠡᠯ᠎ᠡ ᠵᠦᠢᠯ᠎ᠤᠨ ᠪᠡᠯᠡ ᠮᠥᠩᠭᠦ᠎ᠶ᠋ᠢ ᠳᠣᠷᠣᠭ᠍ᠰᠢ ᠪᠠᠭᠤᠯᠭᠠᠵᠤ ᠰᠠᠯᠭᠠᠨ ᠥᠭ᠌ᠬᠦ᠎ᠶ᠋ᠢ ᠲᠦᠷᠭᠡᠳᠭᠡᠵᠦ᠍᠂ ᠠᠯᠢ ᠲᠦᠷᠭᠡᠨ᠎ᠢᠶᠠᠷ ᠪᠣᠳᠠᠲᠠᠶ ᠵᠠᠷᠤᠯᠭ᠎ᠠ ᠪᠣᠯᠭᠠᠵᠤ ᠪᠦᠷᠢᠯᠳᠦᠭᠦᠯᠦᠨ᠎ᠡ᠃ ᠵᠠᠷᠤᠯᠭ᠎ᠠ᠎ᠶ᠋ᠢᠨ ᠪᠦᠲᠦᠴᠡ᠎ᠶ᠋ᠢ ᠦᠷᠭᠦᠯᠵᠢᠯᠡᠨ ᠱᠢᠯᠢᠳᠡᠭ᠌ᠵᠢᠭᠦᠯᠵᠦ᠍᠂ ᠠᠷᠠᠳ᠎ᠤᠨ ᠠᠮᠢᠳᠤᠷᠠᠯ᠎ᠳᠤ ᠠᠱᠢᠭ ᠬᠦᠷᠲᠡᠭᠡᠬᠦ᠂ ᠬᠡᠷᠡᠭ᠌ᠯᠡᠭᠡ᠎ᠶ᠋ᠢ ᠠᠬᠢᠭᠤᠯᠬᠤ᠂ ᠰᠡᠯᠭᠦᠬᠦ᠌ ᠬᠦᠴᠦᠨ᠎ᠢ ᠨᠡᠮᠡᠭ᠌ᠳᠡᠭᠦᠯᠬᠦ᠌᠎ᠶ᠋ᠢ ᠨᠡᠩ ᠴᠢᠬᠤᠯᠠᠴᠢᠯᠠᠵᠤ᠂ ᠪᠡᠯᠡ ᠮᠥᠩᠭᠦ᠎ᠶ᠋ᠢᠨ ᠬᠡᠷᠡᠭ᠌ᠯᠡᠯᠲᠡ᠎ᠶ᠋ᠢᠨ ᠦᠷ᠎ᠡ ᠠᠱᠢᠭ᠎ᠢ ᠦᠨᠡᠨ ᠬᠦ᠌ ᠳᠡᠭᠡᠭ᠌ᠰᠢᠯᠡᠭᠦᠯᠦᠨ᠎ᠡ᠃ ᠲᠥᠪ᠎ᠤᠨ ᠡᠳ᠋᠎ᠤᠨ ᠵᠠᠰᠠᠭ᠎ᠠᠴᠠ ᠣᠷᠣᠨ ᠨᠤᠲᠤᠭ᠎ᠲᠤ ᠡ᠊ᠩ᠎ᠤᠨ ᠴᠢᠨᠠᠷᠲᠠᠶ ᠱᠢᠯᠵᠢᠭᠦᠯᠦᠨ ᠥᠭ᠌ᠬᠦ ᠡᠷᠴᠢᠮ᠎ᠢᠶᠠᠨ ᠴᠢᠩᠭᠠᠷᠠᠭᠤᠯᠵᠤ᠂ ᠬᠦᠴᠢᠷᠳᠡᠯ᠎ᠲᠠᠢ ᠭᠠᠵᠠᠷ ᠣᠷᠣᠨ ᠪᠠ ᠬᠥᠭ᠌ᠵᠢᠯᠲᠡ ᠪᠠᠷᠤᠭ᠍ᠲᠠᠢ ᠭᠠᠵᠠᠷ ᠣᠷᠣᠨ ᠲᠡᠢᠰᠢ ᠬᠡᠯᠪᠠᠢᠯᠭᠡᠨ᠎ᠡ᠃ ᠱᠠᠲᠤ ᠬᠤᠪᠢᠶᠠᠨ ᠪᠠᠲᠤᠯᠠᠬᠤ ᠬᠠᠷᠢᠭᠤᠴᠠᠯᠭ᠎ᠠ᠎ᠶ᠋ᠢ ᠴᠢᠩᠭ᠎ᠠ ᠨᠠᠢᠳᠠᠪᠤᠷᠢᠵᠢᠭᠤᠯᠵᠤ᠂ ᠦᠨᠳᠦᠰᠦᠨ ᠱᠠᠲᠤᠨ᠎ᠤ 《ᠭᠤᠷᠪᠠ᠎ᠶ᠋ᠢ ᠪᠠᠲᠤᠯᠠᠭ᠎ᠠ᠎ᠲᠠᠢ ᠪᠠᠢᠯᠭᠠᠬᠤ》 ᠬᠢᠵᠠᠭᠠᠷ ᠱᠤᠭᠤᠮ᠎ᠢ ᠪᠠᠲᠤ ᠴᠤᠭ᠍ᠴᠠᠯᠠᠵᠤ ᠪᠠᠲᠤ ᠰᠠᠬᠢᠨ᠎ᠠ᠃ ᠵᠠᠰᠠᠭ᠎ᠤᠨ ᠣᠷᠳᠣᠨ ᠠᠷᠪᠢᠯᠠᠵᠤ ᠠᠮᠢᠳᠤᠷᠠᠬᠤ᠎ᠶ᠋ᠢ ᠪᠠᠷᠢᠮᠲᠠᠯᠠᠵᠤ᠂ ᠡᠳ᠋᠎ᠤᠨ ᠵᠠᠰᠠᠭ᠎ᠤᠨ ᠱᠢᠨᠵᠢᠯᠡᠬᠦ᠌ ᠤᠬᠠᠭᠠᠨᠴᠢ ᠬᠠᠮᠢᠶᠠᠷᠤᠯᠲᠠ᠎ᠶ᠋ᠢ ᠠᠬᠢᠭᠤᠯᠵᠤ᠂ ᠡᠳ᠋᠎ᠤᠨ ᠵᠠᠰᠠᠭ ᠠᠵᠤ ᠠᠬᠤᠢ᠎ᠶ᠋ᠢᠨ ᠰᠠᠬᠢᠯᠭ᠎ᠠ ᠪᠠᠲᠤ᠎ᠶ᠋ᠢ ᠴᠢᠩᠳᠠᠯᠠᠨ᠂ ᠱᠠᠯᠢᠨ ᠪᠦᠷᠢᠯᠭᠡᠬᠦ᠌᠎ᠶ᠋ᠢ ᠴᠢᠩᠭ᠎ᠠ ᠴᠠᠭᠠᠵᠠᠯᠠᠵᠤ᠂ ᠨᠡᠩ ᠤᠯᠠᠨ ᠪᠡᠯᠡ ᠮᠥᠩᠭᠦ᠎ᠶ᠋ᠢ ᠰᠤᠯᠠᠯᠠᠨ ᠭᠠᠷᠭᠠᠵᠤ ᠬᠥᠭ᠌ᠵᠢᠯᠲᠡ᠎ᠶ᠋ᠢᠨ ᠬᠡᠷᠡᠭ᠌ᠴᠡᠭᠡ᠂ ᠠᠷᠠᠳ᠎ᠤᠨ ᠠᠮᠢᠳᠤᠷᠠᠯ᠎ᠤᠨ ᠬᠦᠰᠡᠯ ᠡᠷᠡᠮᠡᠯᠵᠡᠯ᠎ᠳᠤ ᠨᠡᠢᠴᠡᠬᠦᠯᠵᠦ᠍ ᠬᠡᠷᠡᠭ᠌ᠯᠡᠨ᠎ᠡ᠃

ᠵᠣᠬᠢᠰᠲᠠᠶ ᠠᠭᠤᠵᠢᠭᠤ ᠪᠠᠢᠯᠭᠠᠬᠤ ᠵᠣᠭᠤᠰᠣᠨ᠎ᠤ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠦᠨ᠎ᠡ᠃ ᠵᠣᠭᠤᠰᠣᠨ᠎ᠤ ᠲᠥᠷᠥ᠎ᠶ᠋ᠢᠨ ᠪᠣᠳᠣᠯᠭ᠎ᠠ᠎ᠶ᠋ᠢᠨ ᠪᠠᠭᠠᠵᠢ᠎ᠶ᠋ᠢᠨ ᠶᠡᠷᠦᠩᠬᠡᠶ ᠬᠡᠮᠵᠢᠶ᠎ᠡ ᠪᠣᠯᠤᠨ ᠪᠦᠲᠦᠴᠡ᠎ᠶ᠋ᠢᠨ ᠳᠠᠪᠬᠤᠷ ᠴᠢᠳᠠᠮᠵᠢ᠎ᠶ᠋ᠢ ᠰᠠᠢᠲᠤᠷ ᠪᠠᠳᠠᠷᠠᠭᠤᠯᠵᠤ᠂ ᠬᠠᠳᠠᠭᠠᠯᠠᠮᠵᠢ᠎ᠶ᠋ᠢᠨ ᠪᠡᠯᠡᠳᠭᠡᠯ ᠮᠦᠡᠭ᠌ᠭᠦ᠎ᠶ᠋ᠢᠨ ᠨᠤᠷᠮ᠎ᠠ ᠪᠠ ᠬᠦᠦ ᠮᠥᠩᠭᠦ᠎ᠶ᠋ᠢᠨ ᠨᠤᠷᠮ᠎ᠠ᠎ᠶ᠋ᠢ ᠴᠠᠭ᠎ᠲᠤᠨᠢ ᠲᠣᠬᠢᠷᠠᠭᠤᠯᠤᠨ ᠪᠠᠭᠤᠷᠠᠭᠤᠯᠵᠤ᠂ ᠭᠦᠢᠯᠭᠡᠭᠡᠨ᠎ᠤ ᠴᠢᠨᠠᠷ᠎ᠢᠶᠠᠷ ᠭᠦᠢᠴᠡᠳ ᠪᠠᠢᠬᠤ᠎ᠶ᠋ᠢ ᠪᠠᠲᠤᠯᠠᠵᠤ᠂ ᠨᠡᠢᠭᠡᠮ᠎ᠤᠨ ᠪᠠᠯᠠ ᠲᠣᠬᠢᠷᠠᠭᠤᠯᠭ᠎ᠠ᠎ᠶ᠋ᠢᠨ ᠬᠡᠪᠴᠢᠶ᠎ᠡ᠂ ᠵᠣᠭᠤᠰᠣᠨ᠎ᠤ ᠬᠠᠩᠭᠠᠯᠭ᠎ᠠ᠎ᠶ᠋ᠢᠨ ᠬᠡᠮᠵᠢᠶ᠎ᠡ᠎ᠶ᠋ᠢᠨ ᠨᠡᠮᠡᠭ᠌ᠳᠡᠯ᠎ᠢ ᠠᠵᠤ ᠠᠬᠤᠢ᠎ᠶ᠋ᠢᠨ ᠨᠡᠮᠡᠭ᠌ᠳᠡᠯ᠂ ᠦᠨ᠎ᠡ ᠬᠠᠩᠰᠢ ᠎ᠶ᠋ᠢᠨ ᠶᠡᠷᠦᠩᠬᠡᠶ ᠬᠡᠮᠵᠢᠶ᠎ᠡ᠎ᠶ᠋ᠢᠨ ᠵᠢᠱ᠌ᠢᠭ᠌ᠰᠡᠨ ᠬᠠᠷᠠᠯᠲᠠ᠎ᠯᠤᠭ᠎ᠠ ᠵᠣᠬᠢᠴᠠᠯᠳᠤᠭᠤᠯᠤᠨ᠎ᠠ᠃ ᠪᠦᠲᠦᠴᠡ ᠎ᠶ᠋ᠢᠨ ᠴᠢᠨᠠᠷᠲᠠᠶ ᠵᠣᠭᠤᠰᠣᠨ᠎ᠤ ᠲᠥᠷᠥ᠎ᠶ᠋ᠢᠨ ᠪᠣᠳᠣᠯᠭ᠎ᠠ᠎ᠶ᠋ᠢᠨ ᠪᠠᠭᠠᠵᠢ᠎ᠶ᠋ᠢ ᠱᠢᠯᠢᠳᠡᠭ᠌ᠵᠢᠭᠦᠯᠬᠦ᠌ ᠪᠠ ᠡᠨᠡ ᠲᠠᠯ᠎ᠠ᠎ᠪᠠᠷ ᠱᠢᠨ᠎ᠡ᠎ᠶ᠋ᠢ ᠡᠭᠦᠳᠴᠦ᠍᠂ ᠲᠠᠸᠠᠷ᠎ᠤᠨ ᠪᠠᠢᠱᠢᠩ᠎ᠤᠨ ᠵᠠᠬ᠎ᠠ ᠳᠡᠯᠭᠡᠭᠦᠷ ᠰᠲ᠋ᠤᠺ᠎ᠤᠨ ᠵᠠᠬ᠎ᠠ ᠳᠡᠯᠭᠡᠭᠦᠷ᠎ᠤᠨ ᠡᠷᠡᠭᠦᠯ᠎ᠢᠶᠠᠷ ᠬᠥᠭ᠌ᠵᠢᠬᠦ᠌᠎ᠶ᠋ᠢ ᠨᠠᠩ ᠶᠡᠭᠡ ᠡᠷᠴᠢᠮ᠎ᠢᠶᠠᠷ ᠠᠬᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ ᠡᠭᠦᠳᠦᠯᠲᠡ᠂ ᠨᠤᠭᠤᠭᠠᠨ ᠬᠥᠭ᠌ᠵᠢᠯᠲᠡ᠂ ᠬᠡᠷᠡᠭ᠌ᠯᠡᠭᠡ᠎ᠶ᠋ᠢ ᠬᠥᠭ᠌ᠵᠢᠭᠡᠬᠦ᠌ ᠵᠢᠴᠢ ᠠᠷᠠᠳ᠎ᠠᠴᠠ ᠡᠵᠡᠩᠨᠡᠭ᠌ᠰᠡᠨ ᠠᠵᠤ ᠠᠬᠤᠢᠯᠠᠯ᠂ ᠵᠢᠵᠢᠭ ᠪᠢᠴᠢᠯ ᠠᠵᠤ ᠠᠬᠤᠢᠯᠠᠯ ᠵᠡᠷᠭᠡ᠎ᠳᠤ ᠦᠵᠡᠭᠦᠯᠬᠦ᠌ ᠳᠡᠮᠵᠢᠯᠭᠡ᠎ᠪᠠᠨ ᠴᠢᠩᠭᠠᠷᠠᠭᠤᠯᠤᠨ᠎ᠠ᠃ ᠵᠣᠭᠤᠰᠣᠨ᠎ᠤ ᠲᠥᠷᠥ᠎ᠶ᠋ᠢᠨ ᠪᠣᠳᠣᠯᠭ᠎ᠠ᠎ᠶ᠋ᠢᠨ ᠳᠠᠮᠵᠢᠭᠤᠯᠬᠤ ᠠᠷᠭ᠎ᠠ ᠵᠠᠮ᠎ᠢ ᠤᠯᠠᠮ ᠨᠢᠭᠡ ᠠᠯᠬᠤᠮ ᠨᠡᠪᠲᠡᠷᠡᠭᠦᠯᠵᠦ᠍᠂ ᠬᠦᠦ ᠮᠥᠩᠭᠦ᠎ᠶ᠋ᠢᠨ ᠨᠣᠷᠮ᠎ᠠ᠎ᠶ᠋ᠢᠨ ᠪᠦᠷᠢᠯᠳᠦᠬᠦ᠌ ᠪᠠ ᠳᠠᠮᠵᠢᠭᠤᠯᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠡᠬᠡ ᠮᠥᠩᠭᠦ᠎ᠶ᠋ᠢ᠎ᠨᠢ ᠪᠤᠴᠠᠭᠠᠯᠭᠠᠬᠤ ᠦᠭᠡᠢ᠎ᠪᠠᠷ ᠵᠢᠭᠡᠯᠡᠯᠭᠡ᠎ᠶ᠋ᠢ ᠦᠷᠭᠦᠯᠵᠢᠯᠡᠭᠦᠯᠬᠦ᠌ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠵᠤ᠂ ᠪᠠᠯᠠ ᠲᠣᠬᠢᠷᠠᠭᠤᠯᠭ᠎ᠠ᠎ᠶ᠋ᠢᠨ ᠢᠲᠡᠭᠡᠮᠵᠢ᠎ᠶ᠋ᠢ ᠨᠡᠮᠡᠭ᠌ᠳᠡᠭᠦᠯᠬᠦ᠌ ᠪᠠ ᠲᠦᠭ᠌ᠰᠢᠭᠦᠷᠢ᠎ᠶ᠋ᠢ ᠬᠤᠪᠢᠶᠠᠨ ᠡᠭᠦᠷᠭᠡᠯᠡᠬᠦ᠌ ᠵᠡᠷᠭᠡ ᠳᠡᠮᠵᠢᠯᠭᠡ᠎ᠶ᠋ᠢᠨ ᠠᠷᠭ᠎ᠠ ᠬᠡᠮᠵᠢᠶ᠎ᠡ᠎ᠶ᠋ᠢ ᠴᠢᠩᠭᠠᠷᠠᠭᠤᠯᠤᠨ᠎ᠠ᠃ ᠨᠡᠢᠭᠡᠮ᠎ᠤᠨ ᠶᠡᠷᠦᠩᠬᠡᠢᠯᠡᠭ᠌ᠰᠡᠨ ᠪᠡᠯᠡ ᠲᠣᠬᠢᠷᠠᠭᠤᠯᠭ᠎ᠠ᠎ᠶ᠋ᠢᠨ ᠥᠪᠡᠷ᠎ᠤᠨ ᠥᠷᠲᠡᠭ᠎ᠢ ᠪᠠᠭᠤᠷᠠᠭᠤᠯᠬᠤ᠎ᠶ᠋ᠢ ᠠᠬᠢᠭᠤᠯᠵᠤ᠂ ᠮᠥᠩᠭᠦᠨ ᠭᠦᠢᠯᠭᠡᠭᠡᠨ᠎ᠤ ᠦᠢᠯᠡᠴᠢᠯᠡᠭᠡᠨ᠎ᠤ ᠬᠦᠷᠲᠡᠵᠦ᠍ ᠪᠤᠯᠬᠤ ᠴᠢᠨᠠᠷ ᠪᠠ ᠲᠥᠬᠦᠮ ᠳᠦᠳᠡ ᠎ᠶ᠋ᠢᠨ ᠬᠡᠮᠵᠢᠶ᠎ᠡ᠎ᠶ᠋ᠢ ᠳᠡᠭᠡᠭ᠌ᠰᠢᠯᠡᠭᠦᠯᠦᠨ᠎ᠡ᠃ ᠠᠷᠠᠳ᠎ᠤᠨ ᠵᠣᠭᠤᠰᠣᠨ ᠎ᠤ ᠭᠤᠪᠢᠭᠤᠯᠭ᠎ᠠ᠎ᠶ᠋ᠢᠨ ᠨᠤᠷᠮ᠎ᠠ ᠎ᠶ᠋ᠢᠨ ᠵᠦᠢ ᠵᠣᠬᠢᠰᠲᠠᠶ ᠪᠥᠭᠡᠳ ᠲᠡᠩᠴᠡᠭᠦᠷᠢᠲᠡᠶ ᠲᠦᠪᠱᠢᠨ ᠳᠡᠭᠡᠷ᠎ᠡ ᠦᠨᠳᠦᠰᠦᠨ᠎ᠳᠡᠭᠡᠨ ᠲᠣᠭ᠍ᠲᠠᠪᠤᠷᠢᠳᠠᠢ ᠪᠠᠢᠬᠤ᠎ᠶ᠋ᠢ ᠪᠠᠲᠤᠯᠠᠨ᠎ᠠ᠃ ᠲᠥᠪ ᠪᠠᠩᠬᠢ᠎ᠶ᠋ᠢᠨ ᠬᠤᠷᠸ᠎ᠠ ᠲᠠᠯ᠎ᠠ᠎ᠪᠠᠷ ᠬᠢᠨᠠᠭᠤᠷ ᠪᠣᠯᠭᠤᠮᠵᠢᠲᠠᠶ ᠬᠠᠮᠢᠶᠠᠷᠬᠤ ᠪᠠ ᠮᠥᠩᠭᠦᠨ ᠭᠦᠢᠯᠭᠡᠭᠡ᠎ᠶ᠋ᠢ ᠲᠣᠭ᠍ᠲᠠᠭᠤᠨ ᠪᠠᠢᠯᠭᠠᠬᠤ ᠴᠢᠳᠠᠮᠵᠢ᠎ᠶ᠋ᠢ ᠥᠷᠭᠡᠳᠭᠡᠵᠦ᠍᠂ ᠮᠥᠩᠭᠦᠨ ᠭᠦᠢᠯᠭᠡᠭᠡᠨ᠎ᠤ ᠪᠠᠭᠠᠵᠢ᠎ᠶ᠋ᠢᠨ ᠲᠠᠯ᠎ᠠ᠎ᠪᠠᠷ ᠱᠢᠨ᠎ᠡ᠎ᠶ᠋ᠢ ᠡᠭᠦᠳᠴᠦ᠍᠂ ᠮᠥᠩᠭᠦᠨ ᠭᠦᠢᠯᠭᠡᠭᠡᠨ᠎ᠤ ᠵᠠᠬ᠎ᠠ ᠳᠡᠯᠭᠡᠭᠦᠷ᠎ᠤᠨ ᠲᠣᠭ᠍ᠲᠠᠭᠤᠨ ᠪᠠᠢᠳᠠᠯ᠎ᠢ ᠬᠠᠮᠠᠭᠠᠯᠠᠨ᠎ᠠ᠃

ᠬᠤᠷᠸ᠎ᠠ ᠲᠥᠷᠥ᠎ᠶ᠋ᠢᠨ ᠪᠣᠳᠣᠯᠭ᠎ᠠ᠎ᠶ᠋ᠢᠨ ᠠᠷᠠᠳ᠎ᠤᠨ ᠠᠮᠢᠳᠤᠷᠠᠯ᠎ᠢᠶᠠᠷ ᠤᠳᠤᠷᠢᠳᠤᠮᠵᠢ ᠪᠤᠯᠭᠠᠬᠤ᠎ᠶ᠋ᠢ ᠴᠢᠩᠭᠠᠳᠭᠠᠨ᠎ᠠ᠃ ᠠᠷᠠᠳ ᠲᠦᠮᠡᠨ᠎ᠢᠶᠠᠷ ᠭᠤᠣᠯ ᠪᠣᠯᠭᠠᠬᠤ᠎ᠶ᠋ᠢ ᠪᠠᠷᠢᠮᠲᠠᠯᠠᠵᠤ᠂ ᠠᠵᠤ ᠠᠬᠤᠶ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢᠨ ᠬᠦᠴᠦᠯᠡᠬᠦ᠌ ᠴᠡᠭ᠎ᠢ ᠠᠷᠠᠳ᠎ᠤᠨ ᠠᠮᠢᠳᠤᠷᠠᠯ᠎ᠳᠤ ᠠᠱᠢᠭ ᠬᠦᠷᠲᠡᠭᠡᠬᠦ᠂ ᠬᠡᠷᠡᠭ᠌ᠯᠡᠭᠡ᠎ᠶ᠋ᠢ ᠠᠬᠢᠭᠤᠯᠬᠤ ᠳᠡᠢᠰᠢ ᠨᠡᠩ ᠢᠯᠡᠭᠦᠦ ᠱᠢᠯᠵᠢᠬᠦᠯᠵᠦ᠍᠂ ᠬᠡᠷᠡᠭ᠌ᠯᠡᠭᠡ᠎ᠪᠠᠷ ᠠᠵᠤ ᠠᠬᠤᠶ ᠎ᠶ᠋ᠢᠨ ᠤᠷᠴᠢᠯ ᠎ᠢ ᠬᠦᠭ᠌ᠵᠢᠭᠡᠨ ᠱᠢᠯᠤᠭᠤᠳᠭᠠᠵᠤ᠂ ᠬᠡᠷᠡᠭ᠌ᠯᠡᠭᠡ᠎ᠶ᠋ᠢᠨ ᠳᠡᠰ ᠳᠡᠪᠱᠢᠯᠲᠡ᠎ᠪᠠᠷ ᠠᠵᠤ ᠦᠢᠯᠡᠰ᠎ᠤᠨ ᠳᠡᠰ ᠳᠡᠪᠱᠢᠯᠲᠡ᠎ᠶ᠋ᠢ ᠬᠥᠲᠥᠯᠥᠨ ᠳᠠᠭᠠᠭᠤᠯᠵᠤ᠂ ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ ᠳᠤᠮᠳᠠ ᠠᠵᠤ ᠠᠬᠤᠢ᠎ᠶ᠋ᠢᠨ ᠱᠢᠨ᠎ᠡ ᠨᠡᠮᠡᠭ᠌ᠳᠡᠯ᠎ᠤᠨ ᠴᠡᠭ᠎ᠢ ᠪᠤᠢ ᠪᠣᠯᠭᠠᠨ᠎ᠠ᠃ ᠨᠠᠩ ᠣᠯᠠᠨ ᠪᠡᠯᠡ ᠮᠥᠩᠭᠦ᠌ ᠡᠬᠢ ᠪᠠᠶᠠᠯᠢᠭ ᠎ᠤᠨ 《ᠬᠥᠮᠦᠨ᠎ᠳᠤ ᠪᠡᠯᠡ ᠣᠷᠣᠭᠤᠯᠬᠤ》 ᠪᠠ ᠠᠷᠠᠳ᠎ᠤᠨ ᠠᠮᠢᠳᠤᠷᠠᠯ᠎ᠳᠤ ᠦᠢᠯᠡᠴᠢᠯᠡᠬᠦ᠌᠎ᠶ᠋ᠢ ᠠᠬᠢᠭᠤᠯᠵᠤ᠂ ᠠᠵᠢᠯ ᠣᠯᠭᠤᠯᠲᠠ ᠎ᠶ᠋ᠢ ᠥᠷᠭᠡᠳᠭᠡᠬᠦ᠂ ᠰᠠᠭᠤᠭᠠᠯᠢ ᠠᠷᠠᠳ᠎ᠤᠨ ᠣᠷᠣᠯᠭ᠎ᠠ᠎ᠶ᠋ᠢ ᠨᠡᠮᠡᠭ᠌ᠳᠡᠭᠦᠯᠦᠨ ᠳᠠᠷᠤᠭᠠᠰᠤ ᠎ᠶ᠋ᠢ ᠬᠥᠩᠭᠡᠷᠡᠭᠦᠯᠬᠦ᠌᠎ᠶ᠋ᠢ ᠠᠬᠢᠭᠤᠯᠬᠤ᠂ ᠬᠡᠷᠡᠭ᠌ᠯᠡᠭᠡ᠎ᠶ᠋ᠢᠨ ᠤᠷᠮᠠᠱᠢᠭᠤᠯᠤᠯ᠎ᠢ ᠴᠢᠩᠭᠠᠳᠭᠠᠬᠤ᠎ᠶ᠋ᠢ ᠳᠡᠮᠵᠢᠵᠦ᠍᠂ ᠠᠵᠤ ᠠᠬᠤᠶ᠎ᠶ᠋ᠢᠨ ᠬᠥᠭ᠌ᠵᠢᠯᠲᠡ ᠪᠠ ᠠᠷᠠᠳ᠎ᠤᠨ ᠠᠮᠢᠳᠤᠷᠠᠯ᠎ᠤᠨ ᠰᠠᠢᠵᠢᠷᠠᠯᠲᠠ᠎ᠶ᠋ᠢᠨ ᠰᠠᠢᠨ ᠣᠷᠴᠢᠯ᠎ᠢ ᠪᠤᠢ ᠪᠣᠯᠭᠠᠨ᠎ᠠ᠃

ᠬᠠᠮ ᠲᠥᠷᠥ᠎ᠶ᠋ᠢᠨ ᠪᠣᠳᠣᠯᠭ᠎ᠠ᠎ᠶ᠋ᠢ ᠰᠠᠢᠲᠤᠷ ᠬᠡᠷᠡᠭ᠌ᠵᠢᠬᠦᠯᠦᠨ᠎ᠡ᠃ ᠡᠳ᠋᠎ᠤᠨ ᠵᠠᠰᠠᠭ᠂ ᠵᠣᠭᠤᠰ᠂ ᠠᠵᠢᠯ ᠣᠯᠭᠤᠯᠲᠠ᠂ ᠠᠵᠤ ᠦᠢᠯᠡᠰ᠂ ᠣᠷᠣᠨ ᠪᠦᠰᠡ᠂ ᠠᠷᠠᠯᠵᠢᠶ᠎ᠠ᠂ ᠣᠷᠴᠢᠨ ᠠᠬᠤᠢ᠎ᠶ᠋ᠢᠨ ᠬᠠᠮᠠᠭᠠᠯᠠᠯᠲᠠ᠂ ᠬᠢᠨᠠᠯᠲᠠ ᠬᠠᠮᠢᠶᠠᠷᠤᠯᠲᠠ ᠵᠡᠷᠭᠡ ᠲᠥᠷᠥ᠎ᠶ᠋ᠢᠨ ᠪᠣᠳᠣᠯᠭ᠎ᠠ᠎ᠶ᠋ᠢᠨ ᠬᠠᠮᠵᠢᠯᠴᠠᠭ᠎ᠠ ᠵᠢᠴᠢ ᠥᠭᠡᠷᠡᠴᠢᠯᠡᠯᠲᠡ ᠨᠡᠭᠡᠭᠡᠯᠲᠡ᠎ᠶ᠋ᠢᠨ ᠠᠷᠭ᠎ᠠ ᠬᠡᠮᠵᠢᠶ᠎ᠡ᠎ᠯᠦᠭᠡ᠎ᠶ᠋ᠢᠨ ᠵᠣᠬᠢᠴᠠᠭᠤᠯᠭ᠎ᠠ ᠬᠠᠮᠵᠢᠯᠴᠠᠭ᠎ᠠ᠎ᠶ᠋ᠢ ᠴᠢᠩᠭᠠᠳᠭᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠨᠡᠢᠯᠡᠯ ᠬᠦᠴᠦᠨ᠎ᠢ ᠴᠢᠩᠭᠠᠷᠠᠭᠤᠯᠦᠨ᠎ᠡ᠃ ᠬᠤᠷᠸ᠎ᠠ ᠲᠥᠷᠥ᠎ᠶ᠋ᠢᠨ ᠪᠣᠳᠣᠯᠭ᠎ᠠ᠎ᠶ᠋ᠢᠨ ᠬᠠᠨᠳᠤᠰᠢ᠎ᠶ᠋ᠢᠨ ᠨᠢᠭᠡᠳᠦᠯᠲᠦ ᠴᠢᠨᠠᠷ᠎ᠢ ᠦᠨᠡᠯᠡᠨ ᠵᠢᠱ᠌ᠢᠬᠦ᠌ ᠠᠵᠢᠯ᠎ᠤᠨ ᠲᠣᠭ᠍ᠲᠠᠴᠠ᠎ᠶ᠋ᠢ ᠪᠦᠷᠢᠨᠱᠢᠭᠦᠯᠬᠦ᠌ ᠪᠠ ᠰᠠᠢᠲᠤᠷ ᠬᠡᠷᠡᠭ᠌ᠯᠡᠵᠦ᠍᠂ ᠠᠵᠤ ᠠᠬᠤᠶ᠎ᠶ᠋ᠢᠨ ᠲᠥᠷᠥ᠎ᠶ᠋ᠢᠨ ᠪᠣᠳᠣᠯᠭ᠎ᠠ ᠪᠣᠯᠤᠨ ᠠᠵᠤ ᠠᠬᠤᠶ᠎ᠶ᠋ᠢᠨ ᠪᠤᠰᠤ ᠲᠥᠷᠥ᠎ᠶ᠋ᠢᠨ ᠪᠣᠳᠣᠯᠭ᠎ᠠ᠎ᠶ᠋ᠢ ᠨᠢᠭᠡᠳᠦᠯᠲᠦ ᠴᠢᠨᠠᠷ᠎ᠤᠨ ᠦᠨᠡᠯᠡᠨ ᠵᠢᠱ᠌ᠢᠯᠲᠡ᠎ᠳᠤ ᠨᠢᠭᠡᠳᠦᠯᠲᠡᠶ ᠣᠷᠣᠭᠤᠯᠵᠤ᠂ ᠲᠥᠷᠥ᠎ᠶ᠋ᠢᠨ ᠪᠣᠳᠣᠯᠭ᠎ᠠ᠎ᠶ᠋ᠢ ᠲᠣᠭ᠍ᠲᠠᠭᠠᠬᠤ ᠪᠠ ᠬᠡᠷᠡᠭ᠌ᠵᠢᠭᠦᠯᠬᠦ᠌ ᠪᠦᠬᠦ᠌ ᠶᠠᠪᠤᠴᠠ᠎ᠶ᠋ᠢ ᠨᠢᠭᠡᠳᠦᠯᠲᠡᠶ ᠲᠥᠯᠥᠪᠯᠡᠵᠦ᠍᠂ ᠲᠥᠷᠥ᠎ᠶ᠋ᠢᠨ ᠪᠣᠳᠣᠯᠭ᠎ᠠ᠎ᠶ᠋ᠢᠨ ᠬᠠᠷᠠᠯᠲᠠ᠂ ᠪᠠᠭᠠᠵᠢ᠂ ᠴᠠᠭ ᠲᠣᠬᠢᠶᠠᠯ᠂ ᠡᠷᠴᠢᠮ᠂ ᠠᠢᠵᠠᠮ᠎ᠤᠨ ᠵᠣᠬᠢᠴᠠᠯᠳᠤᠬᠤ ᠬᠡᠮᠵᠢᠶ᠎ᠡ᠎ᠶ᠋ᠢ ᠳᠡᠭᠡᠭ᠌ᠰᠢᠯᠡᠭᠦᠯᠦᠨ᠎ᠡ᠃ ᠲᠥᠷᠥ᠎ᠶ᠋ᠢᠨ ᠪᠣᠳᠣᠯᠭ᠎ᠠ ᠨᠡᠢᠲᠡᠯᠡᠨ ᠬᠡᠷᠡᠭ᠌ᠵᠢᠭᠦᠯᠬᠦ᠌᠎ᠳᠡᠭᠡᠨ ᠡᠷᠲᠡᠯᠡᠭᠦᠯᠵᠦ᠍ ᠪᠣᠯᠬᠤ᠎ᠶ᠋ᠢ᠎ᠨᠢ ᠡᠷᠲᠡᠯᠡᠭᠦᠯᠦᠨ᠂ ᠡᠷᠲᠡᠯᠡᠭᠦᠯᠬᠦ᠌᠎ᠠᠴᠠ ᠪᠢᠰᠢ ᠣᠷᠦ᠋ᠢᠲᠠᠭᠤᠯᠬᠤ ᠦᠭᠡᠢ ᠪᠠᠢᠵᠤ᠂ ᠡᠯ᠎ᠡ ᠵᠦᠢᠯ᠎ᠤᠨ ᠮᠠᠭᠠᠳ ᠪᠤᠰᠤ ᠴᠢᠨᠠᠷ᠎ᠯᠤᠭ᠎ᠠ ᠤᠷᠤᠯᠳᠤᠨ ᠴᠠᠭ᠎ᠢ ᠠᠮᠵᠢᠵᠤ᠂ ᠵᠦᠪ ᠭᠡᠵᠦ᠍ ᠦᠵᠡᠭ᠌ᠰᠡᠨ ᠎ᠢᠶᠠᠨ ᠨᠢᠭᠡ ᠯᠡ ᠳᠡᠬᠡᠷ᠎ᠡ ᠭᠦᠢᠴᠡᠳ ᠬᠠᠩᠭᠠᠯᠳᠠᠳᠠᠢ ᠳᠤᠭ᠍ᠳᠠᠭᠠᠨ ᠬᠡᠷᠡᠭ᠌ᠵᠢᠭᠦᠯᠵᠦ᠍᠂ ᠲᠥᠷᠥ᠎ᠶ᠋ᠢᠨ ᠪᠣᠳᠣᠯᠭ᠎ᠠ᠎ᠶ᠋ᠢᠨ ᠪᠣᠳᠠᠲᠤ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌ ᠬᠡᠷᠡᠭ᠌ᠲᠡᠢ᠃ ᠳᠡᠭᠡᠳᠦ ᠳᠣᠣᠷᠠᠳᠤ ᠱᠠᠲᠤ᠎ᠪᠠᠷ᠎ᠢᠶᠠᠨ ᠬᠤᠯᠪᠣᠭᠠᠯᠠᠨ ᠬᠥᠳᠡᠯᠦᠯᠴᠡᠬᠦ᠂ ᠬᠥᠨᠳᠡᠯᠡᠨ᠎ᠢᠶᠠᠷ ᠬᠠᠮᠵᠢᠯᠴᠠᠬᠤ᠎ᠪᠠᠨ ᠴᠢᠩᠭᠠᠳᠭᠠᠵᠤ᠂ ᠲᠥᠷᠥ᠎ᠶ᠋ᠢᠨ ᠪᠣᠳᠣᠯᠭ᠎ᠠ᠎ᠶ᠋ᠢᠨ 《ᠡᠬᠢᠨ ᠎ᠤ ᠨᠢᠭᠡ ᠺᠢᠯᠣᠮᠧᠲᠷ》 ᠡᠴᠡ 《ᠡᠴᠦᠰ᠎ᠤᠨ ᠨᠢᠭᠡ ᠺᠢᠯᠣᠮᠧᠲᠷ》 ᠬᠦᠷᠲᠡᠯ᠎ᠡ ᠵᠣᠯᠭᠠᠯᠳᠤᠨ ᠰᠠᠭᠠᠳ ᠦᠭᠡᠢ ᠨᠡᠪᠲᠡᠷᠡᠬᠦ᠌᠎ᠶ᠋ᠢ ᠠᠬᠢᠭᠤᠯᠤᠨ᠎ᠠ᠃ ᠵᠠᠬ᠎ᠠ ᠳᠡᠯᠭᠡᠭᠦᠷ᠎ᠤᠨ ᠲᠠᠭᠤᠨ᠎ᠢ ᠰᠣᠨᠣᠰᠭᠤ᠎ᠶ᠋ᠢ ᠴᠢᠬᠤᠯᠠᠴᠢᠯᠠᠵᠤ᠂ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠬᠦ᠌ ᠪᠠ ᠵᠢᠱ᠌ᠢᠯᠲᠡ᠎ᠪᠠᠷ ᠬᠥᠲᠥᠯᠦᠨ ᠵᠢᠯᠣᠭᠤᠳᠭᠤ᠎ᠶ᠋ᠢ ᠬᠠᠮᠵᠢᠯᠴᠠᠭᠤᠯᠤᠨ ᠠᠬᠢᠭᠤᠯᠵᠤ᠂ ᠢᠳᠡᠪᠬᠢᠲᠡᠶ ᠨᠡᠢᠭᠡᠮ᠎ᠤᠨ ᠵᠢᠱ᠌ᠢᠯᠲᠡ᠎ᠶ᠋ᠢ ᠪᠣᠶ ᠪᠣᠯᠭᠠᠨ᠎ᠠ᠃

ᠡᠨᠡ ᠵᠢᠯ᠎ᠤᠨ ᠬᠠᠷᠠᠯᠲᠠ ᠡᠭᠦᠷᠭᠡ᠎ᠶ᠋ᠢ ᠰᠠᠢᠲᠤᠷ ᠪᠡᠶᠡᠯᠡᠭᠦᠯᠬᠦ᠌᠎ᠳᠤ᠂ ᠡᠷᠬᠡᠪᠰᠢ ᠰᠢ᠎ᠶ᠋ᠢᠨ ᠫᠢᠩ᠎ᠤᠨ ᠠᠵᠤ ᠠᠬᠤᠢ᠎ᠶ᠋ᠢᠨ ᠦᠵᠡᠯ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠵᠤ᠂ ᠴᠢᠨᠠᠷ ᠰᠠᠢᠲᠠᠶ ᠬᠥᠭ᠌ᠵᠢᠭᠦᠯᠬᠦ᠌ ᠡᠨᠡ ᠬᠦ᠌ ᠲᠡᠷᠢᠭᠦᠨ ᠴᠢᠬᠤᠯᠠ ᠡᠭᠦᠷᠭᠡ᠎ᠶ᠋ᠢ ᠴᠢᠩᠭ᠎ᠠ ᠠᠳᠭᠤᠵᠤ᠂ ᠶᠠᠰᠤ ᠴᠢᠨᠠᠷ᠎ᠢᠶᠠᠷ ᠢᠯᠠᠬᠤ ᠪᠠ ᠬᠡᠪᠴᠢᠶᠡᠵᠢᠭᠦᠯᠬᠦ᠌ ᠦᠢᠯᠡᠳᠦᠯ᠎ᠢ ᠪᠠᠳᠠᠷᠠᠭᠤᠯᠬᠤ᠎ᠶ᠋ᠢ ᠨᠢᠭᠡᠳᠦᠭᠦᠯᠬᠦ᠌᠎ᠶ᠋ᠢ ᠪᠠᠷᠢᠮᠲᠠᠯᠠᠵᠤ᠂ ᠶᠠᠰᠤ ᠴᠢᠨᠠᠷ᠎ᠤᠨ ᠪᠦᠲᠦᠮᠵᠢᠲᠡᠶ ᠳᠡᠭᠡᠭ᠌ᠰᠢᠯᠡᠯᠲᠡ ᠪᠠ ᠲᠤᠭ᠎ᠠ ᠬᠡᠮᠵᠢᠶᠡᠨ᠎ᠤ ᠵᠦᠶ ᠵᠣᠬᠢᠰᠲᠠᠶ ᠨᠡᠮᠡᠭ᠌ᠳᠡᠯ᠎ᠢ ᠪᠡᠶᠡᠯᠡᠭᠦᠯᠦᠨ᠎ᠡ᠃ ᠳᠣᠲᠣᠭᠠᠳᠤ ᠬᠡᠷᠡᠭ᠌ᠴᠡᠭᠡ᠎ᠶ᠋ᠢ ᠥᠷᠭᠡᠳᠭᠡᠬᠦ᠌ ᠪᠠᠢᠯᠳᠤᠬᠤ ᠪᠣᠳᠣᠯᠭ᠎ᠠ᠎ᠶ᠋ᠢ ᠡᠷᠡᠰ ᠬᠡᠷᠡᠭ᠌ᠵᠢᠭᠦᠯᠵᠦ᠍᠂ ᠤᠯᠤᠰ ᠎ᠤᠨ ᠳᠣᠲᠣᠭᠠᠳᠤ᠎ᠶ᠋ᠢᠨ ᠶᠡᠭᠡ ᠣᠷᠴᠢᠯ᠎ᠢ ᠪᠤᠵᠠᠭᠠᠢᠷᠠᠭᠤᠯᠤᠨ ᠬᠦᠴᠦᠷᠬᠡᠭ᠌ᠵᠢᠭᠦᠯᠵᠦ᠍᠂ ᠨᠡᠭᠡᠭᠡᠯᠳᠠ ᠎ᠶ᠋ᠢ ᠥᠷᠭᠡᠳᠭᠡᠬᠦ᠌ ᠳᠤᠮᠳᠠ ᠤᠯᠠᠨ ᠤᠯᠤᠰ᠎ᠤᠨ ᠬᠠᠮᠲᠤᠷᠠᠯᠴᠠᠭᠠᠨ᠎ᠤ ᠣᠷᠣᠨ ᠵᠠᠢ᠎ᠶ᠋ᠢ ᠥᠷᠭᠡᠳᠭᠡᠵᠦ᠍᠂ ᠤᠯᠤᠰ ᠎ᠤᠨ ᠳᠣᠲᠣᠭᠠᠳᠤ ᠭᠠᠳᠠᠭᠠᠳᠤ᠎ᠶ᠋ᠢᠨ ᠬᠤᠣᠰ ᠣᠷᠴᠢᠯ᠎ᠤᠨ ᠨᠡᠩ ᠥᠨᠳᠥᠷ ᠲᠦᠪᠱᠢᠨ ᠳᠡᠭᠡᠷ᠎ᠡ ᠬᠠᠷᠢᠯᠴᠠᠨ ᠠᠬᠢᠭᠤᠯᠬᠤ᠂ ᠰᠠᠢᠨ ᠦᠢᠯᠡᠳᠦᠯᠴᠡᠬᠦ᠌᠎ᠶ᠋ᠢ ᠪᠡᠶᠡᠯᠡᠭᠦᠯᠦᠨ᠎ᠡ᠃ ᠬᠠᠩᠭᠠᠯᠭ᠎ᠠ᠎ᠶ᠋ᠢᠨ ᠲᠠᠯ᠎ᠠ᠎ᠶ᠋ᠢᠨ ᠪᠦᠲᠦᠴᠡ᠎ᠶ᠋ᠢᠨ ᠴᠢᠨᠠᠷᠲᠠᠢ ᠥᠭᠡᠷᠡᠴᠢᠯᠡᠯᠲᠡ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ ᠬᠡᠷᠡᠭ᠌ᠯᠡᠭᠡᠨ᠎ᠤ ᠬᠠᠩᠭᠠᠯᠭ᠎ᠠ᠎ᠶ᠋ᠢᠨ ᠪᠦᠲᠦᠴᠡ᠎ᠶ᠋ᠢᠨ ᠴᠢᠨᠠᠷᠲᠠᠢ ᠵᠥᠷᠢᠴᠡᠯ᠎ᠢ ᠬᠦᠴᠦᠯᠡᠨ ᠱᠢᠢᠳᠪᠦᠷᠢᠯᠡᠵᠦ᠍᠂ ᠴᠢᠨᠠᠷ ᠰᠠᠢᠲᠠᠢ ᠬᠠᠩᠭᠠᠯᠭ᠎ᠠ᠎ᠪᠠᠷ ᠬᠡᠷᠡᠭ᠌ᠴᠡᠭᠡ᠎ᠶ᠋ᠢ ᠬᠦᠳᠦᠯᠥᠨ ᠳᠠᠭᠠᠭᠤᠯᠬᠤ ᠪᠠ ᠬᠡᠷᠡᠭ᠌ᠴᠡᠭᠡ᠎ᠶ᠋ᠢ ᠡᠭᠦᠳᠬᠦ᠌᠎ᠶ᠋ᠢ ᠨᠡᠩ ᠴᠢᠬᠤᠯᠠᠴᠢᠯᠠᠨ᠎ᠠ᠃ ᠥᠭᠡᠷᠡᠴᠢᠯᠡᠯᠲᠡ ᠎ᠶ᠋ᠢ ᠤᠯᠠᠮ ᠨᠢᠭᠡ ᠠᠯᠬᠤᠮ ᠪᠦᠬᠦ᠌ ᠲᠠᠯ᠎ᠠ᠎ᠪᠠᠷ ᠭᠦᠨᠵᠡᠭᠡᠢᠷᠡᠭᠦᠯᠬᠦ᠌ ᠎ᠪᠠᠷ ᠡᠯ᠎ᠡ ᠲᠠᠯ᠎ᠠ᠎ᠶ᠋ᠢᠨ᠎ᠬᠢᠨ᠎ᠤ ᠢᠳᠡᠪᠬᠢᠵᠢᠯ᠎ᠢ ᠳᠠᠢᠴᠢᠯᠠᠬᠤ᠎ᠶ᠋ᠢ ᠪᠠᠷᠢᠮᠲᠠᠯᠠᠵᠤ᠂ ᠨᠡᠢᠭᠡᠮ ᠳᠠᠶᠠᠭᠠᠷ᠎ᠤᠨ ᠱᠢᠨ᠎ᠡ᠎ᠶ᠋ᠢ ᠡᠭᠦᠳᠬᠦ᠌ ᠪᠠ ᠡᠭᠦᠳᠦᠨ ᠪᠦᠲᠦᠭᠡᠬᠦ᠌ ᠠᠮᠢᠵᠢᠷᠠᠯ᠎ᠤᠨ ᠬᠦᠴᠦᠨ᠎ᠢ ᠬᠥᠭ᠌ᠵᠢᠭᠡᠨ᠎ᠡ᠃

ᠭᠤᠷᠪᠠ᠂ 2025 ᠣᠨ᠎ᠤ ᠵᠠᠰᠠᠭ᠎ᠤᠨ ᠣᠷᠳᠣᠨ᠎ᠤ ᠠᠵᠢᠯ᠎ᠤᠨ ᠡᠭᠦᠷᠭᠡ

ᠡᠨᠡ ᠵᠢᠯ᠎ᠤᠨ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠡᠭᠦᠷᠭᠡ ᠮᠠᠰᠢ ᠨᠦᠰᠡᠷ ᠬᠦᠨᠳᠦ ᠪᠠᠢᠨ᠎ᠠ᠃ ᠪᠢᠳᠡ ᠭᠤᠤᠯᠳᠠᠯᠭ᠎ᠠ᠎ᠶ᠋ᠢ ᠲᠤᠪᠤᠢᠯᠭᠠᠨ᠂ ᠵᠠᠩᠭᠢᠯᠠᠭ᠎ᠠ᠎ᠶ᠋ᠢ ᠡᠵᠡᠮᠳᠡᠵᠦ᠍᠂ ᠳᠣᠤᠷᠠᠬᠢ ᠬᠡᠳᠦᠨ ᠲᠠᠯ᠎ᠠ᠎ᠶ᠋ᠢᠨ ᠠᠵᠢᠯ᠎ᠢ ᠴᠢᠬᠤᠯᠠᠴᠢᠯᠠᠨ ᠰᠠᠢᠲᠤᠷ ᠠᠳᠭᠤᠬᠤ ᠬᠡᠷᠡᠭ᠌ᠲᠡᠶ᠃

(ᠨᠢᠭᠡ) ᠬᠡᠷᠡᠭ᠌ᠯᠡᠭᠡ᠎ᠶ᠋ᠢ ᠶᠡᠭᠡ᠎ᠪᠠᠷ ᠬᠥᠭ᠌ᠵᠢᠭᠡᠵᠦ᠍᠂ ᠪᠡᠯᠡ ᠣᠷᠣᠭᠤᠯᠤᠯᠲᠠ᠎ᠶ᠋ᠢᠨ ᠦᠷ᠎ᠡ ᠠᠱᠢᠭ᠎ᠢ ᠳᠡᠭᠡᠭ᠌ᠰᠢᠯᠡᠭᠦᠯᠦᠨ᠂ ᠤᠯᠤᠰ᠎ᠤᠨ ᠳᠣᠲᠣᠭᠠᠳᠤ᠎ᠶ᠋ᠢᠨ ᠬᠡᠷᠡᠭ᠌ᠴᠡᠭᠡ᠎ᠶ᠋ᠢ ᠪᠦᠬᠦ᠌ ᠲᠠᠯ᠎ᠠ᠎ᠪᠠᠷ ᠥᠷᠭᠡᠳᠭᠡᠨ᠎ᠡ᠃ ᠬᠡᠷᠡᠭ᠌ᠯᠡᠭᠡ ᠪᠠ ᠪᠡᠯᠡ ᠣᠷᠣᠭᠤᠯᠤᠯᠲᠠ᠎ᠶ᠋ᠢᠨ ᠨᠠᠩ ᠰᠠᠢᠨ ᠤᠶᠠᠯᠳᠤᠯ᠎ᠢ ᠠᠬᠢᠭᠤᠯᠵᠤ᠂ ᠳᠣᠲᠣᠭᠠᠳᠤ ᠬᠡᠷᠡᠭ᠌ᠴᠡᠭᠡ ᠢᠯᠠᠩᠭᠤᠶ᠎ᠠ ᠬᠡᠷᠡᠭ᠌ᠯᠡᠭᠡ᠎ᠶ᠋ᠢᠨ ᠳᠤᠲᠠᠭᠤᠳᠠᠯ᠎ᠢ ᠲᠦᠷᠭᠡᠯᠡᠨ ᠨᠥᠬᠦᠪᠥᠷᠢᠯᠡᠵᠦ᠍᠂ ᠳᠣᠲᠣᠭᠠᠳᠤ ᠬᠡᠷᠡᠭ᠌ᠴᠡᠭᠡ᠎ᠶ᠋ᠢ ᠠᠵᠤ ᠠᠬᠤᠢ᠎ᠶ᠋ᠢᠨ ᠨᠡᠮᠡᠭ᠌ᠳᠡᠯ᠎ᠢ ᠳᠠᠢᠴᠢᠯᠠᠬᠤ ᠭᠤᠣᠯ ᠬᠥᠳᠡᠯᠭᠡᠭ᠌ᠴᠢ ᠬᠦᠴᠦᠨ ᠪᠠ ᠲᠣᠭ᠍ᠲᠠᠪᠤᠷᠢᠵᠢᠭᠤᠯᠤᠭ᠍ᠴᠢ ᠪᠣᠯᠭᠠᠨ᠎ᠠ᠃

ᠬᠡᠷᠡᠭ᠌ᠯᠡᠭᠡ᠎ᠶ᠋ᠢ ᠬᠥᠭ᠌ᠵᠢᠭᠡᠬᠦ᠌ ᠲᠤᠰᠭᠠᠶ ᠠᠵᠢᠯᠯᠠᠭ᠎ᠠ᠎ᠶ᠋ᠢ ᠬᠡᠷᠡᠭ᠌ᠵᠢᠭᠦᠯᠦᠨ᠎ᠡ᠃ ᠬᠡᠷᠡᠭ᠌ᠯᠡᠭᠡᠨ᠎ᠤ ᠴᠢᠳᠠᠪᠤᠷᠢ᠎ᠶ᠋ᠢ ᠳᠡᠭᠡᠭ᠌ᠰᠢᠯᠡᠭᠦᠯᠬᠦ᠂ ᠴᠢᠨᠠᠷ ᠰᠠᠢᠲᠠᠶ ᠬᠠᠩᠭᠠᠯᠭ᠎ᠠ᠎ᠶ᠋ᠢ ᠨᠡᠮᠡᠭ᠌ᠳᠡᠭᠦᠯᠬᠦ᠂ ᠬᠡᠷᠡᠭ᠌ᠯᠡᠭᠡᠨ᠎ᠤ ᠣᠷᠴᠢᠨ ᠨᠦᠬᠦᠴᠡᠯ᠎ᠢ ᠰᠠᠢᠵᠢᠷᠠᠭᠤᠯᠬᠤ ᠲᠤᠰᠭᠠᠶ ᠠᠷᠭ᠎ᠠ ᠬᠡᠮᠵᠢᠶ᠎ᠡ᠎ᠶ᠋ᠢ ᠳᠤᠭ᠍ᠳᠠᠭᠠᠵᠤ᠂ ᠣᠯᠠᠨ ᠶᠠᠩᠵᠤᠴᠢᠯᠠᠭ᠍ᠰᠠᠨ᠂ ᠵᠦᠷᠢᠶᠡᠵᠢᠭ᠌ᠰᠡᠨ ᠬᠡᠷᠡᠭ᠌ᠯᠡᠭᠡᠨ᠎ᠤ ᠳᠠᠯᠳᠠ ᠬᠦᠴᠦᠨ ᠎ᠢ ᠪᠠᠳᠠᠷᠠᠭᠤᠯᠵᠤ᠂ ᠬᠡᠷᠡᠭ᠌ᠯᠡᠭᠡ᠎ᠶ᠋ᠢᠨ ᠶᠠᠰᠤ ᠴᠢᠨᠠᠷ ᠎ᠢ ᠳᠡᠭᠡᠭ᠌ᠰᠢᠯᠡᠭᠦᠯᠦᠨ ᠳᠡᠰ ᠳᠡᠪᠱᠢᠬᠦᠯᠬᠦ᠌ ᠎ᠶ᠋ᠢ ᠠᠬᠢᠭᠤᠯᠤᠨ᠎ᠠ᠃ ᠰᠠᠭᠤᠭᠠᠯᠢ ᠠᠷᠠᠳ᠎ᠤᠨ ᠣᠷᠣᠯᠭ᠎ᠠ᠎ᠶ᠋ᠢᠨ ᠨᠡᠮᠡᠭ᠌ᠳᠡᠯ᠎ᠢ ᠣᠯᠠᠨ ᠠᠷᠭ᠎ᠠ ᠵᠠᠮ᠎ᠢᠶᠠᠷ ᠠᠬᠢᠭᠤᠯᠵᠤ᠂ ᠳᠤᠮᠳᠠ ᠳᠣᠤᠷ᠎ᠠ ᠣᠷᠣᠯᠭ᠎ᠠ᠎ᠲᠠᠢ ᠬᠠᠮᠲᠤᠯᠢᠭ᠎ᠤᠨ ᠣᠷᠣᠯᠭ᠎ᠠ᠎ᠶ᠋ᠢ ᠨᠡᠮᠡᠭ᠌ᠳᠡᠭᠦᠯᠦᠨ ᠳᠠᠷᠤᠭᠠᠰᠤ᠎ᠶ᠋ᠢ ᠬᠥᠩᠭᠡᠷᠡᠭᠦᠯᠬᠦ᠌᠎ᠶ᠋ᠢ ᠠᠬᠢᠭᠤᠯᠵᠤ᠂ ᠬᠥᠳᠡᠯᠮᠦᠷᠢᠴᠢᠳ᠎ᠤᠨ ᠴᠠᠯᠢᠩ᠎ᠤᠨ ᠬᠡᠪ᠎ᠤᠨ ᠦᠰᠦᠯᠲᠡ᠎ᠶ᠋ᠢᠨ ᠲᠣᠭ᠍ᠲᠠᠴᠠ᠎ᠶ᠋ᠢ ᠲᠡᠭᠦᠯᠳᠡᠷᠵᠢᠭᠦᠯᠦᠨ᠎ᠡ᠃ ᠬᠡᠲᠦ ᠤᠷᠳᠤ ᠬᠤᠭᠤᠴᠠᠭᠠᠨ᠎ᠤ ᠣᠨᠴᠠᠭᠠᠶ ᠤᠯᠤᠰ᠎ᠤᠨ ᠵᠢᠭᠡᠯᠡᠯᠭᠡ᠎ᠶ᠋ᠢ 3000 ᠳ᠋ᠦᠩᠱᠢᠭᠤᠷ ᠲᠥᠭᠦᠷᠢᠭ ᠲᠣᠬᠢᠷᠠᠭᠤᠯᠵᠤ ᠬᠡᠷᠡᠭ᠌ᠯᠡᠭᠡᠨ᠎ᠤ ᠵᠦᠢᠯ᠎ᠤᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ᠎ᠶ᠋ᠢ ᠳᠡᠮᠵᠢᠨ᠎ᠡ᠃ ᠣᠷᠣᠬᠤ ᠵᠥᠪᠱᠢᠶᠡᠷᠡᠯ᠎ᠢ ᠠᠭᠤᠵᠢᠭᠤ ᠪᠤᠯᠭᠠᠬᠤ᠂ ᠬᠢᠵᠠᠭᠠᠷᠯᠠᠯ᠎ᠢ ᠪᠠᠭᠠᠰᠭᠠᠬᠤ᠂ ᠬᠢᠨᠠᠯᠲᠠ ᠬᠠᠮᠢᠶᠠᠷᠤᠯᠲᠠ ᠎ᠶ᠋ᠢ ᠱᠢᠯᠢᠳᠡᠭ᠌ᠵᠢᠭᠦᠯᠬᠦ᠌ ᠵᠡᠷᠭᠡ ᠲᠠᠯ᠎ᠠ᠎ᠠᠴᠠ ᠭᠠᠷᠳᠠᠵᠤ᠂ ᠡᠷᠡᠭᠦᠯ ᠮᠡᠨᠳᠦ᠂ ᠨᠠᠰᠤᠵᠢᠯ ᠎ᠤᠨ ᠠᠰᠠᠷᠠᠮᠵᠢ᠂ ᠵᠡᠮᠳᠡᠭᠴᠦᠳ ᠢ᠋ ᠳᠣᠰᠠᠯᠠᠬᠣ᠂ ᠬᠡᠦᠬᠡᠳ ᠰᠠᠭᠠᠲᠠᠭᠤᠯᠬᠤ᠂ ᠭᠡᠷ ᠠᠬᠤᠶ ᠵᠡᠷᠭᠡ ᠤᠯᠠᠨ ᠡᠱᠢᠴᠢᠯᠡᠭ᠌ᠰᠡᠨ ᠦᠢᠯᠡᠴᠢᠯᠡᠭᠡᠨ᠎ᠤ ᠬᠠᠩᠭᠠᠯᠭ᠎ᠠ᠎ᠶ᠋ᠢ ᠥᠷᠭᠡᠳᠭᠡᠨ᠎ᠡ᠃ ᠬᠡᠷᠡᠭ᠌ᠯᠡᠭᠡᠨ᠎ᠤ ᠠᠬᠤᠢ ᠪᠠᠢᠳᠠᠯ᠎ᠤᠨ ᠱᠢᠨ᠎ᠡ᠎ᠶ᠋ᠢ ᠡᠭᠦᠳᠬᠦ᠌ ᠪᠠ ᠲᠡᠭᠦᠨ᠎ᠢ ᠪᠠᠶᠠᠯᠢᠬ᠍ᠵᠢᠭᠤᠯᠵᠤ᠂ ᠳ᠋ᠢᠵᠢᠲ᠋ᠠᠯ᠂ ᠨᠤᠭᠤᠭᠠᠨ᠂ ᠤᠶᠤᠯᠢᠭ ᠵᠡᠷᠭᠡ ᠱᠢᠨ᠎ᠡ ᠬᠡᠯᠪᠡᠷᠢ᠎ᠶ᠋ᠢᠨ ᠬᠡᠷᠡᠭ᠌ᠯᠡᠭᠡ᠎ᠶ᠋ᠢᠨ ᠬᠥᠭ᠌ᠵᠢᠯᠲᠡ᠎ᠶ᠋ᠢ ᠲᠦᠷᠭᠡᠳᠭᠡᠨ᠎ᠡ᠃ ᠠᠮᠠᠷᠠᠯᠲᠠ᠎ᠶ᠋ᠢᠨ ᠳᠦᠷᠢᠮ᠎ᠢ ᠨᠠᠢᠳᠠᠪᠤᠷᠢᠵᠢᠭᠤᠯᠤᠨ ᠱᠢᠯᠢᠳᠡᠭ᠌ᠵᠢᠭᠦᠯᠵᠦ᠍᠂ ᠰᠣᠶᠣᠯ᠂ ᠵᠢᠭᠤᠯᠴᠢᠯᠠᠯ᠂ ᠪᠡᠶ᠎ᠡ᠎ᠶ᠋ᠢᠨ ᠲᠠᠮᠢᠷ ᠵᠡᠷᠭᠡ ᠬᠡᠷᠡᠭ᠌ᠯᠡᠭᠡᠨ᠎ᠤ ᠳᠠᠯᠳᠠ ᠬᠦᠴᠦᠨ᠎ᠢ ᠪᠠᠳᠠᠷᠠᠭᠤᠯᠤᠨ᠎ᠠ᠃ ᠭᠠᠢᠯᠢ ᠬᠡᠯᠲᠦᠷᠢᠭᠦᠯᠬᠦ᠌ ᠳᠡᠯᠭᠡᠭᠦᠷ᠎ᠤᠨ ᠲᠦᠷᠦ᠍᠎ᠶ᠋ᠢᠨ ᠪᠤᠳᠤᠯᠭ᠎ᠠ᠎ᠶ᠋ᠢ ᠲᠡᠭᠦᠯᠳᠡᠷᠵᠢᠭᠦᠯᠵᠦ᠍᠂ ᠬᠢᠯᠢ᠎ᠪᠠᠷ ᠣᠷᠣᠵᠤ ᠢᠷᠡᠨ ᠬᠡᠷᠡᠭ᠌ᠯᠡᠭᠡ ᠬᠢᠬᠦ᠌᠎ᠶ᠋ᠢ ᠥᠷᠭᠡᠳᠭᠡᠬᠦ᠌᠎ᠶ᠋ᠢ ᠠᠬᠢᠭᠤᠯᠤᠨ᠎ᠠ᠃ ᠣᠯᠠᠨ ᠤᠯᠤᠰ᠎ᠤᠨ ᠬᠡᠷᠡᠭ᠌ᠯᠡᠭᠡᠨ᠎ᠤ ᠲᠥᠪ ᠬᠤᠲᠠ᠎ᠶ᠋ᠢᠨ ᠪᠦᠲᠦᠭᠡᠨ ᠪᠠᠢᠭᠤᠯᠤᠯᠲᠠ᠎ᠶ᠋ᠢ ᠭᠦᠨᠵᠡᠭᠡᠢᠷᠡᠭᠦᠯᠵᠦ᠍᠂ ᠱᠢᠶᠠᠨ᠎ᠤ ᠬᠡᠪᠴᠢᠶᠡᠨ ᠎ᠤ ᠬᠤᠳᠠᠯᠳᠤᠭᠠᠨ᠎ᠤ ᠱᠢᠰᠲ᠋ᠧᠮ᠎ᠢ ᠪᠦᠷᠢᠨᠱᠢᠭᠦᠯᠦᠨ᠎ᠡ᠃ ᠪᠦᠬᠦ᠌ ᠱᠢᠰᠲ᠋ᠧᠮ᠎ᠤᠨ ᠬᠡᠷᠡᠭ᠌ᠯᠡᠭᠡᠨ᠎ᠤ ᠲᠤᠭ᠎ᠠ ᠪᠦᠷᠢᠳᠭᠡᠯ᠎ᠤᠨ ᠳᠦᠷᠢᠮ᠎ᠢ ᠲᠡᠭᠦᠯᠳᠡᠷᠵᠢᠭᠦᠯᠦᠨ᠎ᠡ᠃ ᠬᠡᠷᠡᠭ᠌ᠯᠡᠭ᠌ᠴᠢᠳ᠎ᠤᠨ ᠡᠷᠬᠡ ᠠᠱᠢᠭ᠎ᠤᠨ ᠬᠠᠮᠠᠭᠠᠯᠠᠯᠲᠠ᠎ᠶ᠋ᠢ ᠴᠢᠩᠭᠠᠳᠭᠠᠵᠤ᠂ ᠠᠮᠤᠷ ᠲᠦᠪᠱᠢᠨ ᠰᠠᠨᠠᠭ᠎ᠠ ᠠᠮᠤᠷ ᠬᠡᠷᠡᠭ᠌ᠯᠡᠭᠡᠨ᠎ᠤ ᠣᠷᠴᠢᠨ ᠨᠥᠬᠦᠴᠡᠯ᠎ᠢ ᠪᠤᠢ ᠪᠣᠯᠭᠠᠨ᠎ᠠ᠃

ᠪᠦᠲᠦᠮᠵᠢᠲᠡᠶ ᠪᠡᠯᠡ ᠣᠷᠣᠭᠤᠯᠤᠯᠲᠠ᠎ᠶ᠋ᠢ ᠢᠳᠡᠪᠬᠢᠲᠡᠶ ᠥᠷᠭᠡᠳᠭᠡᠨ᠎ᠡ᠃ ᠤᠯᠤᠰ᠎ᠤᠨ ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ ᠪᠠ ᠠᠷᠠᠳ᠎ᠤᠨ ᠠᠮᠢᠳᠤᠷᠠᠯ᠎ᠤᠨ ᠬᠡᠷᠡᠭ᠌ᠴᠡᠭᠡ᠎ᠲᠠᠢ ᠨᠢᠭ᠍ᠲᠠ ᠤᠶᠠᠯᠳᠤᠭᠤᠯᠤᠨ᠂ ᠡᠯ᠎ᠡ ᠲᠥᠷᠥᠯ᠎ᠤᠨ ᠵᠠᠰᠠᠭ᠎ᠤᠨ ᠣᠷᠳᠣᠨ᠎ᠤ ᠪᠡᠯᠡ ᠣᠷᠣᠭᠤᠯᠤᠯᠲᠠ᠎ᠶ᠋ᠢᠨ ᠪᠠᠭᠠᠵᠢ᠎ᠶ᠋ᠢᠨ ᠦᠢᠯᠡᠳᠦᠯ᠎ᠢ ᠰᠠᠢᠲᠤᠷ ᠪᠠᠳᠠᠷᠠᠭᠤᠯᠵᠤ᠂ ᠡᠳ᠋᠎ᠤᠨ ᠵᠠᠰᠠᠭ ᠪᠣᠯᠤᠨ ᠮᠥᠩᠭᠦᠨ ᠭᠦᠢᠯᠭᠡᠭᠡ᠎ᠶ᠋ᠢᠨ ᠬᠠᠮᠵᠢᠯᠴᠠᠭ᠎ᠠ᠎ᠶ᠋ᠢ ᠴᠢᠩᠭᠠᠳᠭᠠᠵᠤ᠂ ᠲᠥᠰᠦᠯ᠎ᠤᠨ ᠨᠥᠭᠡᠴᠡ ᠪᠠ ᠡᠯᠧᠮᠧᠨ᠋ᠲ᠎ᠤᠨ ᠪᠠᠲᠤᠯᠠᠭ᠎ᠠ᠎ᠶ᠋ᠢ ᠴᠢᠩᠭᠠᠳᠭᠠᠵᠤ᠂ ᠨᠢᠭᠡ ᠪᠦᠯᠦᠭ ᠭᠤᠤᠯᠳᠠᠯᠭ᠎ᠠ᠎ᠲᠠᠢ ᠲᠥᠰᠦᠯ᠎ᠢ ᠲᠦᠷᠭᠡᠯᠡᠨ ᠬᠡᠷᠡᠭ᠌ᠵᠢᠭᠦᠯᠵᠦ᠍᠂ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢᠨ ᠴᠢᠬᠤᠯᠠ ᠶᠡᠭᠡ ᠢᠨᠵᠧᠨᠧᠷᠢᠩ᠎ᠢ ᠤᠷᠤᠭ᠍ᠰᠢᠲᠠᠶ ᠳᠠᠭᠤᠰᠭᠠᠬᠤ᠎ᠶ᠋ᠢ ᠠᠬᠢᠭᠤᠯᠤᠨ᠎ᠠ᠃ ᠲᠥᠰᠦᠯ᠎ᠢ ᠦᠨᠡᠨ ᠬᠦ᠌ ᠣᠨᠣᠪᠴᠢᠲᠠᠶ ᠪᠦᠭᠡᠳ ᠰᠠᠢᠲᠤᠷ ᠰᠣᠩᠭᠤᠵᠤ᠂ ᠪᠡᠯᠡ ᠮᠥᠩᠭᠦ᠎ᠶ᠋ᠢ ᠰᠠᠢᠲᠤᠷ ᠬᠠᠮᠢᠶᠠᠷᠤᠨ ᠰᠠᠢᠲᠤᠷ ᠬᠡᠷᠡᠭ᠌ᠯᠡᠵᠦ᠍᠂ ᠪᠦᠲᠦᠭᠡᠨ ᠪᠠᠢᠭᠤᠯᠵᠤ ᠪᠠᠢᠭ᠎ᠠ ᠲᠥᠰᠦᠯ᠎ᠤᠨ ᠪᠡᠯᠡ ᠮᠥᠩᠭᠦ᠎ᠶ᠋ᠢᠨ ᠬᠡᠷᠡᠭ᠌ᠴᠡᠭᠡ᠎ᠶ᠋ᠢ ᠪᠠᠲᠤᠯᠠᠵᠤ᠂ ᠦᠷ᠎ᠡ ᠠᠱᠢᠭ ᠳᠤᠤᠷ᠎ᠠ ᠪᠡᠯᠡ ᠤᠷᠤᠭᠤᠯᠤᠯᠲᠠ ᠪᠠ ᠦᠷ᠎ᠡ ᠠᠱᠢᠭ ᠦᠭᠡᠢ ᠪᠡᠯᠡ ᠣᠷᠣᠭᠤᠯᠤᠯᠲᠠ᠎ᠶ᠋ᠢ ᠡᠷᠡᠰ ᠰᠡᠷᠭᠡᠢᠯᠡᠨ ᠬᠤᠷᠢᠭ᠍ᠯᠠᠨ᠎ᠠ᠃ ᠡᠨᠡ ᠵᠢᠯ ᠲᠥᠪ᠎ᠤᠨ ᠲᠥᠰᠦᠪ ᠎ᠤᠨ ᠳᠣᠲᠣᠷᠠᠬᠢ ᠪᠡᠯᠡ ᠣᠷᠣᠭᠤᠯᠤᠯᠲᠠ᠎ᠶ᠋ᠢ 7350 ᠳ᠋ᠦᠩᠱᠢᠭᠤᠷ ᠲᠥᠭᠦᠷᠢᠭ ᠲᠣᠬᠢᠷᠠᠭᠤᠯᠬᠤ᠎ᠪᠠᠷ ᠲᠥᠯᠥᠪᠯᠡᠵᠦ᠍ ᠪᠠᠢᠨ᠎ᠠ᠃ ᠬᠡᠲᠦ ᠤᠷᠲᠤ ᠬᠤᠭᠤᠴᠠᠭᠠᠨ᠎ᠤ ᠣᠨᠴᠠᠭᠠᠢ ᠤᠯᠤᠰ᠎ᠤᠨ ᠵᠢᠭᠡᠯᠡᠯᠭᠡ᠎ᠶ᠋ᠢ ᠰᠠᠢᠲᠤᠷ ᠬᠡᠷᠡᠭ᠌ᠯᠡᠵᠦ᠍᠂ ᠬᠡᠲᠦ ᠤᠷᠲᠤ ᠬᠤᠭᠤᠴᠠᠭᠠᠨ᠎ᠤ ᠵᠢᠭᠡᠯᠡᠯᠭᠡ ᠵᠡᠷᠭᠡ ᠢᠵᠢ ᠪᠦᠷᠢᠳᠦᠭᠦᠯᠬᠦ᠌ ᠪᠡᠯᠡ ᠲᠣᠬᠢᠷᠠᠭᠤᠯᠭ᠎ᠠ᠎ᠶ᠋ᠢ ᠴᠢᠩᠭᠠᠳᠭᠠᠵᠤ᠂ ᠳᠡᠭᠡᠷ᠎ᠡ᠎ᠠᠴᠠ ᠳᠣᠷᠣᠭ᠍ᠰᠢ ᠵᠣᠬᠢᠶᠠᠨ ᠪᠠᠢᠭᠤᠯᠤᠨ ᠵᠣᠬᠢᠴᠠᠭᠤᠯᠬᠤ᠎ᠶ᠋ᠢ ᠴᠢᠩᠭᠠᠳᠭᠠᠵᠤ᠂ 《ᠨᠢᠭᠡ ᠴᠢᠬᠤᠯᠠ ᠨᠢᠭᠡ ᠭᠤᠤᠯᠳᠠᠯᠭ᠎ᠠ》 ᠵᠢᠨ ᠪᠠᠢᠭᠤᠯᠤᠯᠲᠠ᠎ᠶ᠋ᠢ ᠨᠡᠩ ᠶᠡᠭᠡ ᠡᠷᠴᠢᠮ᠎ᠢᠶᠠᠷ ᠲᠡᠮᠵᠢᠨ᠎ᠠ᠃ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠲᠤᠰᠭᠠᠶ ᠵᠦᠢᠯ᠎ᠤᠨ ᠵᠢᠭᠡᠯᠡᠯᠭᠡ᠎ᠶ᠋ᠢᠨ ᠲᠡᠮᠳᠡᠭ᠌ᠲᠦ᠍᠎ᠶ᠋ᠢᠨ ᠬᠠᠮᠢᠶᠠᠷᠤᠯᠲᠠ᠎ᠶ᠋ᠢᠨ ᠲᠣᠭ᠍ᠲᠠᠴᠠ᠎ᠶ᠋ᠢ ᠱᠢᠯᠢᠳᠡᠭ᠌ᠵᠢᠭᠦᠯᠵᠦ᠍᠂ ᠣᠷᠣᠭᠤᠯᠤᠯᠲᠠ᠎ᠶ᠋ᠢᠨ ᠬᠦᠷᠢᠶᠡᠨ᠎ᠳᠤ ᠨᠠᠵᠠᠭᠠᠶ ᠲᠠᠯ᠎ᠠ᠎ᠶ᠋ᠢᠨ ᠲᠣᠳᠣᠷᠬᠠᠶ ᠬᠠᠭᠤᠳᠠᠰᠤ᠎ᠶ᠋ᠢᠨ ᠬᠠᠮᠢᠶᠠᠷᠤᠯᠲᠠ ᠶᠠᠪᠤᠭᠤᠯᠬᠤ᠂ ᠲᠦᠰᠦᠯ᠎ᠢ ᠬᠢᠨᠠᠨ ᠬᠠᠷᠭᠤᠭᠤᠯᠬᠤ ᠡᠷᠬᠡ᠎ᠶ᠋ᠢ ᠳᠣᠷᠣᠭ᠍ᠰᠢ ᠪᠠᠭᠤᠯᠭᠠᠬᠤ ᠵᠡᠷᠭᠡ ᠠᠷᠭ᠎ᠠ ᠬᠡᠮᠵᠢᠶ᠎ᠡ᠎ᠶ᠋ᠢ ᠰᠠᠢᠲᠤᠷ ᠬᠡᠷᠡᠭ᠌ᠵᠢᠭᠦᠯᠦᠨ᠎ᠡ᠃ ᠪᠡᠯᠡ ᠣᠷᠣᠭᠤᠯᠤᠯᠲᠠ᠎ᠶ᠋ᠢ ᠬᠢᠨᠠᠨ ᠵᠥᠪᠱᠢᠶᠡᠷᠡᠬᠦ᠌ ᠶᠠᠪᠤᠴᠠ᠎ᠶ᠋ᠢ ᠳᠥᠭᠦᠮᠴᠢᠯᠡᠵᠦ᠍᠂ ᠰᠠᠯᠠᠭ᠎ᠠ ᠮᠥᠴᠢᠷ ᠠᠯᠤᠰᠯᠠᠭ᠍ᠰᠠᠨ ᠣᠷᠣᠨ ᠪᠦᠰᠡ ᠠᠯᠤᠰᠯᠠᠭ᠍ᠰᠠᠨ ᠴᠢᠬᠤᠯᠠ ᠶᠡᠭᠡ ᠲᠦᠰᠦᠯ᠎ᠢ ᠵᠣᠬᠢᠴᠠᠭᠤᠯᠤᠨ ᠠᠬᠢᠭᠤᠯᠬᠤ ᠲᠣᠭ᠍ᠲᠠᠴᠠ᠎ᠶ᠋ᠢ ᠪᠠᠢᠭᠤᠯᠤᠨ ᠪᠦᠷᠢᠨᠱᠢᠭᠦᠯᠦᠨ᠎ᠡ᠃ ᠦᠢᠯᠡᠴᠢᠯᠡᠭᠡᠨ᠎ᠤ ᠦᠢᠯᠡᠰ᠎ᠤᠨ ᠪᠡᠯᠡ ᠣᠷᠣᠭᠤᠯᠤᠯᠲᠠ᠎ᠶ᠋ᠢᠨ ᠡᠷᠴᠢᠮ᠎ᠢ ᠴᠢᠩᠭᠠᠷᠠᠭᠤᠯᠦᠨ᠎ᠡ᠃ ᠠᠷᠠᠳ᠎ᠤᠨ ᠪᠡᠯᠡ ᠣᠷᠣᠭᠤᠯᠤᠯᠲᠠ᠎ᠶ᠋ᠢᠨ ᠬᠥᠭ᠌ᠵᠢᠯᠲᠡ᠎ᠶ᠋ᠢ ᠳᠠᠮᠵᠢᠬᠦ᠌ ᠪᠠ ᠵᠣᠷᠢᠬ᠍ᠵᠢᠭᠤᠯᠵᠤ᠂ ᠵᠠᠰᠠᠭ᠎ᠤᠨ ᠣᠷᠳᠣᠨ ᠪᠣᠯᠤᠨ ᠨᠡᠢᠭᠡᠮ᠎ᠤᠨ ᠬᠥᠷᠥᠩᠭᠡ᠎ᠶ᠋ᠢᠨ ᠬᠠᠮᠲᠤᠷᠠᠯᠴᠠᠭᠠᠨ᠎ᠤ ᠱᠢᠨ᠎ᠡ ᠲᠣᠭ᠍ᠲᠠᠴᠠ᠎ᠶ᠋ᠢ ᠵᠢᠷᠤᠮᠵᠢᠭᠤᠯᠤᠨ ᠬᠡᠷᠡᠭ᠌ᠵᠢᠭᠦᠯᠵᠦ᠍᠂ ᠨᠡᠩ ᠤᠯᠠᠨ ᠠᠷᠠᠳ᠎ᠤᠨ ᠬᠥᠷᠥᠩᠭᠡ᠎ᠶ᠋ᠢ ᠬᠥᠲᠥᠯᠥᠨ ᠵᠢᠯᠣᠭᠤᠳᠴᠤ᠌ ᠴᠢᠬᠤᠯᠠ ᠶᠡᠭᠡ ᠰᠠᠭᠤᠷᠢ ᠲᠥᠬᠦᠭᠡᠷᠦᠮᠵᠢ᠂ ᠨᠡᠢᠭᠡᠮ ᠠᠷᠠᠳ᠎ᠤᠨ ᠠᠮᠢᠳᠤᠷᠠᠯ ᠵᠡᠷᠭᠡ ᠬᠦᠷᠢᠶᠡᠨ᠎ᠤ ᠪᠦᠲᠦᠭᠡᠨ ᠪᠠᠢᠭᠤᠯᠤᠯᠲᠠ᠎ᠳᠤ ᠣᠷᠣᠯᠴᠠᠭᠤᠯᠤᠨ᠂ ᠠᠷᠠᠳ᠎ᠤᠨ ᠬᠥᠷᠥᠩᠭᠡ᠎ᠶ᠋ᠢ ᠨᠠᠩ ᠶᠡᠭᠡ ᠬᠥᠭ᠌ᠵᠢᠯᠲᠡ᠎ᠶ᠋ᠢᠨ ᠣᠷᠣᠨ ᠵᠠᠶ᠎ᠲᠠᠢ ᠪᠣᠯᠭᠠᠨ᠎ᠠ᠃

(ᠬᠤᠶᠠᠷ)ᠭᠠᠵᠠᠷ ᠣᠷᠣᠨ ᠎ᠤ ᠪᠠᠢᠳᠠᠯ᠎ᠳᠤᠨᠢ ᠲᠣᠬᠢᠷᠠᠭᠤᠯᠤᠨ ᠱᠢᠨ᠎ᠡ ᠴᠢᠨᠠᠷ᠎ᠤᠨ ᠦᠢᠯᠡᠳᠪᠦᠷᠢᠯᠡᠯ᠎ᠤᠨ ᠬᠦᠴᠦᠨ᠎ᠢ ᠬᠥᠭ᠌ᠵᠢᠭᠦᠯᠵᠦ᠍᠂ ᠣᠳᠣᠬᠢᠴᠢᠯᠠᠭ᠍ᠰᠠᠨ ᠠᠵᠤ ᠦᠢᠯᠡᠰ᠎ᠤᠨ ᠱᠢᠰᠲ᠋ᠧᠮ᠎ᠢ ᠲᠦᠷᠭᠡᠯᠡᠨ ᠪᠠᠢᠭᠤᠯᠤᠨ᠎ᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠪᠠ ᠠᠵᠤ ᠦᠢᠯᠡᠰ᠎ᠤᠨ ᠱᠢᠨ᠎ᠡ᠎ᠶ᠋ᠢ ᠡᠭᠦᠳᠬᠦ᠌᠎ᠶ᠋ᠢ ᠠᠭᠤᠰᠤᠯᠴᠠᠭᠤᠯᠤᠨ ᠬᠥᠭ᠌ᠵᠢᠭᠦᠯᠬᠦ᠌᠎ᠶ᠋ᠢ ᠠᠬᠢᠭᠤᠯᠵᠤ᠂ ᠱᠢᠨ᠎ᠡ ᠬᠡᠯᠪᠡᠷᠢ᠎ᠶ᠋ᠢᠨ ᠠᠵᠤ ᠦᠢᠯᠡᠳᠪᠦᠷᠢᠵᠢᠯᠲᠡ᠎ᠶ᠋ᠢ ᠶᠡᠭᠡ᠎ᠪᠠᠷ ᠠᠬᠢᠭᠤᠯᠤᠨ᠂ ᠲᠡᠷᠢᠭᠦᠨ᠎ᠤ ᠦᠢᠯᠡᠳᠬᠦ᠌ ᠦᠢᠯᠡᠰ᠎ᠢ ᠪᠤᠵᠠᠭᠠᠢᠷᠠᠭᠤᠯᠤᠨ ᠬᠦᠴᠦᠷᠬᠡᠭ᠌ᠵᠢᠭᠦᠯᠵᠦ᠍᠂ ᠤᠳᠤ ᠦᠶ᠎ᠡ᠎ᠶ᠋ᠢᠨ ᠦᠢᠯᠡᠴᠢᠯᠡᠭᠡᠨ᠎ᠤ ᠦᠢᠯᠡᠰ᠎ᠢ ᠢᠳᠡᠪᠬᠢᠲᠡᠶ ᠬᠥᠭ᠌ᠵᠢᠭᠦᠯᠵᠦ᠍᠂ ᠱᠢᠨ᠎ᠡ ᠬᠥᠳᠡᠯᠭᠡᠭ᠌ᠴᠢ ᠡᠨᠧᠷᠭᠢ᠎ᠶ᠋ᠢᠨ ᠬᠤᠷᠠᠮᠳᠤᠨ ᠵᠤᠵᠠᠭᠠᠷᠠᠵᠤ ᠬᠦᠴᠦᠷᠬᠡᠭ᠌ᠵᠢᠬᠦ᠌ ᠪᠠ ᠤᠯᠠᠮᠵᠢᠯᠠᠯᠲᠤ ᠬᠥᠳᠡᠯᠭᠡᠭ᠌ᠴᠢ ᠡᠨᠧᠷᠭᠢ᠎ᠶ᠋ᠢᠨ ᠱᠢᠨᠡᠳᠦᠨ ᠳᠡᠰ ᠳᠡᠪᠱᠢᠬᠦ᠌᠎ᠶ᠋ᠢ ᠠᠬᠢᠭᠤᠯᠤᠨ᠎ᠠ᠃

ᠱᠢᠨ᠎ᠡ᠎ᠪᠠᠷ ᠬᠥᠭ᠌ᠵᠢᠭ᠌ᠰᠡᠨ ᠠᠵᠤ ᠦᠢᠯᠡᠰ᠂ ᠢᠷᠡᠭᠡᠳᠦᠶ᠎ᠶ᠋ᠢᠨ ᠠᠵᠤ ᠦᠢᠯᠡᠰ᠎ᠢ ᠪᠤᠢᠵᠢᠭᠤᠯᠤᠨ ᠪᠤᠵᠠᠭᠠᠢᠷᠠᠭᠤᠯᠤᠨ᠎ᠠ᠃ ᠪᠠᠢᠯᠳᠤᠬᠤ ᠪᠣᠳᠣᠯᠭ᠎ᠠ᠎ᠶ᠋ᠢᠨ ᠴᠢᠨᠠᠷᠲᠠᠶ ᠱᠢᠨ᠎ᠡ᠎ᠪᠠᠷ ᠬᠥᠭ᠌ᠵᠢᠭ᠌ᠰᠡᠨ ᠠᠵᠤ ᠦᠢᠯᠡᠰ᠎ᠤᠨ ᠠᠭᠤᠰᠤᠯᠴᠠᠵᠦ᠍ ᠪᠦᠭᠡᠭᠡᠨᠡᠷᠡᠨ ᠬᠥᠭ᠌ᠵᠢᠬᠦ᠌᠎ᠶ᠋ᠢ ᠭᠦᠨᠵᠡᠭᠡᠢᠷᠡᠬᠦᠯᠤᠨ ᠠᠬᠢᠭᠤᠯᠤᠨ᠎ᠠ᠃ ᠱᠢᠨ᠎ᠡ ᠮᠡᠷᠭᠡᠵᠢᠯ ᠱᠢᠨ᠎ᠡ ᠦᠢᠯᠡᠳᠬᠦᠨ ᠱᠢᠨ᠎ᠡ ᠠᠬᠤᠶ ᠪᠠᠢᠳᠠᠯ᠎ᠢ ᠶᠡᠭᠡ ᠬᠡᠪᠴᠢᠶ᠎ᠡ᠎ᠪᠠᠷ ᠬᠡᠷᠡᠭ᠌ᠯᠡᠬᠦ᠌ ᠵᠢᠱ᠌ᠢᠶ᠎ᠡ ᠦᠵᠡᠭᠦᠯᠬᠦ᠌ ᠠᠵᠢᠯᠯᠠᠭ᠎ᠠ᠎ᠶ᠋ᠢ ᠥᠷᠨᠢᠭᠦᠯᠵᠦ᠍᠂ ᠬᠤᠳᠠᠯᠳᠤᠭᠠᠨ᠎ᠤ ᠰᠠᠨᠰᠠᠷ᠎ᠤᠨ ᠠᠶᠠᠯᠠᠯ᠂ ᠳᠣᠤᠷ᠎ᠠ ᠠᠭᠠᠷ᠎ᠤᠨ ᠠᠵᠤ ᠠᠬᠤᠶ᠂ ᠭᠦᠨ ᠳᠠᠯᠠᠢ ᠵᠢᠨ ᠰᠢᠨᠵᠢᠯᠡᠬᠦ ᠣᠬᠠᠭᠠᠨ ᠲᠸᠭᠨᠢᠭ ᠮᠡᠷᠭᠡᠵᠢᠯ  ᠵᠡᠷᠭᠡ ᠱᠢᠨ᠎ᠡ᠎ᠪᠠᠷ ᠬᠥᠭ᠌ᠵᠢᠭ᠌ᠰᠡᠨ ᠠᠵᠤ ᠦᠢᠯᠡᠰ᠎ᠤᠨ ᠠᠮᠤᠷ ᠲᠦᠪᠱᠢᠨ ᠪᠥᠭᠡᠳ ᠡᠷᠡᠭᠦᠯ᠎ᠢᠶᠠᠷ ᠬᠥᠭ᠌ᠵᠢᠬᠦ᠌᠎ᠶ᠋ᠢ ᠠᠬᠢᠭᠤᠯᠤᠨ᠎ᠠ᠃ ᠢᠷᠡᠭᠡᠳᠦᠶ᠎ᠶ᠋ᠢᠨ ᠠᠵᠤ ᠦᠢᠯᠡᠰ᠎ᠤᠨ ᠣᠷᠣᠭᠤᠯᠤᠯᠲᠠ᠎ᠶ᠋ᠢᠨ ᠨᠡᠮᠡᠭ᠌ᠳᠡᠯ᠎ᠤᠨ ᠲᠣᠭ᠍ᠲᠠᠴᠠ᠎ᠶ᠋ᠢ ᠪᠠᠢᠭᠤᠯᠵᠤ᠂ ᠠᠮᠢᠳᠤ ᠪᠣᠳᠠᠰ᠎ᠤᠨ ᠦᠢᠯᠡᠳᠬᠦ᠌ ᠦᠢᠯᠡᠰ᠂ ᠺᠸᠠᠨ᠋ᠲ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠂ EAI᠂ 6G ᠵᠡᠷᠭᠡ ᠢᠷᠡᠭᠡᠳᠦᠶ᠎ᠶ᠋ᠢᠨ ᠠᠵᠤ ᠦᠢᠯᠡᠰ᠎ᠢ ᠪᠤᠢᠵᠢᠭᠤᠯᠤᠨ᠎ᠠ᠃ ᠲᠡᠷᠢᠭᠦᠨ᠎ᠤ ᠦᠢᠯᠡᠳᠬᠦ᠌ ᠦᠢᠯᠡᠰ ᠪᠠ ᠤᠳᠤ ᠦᠶ᠎ᠡ᠎ᠶ᠋ᠢᠨ ᠦᠢᠯᠡᠴᠢᠯᠡᠭᠡᠨ᠎ᠤ ᠦᠢᠯᠡᠰ᠎ᠢ ᠠᠭᠤᠰᠤᠯᠴᠠᠭᠤᠯᠤᠨ ᠬᠥᠭ᠌ᠵᠢᠭᠦᠯᠬᠦ᠌ ᠲᠤᠷᠱᠢᠯᠲᠠ᠎ᠶ᠋ᠢ ᠭᠦᠨᠵᠡᠭᠡᠢᠷᠡᠭᠦᠯᠵᠦ᠍᠂ ᠦᠢᠯᠡᠴᠢᠯᠡᠭᠡᠨ᠎ᠤ ᠬᠡᠯᠪᠡᠷᠢ᠎ᠶ᠋ᠢᠨ ᠦᠢᠯᠡᠳᠬᠦ᠌ ᠦᠢᠯᠡᠰ᠎ᠢ ᠲᠦᠷᠭᠡᠯᠡᠨ ᠬᠥᠭ᠌ᠵᠢᠭᠦᠯᠦᠨ᠎ᠡ᠃ ᠠᠵᠤ ᠦᠢᠯᠡᠰ᠎ᠢ ᠨᠢᠭᠡᠳᠦᠯᠲᠡᠶ ᠲᠥᠯᠥᠪᠯᠡᠨ ᠪᠠᠢᠷᠢᠯᠠᠭᠤᠯᠬᠤ ᠪᠠ ᠦᠢᠯᠡᠳᠪᠦᠷᠢᠯᠡᠬᠦ᠌ ᠴᠢᠳᠠᠪᠤᠷᠢ ᠎ᠶ᠋ᠢ ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌᠎ᠶ᠋ᠢ ᠴᠢᠩᠭᠠᠳᠭᠠᠵᠤ᠂ ᠠᠵᠤ ᠦᠢᠯᠡᠰ ᠎ᠤᠨ ᠡᠮᠬᠢ ᠵᠢᠷᠤᠮ᠎ᠲᠠᠢ᠎ᠪᠠᠷ ᠬᠥᠭ᠌ᠵᠢᠬᠦ᠌ ᠪᠠ ᠰᠠᠢᠨ ᠥᠷᠢᠰᠥᠯᠳᠦᠭᠡᠨ᠎ᠢ ᠠᠬᠢᠭᠤᠯᠤᠨ᠎ᠠ᠃ ᠤᠯᠤᠰ᠎ᠤᠨ ᠳᠡᠭᠡᠳᠦ ᠱᠢᠨ᠎ᠡ ᠮᠡᠷᠭᠡᠵᠢᠯ᠎ᠤᠨ ᠤᠷᠤᠨ᠎ᠤ ᠱᠢᠨ᠎ᠡ᠎ᠶ᠋ᠢ ᠡᠭᠦᠳᠤᠨ ᠬᠥᠭ᠌ᠵᠢᠬᠦ᠌᠎ᠶ᠋ᠢ ᠲᠦᠷᠭᠡᠳᠭᠡᠨ᠎ᠡ᠃ ᠱᠢᠨ᠎ᠡ᠎ᠶ᠋ᠢ ᠡᠭᠦᠳᠬᠦ᠌ ᠬᠡᠯᠪᠡᠷᠢ᠎ᠶ᠋ᠢᠨ ᠠᠵᠤ ᠠᠬᠤᠢᠯᠠᠯ᠎ᠢ ᠱᠠᠲᠤᠯᠠᠨ ᠪᠤᠢᠵᠢᠭᠤᠯᠵᠤ᠂ ᠲᠤᠰᠭᠠᠶ ᠨᠠᠷᠢᠯᠢᠬ ᠦᠪᠡᠷᠮᠢᠴᠠ ᠱᠢᠨ᠎ᠡ ᠳᠤᠮᠳᠠ ᠵᠢᠵᠢᠭ ᠠᠵᠤ ᠠᠬᠤᠢᠯᠠᠯ᠎ᠤᠨ ᠬᠥᠭ᠌ᠵᠢᠨ ᠪᠤᠵᠠᠭᠠᠢᠷᠠᠬᠤ᠎ᠶ᠋ᠢ ᠠᠬᠢᠭᠤᠯᠵᠤ᠂ ᠠᠩᠬᠠᠨ᠎ᠤ ᠡᠭᠦᠳᠦᠯᠲᠡ᠎ᠶ᠋ᠢᠨ ᠴᠢᠨᠠᠷᠲᠠᠢ ᠰᠠᠭᠤᠷᠢ ᠰᠠᠢᠲᠠᠢ ᠠᠵᠤ ᠠᠬᠤᠢᠯᠠᠯ᠂ ᠪᠠᠳᠠᠷᠠᠩᠭᠤᠢ ᠠᠵᠦ᠍ ᠠᠬᠤᠢᠯᠠᠯ᠎ᠤᠨ ᠬᠥᠭ᠌ᠵᠢᠯᠲᠡ᠎ᠶ᠋ᠢ ᠳᠡᠮᠵᠢᠵᠦ᠍᠂ ᠨᠠᠩ ᠣᠯᠠᠨ ᠠᠵᠤ ᠠᠬᠤᠢᠯᠠᠯ᠎ᠢ ᠱᠢᠨ᠎ᠡ ᠬᠦᠷᠢᠶ᠎ᠡ ᠱᠢᠨ᠎ᠡ ᠤᠷᠤᠯᠳᠤᠭᠠᠨ᠎ᠤ ᠵᠠᠮ᠎ᠳᠤ  《ᠬᠤᠷᠳᠤᠳᠭᠠᠯ》 ᠲᠠᠢ ᠪᠤᠯᠭᠠᠨ᠎ᠠ᠃

ᠤᠯᠠᠮᠵᠢᠯᠠᠯᠲᠤ ᠠᠵᠤ ᠦᠢᠯᠡᠰ᠎ᠢ ᠥᠭᠡᠷᠡᠴᠢᠯᠡᠨ ᠳᠡᠭᠡᠭ᠌ᠰᠢᠯᠡᠭᠦᠯᠬᠦ᠌᠎ᠶ᠋ᠢ ᠠᠬᠢᠭᠤᠯᠤᠨ᠎ᠠ᠃ ᠦᠢᠯᠡᠳᠬᠦ᠌ ᠦᠢᠯᠡᠰ᠎ᠤᠨ ᠭᠤᠤᠯᠳᠠᠯᠭ᠎ᠠ᠎ᠲᠠᠢ ᠠᠵᠤ ᠦᠢᠯᠡᠰ᠎ᠤᠨ ᠬᠡᠯᠬᠢᠶ᠎ᠡ᠎ᠶ᠋ᠢᠨ ᠴᠢᠨᠠᠷ ᠰᠠᠢᠲᠠᠶ ᠬᠥᠭ᠌ᠵᠢᠯᠲᠡ᠎ᠶ᠋ᠢ ᠲᠦᠷᠭᠡᠳᠭᠡᠵᠦ᠍᠂ ᠠᠵᠤ ᠦᠢᠯᠡᠰ᠎ᠤᠨ ᠰᠠᠭᠤᠷᠢ᠎ᠶ᠋ᠢ ᠳᠠᠬᠢᠨ ᠴᠤᠭ᠍ᠴᠠᠯᠠᠬᠤ ᠪᠠ ᠴᠢᠬᠤᠯᠠ ᠶᠡᠭᠡ ᠮᠡᠷᠭᠡᠵᠢᠯ᠎ᠤᠨ ᠲᠣᠨᠣᠭ᠍ᠯᠠᠯ ᠎ᠤᠨ ᠪᠡᠷᠭᠡ ᠰᠡᠳᠥᠪ᠎ᠢ ᠱᠢᠢᠳᠪᠤᠷᠢᠯᠡᠬᠦ᠌᠎ᠶ᠋ᠢ ᠴᠢᠩᠭᠠᠳᠭᠠᠨ᠎ᠠ᠃ ᠤᠯᠠᠮ ᠨᠢᠭᠡ ᠠᠯᠬᠤᠮ ᠬᠡᠪᠴᠢᠶ᠎ᠡ᠎ᠶ᠋ᠢ ᠥᠷᠭᠡᠳᠭᠡᠨ᠂ ᠪᠠᠷᠢᠮᠵᠢᠶ᠎ᠠ᠎ᠶ᠋ᠢ ᠪᠠᠭᠤᠷᠠᠭᠤᠯᠵᠤ᠂ ᠦᠢᠯᠡᠳᠬᠦ᠌ ᠦᠢᠯᠡᠰ᠎ᠤᠨ ᠴᠢᠬᠤᠯᠠ ᠶᠡᠭᠡ ᠮᠡᠷᠭᠡᠵᠢᠯ᠎ᠤᠨ ᠦᠭᠡᠷᠡᠴᠢᠯᠡᠯᠲᠡ ᠬᠢᠵᠦ᠍ ᠳᠡᠰ ᠳᠡᠪᠱᠢᠬᠦᠯᠬᠦ᠌ ᠪᠠ ᠶᠡᠭᠡ ᠬᠡᠪᠴᠢᠶᠡᠨ᠎ᠤ ᠪᠡᠯᠡᠳᠭᠡᠮᠵᠢ᠎ᠶ᠋ᠢ ᠱᠢᠨᠡᠳᠭᠡᠬᠦ᠌ ᠢᠨᠵᠧᠨᠧᠷᠢᠩ᠎ᠢ ᠭᠦᠨᠵᠡᠭᠡᠢᠷᠡᠬᠦᠯᠤᠨ ᠬᠡᠷᠡᠭ᠌ᠵᠢᠭᠦᠯᠦᠨ᠎ᠡ᠃ ᠦᠢᠯᠡᠳᠬᠦ᠌ ᠦᠢᠯᠡᠰ᠎ᠤᠨ ᠬᠡᠯᠪᠡᠷᠢ᠎ᠶ᠋ᠢ ᠳ᠋ᠢᠵᠢᠲ᠋ᠠᠯᠴᠢᠯᠠᠭ᠍ᠰᠠᠨ ᠲᠡᠢᠰᠢ ᠬᠤᠪᠢᠷᠠᠭᠤᠯᠬᠤ᠎ᠶ᠋ᠢ ᠲᠦᠷᠭᠡᠳᠭᠡᠵᠦ᠍᠂ ᠠᠵᠢᠯ ᠲᠥᠷᠥᠯ᠎ᠢ ᠣᠢᠯᠠᠭᠠᠬᠤ ᠮᠥᠷᠲᠡᠭᠡᠨ ᠳ᠋ᠢᠵᠢᠲ᠋ᠠᠯᠴᠢᠯᠠᠯᠳᠠ᠎ᠶ᠋ᠢ ᠦᠢᠯᠠᠭᠠᠬᠤ ᠦᠢᠯᠡᠴᠢᠯᠡᠭᠡᠨ᠎ᠤ ᠬᠤᠳᠠᠯᠳᠤᠭᠠᠴᠢᠨ᠎ᠢ ᠨᠢᠭᠡ ᠪᠦᠯᠦᠭ ᠪᠤᠢᠵᠢᠭᠤᠯᠵᠤ᠂ ᠳᠤᠮᠳᠠ ᠵᠢᠵᠢᠭ ᠠᠵᠤ ᠠᠬᠤᠢᠯᠠᠯ᠎ᠤᠨ ᠬᠡᠯᠪᠡᠷᠢ᠎ᠪᠠᠨ ᠳ᠋ᠢᠵᠢᠲ᠋ᠠᠯᠴᠢᠯᠠᠭ᠍ᠰᠠᠨ ᠲᠡᠢᠰᠢ ᠬᠤᠪᠢᠷᠠᠭᠤᠯᠬᠤ᠎ᠳᠤ ᠦᠵᠡᠭᠦᠯᠬᠦ᠌ ᠳᠡᠮᠵᠢᠯᠭᠡ᠎ᠪᠠᠨ ᠨᠡᠮᠡᠭ᠌ᠳᠡᠭᠦᠯᠦᠨ᠎ᠡ᠃ ᠪᠠᠷᠢᠮᠵᠢᠶ᠎ᠠ᠎ᠶ᠋ᠢ ᠳᠡᠭᠡᠭ᠌ᠰᠢᠯᠡᠬᠦᠯᠬᠦ᠌᠎ᠪᠠᠷ ᠤᠯᠠᠮᠵᠢᠯᠠᠯᠲᠤ ᠠᠵᠤ ᠦᠢᠯᠡᠰ᠎ᠢ ᠱᠢᠯᠢᠳᠡᠭ᠌ᠵᠢᠬᠦᠯᠤᠨ ᠳᠡᠰ ᠳᠡᠪᠱᠢᠬᠦᠯᠬᠦ᠌᠎ᠶ᠋ᠢ ᠬᠥᠲᠥᠯᠥᠨ ᠳᠠᠭᠠᠭᠤᠯᠬᠤ ᠠᠵᠢᠯᠯᠠᠭ᠎ᠠ᠎ᠶ᠋ᠢ ᠥᠷᠨᠢᠭᠦᠯᠦᠨ᠎ᠡ᠃ ᠦᠢᠯᠡᠳᠬᠦ᠌ ᠦᠢᠯᠡᠰ᠎ᠤᠨ 《ᠲᠥᠷᠥᠯ ᠵᠦᠢᠯ᠎ᠢ ᠨᠡᠮᠡᠭ᠌ᠳᠡᠭᠦᠯᠬᠦ᠂ ᠶᠠᠰᠤ ᠴᠢᠨᠠᠷ᠎ᠢ ᠳᠡᠭᠡᠭ᠌ᠰᠢᠯᠡᠭᠦᠯᠬᠦ᠂ ᠨᠠᠷᠠᠲᠤ ᠲᠡᠮᠳᠡᠭ᠎ᠢ ᠡᠭᠦᠳᠬᠦ᠌》 ᠠᠵᠢᠯ᠎ᠢ ᠭᠦᠨᠵᠡᠭᠡᠢᠷᠡᠬᠦᠯᠤᠨ ᠠᠬᠢᠭᠤᠯᠵᠤ᠂ ᠪᠥᠬᠦ᠌ ᠲᠠᠯ᠎ᠠ᠎ᠶ᠋ᠢᠨ ᠶᠠᠰᠤ ᠴᠢᠨᠠᠷ᠎ᠤᠨ ᠬᠠᠮᠢᠶᠠᠷᠤᠯᠲᠠ᠎ᠶ᠋ᠢ ᠴᠢᠩᠭᠠᠳᠭᠠᠵᠤ᠂ ᠨᠠᠷᠠᠲᠤ ᠪᠦᠳᠤᠭᠡᠭ᠌ᠳᠡᠬᠦᠨ ᠰᠣᠳᠣᠨ ᠪᠦᠳᠤᠭᠡᠭ᠌ᠳᠡᠬᠦᠨ᠂ ᠰᠣᠩᠭᠤᠳᠠᠭ ᠠᠵᠤ ᠦᠢᠯᠡᠰ᠎ᠢ ᠪᠣᠶ ᠪᠣᠯᠭᠠᠨ᠎ᠠ᠃

ᠳ᠋ᠢᠵᠢᠲ᠋ᠠᠯ ᠠᠵᠤ ᠠᠬᠤᠢ᠎ᠶ᠋ᠢᠨ ᠱᠢᠨ᠎ᠡ ᠎ᠶ᠋ᠢ ᠡᠭᠦᠳᠬᠦ᠌ ᠠᠮᠢᠵᠢᠷᠠᠯ᠎ᠤᠨ ᠬᠦᠴᠦᠨ᠎ᠢ ᠬᠥᠭ᠌ᠵᠢᠭᠡᠨ᠎ᠡ᠃ 《ᠵᠣᠬᠢᠶᠠᠮᠠᠯ ᠣᠶᠤᠯᠢᠬ +》 ᠠᠵᠢᠯᠯᠠᠭ᠎ᠠ᠎ᠶ᠋ᠢ ᠦᠷᠭᠦᠯᠵᠢᠯᠡᠨ ᠠᠬᠢᠭᠤᠯᠵᠤ᠂ ᠳ᠋ᠢᠵᠢᠲ᠋ᠠᠯ ᠮᠡᠷᠭᠡᠵᠢᠯ᠎ᠢ ᠦᠢᠯᠡᠳᠬᠦ᠌ ᠳᠠᠪᠠᠭᠤᠯᠢᠭ᠂ ᠵᠠᠬ᠎ᠠ ᠳᠡᠯᠭᠡᠭᠦᠷ᠎ᠤᠨ ᠳᠠᠪᠠᠭᠤᠯᠢᠭ᠎ᠯᠤᠭ᠎ᠠ ᠨᠠᠩ ᠰᠠᠢᠲᠤᠷ ᠤᠶᠠᠯᠳᠤᠭᠤᠯᠵᠤ᠂ ᠲᠣᠮᠣ ᠵᠠᠭ᠍ᠪᠤᠷ᠎ᠢ ᠥᠷᠭᠡᠨ᠎ᠢᠶᠠᠷ ᠬᠡᠷᠡᠭ᠌ᠯᠡᠬᠦ᠌᠎ᠶ᠋ᠢ ᠳᠠᠮᠵᠢᠵᠤ᠂ ᠤᠶᠤᠨᠴᠢ ᠰᠦᠯᠵᠢᠶᠡᠨ ᠬᠤᠯᠪᠤᠯᠳᠤᠯᠲᠦ ᠱᠢᠨ᠎ᠡ ᠡᠨᠧᠷᠭᠢ᠎ᠶ᠋ᠢᠨ ᠰᠤᠷᠪᠤᠯᠵᠢ ᠬᠡᠷᠡᠭ᠌ᠯᠡᠬᠦ᠌ ᠮᠠᠱᠢᠨ ᠲᠡᠷᠭᠡ᠂ ᠵᠣᠬᠢᠶᠠᠮᠠᠯ ᠤᠶᠤᠯᠢᠬ ᠭᠠᠷ ᠤᠲᠠᠰᠤ ᠪᠠ ᠺᠣᠮᠫᠢᠦ᠋ᠲ᠋ᠧᠷ᠂ ᠤᠶᠤᠯᠢᠬ ᠮᠠᠱᠢᠨ ᠬᠥᠮᠦᠨ ᠵᠡᠷᠭᠡ ᠱᠢᠨ᠎ᠡ ᠨᠢᠭᠡ ᠦᠶ᠎ᠡ᠎ᠶ᠋ᠢᠨ ᠤᠶᠤᠯᠢᠬ ᠦᠵᠤᠬᠦᠷ ᠵᠢᠴᠢ ᠤᠶᠤᠯᠢᠬ ᠦᠢᠯᠡᠳᠬᠦ᠌ ᠲᠣᠨᠣᠭ᠍ᠯᠠᠯ᠎ᠢ ᠶᠡᠭᠡ᠎ᠪᠠᠷ ᠬᠥᠭ᠌ᠵᠢᠭᠦᠯᠦᠨ᠎ᠡ᠃ 5G ᠵᠢ ᠬᠡᠪᠴᠢᠶᠡᠵᠢᠭᠦᠯᠦᠨ ᠬᠡᠷᠡᠭ᠌ᠯᠡᠬᠦ᠌᠎ᠶ᠋ᠢ ᠥᠷᠭᠡᠳᠭᠡᠵᠦ᠍᠂ ᠠᠵᠤ ᠦᠢᠯᠡᠳᠪᠦᠷᠢ᠎ᠶ᠋ᠢᠨ ᠢᠨᠲ᠋ᠧᠷ ᠰᠦᠯᠵᠢᠶ᠎ᠡ᠎ᠶ᠋ᠢᠨ ᠱᠢᠨ᠎ᠡ᠎ᠶ᠋ᠢ ᠡᠭᠦᠳᠤᠨ ᠬᠥᠭ᠌ᠵᠢᠬᠦ᠌᠎ᠶ᠋ᠢ ᠲᠦᠷᠭᠡᠳᠭᠡᠵᠦ᠍᠂ ᠪᠦᠬᠦ᠌ ᠤᠯᠤᠰ᠎ᠤᠨ ᠪᠤᠳᠤᠬᠤ ᠬᠦᠴᠦᠨ᠎ᠤ ᠡᠬᠢ ᠪᠠᠶᠠᠯᠢᠭ᠎ᠤᠨ ᠪᠠᠢᠷᠢᠯᠠᠭᠤᠯᠤᠯᠳᠡ᠎ᠶ᠋ᠢ ᠱᠢᠯᠢᠳᠡᠭ᠌ᠵᠢᠭᠦᠯᠵᠦ᠍᠂ ᠳᠡᠯᠡᠬᠡᠶ ᠳᠡᠭᠡᠷ᠎ᠠ ᠥᠷᠢᠰᠥᠯᠳᠦᠬᠦ᠌ ᠬᠦᠴᠦᠨ ᠪᠦᠬᠦᠢ ᠳ᠋ᠢᠵᠢᠲ᠋ᠠᠯ ᠠᠵᠤ ᠦᠢᠯᠡᠰ᠎ᠤᠨ ᠪᠥᠭᠡᠭᠡᠨᠡᠷᠡᠯ ᠎ᠢ  ᠪᠤᠢ ᠪᠣᠯᠭᠠᠨ᠎ᠠ᠃ ᠳ᠋ᠠᠢᠲ᠋ᠠ᠎ᠶ᠋ᠢᠨ ᠰᠠᠭᠤᠷᠢ ᠳᠦᠷᠢᠮ᠎ᠢ ᠲᠦᠷᠭᠡᠯᠡᠨ ᠲᠡᠭᠦᠯᠳᠡᠷᠵᠢᠭᠦᠯᠵᠦ᠍᠂ ᠳ᠋ᠠᠢᠲ᠋ᠠ ᠎ᠶ᠋ᠢᠨ ᠡᠬᠢ ᠪᠠᠶᠠᠯᠢᠭ ᠎ᠢ ᠨᠡᠭᠡᠭᠡᠨ ᠠᠱᠢᠭ᠍ᠯᠠᠬᠤ᠎ᠶ᠋ᠢ ᠭᠦᠨᠵᠡᠭᠡᠢᠷᠡᠭᠦᠯᠵᠦ᠍᠂ ᠳ᠋ᠠᠢᠲ᠋ᠠ ᠎ᠶ᠋ᠢᠨ ᠬᠢᠯᠢ ᠠᠯᠤᠰᠯᠠᠨ ᠱᠢᠯᠵᠢᠬᠦ᠌᠎ᠶ᠋ᠢ ᠠᠬᠢᠭᠤᠯᠬᠤ ᠪᠠ ᠵᠢᠷᠤᠮᠵᠢᠭᠤᠯᠤᠨ᠎ᠠ᠃ ᠲᠠᠪᠴᠠᠩ᠎ᠤᠨ ᠠᠵᠤ ᠠᠬᠤᠶ᠎ᠶ᠋ᠢᠨ ᠵᠢᠷᠤᠮᠵᠢᠭᠤᠨ ᠪᠦᠭᠡᠳ ᠡᠷᠡᠭᠦᠯ᠎ᠢᠶᠠᠷ ᠬᠥᠭ᠌ᠵᠢᠬᠦ᠌᠎ᠶ᠋ᠢ ᠠᠬᠢᠭᠤᠯᠵᠤ᠂ ᠲᠡᠭᠦᠨ᠎ᠤ ᠱᠢᠨ᠎ᠡ᠎ᠶ᠋ᠢ ᠡᠭᠦᠳᠬᠦ᠌᠎ᠶ᠋ᠢ ᠠᠬᠢᠭᠤᠯᠬᠤ᠂ ᠬᠡᠷᠡᠭ᠌ᠯᠡᠭᠡ᠎ᠶ᠋ᠢ ᠥᠷᠭᠡᠳᠭᠡᠬᠦ᠂ ᠠᠵᠢᠯ ᠣᠯᠭᠤᠯᠲᠠ᠎ᠶ᠋ᠢ ᠲᠣᠭ᠍ᠲᠠᠪᠤᠷᠢᠵᠢᠭᠤᠯᠬᠤ ᠵᠡᠷᠭᠡ ᠲᠠᠯ᠎ᠠ᠎ᠪᠠᠷ᠎ᠬᠢ ᠢᠳᠡᠪᠬᠢ ᠦᠢᠯᠡᠳᠦᠯ᠎ᠢ ᠨᠡᠩ ᠰᠠᠢᠲᠤᠷ ᠪᠠᠳᠠᠷᠠᠭᠤᠯᠤᠨ᠎ᠠ᠃

(ᠭᠤᠷᠪᠠ) ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠢᠶᠠᠷ ᠤᠯᠤᠰ᠎ᠢᠶᠠᠨ ᠮᠠᠨᠳᠤᠭᠤᠯᠬᠤ ᠪᠠᠢᠯᠳᠤᠬᠤ ᠪᠤᠳᠤᠯᠭ᠎ᠠ ᠎ᠶ᠋ᠢ ᠭᠦᠨᠵᠡᠭᠡᠢᠷᠡᠬᠦᠯᠤᠨ ᠬᠡᠷᠡᠭ᠌ᠵᠢᠭᠦᠯᠵᠦ᠍᠂ ᠤᠯᠤᠰ᠎ᠤᠨ ᠱᠢᠨ᠎ᠡ᠎ᠶ᠋ᠢ ᠡᠭᠦᠳᠬᠦ᠌ ᠱᠢᠰᠲ᠋ᠧᠮ ᠎ᠤᠨ ᠪᠦᠬᠦᠯᠢ ᠴᠣᠭ᠍ᠴᠠ᠎ᠶ᠋ᠢᠨ ᠦᠢᠯᠡᠳᠦᠯ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ᠃ ᠱᠢᠨ᠎ᠡ᠎ᠶ᠋ᠢ ᠡᠭᠦᠳᠬᠦ᠌᠎ᠪᠠᠷ ᠬᠥᠭ᠌ᠵᠢᠯᠲᠡ᠎ᠶ᠋ᠢ ᠬᠥᠲᠥᠯᠥᠨ ᠳᠠᠭᠠᠭᠤᠯᠬᠤ᠎ᠶ᠋ᠢ ᠪᠠᠷᠢᠮᠲᠠᠯᠠᠵᠤ᠂ ᠰᠤᠷᠭᠠᠨ ᠬᠥᠮᠦᠵᠢᠯ᠎ᠢ ᠬᠥᠭ᠌ᠵᠢᠬᠦᠯᠬᠦ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠂ ᠴᠢᠳᠠᠪᠤᠷᠢᠲᠠᠨ ᠬᠥᠮᠦᠵᠢᠭᠦᠯᠬᠦ᠌᠎ᠶ᠋ᠢ ᠨᠢᠭᠡ ᠴᠤᠭ᠍ᠴᠠᠵᠢᠭᠤᠯᠤᠨ ᠠᠬᠢᠭᠤᠯᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠰᠠᠭᠤᠷᠢ ᠴᠢᠨᠠᠷᠲᠠᠶ᠂ ᠪᠠᠢᠯᠳᠤᠬᠤ ᠪᠤᠳᠤᠯᠭ᠎ᠠ᠎ᠶ᠋ᠢᠨ ᠴᠢᠨᠠᠷᠲᠠᠶ ᠲᠤᠯᠭᠠᠭᠤᠷᠢᠯᠠᠯ᠎ᠢ ᠪᠠᠲᠤ ᠴᠣᠭ᠍ᠴᠠᠯᠠᠨ᠎ᠠ᠃

ᠴᠢᠨᠠᠷ ᠰᠠᠢᠲᠠᠶ ᠰᠤᠷᠭᠠᠨ ᠬᠥᠮᠦᠵᠢᠯ᠎ᠤᠨ ᠱᠢᠰᠲ᠋ᠧᠮ᠎ᠢ ᠲᠦᠷᠭᠡᠯᠡᠨ ᠪᠠᠢᠭᠤᠯᠤᠨ᠎ᠠ᠃ ᠰᠤᠷᠭᠠᠨ ᠬᠥᠮᠦᠵᠢᠯ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠶ᠋ᠢᠨ ᠭᠤᠷᠪᠠᠨ ᠵᠢᠯ᠎ᠤᠨ ᠠᠵᠢᠯᠯᠠᠭ᠎ᠠ᠎ᠶ᠋ᠢᠨ ᠲᠥᠯᠥᠪᠯᠡᠭᠡ᠎ᠶ᠋ᠢ ᠲᠣᠭ᠍ᠲᠠᠭᠠᠨ ᠬᠡᠷᠡᠭ᠌ᠵᠢᠭᠦᠯᠦᠨ᠎ᠡ᠃ ᠱᠢᠨ᠎ᠡ ᠴᠠᠭ ᠦᠶ᠎ᠡ᠎ᠶ᠋ᠢᠨ ᠶᠣᠰᠣ ᠰᠤᠷᠲᠠᠬᠤᠨ᠎ᠢ ᠪᠤᠢ ᠪᠤᠯᠭᠠᠵᠤ ᠬᠥᠮᠤᠨ᠎ᠢ ᠬᠥᠮᠦᠵᠢᠭᠦᠯᠬᠦ᠌ ᠢᠨᠵᠧᠨᠧᠷᠢᠩ᠎ᠢ ᠪᠦᠬᠦ᠌ ᠲᠠᠯ᠎ᠠ᠎ᠪᠠᠷ ᠬᠡᠷᠡᠭ᠌ᠵᠢᠭᠦᠯᠵᠦ᠍᠂ ᠶᠡᠭᠡ ᠰᠤᠷᠭᠠᠭᠤᠯᠢ ᠳᠤᠮᠳᠠᠳᠤ ᠪᠠᠭ᠎ᠠ ᠰᠤᠷᠭᠠᠭᠤᠯᠢ᠎ᠶ᠋ᠢᠨ ᠦᠵᠡᠯ ᠰᠠᠨᠠᠭ᠎ᠠ ᠤᠯᠤᠰ ᠲᠥᠷᠦ᠍᠎ᠶ᠋ᠢᠨ ᠬᠢᠴᠢᠶᠡᠯ᠎ᠢ ᠨᠢᠭᠡ ᠴᠣᠭ᠍ᠴᠠᠵᠢᠭᠤᠯᠤᠨ ᠥᠭᠡᠷᠡᠴᠢᠯᠡᠯᠲᠡ ᠬᠢᠵᠦ᠍ ᠱᠢᠨ᠎ᠡ᠎ᠶ᠋ᠢ ᠡᠭᠦᠳᠬᠦ᠌᠎ᠶ᠋ᠢ ᠠᠬᠢᠭᠤᠯᠤᠨ᠎ᠠ᠃ ᠰᠠᠭᠤᠷᠢ ᠰᠤᠷᠭᠠᠨ ᠬᠦᠮᠦᠵᠢᠯ᠎ᠤᠨ ᠱᠢᠯᠢᠳᠡᠭ᠎ᠢ᠎ᠨᠢ ᠥᠷᠭᠡᠳᠭᠡᠨ ᠴᠢᠨᠠᠷ᠎ᠢ᠎ᠨᠢ ᠳᠡᠭᠡᠭ᠌ᠰᠢᠯᠡᠭᠦᠯᠬᠦ᠌ ᠢᠨᠵᠧᠨᠧᠷᠢᠩ᠎ᠢ ᠭᠦᠨᠵᠡᠭᠡᠢᠷᠡᠬᠦᠯᠤᠨ ᠬᠡᠷᠡᠭ᠌ᠵᠢᠭᠦᠯᠵᠦ᠍᠂ ᠬᠥᠮᠦᠨ ᠠᠮᠠ᠎ᠶ᠋ᠢᠨ ᠬᠤᠪᠢᠷᠠᠯᠲᠠ᠎ᠯᠤᠭ᠎ᠠ ᠵᠣᠬᠢᠴᠠᠭ᠍ᠰᠠᠨ ᠡᠬᠢ ᠪᠠᠶᠠᠯᠢᠭ᠎ᠢ ᠨᠢᠭᠡᠳᠦᠯᠲᠡᠶ ᠲᠥᠯᠥᠪᠯᠡᠨ ᠲᠣᠬᠢᠷᠠᠭᠤᠯᠬᠤ ᠲᠣᠭ᠍ᠲᠠᠴᠠ᠎ᠶ᠋ᠢ ᠪᠦᠷᠢᠨᠱᠢᠭᠦᠯᠦᠨ᠎ᠡ᠃ ᠠᠯᠪᠠᠨ ᠵᠢᠷᠣᠮ᠎ᠤᠨ ᠰᠣᠷᠭᠠᠨ ᠬᠥᠮᠥᠵᠢᠯ᠎ᠤᠨ ᠰᠣᠷᠭᠠᠭᠤᠯᠢ ᠎ᠶ᠋ᠢᠨ ᠪᠠᠷᠢᠮᠵᠢᠶᠠᠵᠢᠭᠤᠯᠬᠤ ᠪᠠᠢᠭᠤᠯᠣᠯᠳᠠ᠎ᠶ᠋ᠢ ᠴᠢᠩᠭᠠᠳᠭᠠᠵᠤ᠂ ᠠᠯᠪᠠᠨ ᠵᠢᠷᠤᠮ᠎ᠤᠨ ᠰᠤᠷᠭᠠᠨ ᠬᠥᠮᠦᠵᠢᠯ᠎ᠤᠨ ᠴᠢᠨᠠᠷ ᠰᠠᠢᠲᠠᠶ ᠲᠡᠩᠴᠡᠭᠦᠷᠢᠲᠡᠶ ᠬᠥᠭ᠌ᠵᠢᠯᠲᠡ᠎ᠶ᠋ᠢ ᠠᠬᠢᠭᠤᠯᠵᠤ᠂ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠱᠠᠲᠤᠨ᠎ᠤ ᠰᠤᠷᠭᠠᠨ ᠬᠥᠮᠦᠵᠢᠯ᠎ᠤᠨ ᠰᠤᠷᠭᠠᠭᠤᠯᠢ᠎ᠳᠤ ᠤᠷᠤᠬᠤ ᠤᠷᠤᠨ ᠲᠤᠭ᠎ᠠ᠎ᠶ᠋ᠢᠨ ᠬᠠᠩᠭᠠᠯᠭ᠎ᠠ᠎ᠶ᠋ᠢ ᠥᠷᠭᠡᠳᠭᠡᠵᠦ᠍᠂ ᠰᠢᠶᠠᠨ ᠤ᠋ ᠬᠡᠪᠴᠢᠶᠡᠨ ᠤ᠋ ᠦᠨᠳᠦᠷ ᠵᠡᠷᠭᠡ ᠵᠢᠨ ᠳᠣᠮᠳᠠᠳᠣ ᠰᠣᠷᠭᠠᠭᠣᠯᠢ ᠵᠢᠨ ᠶᠠᠰᠣ ᠴᠢᠨᠠᠷ ᠢ᠋ ᠳᠡᠭᠡᠭᠰᠢᠯᠡᠭᠦᠯᠵᠦ᠂  ᠰᠤᠷᠭᠠᠭᠤᠯᠢ᠎ᠳᠤ ᠤᠷᠤᠬᠤ ᠨᠠᠰᠤᠨ᠎ᠠᠴᠠ ᠡᠮᠦᠨᠡᠬᠢ ᠰᠦᠢᠳᠭᠡᠯ ᠦᠯᠤ ᠬᠤᠷᠢᠶᠠᠬᠤ ᠰᠤᠷᠭᠠᠨ ᠬᠦᠮᠦᠵᠢᠯ᠎ᠢ ᠠᠯᠬᠤᠮ ᠠᠯᠬᠤᠮ᠎ᠢᠶᠠᠷ ᠬᠡᠷᠡᠭ᠌ᠵᠢᠬᠦᠯᠤᠨ᠎ᠠ᠃ ᠣᠨᠴᠠᠭᠠᠶ ᠰᠤᠷᠭᠠᠨ ᠬᠥᠮᠦᠵᠢᠯ᠂ ᠦᠷᠭᠦᠯᠵᠢᠯᠡᠯ ᠰᠤᠷᠭᠠᠨ ᠬᠥᠮᠦᠵᠢᠯ᠂ ᠲᠤᠰᠭᠠᠶ ᠰᠤᠷᠭᠠᠨ ᠬᠥᠮᠦᠵᠢᠯ᠎ᠢ ᠰᠠᠢᠲᠤᠷ ᠡᠷᠬᠢᠯᠡᠵᠤ᠂ ᠠᠷᠠᠳ᠎ᠠᠴᠠ ᠡᠷᠬᠢᠯᠡᠭ᠌ᠰᠡᠨ ᠰᠤᠷᠭᠠᠨ ᠬᠥᠮᠦᠵᠢᠯ᠎ᠤᠨ ᠬᠥᠭ᠌ᠵᠢᠯᠲᠡ᠎ᠶ᠋ᠢ ᠬᠥᠲᠥᠯᠥᠨ ᠵᠢᠯᠣᠭᠤᠳᠴᠤ᠌ ᠵᠢᠷᠤᠮᠵᠢᠭᠤᠯᠤᠨ᠎ᠠ᠃ ᠠᠵᠢᠯ ᠮᠡᠷᠭᠡᠵᠢᠯ᠎ᠤᠨ ᠰᠤᠷᠭᠠᠨ ᠬᠦᠮᠦᠵᠢᠯ ᠪᠤᠯᠤᠨ ᠡᠩ᠎ᠤᠨ ᠰᠤᠷᠭᠠᠨ ᠬᠦᠮᠦᠵᠢᠯ᠎ᠢ ᠠᠭᠤᠰᠤᠯᠴᠠᠭᠤᠯᠤᠨ ᠨᠡᠪᠲᠡᠷᠡᠬᠦᠯᠬᠦ᠂ ᠦᠢᠯᠡᠳᠪᠦᠷᠢᠯᠡᠯ ᠪᠤᠯᠤᠨ ᠬᠢᠴᠢᠶᠡᠯ ᠬᠦᠮᠦᠵᠢᠯ᠎ᠢ ᠠᠭᠤᠰᠤᠯᠴᠠᠭᠤᠯᠤᠨ ᠬᠠᠮᠲᠤᠷᠠᠭᠤᠯᠬᠤ᠎ᠶ᠋ᠢ ᠠᠬᠢᠭᠤᠯᠵᠤ᠂ ᠠᠵᠢᠯ ᠮᠡᠷᠭᠡᠵᠢᠯ᠎ᠤᠨ ᠰᠤᠷᠭᠠᠨ ᠬᠥᠮᠦᠵᠢᠯ᠎ᠤᠨ ᠵᠣᠬᠢᠴᠠᠬᠤ ᠴᠢᠨᠠᠷ᠎ᠢ ᠴᠢᠩᠭᠠᠳᠭᠠᠨ᠎ᠠ᠃ ᠶᠡᠭᠡ ᠲᠡᠭᠡᠳᠤ ᠰᠤᠷᠭᠠᠭᠤᠯᠢ᠎ᠶ᠋ᠢᠨ ᠥᠭᠡᠷᠡᠴᠢᠯᠡᠯᠲᠡ᠎ᠶ᠋ᠢ ᠲᠥᠷᠥᠯ ᠬᠤᠪᠢᠶᠠᠨ ᠠᠬᠢᠭᠤᠯᠵᠤ᠂ ᠱᠢᠯᠢᠳᠡᠭ ᠵᠢᠩᠬᠢᠨᠢ ᠠᠩᠭᠢ᠎ᠶ᠋ᠢᠨ ᠶᠡᠭᠡ ᠲᠡᠭᠡᠳᠤ ᠰᠤᠷᠭᠠᠭᠤᠯᠢ᠎ᠶ᠋ᠢᠨ ᠬᠡᠪᠴᠢᠶ᠎ᠠ᠎ᠶ᠋ᠢ ᠥᠷᠭᠡᠳᠭᠡᠬᠦ᠌᠎ᠶ᠋ᠢ ᠯᠠᠪᠳᠠᠭᠤᠨ ᠪᠠᠲᠤᠲᠠᠶ ᠠᠬᠢᠭᠤᠯᠵᠤ᠂ 《ᠬᠤᠤᠰ ᠲᠡᠷᠢᠭᠦᠨ ᠵᠡᠷᠭᠡ》 ᠵᠢᠨ ᠪᠠᠢᠭᠤᠯᠤᠯᠲᠠ᠎ᠶ᠋ᠢ ᠲᠦᠷᠭᠡᠳᠭᠡᠵᠦ᠍᠂ ᠱᠢᠨᠵᠢᠯᠡᠭᠡᠨ᠎ᠤ ᠰᠠᠯᠠᠭ᠎ᠠ᠎ᠶ᠋ᠢ ᠪᠠᠢᠭᠤᠯᠵᠤ ᠲᠤᠬᠢᠷᠠᠭᠤᠯᠬᠤ ᠲᠣᠭ᠍ᠲᠠᠴᠠ ᠪᠠ ᠴᠢᠳᠠᠪᠤᠷᠢᠲᠠᠨ ᠬᠥᠮᠦᠵᠢᠭᠦᠯᠬᠦ᠌ ᠵᠠᠭ᠍ᠪᠤᠷ᠎ᠢ ᠲᠡᠭᠦᠯᠳᠡᠷᠵᠢᠭᠦᠯᠦᠨ᠎ᠡ᠃ ᠰᠣᠷᠭᠠᠭᠣᠯᠢ ᠵᠢᠨ ᠪᠡᠶ᠎ᠡ ᠵᠢᠨ ᠳᠠᠮᠢᠷ ᠤ᠋ᠨ ᠬᠦᠳᠡᠯᠭᠡᠭᠡᠨ ᠢ᠋ ᠢᠳᠡᠪᠬᠢᠳᠡᠢ ᠦᠷᠨᠢᠭᠦᠯᠵᠦ ᠂ ᠰᠡᠳᠭᠢᠴᠡ᠎ᠶ᠋ᠢᠨ ᠡᠷᠡᠭᠦᠯ ᠮᠡᠨᠳᠦ᠍᠎ᠶ᠋ᠢᠨ ᠬᠥᠮᠦᠵᠢᠯ᠎ᠢ ᠲᠦᠭᠡᠮᠡᠯᠵᠢᠭᠦᠯᠵᠦ ᠂ ᠪᠠᠭᠰᠢ ᠰᠣᠷᠣᠭᠴᠢᠳ ᠤ᠋ᠨ ᠪᠡᠶ᠎ᠡ ᠰᠡᠳᠬᠢᠯ ᠤ᠋ᠨ ᠡᠷᠡᠭᠦᠯ ᠮᠡᠨᠳᠦ ᠵᠢ ᠠᠩᠬᠠᠷᠣᠨ ᠬᠠᠢᠷᠠᠯᠠᠨ᠎ᠠ ᠃ ᠰᠣᠷᠭᠠᠨ ᠬᠦᠮᠦᠵᠢᠯᠳᠡᠨ ᠤ᠋ ᠵᠣᠷᠢᠭ ᠰᠠᠨᠠᠭ᠎ᠠ ᠵᠢ ᠪᠠᠳᠠᠷᠠᠭᠣᠯᠵᠣ᠂ ᠥᠨᠳᠥᠷ ᠬᠡᠪ ᠴᠢᠨᠠᠷ ᠪᠦᠬᠦᠢ ᠲᠤᠰᠭᠠᠢᠵᠢᠭ᠍ᠰᠠᠨ ᠪᠠᠭ᠍ᠰᠢ᠎ᠶ᠋ᠢᠨ ᠡᠩᠨᠡᠭᠡ᠎ᠶ᠋ᠢ ᠪᠠᠢᠭᠤᠯᠵᠤ᠂ ᠪᠠᠭ᠍ᠰᠢ᠎ᠶ᠋ᠢᠨ ᠮᠣᠷᠠᠯ ᠪᠠᠭ᠍ᠰᠢ᠎ᠶ᠋ᠢᠨ ᠰᠤᠷᠲᠠᠯ᠎ᠤᠨ ᠪᠠᠢᠭᠤᠯᠤᠯᠲᠠ ᠪᠠ ᠪᠠᠭ᠍ᠰᠢ᠎ᠶ᠋ᠢᠨ ᠬᠠᠷᠠᠭᠠᠯᠵᠠᠯ᠎ᠤᠨ ᠪᠠᠲᠤᠯᠠᠭ᠎ᠠ᠎ᠶ᠋ᠢ ᠴᠢᠩᠭᠠᠳᠭᠠᠨ᠎ᠠ᠃ ᠤᠯᠤᠰ᠎ᠤᠨ ᠬᠡᠷᠡᠭ᠌ᠴᠡᠭᠡ ᠪᠣᠯᠤᠨ ᠤᠯᠠᠨ ᠲᠦᠮᠡᠨ᠎ᠤ ᠠᠩᠬᠠᠷᠤᠯ ᠲᠠᠯᠪᠢᠵᠤ ᠪᠠᠢᠭ᠎ᠠ ᠠᠰᠠᠭᠤᠳᠠᠯ᠎ᠲᠠᠢ ᠨᠢᠭ᠍ᠲᠠ ᠤᠶᠠᠯᠳᠤᠭᠤᠯᠤᠨ ᠰᠤᠷᠭᠠᠨ ᠬᠥᠮᠦᠵᠢᠯ᠎ᠤᠨ ᠥᠭᠡᠷᠡᠴᠢᠯᠡᠯᠲᠡ ᠬᠥᠭ᠌ᠵᠢᠯᠲᠡ᠎ᠶ᠋ᠢ ᠠᠬᠢᠭᠤᠯᠵᠤ᠂ ᠰᠤᠷᠭᠠᠨ ᠬᠥᠮᠦᠵᠢᠯ ᠎ᠤᠨ ᠲᠤᠮᠤ ᠤᠯᠤᠰ᠎ᠠᠴᠠ ᠰᠤᠷᠭᠠᠨ ᠬᠥᠮᠦᠵᠢᠯ᠎ᠤᠨ ᠬᠦᠴᠦᠷᠬᠡᠭ ᠤᠯᠤᠰ ᠲᠡᠢᠰᠢ ᠤᠷᠤᠭ᠍ᠰᠢᠯᠠᠬᠤ᠎ᠶ᠋ᠢ ᠲᠦᠷᠭᠡᠳᠭᠡᠬᠦ᠌ ᠬᠡᠷᠡᠭ᠌ᠲᠡᠢ᠃

ᠥᠨᠳᠥᠷ ᠲᠦᠪᠱᠢᠨ ᠪᠦᠬᠦᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢ ᠪᠡᠶ᠎ᠡ᠎ᠪᠠᠨ ᠳᠠᠭᠠᠭᠠᠵᠤ ᠬᠦᠴᠦᠷᠬᠡᠭ᠌ᠵᠢᠬᠦᠯᠬᠦ᠌᠎ᠶ᠋ᠢ ᠠᠬᠢᠭᠤᠯᠤᠨ᠎ᠠ᠃ ᠱᠢᠨ᠎ᠡ ᠬᠡᠯᠪᠡᠷᠢ᠎ᠶ᠋ᠢᠨ ᠤᠯᠤᠰ ᠲᠠᠶᠠᠭᠠᠷ᠎ᠤᠨ ᠪᠠᠢᠭᠤᠯᠤᠯ᠎ᠤᠨ ᠳᠠᠪᠠᠭᠤᠯᠢᠭ᠎ᠢ ᠭᠦᠢᠴᠡᠳ ᠪᠠᠳᠠᠷᠠᠭᠤᠯᠵᠤ᠂ ᠵᠠᠩᠭᠢᠯᠠᠭ᠎ᠠ᠎ᠶ᠋ᠢᠨ ᠭᠤᠤᠯᠯᠠᠬᠤ ᠮᠡᠷᠭᠡᠵᠢᠯ᠎ᠤᠨ ᠪᠡᠷᠭᠡ ᠰᠡᠳᠤᠪ᠎ᠢ ᠱᠢᠢᠳᠪᠤᠷᠢᠯᠡᠬᠦ᠌ ᠪᠠ ᠬᠤᠱᠢᠭᠤᠷᠠᠯ᠎ᠤᠨ ᠴᠢᠨᠠᠷᠲᠠᠶ᠂ ᠨᠤᠷᠠᠭᠠᠯᠳᠠ᠎ᠶ᠋ᠢᠨ ᠴᠢᠨᠠᠷᠲᠠᠶ ᠮᠡᠷᠭᠡᠵᠢᠯ᠎ᠢ ᠰᠤᠳᠤᠯᠤᠨ ᠨᠡᠭᠡᠭᠡᠬᠦ᠌᠎ᠶ᠋ᠢ ᠴᠢᠩᠭᠠᠳᠭᠠᠵᠤ᠂ ᠴᠢᠬᠤᠯᠠ ᠶᠡᠭᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠲᠥᠰᠥᠯ᠎ᠢ ᠲᠦᠷᠭᠡᠯᠡᠨ ᠵᠣᠬᠢᠶᠠᠨ ᠪᠠᠢᠭᠤᠯᠵᠤ ᠬᠡᠷᠡᠭ᠌ᠵᠢᠭᠦᠯᠬᠦ᠌ ᠪᠠ ᠤᠷᠢᠳᠴᠢᠯᠠᠨ ᠪᠠᠢᠷᠢᠯᠠᠭᠤᠯᠤᠨ᠎ᠠ᠃ ᠤᠯᠤᠰ᠎ᠤᠨ ᠪᠠᠢᠯᠳᠤᠬᠤ ᠪᠣᠳᠣᠯᠭ᠎ᠠ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠬᠦᠴᠦᠨ᠎ᠤ ᠪᠠᠢᠷᠢᠯᠠᠭᠤᠯᠤᠯᠲᠠ᠎ᠶ᠋ᠢ ᠱᠢᠯᠢᠳᠡᠭ᠌ᠵᠢᠭᠦᠯᠵᠦ᠍᠂ ᠱᠢᠨᠵᠢᠯᠡᠬᠦ᠌ ᠤᠬᠠᠭᠠᠨ ᠎ᠤ ᠰᠤᠳᠤᠯᠭᠠᠨ ᠎ᠤ ᠬᠦᠷᠢᠶᠡᠯᠡᠩ ᠭᠠᠵᠠᠷ᠎ᠤᠨ ᠥᠭᠡᠷᠡᠴᠢᠯᠡᠯᠲᠡ᠎ᠶ᠋ᠢ ᠠᠬᠢᠭᠤᠯᠵᠤ᠂ ᠤᠯᠤᠰ᠎ᠤᠨ ᠲᠤᠷᠱᠢᠯᠲᠠ᠎ᠶ᠋ᠢᠨ ᠲᠠᠰᠤᠭ᠎ᠤᠨ ᠱᠢᠨ᠎ᠡ ᠬᠡᠯᠪᠡᠷᠢ᠎ᠶ᠋ᠢᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠢ ᠵᠣᠬᠢᠶᠠᠨ ᠪᠠᠢᠭᠤᠯᠬᠤ ᠵᠠᠭ᠍ᠪᠤᠷ᠎ᠢ ᠬᠠᠢᠨ ᠰᠦᠪᠡᠭ᠌ᠴᠢᠯᠡᠵᠦ᠍᠂ ᠤᠯᠠᠨ ᠤᠯᠤᠰ᠎ᠤᠨ ᠪᠠ ᠣᠷᠣᠨ ᠪᠦᠰᠡ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠲᠥᠪ᠎ᠤᠨ ᠰᠠᠴᠤᠷᠠᠭ᠍ᠯᠠᠨ ᠳᠠᠢᠴᠢᠯᠠᠬᠤ ᠴᠢᠳᠠᠪᠤᠷᠢ᠎ᠶ᠋ᠢ ᠴᠢᠩᠭᠠᠷᠠᠭᠤᠯᠤᠨ᠎ᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠠᠷᠤᠯᠭ᠎ᠠ᠎ᠶ᠋ᠢ ᠰᠠᠭᠤᠷᠢ ᠰᠤᠳᠤᠯᠭᠠᠨ ᠲᠡᠢᠰᠢ ᠬᠡᠯᠪᠠᠢᠯᠭᠡᠬᠦ᠌᠎ᠶ᠋ᠢ ᠠᠬᠢᠭᠤᠯᠵᠤ᠂ ᠥᠷᠢᠰᠥᠯᠳᠦᠭᠡᠨᠲᠦ ᠳᠡᠮᠵᠢᠯᠭᠡ ᠪᠠ ᠲᠣᠭ᠍ᠲᠠᠭᠤᠨ ᠳᠡᠮᠵᠢᠯᠭᠡ᠎ᠶ᠋ᠢ ᠤᠶᠠᠯᠳᠤᠭᠤᠯᠤᠭ᠍ᠰᠠᠨ ᠣᠷᠣᠭᠤᠯᠤᠯᠲᠠ᠎ᠶ᠋ᠢᠨ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠰᠠᠭᠤᠷᠢ ᠰᠤᠳᠤᠯᠭᠠᠨ᠎ᠤ ᠵᠣᠬᠢᠶᠠᠨ ᠪᠠᠢᠭᠤᠯᠤᠯᠴᠠᠬ᠍ᠰᠠᠨ ᠬᠡᠮᠵᠢᠶ᠎ᠡ᠎ᠶ᠋ᠢ ᠳᠡᠭᠡᠭ᠌ᠰᠢᠯᠡᠭᠦᠯᠦᠨ᠎ᠡ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠳᠠᠭᠠᠭᠤᠯᠤᠭ᠍ᠴᠢ ᠠᠵᠤ ᠠᠬᠤᠢᠯᠠᠯ᠎ᠤᠨ ᠳᠤᠯᠤᠭᠠᠢᠯᠠᠬᠤ ᠦᠢᠯᠡᠳᠦᠯ᠎ᠢ ᠪᠠᠳᠠᠷᠠᠭᠤᠯᠵᠤ᠂ ᠠᠵᠤ ᠠᠬᠤᠢᠯᠠᠯ᠎ᠢᠶᠠᠷ ᠭᠤᠤᠯ ᠤᠳᠤᠷᠢᠳᠤᠮᠵᠢ ᠪᠤᠯᠭᠠᠭ᠍ᠰᠠᠨ ᠦᠢᠯᠡᠳᠪᠦᠷᠢᠯᠡᠬᠦ᠌ ᠵᠢᠭᠠᠬᠤ ᠰᠤᠳᠤᠯᠬᠤ᠎ᠶ᠋ᠢᠨ ᠭᠦᠨᠵᠡᠭᠡᠶ ᠠᠭᠤᠰᠤᠯᠴᠠᠯ ᠎ᠢ ᠴᠢᠩᠭᠠᠳᠭᠠᠵᠤ᠂ ᠠᠵᠤ ᠠᠬᠤᠢᠯᠠᠯ ᠎ᠤᠨ ᠤᠯᠤᠰ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠪᠣᠳᠣᠯᠭ᠎ᠠ ᠲᠣᠭ᠍ᠲᠠᠭᠠᠬᠤ᠎ᠳᠤ ᠣᠷᠣᠯᠴᠠᠬᠤ᠂ ᠴᠢᠬᠤᠯᠠ ᠶᠡᠭᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠲᠥᠰᠥᠯ ᠎ᠢ ᠡᠭᠦᠷᠭᠡᠯᠡᠬᠦ᠌᠎ᠶ᠋ᠢ ᠪᠠᠢᠭᠤᠯᠤᠯ᠎ᠤᠨ ᠲᠠᠯ᠎ᠠ᠎ᠠᠴᠠ ᠪᠠᠲᠤᠯᠠᠨ᠎ᠠ᠃ ᠲᠥᠪ᠎ᠤᠨ ᠡᠳ᠋᠎ᠤᠨ ᠵᠠᠰᠠᠭ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠠᠷᠤᠳᠠᠯ᠎ᠤᠨ ᠬᠤᠪᠢᠶᠠᠷᠢᠯᠠᠯᠲᠠ ᠪᠠ ᠬᠠᠮᠢᠶᠠᠷᠤᠯᠲᠠ ᠬᠡᠷᠡᠭ᠌ᠯᠡᠯᠲᠡ᠎ᠶ᠋ᠢᠨ ᠲᠣᠭ᠍ᠲᠠᠴᠠ᠎ᠶ᠋ᠢ ᠲᠡᠭᠦᠯᠳᠡᠷᠵᠢᠭᠦᠯᠦᠨ᠎ᠡ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠦᠷ᠎ᠡ ᠪᠦᠲᠦᠭᠡᠯ᠎ᠤᠨ ᠬᠤᠪᠢᠷᠠᠭᠤᠯᠤᠯᠳᠡ᠎ᠶ᠋ᠢ ᠳᠡᠮᠵᠢᠬᠦ᠌ ᠲᠥᠷᠥ᠎ᠶ᠋ᠢᠨ ᠪᠣᠳᠣᠯᠭ᠎ᠠ ᠪᠠ ᠵᠠᠬ᠎ᠠ ᠳᠡᠯᠭᠡᠭᠦᠷ᠎ᠤᠨ ᠦᠢᠯᠡᠴᠢᠯᠡᠭᠡ᠎ᠶ᠋ᠢ ᠪᠦᠷᠢᠨᠱᠢᠬᠦᠯᠵᠤ᠂ ᠲᠤᠱᠢᠶᠠᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠦᠷ᠎ᠡ ᠪᠦᠲᠦᠭᠡᠯ᠎ᠳᠤ ᠡᠷᠬᠡ ᠣᠯᠭᠤᠬᠤ ᠪᠠ ᠪᠡᠯᠡ ᠬᠥᠷᠥᠩᠭᠡ᠎ᠶ᠋ᠢ ᠠᠰ᠎ᠲᠤᠨᠢ ᠵᠢᠭ᠍ᠰᠠᠭᠠᠬᠤ ᠬᠠᠮᠢᠶᠠᠷᠤᠯᠲᠠ᠎ᠶ᠋ᠢᠨ ᠥᠭᠡᠷᠡᠴᠢᠯᠡᠯᠲᠡ ᠎ᠶ᠋ᠢ ᠠᠬᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠤᠨ ᠦᠷ᠎ᠡ ᠪᠦᠲᠦᠭᠡᠯ᠎ᠤᠨ ᠬᠤᠪᠢᠷᠠᠭᠤᠯᠤᠯᠲᠠ᠎ᠶ᠋ᠢᠨ ᠦᠢᠯᠡᠳᠤᠯ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ᠃ ᠮᠡᠳᠡᠯᠭᠡ᠎ᠶ᠋ᠢᠨ ᠪᠦᠲᠦᠭᠡᠭ᠌ᠳᠡᠬᠦᠨ᠎ᠤ ᠥᠮᠴᠢᠯᠡᠬᠦ᠌ ᠡᠷᠬᠡ᠎ᠶ᠋ᠢᠨ ᠬᠠᠮᠠᠭᠠᠯᠠᠯᠲᠠ ᠪᠠ ᠬᠡᠷᠡᠭ᠌ᠯᠡᠯᠲᠡ ᠎ᠶ᠋ᠢ ᠴᠢᠩᠭᠠᠳᠭᠠᠨ᠎ᠠ᠃ ᠤᠬᠠᠭ᠍ᠳᠠᠬᠤᠨ᠎ᠢ ᠱᠢᠯᠭᠠᠨ ᠨᠤᠳᠠᠯᠠᠬᠤ᠂ ᠵᠠᠪᠰᠠᠷ᠎ᠤᠨ ᠲᠤᠷᠱᠢᠯᠲᠠ᠎ᠪᠠᠷ ᠱᠢᠯᠭᠠᠨ ᠨᠤᠳᠠᠯᠠᠬᠤ ᠪᠠ ᠠᠵᠢᠯ ᠲᠥᠷᠥᠯ᠎ᠤᠨ ᠨᠡᠢᠲᠡᠯᠢᠭ ᠴᠢᠨᠠᠷᠲᠠᠶ ᠮᠡᠷᠭᠡᠵᠢᠯ᠎ᠤᠨ ᠲᠠᠪᠴᠠᠩ᠎ᠤᠨ ᠪᠠᠢᠭᠤᠯᠤᠯᠲᠠ᠎ᠶ᠋ᠢ ᠲᠦᠷᠭᠡᠳᠭᠡᠨ᠎ᠡ᠃ ᠠᠳᠠᠯ ᠦᠢᠯᠡᠰ ᠴᠣᠭ᠍ᠴᠠᠯᠠᠬᠤ ᠪᠠᠯᠠ ᠣᠷᠣᠭᠤᠯᠤᠯᠲᠠ᠎ᠶ᠋ᠢᠨ ᠰᠠᠭᠤᠷᠢ ᠮᠥᠩᠭᠦ᠎ᠶ᠋ᠢᠨ ᠢᠯᠭᠠᠭᠠᠵᠢᠭᠤᠯᠤᠭ᠍ᠰᠠᠨ ᠬᠢᠨᠠᠯᠲᠠ ᠬᠠᠮᠢᠶᠠᠷᠤᠯᠲᠠ᠎ᠶ᠋ᠢᠨ ᠲᠦᠷᠢᠮ᠎ᠢ ᠪᠦᠷᠢᠨᠱᠢᠬᠦᠯᠵᠦ᠍᠂ ᠲᠥᠷᠥ᠎ᠶ᠋ᠢᠨ ᠪᠣᠳᠣᠯᠭ᠎ᠠ᠎ᠶ᠋ᠢᠨ ᠴᠢᠨᠠᠷᠲᠠᠶ ᠮᠥᠩᠭᠦᠨ ᠭᠦᠢᠯᠭᠡᠭᠡᠨ᠎ᠤ ᠳᠡᠮᠵᠢᠯᠭᠡ᠎ᠶ᠋ᠢ ᠴᠢᠩᠭᠠᠷᠠᠭᠤᠯᠤᠨ᠂ ᠠᠳᠠᠯ ᠦᠢᠯᠡᠰ ᠴᠣᠭ᠍ᠴᠠᠯᠠᠬᠤ ᠪᠠᠯᠠ ᠣᠷᠣᠭᠤᠯᠤᠯᠲᠠ᠎ᠶ᠋ᠢ ᠲᠦᠷᠭᠡᠯᠡᠨ ᠬᠥᠭ᠌ᠵᠢᠭᠦᠯᠵᠦ᠍᠂ ᠬᠦᠯᠢᠴᠡᠩᠭᠦᠶ ᠬᠥᠷᠥᠩᠭᠡ᠎ᠶ᠋ᠢ ᠲᠦᠷᠭᠡᠯᠡᠨ ᠪᠤᠵᠠᠭᠠᠢᠷᠠᠭᠤᠯᠤᠨ᠎ᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠨᠡᠭᠡᠭᠡᠯᠲᠡᠲᠦ ᠬᠠᠮᠲᠤᠷᠠᠯᠴᠠᠭ᠎ᠠ᠎ᠶ᠋ᠢ ᠥᠷᠭᠡᠳᠭᠡᠨ᠎ᠡ᠃ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠠᠵᠢᠯ᠎ᠢ ᠴᠢᠩᠭᠠᠳᠭᠠᠵᠤ᠂ ᠠᠷᠠᠳ ᠢᠷᠭᠡᠳ᠎ᠤᠨ ᠱᠢᠨᠵᠢᠯᠡᠬᠦ᠌ ᠤᠬᠠᠭᠠᠨ ᠎ᠤ ᠬᠡᠪ ᠴᠢᠨᠠᠷ᠎ᠢ ᠳᠡᠭᠡᠭ᠌ᠰᠢᠯᠡᠭᠦᠯᠦᠨ᠎ᠡ᠃ ᠱᠢᠨᠵᠢᠯᠡᠬᠦ᠌ ᠤᠬᠠᠭᠠᠨᠲᠠᠨ ᠎ᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠬᠠᠢᠨ ᠰᠦᠪᠡᠭ᠌ᠴᠢᠯᠡᠬᠦ᠌᠎ᠶ᠋ᠢ ᠵᠣᠷᠢᠬ᠍ᠵᠢᠭᠤᠯᠬᠤ᠂ ᠢᠯᠠᠭ᠍ᠳᠠᠯ᠎ᠢ ᠪᠠᠭ᠍ᠲᠠᠭᠠᠨ ᠠᠭᠤᠴᠢᠯᠠᠬᠤ ᠱᠢᠨ᠎ᠡ᠎ᠶ᠋ᠢ ᠡᠭᠦᠳᠬᠦ᠌ ᠣᠷᠴᠢᠨ ᠨᠥᠬᠦᠴᠡᠯ᠎ᠢ ᠪᠤᠢ ᠪᠣᠯᠭᠠᠬᠤ᠎ᠶ᠋ᠢ ᠠᠬᠢᠭᠤᠯᠤᠨ᠎ᠠ᠃

ᠴᠢᠳᠠᠪᠤᠷᠢᠲᠠᠨ᠎ᠤ ᠡᠩᠨᠡᠭᠡ᠎ᠶ᠋ᠢᠨ ᠶᠠᠰᠤ ᠴᠢᠨᠠᠷ᠎ᠢ ᠪᠥᠬᠦ᠌ ᠲᠠᠯ᠎ᠠ᠎ᠪᠠᠷ ᠳᠡᠭᠡᠭ᠌ᠰᠢᠯᠡᠭᠦᠯᠦᠨ᠎ᠡ᠃ ᠴᠢᠳᠠᠪᠤᠷᠢᠲᠠᠨ᠎ᠤ ᠥᠨᠳᠦᠷᠯᠢᠭ ᠭᠠᠵᠠᠷ ᠪᠠ ᠴᠢᠳᠠᠪᠤᠷᠢᠲᠠᠨ᠎ᠤ ᠲᠠᠪᠴᠠᠩ᠎ᠤᠨ ᠰᠠᠴᠤᠷᠠᠭ᠍ᠯᠠᠬᠤ ᠦᠢᠯᠡᠳᠦᠯ᠎ᠢ ᠪᠠᠳᠠᠷᠠᠭᠤᠯᠵᠤ᠂ ᠤᠯᠤᠰ᠎ᠤᠨ ᠪᠠᠢᠯᠳᠤᠬᠤ ᠪᠤᠳᠤᠯᠭ᠎ᠠ᠎ᠶ᠋ᠢᠨ ᠴᠢᠳᠠᠪᠤᠷᠢᠲᠠᠨ᠎ᠤ ᠬᠦᠴᠦᠨ᠎ᠢ ᠲᠦᠷᠭᠡᠯᠡᠨ ᠪᠠᠢᠭᠤᠯᠵᠤ᠂ ᠱᠢᠨ᠎ᠡ ᠎ᠶ᠋ᠢ ᠡᠭᠦᠳᠬᠦ᠌ ᠣᠷᠦ᠋ᠢᠯᠠᠭ᠍ᠰᠠᠨ ᠴᠢᠳᠠᠪᠤᠷᠢᠲᠠᠨ᠂ ᠭᠤᠤᠯᠳᠠᠯᠭ᠎ᠠ᠎ᠲᠠᠢ ᠬᠦᠷᠢᠶᠡᠨ᠎ᠳᠤ ᠪᠠᠴᠢᠮ ᠬᠡᠷᠡᠭ᠌ᠰᠡᠬᠦ᠌ ᠲᠤᠳᠠᠭ᠍ᠳᠠᠵᠤ ᠪᠠᠢᠭ᠎ᠠ ᠴᠢᠳᠠᠪᠤᠷᠢᠳᠠᠨ ᠪᠠ ᠤᠷ᠎ᠠ ᠴᠢᠳᠠᠪᠤᠷᠢ ᠰᠠᠢᠳᠠᠢ ᠴᠢᠳᠠᠪᠤᠷᠢᠲᠠᠨ ᠎ᠢ ᠬᠥᠮᠦᠵᠢᠭᠦᠯᠬᠦ᠌᠎ᠶ᠋ᠢ ᠴᠢᠩᠭᠠᠳᠭᠠᠨ᠎ᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠠᠯᠠᠭᠤ ᠴᠢᠳᠠᠪᠤᠷᠢᠲᠠᠨ᠎ᠢ ᠶᠡᠭᠡ᠎ᠪᠠᠷ ᠲᠡᠮᠵᠢᠵᠦ᠍᠂ ᠵᠣᠷᠢᠭ᠍ᠲᠠᠶ᠎ᠪᠠᠷ ᠬᠡᠷᠡᠭ᠌ᠯᠡᠨ᠎ᠡ᠃ ᠣᠷᠠᠨ ᠳᠠᠷᠬᠠᠨ ᠤ᠋ ᠵᠣᠷᠢᠭ ᠰᠠᠨᠠᠭ᠎ᠠ ᠵᠢ ᠪᠠᠳᠠᠷᠠᠭᠣᠯᠵᠣ᠂ ᠲᠡᠷᠢᠭᠦᠨ ᠵᠡᠷᠭᠡ᠎ᠶ᠋ᠢᠨ ᠠᠵᠤ ᠦᠢᠯᠡᠰ᠎ᠤᠨ ᠮᠡᠷᠭᠡᠵᠢᠯ᠎ᠤᠨ ᠠᠵᠢᠯᠴᠢᠨ᠎ᠤ ᠡᠩᠨᠡᠭᠡ᠎ᠶ᠋ᠢ ᠪᠠᠢᠭᠤᠯᠤᠨ᠎ᠠ᠃ ᠭᠠᠳᠠᠭᠠᠳᠤ᠎ᠠᠴᠠ ᠴᠢᠳᠠᠪᠤᠷᠢᠲᠠᠨ ᠣᠷᠣᠭᠤᠯᠤᠨ ᠠᠪᠴᠢᠷᠠᠬᠤ᠎ᠶ᠋ᠢ ᠳᠡᠮᠵᠢᠬᠦ᠌ ᠪᠠ ᠪᠠᠲᠤᠯᠠᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠭᠠᠳᠠᠭᠠᠳᠤ ᠎ᠶ᠋ᠢᠨ ᠬᠠᠷᠢᠶ᠎ᠠ ᠎ᠲᠠᠢ ᠴᠢᠳᠠᠪᠦᠷᠢᠳᠡᠨ᠎ᠳᠤ ᠵᠣᠷᠢᠭᠤᠯᠣᠭ᠍ᠰᠨᠨ ᠦᠢᠯᠡᠴᠢᠯᠡᠭᠡ᠎ᠶ᠋ᠢ ᠱᠢᠯᠢᠳᠡᠭ᠌ᠵᠢᠭᠦᠯᠦᠨ᠎ᠡ᠃ ᠴᠢᠳᠠᠪᠤᠷᠢᠲᠠᠨ᠎ᠢ ᠬᠠᠮᠢᠶᠠᠷᠬᠤ ᠪᠠ ᠬᠡᠷᠡᠭ᠌ᠯᠡᠬᠦ᠌ ᠲᠦᠷᠢᠮ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠬᠥᠮᠦᠨ ᠬᠡᠷᠡᠭ᠌ᠯᠡᠬᠦ᠌ ᠨᠢᠭᠡᠴᠢ᠎ᠳᠤ ᠨᠡᠩ ᠶᠡᠭᠡ ᠡᠵᠡᠨ ᠮᠡᠳᠡᠬᠦ᠌ ᠡᠷᠬᠡ ᠣᠯᠭᠤᠵᠤ᠂ ᠦᠢᠯᠡᠳᠪᠦᠷᠢᠯᠡᠬᠦ᠌ ᠵᠢᠭᠠᠬᠤ ᠰᠤᠳᠤᠯᠬᠤ ᠴᠢᠳᠠᠪᠤᠷᠢᠲᠠᠨ᠎ᠢ ᠬᠤᠯᠪᠤᠭᠠᠯᠠᠨ ᠬᠥᠮᠦᠵᠢᠭᠦᠯᠬᠦ᠌ ᠪᠠ ᠰᠣᠯᠢᠯᠴᠠᠬᠤ᠎ᠶ᠋ᠢ ᠠᠬᠢᠭᠤᠯᠤᠨ᠎ᠠ᠃ ᠴᠢᠳᠠᠪᠤᠷᠢᠲᠠᠨ᠎ᠤ ᠣᠷᠣᠨ ᠪᠦᠰᠡ᠎ᠶ᠋ᠢᠨ ᠵᠦᠶ ᠵᠣᠬᠢᠰᠲᠠᠶ ᠪᠠᠢᠷᠢᠯᠠᠭᠤᠯᠤᠯᠲᠠ᠎ᠶ᠋ᠢ ᠠᠬᠢᠭᠤᠯᠵᠤ᠂ ᠵᠡᠭᠦᠨ ᠬᠡᠰᠡᠭ ᠳᠤᠮᠳᠠ ᠬᠡᠰᠡᠭ ᠪᠠᠷᠠᠭᠤᠨ ᠬᠡᠰᠡᠭ᠎ᠤᠨ ᠭᠠᠵᠠᠷ ᠤᠷᠤᠨ᠎ᠤ ᠴᠢᠳᠠᠪᠤᠷᠢᠲᠠᠨ᠎ᠤ ᠬᠠᠮᠵᠢᠯᠴᠠᠭ᠎ᠠ᠎ᠶ᠋ᠢ ᠴᠢᠩᠭᠠᠳᠭᠠᠵᠣ᠂ ᠰᠢᠯᠢᠳᠡᠭ ᠴᠢᠳᠠᠪᠣᠷᠢᠳᠠᠨ ᠤ᠋ ᠳᠣᠮᠳᠠ ᠬᠡᠰᠡᠭ ᠪᠠᠷᠠᠭᠣᠨ ᠬᠡᠰᠡᠭ ᠤ᠋ᠨ ᠭᠠᠵᠠᠷ ᠣᠷᠣᠨ ᠳ᠋ᠦ ᠭᠠᠪᠢᠶ᠎ᠠ ᠪᠠᠢᠭᠣᠯᠣᠨ ᠦᠢᠯᠡᠰ ᠪᠣᠰᠬᠠᠬᠣ ᠵᠢ ᠵᠣᠷᠢᠭᠵᠢᠭᠣᠯᠣᠨ᠎ᠠ᠃ ᠴᠢᠳᠠᠪᠤᠷᠢᠲᠠᠨ᠎ᠢ ᠲᠥᠷᠥᠯ ᠬᠤᠪᠢᠶᠠᠨ ᠦᠨᠡᠯᠡᠬᠦ᠌ ᠥᠭᠡᠷᠡᠴᠢᠯᠡᠯᠲᠡ ᠪᠠ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ ᠎ᠤᠨ ᠡᠲᠡᠭᠡᠳ ᠎ᠤᠨ 《ᠣᠲᠤᠭ᠎ᠠ ᠵᠢᠩᠰᠠ》ᠵᠢᠨ ᠵᠠᠰᠠᠯᠲᠠ᠎ᠶ᠋ᠢ ᠭᠦᠨᠵᠡᠭᠡᠢᠷᠡᠭᠦᠯᠵᠦ᠍᠂ ᠱᠢᠨ᠎ᠡ᠎ᠶ᠋ᠢ ᠡᠭᠦᠳᠬᠦ᠌  ᠴᠢᠳᠠᠪᠤᠷᠢ᠂  ᠶᠠᠰᠤ ᠴᠢᠨᠠᠷ᠂  ᠪᠣᠳᠠᠲᠤ  ᠪᠦᠲᠦᠮᠵᠢ᠂  ᠬᠤᠪᠢ ᠨᠡᠮᠡᠷᠢ᠎ᠪᠠᠷ ᠤᠳᠤᠷᠢᠳᠤᠮᠵᠢ ᠪᠣᠯᠭᠠᠭ᠍ᠰᠠᠨ ᠴᠢᠳᠠᠪᠤᠷᠢᠲᠠᠨ᠎ᠢ ᠦᠨᠡᠯᠡᠬᠦ᠌ ᠱᠢᠰᠲ᠋ᠧᠮ᠎ᠢ ᠪᠠᠢᠭᠤᠯᠵᠤ᠂ ᠡᠯ᠎ᠡ ᠲᠥᠷᠥᠯ᠎ᠤᠨ ᠴᠢᠳᠠᠪᠤᠷᠢᠲᠠᠨ᠎ᠤ ᠰᠡᠳᠭᠢᠯ ᠲᠦᠪᠯᠡᠷᠡᠬᠦᠯᠦᠨ ᠱᠢᠮᠳᠠᠨ ᠰᠤᠳᠤᠯᠬᠤ᠂ ᠦᠯᠡᠮᠵᠢ ᠬᠤᠷᠠᠮᠳᠤᠭᠤᠯᠵᠤ ᠦᠨᠳᠤᠷ ᠠᠮᠵᠢᠯᠳᠠ ᠭᠠᠷᠭᠠᠬᠤ᠎ᠶ᠋ᠢ ᠵᠣᠷᠢᠬ᠍ᠵᠢᠭᠤᠯᠤᠨ᠎ᠠ᠃

(ᠲᠦᠷᠪᠡ) ᠪᠡᠯᠭᠡ ᠲᠡᠮᠳᠡᠭ᠎ᠤᠨ ᠴᠢᠨᠠᠷᠲᠠᠶ ᠥᠭᠡᠷᠡᠴᠢᠯᠡᠯᠲᠡ᠎ᠶ᠋ᠢᠨ ᠠᠷᠭ᠎ᠠ ᠬᠡᠮᠵᠢᠶ᠎ᠡ᠎ᠶ᠋ᠢ ᠲᠦᠷᠭᠡᠯᠡᠨ ᠨᠠᠢᠳᠠᠪᠤᠷᠢᠵᠢᠭᠤᠯᠬᠤ᠎ᠶ᠋ᠢ ᠠᠬᠢᠭᠤᠯᠵᠤ᠂ ᠠᠵᠤ ᠠᠬᠤᠶ᠎ᠶ᠋ᠢᠨ ᠪᠠᠢᠭᠤᠯᠤᠯ᠎ᠤᠨ ᠥᠭᠡᠷᠡᠴᠢᠯᠡᠯᠲᠡ᠎ᠶ᠋ᠢᠨ ᠬᠥᠲᠥᠯᠥᠮᠵᠢ᠎ᠶ᠋ᠢᠨ ᠦᠢᠯᠡᠳᠦᠯ᠎ᠢ ᠨᠡᠩ ᠰᠠᠢᠲᠤᠷ ᠪᠠᠳᠠᠷᠠᠭᠤᠯᠤᠨ᠎ᠠ᠃ ᠭᠤᠣᠯᠳᠠᠯᠭ᠎ᠠ᠎ᠲᠠᠢ ᠬᠦᠷᠢᠶᠡᠨ᠎ᠤ ᠥᠭᠡᠷᠡᠴᠢᠯᠡᠯᠲᠡ᠎ᠶ᠋ᠢ ᠯᠠᠪᠳᠠᠭᠤᠨ ᠪᠠᠲᠤᠲᠠᠢ ᠠᠬᠢᠭᠤᠯᠵᠤ᠂ ᠬᠥᠭ᠌ᠵᠢᠯᠲᠡ᠎ᠶ᠋ᠢ ᠬᠢᠵᠠᠭᠠᠷᠯᠠᠵᠤ ᠪᠠᠢᠭ᠎ᠠ ᠪᠠᠢᠭᠤᠯᠤᠯ ᠲᠣᠭ᠍ᠲᠠᠴᠠ᠎ᠶ᠋ᠢᠨ ᠬᠠᠷᠰᠢ ᠰᠠᠭᠠᠳ᠎ᠢ ᠬᠦᠴᠦᠯᠡᠨ ᠠᠷᠢᠯᠭᠠᠵᠤ᠂ ᠨᠡᠩ ᠲᠥᠪ ᠭᠤᠣᠯᠴᠢ᠂ ᠨᠡᠩ ᠠᠮᠢᠵᠢᠷᠠᠯ᠎ᠤᠨ ᠬᠦᠴᠦᠨ ᠪᠦᠬᠦᠢ ᠵᠠᠬ᠎ᠠ ᠳᠡᠯᠭᠡᠭᠦᠷ᠎ᠤᠨ ᠣᠷᠴᠢᠨ ᠨᠦᠬᠦᠴᠡᠯ᠎ᠢ ᠡᠭᠦᠳᠦᠨ᠎ᠡ᠃

ᠡᠯ᠎ᠡ ᠲᠥᠷᠥᠯ᠎ᠤᠨ ᠡᠵᠡᠩᠨᠡᠯᠲᠡ᠎ᠶ᠋ᠢᠨ ᠪᠡᠶᠡᠴᠢ ᠴᠣᠭ᠍ᠴᠠ᠎ᠶ᠋ᠢᠨ ᠠᠮᠢᠵᠢᠷᠠᠯ᠎ᠤᠨ ᠬᠦᠴᠦᠨ᠎ᠢ ᠪᠦᠲᠦᠮᠵᠢᠲᠡᠢ ᠬᠥᠭ᠌ᠵᠢᠭᠡᠨ᠎ᠡ᠃ 《ᠬᠤᠶᠠᠷ ᠥᠴᠦᠬᠡᠨ ᠴᠦ᠍ ᠭᠤᠢᠪᠢᠰᠢ ᠥᠭᠡᠢ》 ᠪᠠᠢᠬᠤ᠎ᠶ᠋ᠢ ᠪᠠᠷᠢᠮᠲᠠᠯᠠᠨ ᠨᠠᠢᠳᠠᠪᠤᠷᠢᠵᠢᠭᠤᠯᠤᠨ᠎ᠠ᠃ ᠤᠯᠤᠰ᠎ᠤᠨ ᠥᠮᠴᠢᠯᠡᠯ᠎ᠤᠨ ᠠᠵᠤ ᠠᠬᠤᠢᠯᠠᠯ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠦᠨ ᠳᠡᠭᠡᠭ᠌ᠰᠢᠯᠡᠭᠦᠯᠬᠦ᠌ ᠠᠵᠢᠯᠯᠠᠭ᠎ᠠ᠎ᠶ᠋ᠢ ᠴᠢᠨᠠᠷ ᠰᠠᠢᠲᠠᠶ ᠪᠡᠶᠡᠯᠡᠭᠦᠯᠵᠦ᠍᠂ ᠤᠯᠤᠰ᠎ᠤᠨ ᠥᠮᠴᠢᠯᠡᠯ ᠎ᠤᠨ ᠠᠵᠤ ᠠᠬᠤᠶ᠎ᠶ᠋ᠢᠨ ᠪᠠᠢᠷᠢᠯᠠᠭᠤᠯᠤᠯᠲᠠ᠎ᠶ᠋ᠢ ᠱᠢᠯᠢᠳᠡᠭ᠌ᠵᠢᠭᠦᠯᠬᠦ᠌ ᠪᠠ ᠪᠦᠲᠦᠴᠡ ᠎ᠶ᠋ᠢ ᠲᠣᠬᠢᠷᠠᠭᠤᠯᠬᠤ ᠵᠢᠯᠣᠭᠤᠳᠤᠮᠵᠢ᠎ᠶ᠋ᠢ ᠬᠡᠷᠡᠭ᠌ᠵᠢᠭᠦᠯᠵᠦ᠍᠂ ᠤᠯᠤᠰ᠎ᠤᠨ ᠥᠮᠴᠢᠯᠡᠯ ᠎ᠤᠨ ᠠᠵᠤ ᠠᠬᠤᠢᠯᠠᠯ᠎ᠤᠨ ᠪᠠᠢᠯᠳᠤᠬᠤ ᠪᠤᠳᠤᠯᠭ᠎ᠠ᠎ᠶ᠋ᠢᠨ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠦᠨᠡᠯᠡᠬᠦ᠌ ᠲᠦᠷᠢᠮ᠎ᠢ ᠲᠦᠷᠭᠡᠯᠡᠨ ᠪᠠᠢᠭᠤᠯᠤᠨ᠎ᠠ᠃ ᠠᠷᠠᠳ᠎ᠠᠴᠠ ᠡᠵᠡᠩᠨᠡᠭ᠌ᠰᠡᠨ ᠠᠵᠤ ᠠᠬᠤᠢ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠬᠠᠣᠯᠢ ᠴᠠᠭᠠᠵᠠ ᠬᠠᠣᠯᠢ ᠳᠣᠭᠳᠠᠭᠠᠯ ᠪᠣᠯᠣᠨ ᠲᠥᠷᠥ᠎ᠶ᠋ᠢᠨ ᠪᠣᠳᠣᠯᠭ᠎ᠠ ᠠᠷᠭ᠎ᠠ ᠬᠡᠮᠵᠢᠶ᠎ᠡ᠎ᠶ᠋ᠢ ᠯᠠᠪᠳᠠᠭᠤᠨ ᠪᠠᠲᠤᠲᠠᠶ ᠨᠠᠢᠳᠠᠪᠤᠷᠢᠵᠢᠭᠤᠯᠵᠤ᠂ ᠠᠷᠠᠳ᠎ᠠᠴᠠ ᠡᠵᠡᠩᠨᠡᠭ᠌ᠰᠡᠨ ᠠᠵᠤ ᠠᠬᠤᠢᠯᠠᠯ ᠪᠠ ᠠᠷᠠᠳ᠎ᠠᠴᠠ ᠡᠵᠡᠩᠨᠡᠭ᠌ᠰᠡᠨ ᠠᠵᠤ ᠠᠬᠤᠢᠯᠠᠯᠲᠠᠨ᠎ᠤ ᠬᠠᠤᠯᠢ ᠶᠣᠰᠣᠨ᠎ᠤ ᠡᠷᠬᠡ ᠠᠱᠢᠭ᠎ᠢ ᠦᠨᠡᠨ ᠬᠦ᠌ ᠬᠠᠤᠯᠢ ᠶᠣᠰᠣᠭᠠᠷ ᠬᠠᠮᠠᠭᠠᠯᠠᠵᠤ᠂ ᠨᠥᠬᠦᠴᠡᠯ᠎ᠲᠠᠢ ᠠᠷᠠᠳ᠎ᠠᠴᠠ ᠡᠵᠡᠩᠨᠡᠭ᠌ᠰᠡᠨ ᠠᠵᠤ ᠠᠬᠤᠢᠯᠠᠯ᠎ᠤᠨ ᠳᠤᠮᠳᠠᠳᠤ ᠤᠯᠤᠰ ᠎ᠤᠨ ᠣᠨᠴᠠᠯᠢᠭ ᠪᠦᠬᠦᠢ ᠤᠳᠤ ᠦᠶ᠎ᠡ᠎ᠶ᠋ᠢᠨ ᠠᠵᠤ ᠠᠬᠤᠢᠯᠠᠯ᠎ᠤᠨ ᠲᠦᠷᠢᠮ᠎ᠢ ᠪᠠᠢᠭᠤᠯᠤᠨ ᠲᠡᠭᠦᠯᠳᠡᠷᠵᠢᠭᠦᠯᠬᠦ᠌᠎ᠶ᠋ᠢ ᠵᠣᠷᠢᠬ᠍ᠵᠢᠭᠤᠯᠤᠨ᠎ᠠ᠃ ᠠᠵᠤ ᠠᠬᠤᠢ᠌ᠯᠠᠯ᠎ᠳᠤ ᠦᠷᠢᠳᠦᠭ᠌ᠰᠡᠨ ᠠᠪᠴᠠᠭᠠᠨ᠎ᠤ ᠵᠤᠭᠤᠰ᠎ᠢ ᠢᠯᠭᠠᠷᠠᠭᠤᠯᠬᠤ ᠠᠵᠢᠯ᠎ᠢ ᠬᠦᠴᠦᠯᠡᠨ ᠠᠬᠢᠭᠤᠯᠵᠤ᠂ ᠡᠬᠢ ᠡᠭᠦᠰᠦᠯ᠎ᠠᠴᠠ᠎ᠨᠢ ᠵᠠᠰᠠᠬᠤ ᠪᠠ ᠢᠲᠡᠭᠡᠯ ᠠᠯᠳᠠᠭ᠍ᠰᠠᠳ᠎ᠢ ᠵᠠᠯᠬᠠᠭᠠᠨ ᠴᠡᠭᠡᠷᠯᠡᠭᠦᠯᠬᠦ᠌᠎ᠶ᠋ᠢ ᠴᠢᠩᠭᠠᠳᠭᠠᠵᠤ᠂ ᠠᠵᠤ ᠠᠬᠤᠢ᠌ᠯᠠᠯ᠎ᠳᠤ ᠦᠷᠢᠳᠦᠭ᠌ᠰᠡᠨ ᠠᠪᠴᠠᠭᠠᠨ᠎ᠤ ᠵᠤᠭᠤᠰ᠎ᠤᠨ ᠠᠰᠠᠭᠤᠳᠠᠯ᠎ᠢ ᠱᠢᠢᠳᠪᠦᠷᠢᠯᠡᠬᠦ᠌ ᠤᠷᠲᠤ ᠬᠤᠭᠤᠴᠠᠭᠠᠨ᠎ᠤ ᠪᠦᠲᠦᠮᠵᠢᠲᠡᠶ ᠲᠣᠭ᠍ᠲᠠᠴᠠ᠎ᠶ᠋ᠢ ᠨᠠᠢᠳᠠᠪᠤᠷᠢᠵᠢᠭᠤᠯᠤᠨ᠎ᠠ᠃ ᠵᠠᠰᠠᠭ᠎ᠤᠨ ᠤᠷᠳᠤᠨ ᠪᠠ ᠠᠵᠤ ᠠᠬᠤᠢᠯᠠᠯ᠎ᠤᠨ ᠪᠠᠢᠩᠭᠤ᠎ᠶ᠋ᠢᠨ ᠴᠢᠨᠠᠷᠲᠠᠶ ᠨᠡᠪᠲᠡᠷᠡᠯᠴᠡᠨ ᠰᠣᠯᠢᠯᠴᠠᠬᠤ᠎ᠶ᠋ᠢ ᠭᠦᠨᠵᠡᠭᠡᠢᠷᠡᠭᠦᠯᠵᠦ᠍᠂ ᠠᠵᠤ ᠠᠬᠤᠢᠯᠠᠯ᠎ᠢ ᠦᠨᠡᠨ ᠬᠦ᠌ ᠬᠠᠪᠰᠤᠷᠤᠨ ᠪᠣᠳᠠᠲᠠᠶ ᠬᠦᠴᠢᠷᠳᠡᠯ ᠪᠠ ᠠᠰᠠᠭᠤᠳᠠᠯ᠎ᠢ᠎ᠨᠢ ᠱᠢᠢᠳᠪᠦᠷᠢᠯᠡᠵᠤ ᠦᠭ᠌ᠬᠦᠨ᠎ᠠ᠃ ᠣᠯᠠᠨ ᠵᠦᠢᠯ ᠤ᠋ᠨ ᠠᠷᠭ᠎ᠠ ᠬᠡᠮᠵᠢᠶ᠎ᠡ ᠵᠢ ᠵᠡᠷᠭᠡᠪᠡᠷ ᠬᠡᠷᠡᠭᠯᠡᠨ ᠬᠤᠪᠢ᠎ᠶ᠋ᠢᠨ ᠦᠢᠯᠡᠳᠪᠦᠷᠢ ᠬᠤᠳᠠᠯᠳᠤᠭᠠᠨ᠎ᠤ ᠡᠷᠦᠬᠡ᠎ᠶ᠋ᠢᠨ ᠬᠥᠭ᠌ᠵᠢᠯᠲᠡ᠎ᠶ᠋ᠢ ᠣᠨᠣᠴᠠᠳᠠᠢ ᠳᠠᠮᠵᠢᠨ᠎ᠠ᠃ ᠠᠵᠤ ᠠᠬᠤᠢᠯᠠᠯ᠎ᠳᠤ ᠬᠤᠯᠪᠣᠭ᠍ᠳᠠᠭ᠍ᠰᠠᠨ ᠬᠠᠤᠯᠢ ᠬᠡᠷᠡᠭ᠌ᠵᠢᠭᠦᠯᠤᠯᠳᠡ᠎ᠶ᠋ᠢ ᠵᠢᠷᠤᠮᠵᠢᠭᠤᠯᠬᠤ ᠲᠤᠰᠭᠠᠶ ᠠᠵᠢᠯᠯᠠᠭ᠎ᠠ ᠥᠷᠨᠢᠭᠦᠯᠵᠦ᠍᠂ ᠳᠤᠷ᠎ᠠ᠎ᠪᠠᠷ᠎ᠢᠶᠠᠨ ᠰᠦᠢᠳᠭᠡᠯ ᠬᠤᠷᠢᠶᠠᠬᠤ᠂ ᠳᠤᠷ᠎ᠠ᠎ᠪᠠᠷ᠎ᠢᠶᠠᠨ ᠵᠣᠭᠤᠰ ᠲᠣᠷᠭᠠᠬᠤ᠂ ᠳᠤᠷ᠎ᠠ᠎ᠪᠠᠷ᠎ᠢᠶᠠᠨ ᠪᠠᠢᠴᠠᠭᠠᠬᠤ᠂ ᠳᠤᠷ᠎ᠠ᠎ᠪᠠᠷ᠎ᠢᠶᠠᠨ ᠪᠠᠢᠴᠠᠭᠠᠨ ᠪᠢᠲᠡᠭᠦᠮᠵᠢᠯᠡᠬᠦ᠌᠎ᠶ᠋ᠢ ᠲᠥᠪᠯᠡᠷᠡᠭᠦᠯᠦᠨ ᠴᠡᠭ᠌ᠴᠡᠯᠡᠨ ᠵᠠᠰᠠᠵᠤ᠂ ᠲᠣᠭ᠍ᠲᠠᠭᠠᠯ᠎ᠠᠴᠠ ᠵᠥᠷᠢᠴᠡᠨ ᠣᠨᠳᠣᠤ ᠭᠠᠵᠠᠷ᠎ᠲᠤ ᠬᠠᠤᠯᠢ ᠬᠡᠷᠡᠭ᠌ᠵᠢᠭᠦᠯᠬᠦ᠌ ᠪᠠ ᠠᠱᠢᠭ ᠬᠠᠷᠠᠬᠤ ᠴᠢᠨᠠᠷᠲᠠᠶ᠎ᠪᠠᠷ ᠬᠠᠤᠯᠢ ᠬᠡᠷᠡᠭ᠌ᠵᠢᠭᠦᠯᠬᠦ᠌᠎ᠶ᠋ᠢ ᠡᠷᠡᠰ ᠰᠡᠷᠭᠡᠢᠯᠡᠨ ᠬᠤᠷᠢᠭ᠍ᠯᠠᠨ᠎ᠠ᠃ ᠵᠠᠰᠠᠭ᠎ᠤᠨ ᠣᠷᠳᠣᠨ ᠬᠠᠮᠢᠶᠡᠷᠤᠯᠳᠡ᠎ᠪᠠᠨ ᠤᠢ᠍ᠢᠯᠡᠴᠢᠯᠡᠬᠦ᠌᠎ᠶ᠋ᠢᠨ ᠲᠤᠮᠳᠠ ᠠᠬᠤᠭᠤᠯᠵᠤ᠂ ᠦᠢᠯᠡᠴᠢᠯᠡᠬᠦ᠌᠎ᠶ᠋ᠢᠨ ᠲᠤᠯᠠᠭᠠᠬᠠᠨ ᠰᠡᠳᠭᠢᠯ᠎ᠢᠶᠠᠷ ᠠᠵᠤ ᠠᠬᠤᠢᠯᠠᠯ᠎ᠤᠨ ᠢᠲᠡᠭᠡᠯ ᠵᠤᠷᠢᠬ᠎ᠢ ᠨᠡᠮᠡᠭ᠌ᠳᠡᠭᠦᠯᠬᠦ᠌ ᠬᠡᠷᠡᠭ᠌ᠲᠡᠶ᠃

ᠪᠦᠬᠦ᠌ ᠤᠯᠤᠰ ᠎ᠤᠨ ᠨᠢᠭᠡᠳᠦᠯᠲᠡᠶ ᠲᠤᠮᠤ ᠵᠠᠬ᠎ᠠ ᠳᠡᠯᠭᠡᠭᠦᠷ᠎ᠤᠨ ᠪᠦᠳᠦᠭᠡᠨ ᠪᠠᠢᠭᠤᠯᠤᠯᠲᠠ᠎ᠶ᠋ᠢ ᠭᠦᠨᠵᠡᠭᠡᠢᠷᠡᠭᠦᠯᠦᠨ ᠠᠬᠢᠭᠤᠯᠤᠨ᠎ᠠ᠃ ᠰᠠᠭᠤᠷᠢ ᠳᠦᠷᠢᠮ ᠳᠦᠷᠢᠮᠯᠠᠯ᠎ᠢ ᠲᠦᠷᠭᠡᠯᠡᠨ ᠪᠠᠢᠭᠤᠯᠤᠨ ᠪᠦᠷᠢᠨᠱᠢᠬᠦᠯᠵᠤ᠂ ᠣᠷᠣᠨ ᠨᠤᠲᠤᠭ᠎ᠤᠨ ᠬᠠᠮᠠᠭᠠᠯᠠᠯᠲᠠ ᠪᠠ ᠵᠠᠬ᠎ᠠ ᠳᠡᠯᠭᠡᠭᠦᠷ᠎ᠤᠨ ᠬᠡᠰᠡᠭ᠌ᠯᠡᠯ᠎ᠢ ᠡᠪᠳᠡᠵᠦ᠍᠂ ᠵᠠᠬ᠎ᠠ ᠳᠡᠯᠭᠡᠭᠦᠷ᠎ᠲᠤ ᠣᠷᠣᠬᠤ᠎ᠶ᠋ᠢ ᠵᠥᠪᠱᠢᠶᠡᠷᠡᠬᠦ᠌ ᠵᠠᠬ᠎ᠠ ᠲᠡᠯᠭᠡᠬᠦᠷ᠎ᠠᠴᠠ ᠤᠬᠤᠷᠢᠨ ᠭᠠᠷᠬᠤ᠂ ᠡᠯᠧᠮᠧᠨ᠋ᠲ᠎ᠢ ᠲᠣᠬᠢᠷᠠᠭᠤᠯᠬᠤ ᠵᠡᠷᠭᠡ ᠲᠠᠯ᠎ᠠ᠎ᠪᠠᠷ ᠠᠵᠤ ᠠᠬᠤᠢ᠎ᠶ᠋ᠢᠨ ᠣᠷᠴᠢᠯ ᠎ᠢ ᠬᠢᠵᠠᠭᠠᠷᠯᠠᠵᠤ ᠪᠠᠢᠭ᠎ᠠ ᠪᠣᠭᠤᠭ᠍ᠳᠠᠯ ᠲᠦᠭ᠌ᠵᠢᠷᠡᠯ ᠎ᠢ ᠠᠷᠢᠯᠭᠠᠨ ᠨᠡᠪᠳᠡᠷᠡᠬᠦᠯᠵᠦ᠍᠂ 《ᠬᠤᠮᠢᠷᠠᠭ᠎ᠠ 》 ᠦᠷᠢᠰᠤᠯᠳᠤᠭᠡᠨ᠎ᠢ ᠶᠡᠷᠦᠩᠬᠡᠢᠯᠡᠨ ᠴᠡᠭ᠌ᠴᠡᠯᠡᠨ ᠵᠠᠰᠠᠨ᠎ᠠ᠃ ᠪᠦᠬᠦ᠌ ᠤᠯᠤᠰ᠎ᠤᠨ ᠨᠢᠭᠡᠳᠦᠯᠲᠡᠶ ᠲᠣᠮᠣ ᠵᠠᠬ᠎ᠠ ᠳᠡᠯᠭᠡᠭᠦᠷ᠎ᠤᠨ ᠪᠦᠲᠦᠭᠡᠨ ᠪᠠᠢᠭᠤᠯᠤᠯᠲᠠ᠎ᠶ᠋ᠢᠨ ᠵᠢᠯᠣᠭᠤᠳᠤᠮᠵᠢ᠎ᠶ᠋ᠢ ᠬᠡᠷᠡᠭ᠌ᠵᠢᠭᠦᠯᠵᠦ᠍᠂ ᠱᠢᠨ᠎ᠡ ᠬᠡᠪᠯᠡᠯ᠎ᠤᠨ ᠵᠠᠬ᠎ᠠ ᠳᠡᠯᠭᠡᠭᠦᠷ᠎ᠲᠤ ᠣᠷᠣᠬᠤ ᠵᠥᠪᠱᠢᠶᠡᠷᠡᠯ᠎ᠤᠨ ᠨᠠᠵᠠᠭᠠᠶ ᠲᠠᠯ᠎ᠠ᠎ᠶ᠋ᠢᠨ ᠲᠣᠳᠣᠷᠬᠠᠶ ᠬᠠᠭᠤᠳᠠᠰᠤ᠎ᠶ᠋ᠢ ᠵᠠᠰᠠᠨ ᠲᠤᠬ᠍ᠳᠠᠭᠠᠵᠤ ᠨᠡᠢᠲᠡᠯᠡᠨ᠂ ᠱᠢᠨ᠎ᠡ ᠡᠵᠡᠩᠨᠡᠯᠲᠡ᠎ᠶ᠋ᠢᠨ ᠬᠡᠯᠪᠡᠷᠢ ᠪᠠᠢᠳᠠᠯ ᠱᠢᠨ᠎ᠡ ᠬᠦᠷᠢᠶᠡᠨ᠎ᠳᠠᠬᠢ ᠵᠠᠬ᠎ᠠ ᠳᠡᠯᠭᠡᠭᠦᠷ᠎ᠲᠤ ᠣᠷᠣᠬᠤ ᠵᠥᠪᠱᠢᠶᠡᠷᠡᠯ᠎ᠤᠨ ᠣᠷᠴᠢᠨ ᠨᠥᠬᠦᠴᠡᠯ᠎ᠢ ᠱᠢᠯᠢᠳᠡᠭ᠌ᠵᠢᠭᠦᠯᠦᠨ᠎ᠡ᠃ ᠭᠤᠤᠯᠳᠠᠯᠭ᠎ᠠ᠎ᠲᠠᠢ ᠬᠦᠷᠢᠶᠡᠨ᠎ᠳᠠᠬᠢ ᠭᠤᠤᠯᠴᠢ ᠥᠷᠢᠰᠥᠯᠳᠦᠭᠡᠨ᠎ᠢ ᠲᠣᠭ᠍ᠲᠠᠭᠠᠯ᠎ᠳᠤ ᠨᠡᠢᠴᠡᠭᠦᠯᠬᠦ᠌ ᠵᠢᠯᠤᠭᠤᠳᠤᠮᠵᠢ᠎ᠶ᠋ᠢ ᠲᠣᠭ᠍ᠲᠠᠭᠠᠵᠤ᠂ ᠲᠡᠭᠠᠭᠠᠴᠢᠯᠡᠯᠳᠠ ᠵᠡᠷᠯᠡᠬᠤ ᠲᠠᠭᠠᠭᠠᠴᠢᠯᠡᠯᠳᠠ᠎ᠳᠤ ᠤᠷᠦᠯᠴᠠᠬᠤ ᠪᠠᠢᠭᠤᠯᠤᠯ ᠲᠣᠭ᠍ᠲᠠᠴᠠ᠎ᠶ᠋ᠢ ᠥᠭᠡᠷᠡᠴᠢᠯᠡᠨ ᠲᠡᠭᠦᠯᠳᠡᠷᠵᠢᠭᠦᠯᠦᠨ᠎ᠡ᠃ ᠨᠡᠢᠭᠡᠮ᠎ᠤᠨ ᠢᠲᠡᠭᠡᠮᠵᠢ᠎ᠶ᠋ᠢᠨ ᠱᠢᠰᠲ᠋ᠧᠮ᠎ᠢ ᠪᠦᠷᠢᠨᠱᠢᠬᠦᠯᠬᠦ᠌ ᠲᠦᠷᠦ᠍᠎ᠶ᠋ᠢᠨ ᠪᠤᠳᠤᠯᠭ᠎ᠠ᠎ᠶ᠋ᠢ ᠨᠡᠢᠲᠡᠯᠡᠵᠦ᠍᠂ ᠢᠲᠡᠭᠡᠮᠵᠢ᠎ᠶ᠋ᠢ ᠰᠡᠷᠭᠦᠭᠡᠬᠦ᠌ ᠨᠢᠭᠡᠳᠦᠯᠲᠡᠶ ᠲᠦᠷᠢᠮ᠎ᠢ ᠪᠠᠢᠭᠤᠯᠤᠨ᠎ᠠ᠃ ᠠᠵᠤ ᠠᠬᠤᠢᠯᠠᠯ᠎ᠤᠨ ᠤᠬᠤᠷᠢᠨ ᠭᠠᠷᠬᠤ ᠲᠦᠬᠦᠮ ᠳᠦᠷᠢᠮ᠎ᠢ ᠲᠡᠭᠦᠯᠳᠡᠷᠵᠢᠭᠦᠯᠵᠦ᠍᠂ ᠡᠵᠡᠩᠨᠡᠯᠲᠡ᠎ᠶ᠋ᠢᠨ ᠪᠡᠶᠡᠴᠢ ᠴᠣᠭ᠍ᠴᠠ᠎ᠶ᠋ᠢᠨ ᠠᠵᠢᠯᠯᠠᠭ᠎ᠠ ᠡᠭᠦᠰᠦᠭ᠌ᠰᠡᠨ ᠭᠠᠵᠠᠷ᠎ᠲᠤ ᠪᠦᠷᠢᠳᠭᠡᠯ ᠬᠢᠬᠦ᠌᠎ᠶ᠋ᠢ ᠠᠯᠬᠤᠮ ᠠᠯᠬᠤᠮ᠎ᠢᠶᠠᠷ ᠳᠡᠯᠭᠡᠷᠡᠭᠦᠯᠦᠨ᠎ᠡ᠃ ᠨᠢᠭᠡᠳᠦᠯᠲᠡᠶ ᠪᠥᠭᠡᠳ ᠨᠡᠭᠡᠭᠡᠯᠲᠡᠲᠡᠶ ᠵᠠᠮ ᠲᠡᠭᠡᠭᠡᠪᠦᠷᠢ᠎ᠶ᠋ᠢᠨ ᠵᠠᠬ᠎ᠠ ᠳᠡᠯᠭᠡᠭᠦᠷ᠎ᠢ ᠲᠦᠷᠭᠡᠯᠡᠨ ᠪᠦᠳᠤᠭᠡᠨ ᠪᠠᠢᠭᠤᠯᠵᠤ᠂ ᠪᠦᠬᠦ᠌ ᠨᠡᠢᠭᠡᠮ᠎ᠤᠨ ᠪᠠᠷᠠᠭᠠᠨ᠎ᠤ ᠭᠦᠢᠯᠭᠡᠭᠡᠨ᠎ᠤ ᠥᠪᠡᠷ᠎ᠤᠨ ᠥᠷᠲᠡᠭ᠎ᠢ ᠪᠠᠭᠤᠷᠠᠭᠤᠯᠬᠤ ᠲᠤᠰᠭᠠᠶ ᠠᠵᠢᠯᠯᠠᠭ᠎ᠠ᠎ᠶ᠋ᠢ ᠬᠡᠷᠡᠭ᠌ᠵᠢᠭᠦᠯᠦᠨ᠎ᠡ᠃

ᠡᠳ᠋᠎ᠤᠨ ᠵᠠᠰᠠᠭ ᠭᠠᠢᠯᠢ ᠮᠥᠩᠭᠦᠨ ᠭᠦᠢᠯᠭᠡᠭᠡᠨ᠎ᠤ ᠪᠠᠢᠭᠤᠯᠤᠯ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠦᠨ᠎ᠡ᠃ ᠲᠥᠪ᠎ᠤᠨ ᠰᠠᠯᠠᠭ᠎ᠠ ᠮᠥᠴᠢᠷ᠎ᠤᠨ ᠲᠡᠭ ᠰᠠᠭᠤᠷᠢᠨ ᠲᠥᠰᠦᠪ᠎ᠤᠨ ᠥᠭᠡᠷᠡᠴᠢᠯᠡᠯᠲᠡ᠎ᠶ᠋ᠢᠨ ᠲᠤᠷᠱᠢᠯᠲᠠ᠎ᠶ᠋ᠢ ᠥᠷᠨᠢᠭᠦᠯᠵᠦ᠍᠂ ᠣᠷᠣᠨ ᠨᠤᠲᠤᠭ᠎ᠤᠨ᠎ᠬᠢᠨ᠎ᠤ ᠲᠡᠭ ᠰᠠᠭᠤᠷᠢᠨ ᠲᠥᠰᠦᠪ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠬᠦ᠌᠎ᠶ᠋ᠢ ᠳᠠᠮᠵᠢᠵᠤ᠂ ᠵᠠᠷᠤᠯᠭ᠎ᠠ᠎ᠶ᠋ᠢᠨ ᠪᠠᠷᠢᠮᠵᠢᠶ᠎ᠠ᠂ ᠠᠮᠵᠢᠯᠲᠠ ᠪᠦᠲᠦᠮᠵᠢ ᠎ᠶ᠋ᠢ ᠦᠨᠡᠯᠡᠬᠦ᠌ ᠵᠡᠷᠭᠡ ᠵᠠᠩᠭᠢᠯᠠᠭ᠎ᠠ᠎ᠶ᠋ᠢᠨ ᠳᠦᠷᠢᠮ᠎ᠤᠨ ᠲᠠᠯ᠎ᠠ᠎ᠪᠠᠷ ᠢᠳᠡᠪᠬᠢᠲᠡᠢ ᠎ᠪᠠᠷ ᠱᠢᠨ᠎ᠡ ᠎ᠶ᠋ᠢ ᠡᠭᠦᠳᠦᠨ᠎ᠡ᠃ ᠬᠡᠰᠡᠭ ᠲᠠᠸᠠᠷ᠎ᠤᠨ ᠲᠦᠷᠦᠯ᠎ᠤᠨ ᠬᠡᠷᠡᠭ᠌ᠯᠡᠭᠡᠨ᠎ᠤ ᠭᠠᠢᠯᠢ ᠲᠠᠲᠠᠪᠤᠷᠢᠯᠠᠬᠤ ᠭᠤᠭ᠍ᠴᠤᠭ᠎ᠠ᠎ᠶ᠋ᠢ ᠬᠤᠢᠰᠢ ᠱᠢᠯᠵᠢᠬᠦᠯᠬᠦ᠌᠎ᠶ᠋ᠢᠨ ᠬᠠᠮᠳᠤ ᠤᠷᠤᠨ ᠨᠤᠳᠤᠭ᠎ᠲᠤ ᠪᠠᠭᠤᠯᠭᠠᠨ ᠦᠭ᠌ᠬᠦ᠎ᠶ᠋ᠢ ᠲᠦᠷᠭᠡᠯᠡᠨ ᠠᠬᠢᠭᠤᠯᠵᠤ᠂ ᠣᠷᠣᠨ ᠨᠤᠲᠤᠭ᠎ᠤᠨ ᠡᠵᠡᠨ ᠮᠡᠳᠡᠬᠦ᠌ ᠡᠳ᠋᠎ᠤᠨ ᠬᠦᠴᠦᠨ᠎ᠢ ᠨᠡᠮᠡᠭ᠌ᠳᠡᠭᠦᠯᠦᠨ᠎ᠡ᠃ ᠭᠠᠢᠯᠢ ᠲᠠᠲᠠᠪᠤᠷᠢ᠎ᠶ᠋ᠢᠨ ᠬᠠᠷᠠᠭᠠᠯᠵᠠᠯ᠎ᠤᠨ ᠲᠦᠷᠦ᠍᠎ᠶ᠋ᠢᠨ ᠪᠤᠳᠤᠯᠭ᠎ᠠ᠎ᠶ᠋ᠢ ᠵᠢᠷᠤᠮᠵᠢᠭᠤᠯᠤᠨ᠎ᠠ᠃ ᠤᠷᠮᠠᠱᠢᠭᠤᠯᠬᠤ ᠲᠣᠭ᠍ᠲᠠᠴᠠ᠎ᠶ᠋ᠢ ᠢᠳᠡᠪᠬᠢᠲᠡᠶ ᠰᠦᠪᠡᠭ᠌ᠴᠢᠯᠡᠨ ᠪᠠᠢᠭᠤᠯᠵᠤ᠂ ᠣᠷᠣᠨ ᠨᠤᠲᠤᠭ᠎ᠤᠨ᠎ᠬᠢᠨ᠎ᠤ ᠴᠢᠨᠠᠷ ᠰᠠᠢᠲᠠᠶ ᠬᠥᠭ᠌ᠵᠢᠯᠲᠡ᠎ᠶ᠋ᠢᠨ ᠳᠤᠮᠳᠠ ᠡᠳ᠋ ᠮᠦᠡᠭ᠌ᠬᠦᠨ᠎ᠤ ᠢᠷᠡᠯᠲᠡ᠎ᠶ᠋ᠢ ᠪᠤᠢᠵᠢᠭᠤᠯᠬᠤ᠎ᠶ᠋ᠢ ᠠᠬᠢᠭᠤᠯᠤᠨ᠎ᠠ᠃ ᠡᠳ᠋ ᠎ᠤᠨ ᠵᠠᠰᠠᠭ᠎ᠠᠴᠠ ᠳᠡᠵᠢᠬᠡᠬᠦ᠌ ᠬᠦᠮᠦᠰ᠎ᠤᠨ ᠬᠡᠪᠴᠢᠶ᠎ᠡ᠎ᠶ᠋ᠢ ᠴᠢᠩᠭ᠎ᠠ ᠬᠢᠵᠠᠭᠠᠷᠯᠠᠨ᠎ᠠ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠮᠥᠩᠭᠦᠨ ᠭᠦᠢᠯᠭᠡᠭᠡ᠂ ᠨᠤᠭᠤᠭᠠᠨ ᠮᠥᠩᠭᠦᠨ ᠭᠦᠢᠯᠭᠡᠭᠡ᠂ ᠲᠦᠭᠡᠮᠡᠯ ᠬᠠᠷᠠᠭᠠᠯᠵᠠᠯᠲᠤ ᠮᠥᠩᠭᠦᠨ ᠭᠦᠢᠯᠭᠡᠭᠡ᠂ ᠨᠠᠰᠤᠵᠢᠯ᠎ᠤᠨ ᠠᠰᠠᠷᠠᠮᠵᠢ᠎ᠶ᠋ᠢᠨ ᠮᠥᠩᠭᠦᠨ ᠭᠦᠢᠯᠭᠡᠭᠡ᠂ ᠳ᠋ᠢᠵᠢᠲ᠋ᠠᠯ ᠮᠥᠩᠭᠦᠨ ᠭᠦᠢᠯᠭᠡᠭᠡ᠎ᠶ᠋ᠢᠨ ᠪᠠᠷᠢᠮᠵᠢᠶ᠎ᠠ᠎ᠶ᠋ᠢᠨ ᠱᠢᠰᠲ᠋ᠧᠮ ᠪᠠ ᠰᠠᠭᠤᠷᠢ ᠲᠦᠷᠢᠮ᠎ᠢ ᠲᠡᠭᠦᠯᠳᠡᠷᠵᠢᠭᠦᠯᠦᠨ᠎ᠡ᠃ ᠬᠥᠷᠥᠩᠭᠡ᠎ᠶ᠋ᠢᠨ ᠵᠠᠬ᠎ᠠ ᠳᠡᠯᠭᠡᠭᠦᠷ᠎ᠤᠨ ᠪᠡᠯᠡ ᠣᠷᠣᠭᠤᠯᠤᠯᠳᠡ ᠪᠡᠯᠡ ᠲᠣᠬᠢᠷᠠᠭᠤᠯᠭ᠎ᠠ᠎ᠶ᠋ᠢᠨ ᠶᠡᠷᠦᠩᠬᠡᠢᠯᠡᠭ᠌ᠰᠡᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠤᠷᠲᠤᠪᠲᠤᠷ ᠬᠤᠭᠤᠴᠠᠭᠠᠨ᠎ᠤ ᠪᠡᠯᠡ ᠮᠥᠩᠭᠦ᠎ᠶ᠋ᠢᠨ ᠵᠠᠬ᠎ᠠ ᠳᠡᠯᠭᠡᠭᠦᠷ᠎ᠲᠤ ᠣᠷᠣᠬᠤ᠎ᠶ᠋ᠢ ᠶᠡᠭᠡ᠎ᠪᠠᠷ ᠠᠬᠢᠭᠤᠯᠵᠤ᠂ ᠪᠠᠢᠯᠳᠤᠬᠤ ᠪᠣᠳᠣᠯᠭ᠎ᠠ᠎ᠶ᠋ᠢᠨ ᠴᠢᠨᠠᠷᠲᠠᠶ ᠬᠦᠴᠦᠨ᠎ᠤ ᠨᠥᠭᠡᠴᠡ ᠪᠠ ᠵᠠᠬ᠎ᠠ ᠳᠡᠯᠭᠡᠭᠦᠷ᠎ᠢ ᠲᠣᠭ᠍ᠲᠠᠪᠤᠷᠢᠵᠢᠭᠤᠯᠬᠤ ᠲᠣᠭ᠍ᠲᠠᠴᠠ᠎ᠶ᠋ᠢᠨ ᠪᠠᠢᠭᠤᠯᠤᠯᠲᠠ᠎ᠶ᠋ᠢ ᠴᠢᠩᠭᠠᠳᠭᠠᠨ᠎ᠠ᠃ ᠰᠲ᠋ᠣᠺ ᠲᠠᠷᠬᠠᠭᠠᠨ ᠵᠠᠬ᠎ᠠ ᠳᠡᠯᠭᠡᠭᠦᠷ᠎ᠲᠤ ᠭᠠᠷᠭᠠᠬᠤ ᠪᠠ ᠨᠡᠢᠯᠡᠭᠦᠯᠦᠨ ᠬᠤᠳᠠᠯᠳᠤᠨ ᠠᠪᠴᠤ᠌ ᠲᠠᠬᠢᠨ ᠵᠣᠬᠢᠶᠠᠨ ᠪᠠᠢᠭᠤᠯᠬᠤ ᠲᠦᠷᠢᠮ᠎ᠢ ᠥᠭᠡᠷᠡᠴᠢᠯᠡᠨ ᠱᠢᠯᠢᠳᠡᠭ᠌ᠵᠢᠭᠦᠯᠦᠨ᠎ᠡ᠃ ᠤᠯᠠᠨ ᠲᠡᠰ ᠳᠠᠪᠬᠤᠷᠭ᠎ᠠ᠎ᠶ᠋ᠢᠨ ᠵᠢᠭᠡᠯᠡᠯᠭᠡ᠎ᠶ᠋ᠢᠨ ᠲᠡᠮᠳᠡᠭ᠌ᠲᠦ᠍᠎ᠶ᠋ᠢᠨ ᠵᠠᠬ᠎ᠠ ᠳᠡᠯᠭᠡᠭᠦᠷ᠎ᠤᠨ ᠬᠥᠭ᠌ᠵᠢᠯᠲᠡ᠎ᠶ᠋ᠢ ᠲᠦᠷᠭᠡᠳᠭᠡᠨ᠎ᠡ᠃

(ᠲᠠᠪᠤ ) ᠥᠨᠳᠥᠷ ᠲᠦᠪᠱᠢᠨ ᠪᠦᠬᠦᠢ ᠭᠠᠳᠠᠭᠠᠳᠤ ᠨᠡᠭᠡᠭᠡᠯᠳᠡ᠎ᠶ᠋ᠢ ᠥᠷᠭᠡᠳᠭᠡᠵᠦ᠍᠂ ᠢᠳᠡᠪᠬᠢᠳᠠᠢ᠎ᠪᠠᠷ ᠭᠠᠳᠠᠭᠠᠳᠤ ᠠᠷᠠᠯᠵᠢᠶ᠎ᠠ᠎ᠶ᠋ᠢ ᠲᠤᠭ᠍ᠳᠠᠭᠤᠨ ᠪᠠᠢᠯᠭᠠᠵᠤ ᠭᠠᠳᠠᠭᠠᠳᠤ ᠪᠡᠯᠡ᠎ᠶ᠋ᠢ ᠲᠤᠭ᠍ᠳᠠᠭᠤᠨ ᠪᠠᠢᠯᠭᠠᠨ᠎ᠠ᠃ ᠭᠠᠳᠠᠭᠠᠳᠤ ᠣᠷᠴᠢᠨ ᠨᠦᠬᠦᠴᠡᠯ ᠬᠡᠷᠬᠢᠨ ᠬᠤᠪᠢᠷᠠᠭ᠍ᠰᠠᠨ ᠴᠤ᠌᠂ ᠭᠠᠳᠠᠭ᠍ᠰᠢ ᠨᠡᠭᠡᠭᠡᠯᠲᠡ ᠬᠢᠬᠦ᠌᠎ᠶ᠋ᠢ ᠢᠮᠠᠭ᠍ᠲᠠ ᠭᠤᠢᠪᠢᠰᠢ ᠦᠭᠡᠢ ᠪᠠᠷᠢᠮᠲᠠᠯᠠᠵᠤ᠂ ᠳᠦᠷᠢᠮ᠎ᠤᠨ ᠬᠡᠯᠪᠡᠷᠢ᠎ᠶ᠋ᠢᠨ ᠨᠡᠭᠡᠭᠡᠯᠲᠡ᠎ᠶ᠋ᠢ ᠯᠠᠪᠳᠠᠭᠤᠨ᠎ᠢᠶᠠᠷ ᠥᠷᠭᠡᠳᠭᠡᠵᠦ᠍᠂ ᠪᠡᠶ᠎ᠡ᠎ᠪᠠᠨ ᠳᠠᠭᠠᠭᠠᠵᠤ ᠨᠡᠭᠡᠭᠡᠯᠳᠡ ᠬᠢᠬᠦ᠌ ᠪᠠ ᠭᠠᠭ᠍ᠴᠠ ᠲᠠᠯ᠎ᠠ᠎ᠠᠴᠠ ᠨᠡᠭᠡᠭᠡᠯᠲᠡ ᠬᠢᠬᠦ᠌᠎ᠶ᠋ᠢ ᠡᠮᠬᠢ ᠵᠢᠷᠤᠮ᠎ᠲᠠᠢ᠎ᠪᠠᠷ ᠥᠷᠭᠡᠳᠭᠡᠵᠦ᠍᠂ ᠨᠡᠭᠡᠭᠡᠯᠳᠡ᠎ᠪᠠᠷ ᠥᠭᠡᠷᠡᠴᠢᠯᠡᠯᠲᠡ᠎ᠶ᠋ᠢ ᠠᠬᠢᠭᠤᠯᠵᠤ ᠬᠥᠭ᠌ᠵᠢᠯᠲᠡ᠎ᠶ᠋ᠢ ᠠᠬᠢᠭᠤᠯᠤᠨ᠎ᠠ᠃

ᠭᠠᠳᠠᠭᠠᠳᠤ ᠠᠷᠠᠯᠵᠢᠶᠠᠨ᠎ᠤ ᠬᠥᠭ᠌ᠵᠢᠯᠲᠡ᠎ᠶ᠋ᠢ ᠲᠣᠭ᠍ᠲᠠᠪᠤᠷᠢᠵᠢᠭᠤᠯᠤᠨ᠎ᠠ᠃ ᠭᠠᠳᠠᠭᠠᠳᠤ ᠠᠷᠠᠯᠵᠢᠶ᠎ᠠ᠎ᠶ᠋ᠢ ᠲᠣᠭ᠍ᠲᠠᠪᠤᠷᠢᠵᠢᠭᠤᠯᠬᠤ ᠲᠦᠷᠦ᠍᠎ᠶ᠋ᠢᠨ ᠪᠤᠳᠤᠯᠭ᠎ᠠ᠎ᠶ᠋ᠢᠨ ᠡᠷᠴᠢᠮ᠎ᠢ ᠴᠢᠩᠭᠠᠷᠠᠭᠤᠯᠵᠤ᠂ ᠠᠵᠤ ᠠᠬᠤᠢᠯᠠᠯ᠎ᠤᠨ ᠵᠠᠬᠢᠶᠠᠯᠠᠭ᠎ᠠ᠎ᠶ᠋ᠢ ᠲᠣᠭ᠍ᠲᠠᠪᠤᠷᠢᠵᠢᠭᠤᠯᠤᠨ ᠵᠠᠬ᠎ᠠ ᠳᠡᠯᠭᠡᠭᠦᠷ᠎ᠢ ᠥᠷᠭᠡᠳᠭᠡᠬᠦ᠌᠎ᠶ᠋ᠢ ᠲᠡᠮᠵᠢᠨ᠎ᠡ᠃ ᠪᠡᠯᠡ ᠲᠣᠬᠢᠷᠠᠭᠤᠯᠭ᠎ᠠ᠂ ᠲᠠᠰᠤᠯᠤᠨ ᠪᠣᠳᠣᠯᠲᠠ᠂ ᠭᠠᠳᠠᠭᠠᠳᠤ ᠭᠤᠪᠢᠭᠤᠯᠭ᠎ᠠ ᠵᠡᠷᠭᠡ ᠮᠥᠩᠭᠦᠨ ᠭᠦᠢᠯᠭᠡᠭᠡᠨ᠎ᠤ ᠦᠢᠯᠡᠴᠢᠯᠡᠭᠡ᠎ᠶ᠋ᠢ ᠱᠢᠯᠢᠳᠡᠭ᠌ᠵᠢᠭᠦᠯᠵᠦ᠍᠂ ᠭᠠᠳᠠᠭᠠᠳᠤ ᠭᠠᠷᠭᠠᠯᠲᠠ᠎ᠶ᠋ᠢᠨ ᠢᠲᠡᠭᠡᠮᠵᠢ᠎ᠶ᠋ᠢᠨ ᠳᠠᠭᠠᠳᠭᠠᠯ᠎ᠤᠨ ᠳᠠᠭᠠᠳᠭᠠᠬᠤ ᠬᠡᠪᠴᠢᠶ᠎ᠡ ᠪᠠ ᠬᠠᠮᠤᠷᠬᠤ ᠬᠡᠪᠴᠢᠶ᠎ᠡ᠎ᠶ᠋ᠢ ᠥᠷᠭᠡᠳᠭᠡᠵᠦ᠍᠂ ᠠᠵᠤ ᠠᠬᠤᠢᠯᠠᠯ᠎ᠤᠨ ᠬᠢᠯᠢ᠎ᠶ᠋ᠢᠨ ᠭᠠᠳᠠᠨ᠎ᠠ ᠦᠵᠡᠰᠭᠦᠯᠡᠩ᠎ᠳᠤ ᠣᠷᠣᠯᠴᠠᠬᠤ ᠪᠠ ᠦᠵᠡᠰᠭᠦᠯᠡᠩ ᠡᠷᠬᠢᠯᠡᠬᠦ᠌᠎ᠳᠤ ᠦᠵᠡᠬᠦᠯᠬᠦ᠌ ᠳᠡᠮᠵᠢᠯᠭᠡ᠎ᠶ᠋ᠢ ᠴᠢᠩᠭᠠᠳᠭᠠᠨ᠎ᠠ᠃ ᠬᠢᠯᠢ ᠠᠯᠤᠰᠯᠠᠭ᠍ᠰᠠᠨ ᠡᠯᠧᠺᠲᠷᠣᠨ ᠬᠤᠳᠠᠯᠳᠤᠭᠠᠨ ᠎ᠤ ᠬᠥᠭ᠌ᠵᠢᠯᠲᠡ᠎ᠶ᠋ᠢ ᠠᠬᠢᠭᠤᠯᠵᠤ᠂ ᠬᠢᠯᠢ ᠠᠯᠤᠰᠯᠠᠨ ᠢᠯᠡᠭᠡᠬᠦ᠌ ᠪᠠᠷᠠᠭᠠᠨ᠎ᠤ ᠭᠦᠢᠯᠭᠡᠭᠡᠨ ᠎ᠤ ᠱᠢᠰᠲ᠋ᠧᠮ᠎ᠢ ᠲᠡᠭᠦᠯᠳᠡᠷᠵᠢᠭᠦᠯᠵᠦ᠍᠂ ᠭᠠᠳᠠᠭᠠᠳᠤ᠎ᠳᠠᠬᠢ ᠬᠥᠮᠥᠷᠭᠡ᠎ᠶ᠋ᠢᠨ ᠪᠦᠳᠤᠭᠡᠨ ᠪᠠᠢᠭᠤᠯᠤᠯᠲᠠ᠎ᠶ᠋ᠢ ᠴᠢᠩᠭᠠᠳᠭᠠᠨ᠎ᠠ᠃ ᠬᠢᠯᠢ ᠎ᠶ᠋ᠢᠨ ᠭᠠᠳᠠᠨᠠᠬᠢ ᠠᠵᠤ ᠠᠬᠤᠶ ᠠᠷᠠᠯᠵᠢᠶᠠᠨ᠎ᠤ ᠬᠠᠮᠳᠤᠷᠠᠯᠴᠠᠭᠠᠨ᠎ᠤ ᠣᠷᠣᠨ᠎ᠤ ᠴᠢᠳᠠᠮᠵᠢ᠎ᠶ᠋ᠢ ᠥᠷᠭᠡᠳᠭᠡᠵᠤ᠂ ᠵᠠᠪᠰᠠᠷ᠎ᠤᠨ ᠪᠦᠳᠤᠭᠡᠭ᠌ᠳᠡᠬᠦᠨ᠎ᠤ ᠠᠷᠠᠯᠵᠢᠶ᠎ᠠ᠎ᠶ᠋ᠢ ᠬᠥᠭ᠌ᠵᠢᠭᠦᠯᠵᠦ᠍᠂ ᠤᠯᠠᠨ ᠡᠱᠢᠵᠢᠭ᠌ᠰᠡᠨ ᠵᠠᠬ᠎ᠠ ᠳᠡᠯᠭᠡᠭᠦᠷ᠎ᠢ ᠨᠡᠭᠡᠭᠡᠨ᠎ᠡ᠃ ᠳᠣᠲᠣᠭᠠᠳᠤ ᠭᠠᠳᠠᠭᠠᠳᠤ ᠠᠷᠠᠯᠵᠢᠶᠠᠨ᠎ᠤ ᠨᠢᠭᠡ ᠴᠣᠭ᠍ᠴᠠᠵᠢᠭ᠍ᠰᠠᠨ ᠬᠥᠭ᠌ᠵᠢᠯᠲᠡ᠎ᠶ᠋ᠢ ᠳᠠᠮᠵᠢᠵᠤ᠂ ᠪᠠᠷᠢᠮᠵᠢᠶ᠎ᠠ᠎ᠶ᠋ᠢᠨ ᠭᠡᠷᠡᠴᠢᠯᠡᠯᠲᠡ᠂ ᠵᠠᠬ᠎ᠠ ᠳᠡᠯᠭᠡᠭᠦᠷ᠎ᠤᠨ ᠠᠷᠭ᠎ᠠ ᠵᠠᠮ ᠵᠡᠷᠭᠡ ᠲᠠᠯ᠎ᠠ᠎ᠶ᠋ᠢᠨ ᠠᠰᠠᠭᠤᠳᠠᠯ᠎ᠢ ᠲᠦᠷᠭᠡᠯᠡᠨ ᠱᠢᠢᠳᠪᠦᠷᠢᠯᠡᠨ᠎ᠡ᠃ ᠦᠢᠯᠡᠴᠢᠯᠡᠭᠡᠨ᠎ᠤ ᠠᠷᠠᠯᠵᠢᠶ᠎ᠠ᠎ᠶ᠋ᠢᠨ ᠱᠢᠨ᠎ᠡ᠎ᠶ᠋ᠢ ᠡᠭᠦᠳᠤᠨ ᠭᠥᠭ᠌ᠵᠢᠬᠦ᠌᠎ᠶ᠋ᠢ ᠠᠬᠢᠭᠤᠯᠵᠤ᠂ ᠤᠯᠠᠮᠵᠢᠯᠠᠯᠲᠤ ᠳᠠᠪᠠᠭᠤᠯᠢᠭ ᠦᠢᠯᠡᠴᠢᠯᠡᠭᠡ᠎ᠶ᠋ᠢᠨ ᠥᠷᠢᠰᠥᠯᠳᠦᠬᠦ᠌ ᠬᠦᠴᠦᠨ᠎ᠢ ᠳᠡᠭᠡᠭ᠌ᠰᠢᠯᠡᠭᠦᠯᠵᠤ᠂ ᠦᠢᠯᠡᠴᠢᠯᠡᠭᠡ᠎ᠶ᠋ᠢ ᠭᠠᠳᠠᠭᠠᠳᠤ᠎ᠳᠤ ᠭᠠᠷᠭᠠᠬᠤ᠎ᠶ᠋ᠢ ᠵᠣᠷᠢᠬ᠍ᠵᠢᠭᠤᠯᠵᠤ᠂ ᠴᠢᠨᠠᠷ ᠰᠠᠢᠲᠠᠶ ᠦᠢᠯᠡᠴᠢᠯᠡᠭᠡ᠎ᠶ᠋ᠢ ᠭᠠᠳᠠᠭᠠᠳᠤ᠎ᠠᠴᠠ ᠣᠷᠣᠭᠤᠯᠬᠤ᠎ᠶ᠋ᠢ ᠥᠷᠭᠡᠳᠭᠡᠨ᠎ᠡ᠃ ᠨᠤᠭᠤᠭᠠᠨ ᠠᠷᠠᠯᠵᠢᠶ᠎ᠠ᠂ ᠳ᠋ᠢᠵᠢᠲ᠋ᠠᠯ ᠠᠷᠠᠯᠵᠢᠶ᠎ᠠ ᠵᠡᠷᠭᠡ ᠱᠢᠨ᠎ᠡ ᠨᠡᠮᠡᠭ᠌ᠳᠡᠯ᠎ᠤᠨ ᠴᠡᠭ᠎ᠢ ᠪᠤᠢᠵᠢᠭᠤᠯᠵᠤ᠂ ᠨᠥᠬᠦᠴᠡᠯ᠎ᠲᠠᠢ ᠭᠠᠵᠠᠷ ᠣᠷᠣᠨ᠎ᠤ ᠱᠢᠨ᠎ᠡ ᠬᠡᠯᠪᠡᠷᠢ᠎ᠶ᠋ᠢᠨ ᠬᠢᠯᠢ᠎ᠶ᠋ᠢᠨ ᠭᠠᠳᠠᠨᠠᠬᠢ ᠠᠷᠠᠯᠵᠢᠶ᠎ᠠ᠎ᠶ᠋ᠢ ᠬᠥᠭ᠌ᠵᠢᠭᠦᠯᠬᠦ᠌᠎ᠶ᠋ᠢ ᠲᠡᠮᠵᠢᠵᠦ᠂ ᠬᠢᠯᠢ ᠵᠢᠨ ᠠᠷᠠᠯᠵᠢᠶ᠎ᠠ ᠵᠢ ᠢᠳᠡᠪᠬᠢᠳᠡᠢ ᠬᠦᠭᠵᠢᠭᠦᠯᠦᠨ᠎ᠡ᠃ ᠭᠠᠳᠠᠭᠠᠳᠤ ᠣᠷᠣᠭᠤᠯᠤᠯᠲᠠ᠎ᠶ᠋ᠢᠨ ᠦᠵᠡᠰᠭᠦᠯᠡᠩ᠂ ᠭᠤᠸᠠᠩᠵᠧᠦ᠍᠎ᠶ᠋ᠢᠨ ᠠᠷᠠᠯᠵᠢᠶᠠᠨ ᠎ᠤ ᠴᠤᠭ᠍ᠯᠠᠭᠠᠨ᠂ ᠦᠢᠯᠡᠴᠢᠯᠡᠭᠡᠨ ᠎ᠤ ᠠᠷᠠᠯᠵᠢᠶᠠᠨ᠎ᠤ ᠴᠤᠭ᠍ᠯᠠᠭᠠᠨ᠂ ᠳ᠋ᠢᠵᠢᠲ᠋ᠠᠯ ᠠᠷᠠᠯᠵᠢᠶᠠᠨ ᠎ᠤ ᠴᠤᠭ᠍ᠯᠠᠭᠠᠨ᠂ ᠬᠡᠷᠡᠭ᠌ᠯᠡᠭᠡᠨ᠎ᠤ ᠵᠦᠢᠯ ᠎ᠤᠨ ᠦᠵᠡᠰᠭᠦᠯᠡᠩ ᠵᠡᠷᠭᠡ ᠴᠢᠬᠤᠯᠠ ᠶᠡᠭᠡ ᠦᠵᠡᠰᠭᠦᠯᠡᠩ ᠴᠤᠭ᠍ᠯᠠᠭᠠᠨ᠎ᠢ  ᠴᠢᠨᠠᠷ ᠰᠠᠢᠲᠠᠶ ᠰᠠᠢᠲᠤᠷ ᠡᠷᠬᠢᠯᠡᠨ᠎ᠡ᠃ ᠤᠶᠤᠨᠴᠢ ᠪᠣᠭᠤᠮᠲᠠ᠎ᠶ᠋ᠢᠨ ᠪᠦᠳᠤᠭᠡᠨ ᠪᠠᠢᠭᠤᠯᠤᠯᠲᠠ ᠪᠠ ᠬᠠᠮᠲᠤᠷᠠᠯᠴᠠᠭ᠎ᠠ᠎ᠶ᠋ᠢ ᠠᠬᠢᠭᠤᠯᠵᠤ᠂ ᠪᠤᠭᠤᠮᠲᠠ ᠦᠩᠭᠡᠷᠡᠬᠦ᠌᠎ᠶ᠋ᠢ ᠳᠦᠳᠡᠴᠢᠯᠡᠭᠦ᠌ ᠲᠦᠪᠱᠢᠨ᠎ᠢ ᠳᠡᠭᠡᠭ᠌ᠰᠢᠯᠡᠭᠦᠯᠦᠨ᠎ᠡ᠃

ᠭᠠᠳᠠᠭᠠᠳᠤ ᠎ᠶ᠋ᠢᠨ ᠬᠤᠳᠠᠯᠳᠤᠭᠠᠴᠢᠨ ᠎ᠤ ᠪᠡᠯᠡ ᠣᠷᠣᠭᠤᠯᠬᠤ ᠎ᠶ᠋ᠢ ᠶᠡᠭᠡ᠎ᠪᠠᠷ ᠵᠣᠷᠢᠬ᠍ᠵᠢᠭᠤᠯᠤᠨ᠎ᠠ᠃ ᠦᠢᠯᠡᠴᠢᠯᠡᠭᠡᠨ ᠎ᠤ ᠦᠢᠯᠡᠰ᠎ᠤᠨ ᠨᠡᠭᠡᠭᠡᠯᠳᠡ ᠎ᠶ᠋ᠢ ᠥᠷᠭᠡᠳᠭᠡᠬᠦ᠌ ᠶᠡᠷᠦᠩᠬᠡᠢᠯᠡᠭ᠌ᠰᠡᠨ ᠲᠤᠷᠱᠢᠯᠲᠠ ᠎ᠶ᠋ᠢᠨ ᠵᠢᠱ᠌ᠢᠶ᠎ᠡ ᠦᠵᠡᠭᠦᠯᠬᠦ᠌ ᠠᠵᠢᠯ᠎ᠢ ᠠᠬᠢᠭᠤᠯᠵᠤ᠂ ᠢᠨᠲ᠋ᠧᠷ ᠰᠦᠯᠵᠢᠶ᠎ᠡ᠂ ᠰᠣᠶᠣᠯ ᠵᠡᠷᠭᠡ ᠬᠦᠷᠢᠶᠡᠨ ᠎ᠤ ᠡᠮᠬᠢ ᠵᠢᠷᠤᠮ᠎ᠲᠠᠢ᠎ᠪᠠᠷ ᠨᠡᠭᠡᠭᠡᠯᠳᠡ ᠬᠢᠬᠦ᠌᠎ᠶ᠋ᠢ ᠠᠬᠢᠭᠤᠯᠵᠤ᠂ ᠴᠠᠬᠢᠯᠭᠠᠨ ᠬᠤᠯᠪᠣᠭ᠎ᠠ᠂ ᠡᠮᠨᠡᠯᠭᠡ᠂ ᠰᠤᠷᠭᠠᠨ ᠬᠥᠮᠦᠵᠢᠯ ᠵᠡᠷᠭᠡ ᠬᠦᠷᠢᠶᠡᠨ᠎ᠤ ᠨᠡᠭᠡᠭᠡᠯᠳᠡ ᠬᠢᠬᠦ᠌ ᠲᠤᠷᠱᠢᠯᠲᠠ᠎ᠶ᠋ᠢ ᠥᠷᠭᠡᠳᠭᠡᠨ᠎ᠡ᠃ ᠭᠠᠳᠠᠭᠠᠳᠤ᠎ᠶ᠋ᠢᠨ ᠪᠡᠯᠡ ᠣᠷᠣᠭᠤᠯᠤᠭ᠍ᠴᠢ᠎ᠶ᠋ᠢᠨ ᠲᠠᠬᠢᠨ ᠪᠡᠯᠡ ᠣᠷᠣᠭᠤᠯᠤᠯᠲᠠ᠎ᠪᠠᠨ ᠥᠷᠭᠡᠳᠭᠡᠬᠦ᠌ ᠶ᠋ᠢ ᠵᠣᠷᠢᠬ᠍ᠵᠢᠭᠤᠯᠵᠤ᠂ ᠠᠵᠤ ᠦᠢᠯᠡᠰ᠎ᠤᠨ ᠬᠡᠯᠬᠢᠶ᠎ᠡ᠎ᠶ᠋ᠢᠨ ᠳᠡᠭᠡᠳᠦ ᠲᠤᠤᠷᠠᠳᠤ ᠤᠷᠤᠰᠭᠠᠯ ᠎ᠤᠨ ᠢᠵᠢ ᠪᠦᠷᠢᠳᠦᠭᠦᠯᠬᠦ᠌ ᠬᠠᠮᠵᠢᠯᠴᠠᠭ᠎ᠠ᠎ᠳᠤ ᠣᠷᠣᠯᠴᠠᠬᠤ᠎ᠶ᠋ᠢ ᠲᠡᠮᠵᠢᠨ᠎ᠠ᠃ ᠭᠠᠳᠠᠭᠠᠳᠤ ᠪᠡᠯᠡ᠎ᠶ᠋ᠢᠨ ᠠᠵᠤ ᠠᠬᠤᠢᠯᠠᠯ᠎ᠤᠨ ᠡᠯᠧᠮᠧᠨ᠋ᠲ ᠤᠯᠬᠤ᠂ ᠬᠢᠷᠢ ᠴᠢᠳᠠᠯ᠎ᠢᠶᠠᠨ ᠵᠥᠪᠱᠢᠶᠡᠷᠡᠭᠦᠯᠬᠦ᠂ ᠪᠠᠷᠢᠮᠵᠢᠶ᠎ᠠ ᠲᠣᠭ᠍ᠲᠠᠭᠠᠬᠤ᠂ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠵᠡᠷᠭᠡ ᠲᠠᠯ᠎ᠠ᠎ᠪᠠᠷ᠎ᠬᠢ ᠠᠷᠠᠳ ᠢᠷᠭᠡᠨ᠎ᠤ ᠬᠠᠷᠠᠭᠠᠯᠵᠠᠯ ᠎ᠢ ᠦᠨᠡᠨ ᠬᠦ᠌ ᠪᠠᠲᠤᠯᠠᠨ᠎ᠠ᠃ ᠭᠠᠳᠠᠭᠠᠳᠤ ᠪᠡᠯᠡ᠎ᠶ᠋ᠢᠨ ᠠᠵᠤ ᠠᠬᠤᠢᠯᠠᠯ᠎ᠤᠨ ᠦᠢᠯᠡᠴᠢᠯᠡᠭᠡ ᠪᠠᠲᠤᠯᠠᠭ᠎ᠠ᠎ᠶ᠋ᠢ ᠴᠢᠩᠭᠠᠳᠭᠠᠵᠤ᠂ ᠪᠡᠯᠭᠡ ᠲᠡᠮᠳᠡᠭ ᠎ᠤᠨ ᠴᠢᠨᠠᠷᠲᠠᠢ ᠲᠦᠰᠦᠯ᠎ᠢ ᠨᠠᠢᠳᠠᠪᠤᠷᠢᠵᠢᠭᠤᠯᠬᠤ᠎ᠶ᠋ᠢ ᠲᠦᠷᠭᠡᠳᠭᠡᠵᠦ᠍᠂ 《ᠳᠤᠮᠳᠠᠳᠤ ᠤᠯᠤᠰ ᠎ᠲᠤ ᠪᠡᠯᠡ ᠤᠷᠤᠭᠤᠯᠬᠤ》 ᠨᠠᠷᠠᠲᠤ ᠲᠡᠮᠳᠡᠭ᠎ᠢ ᠦᠷᠭᠦᠯᠵᠢᠯᠡᠨ ᠪᠣᠶ ᠪᠣᠯᠭᠠᠨ᠎ᠠ᠃ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠣᠷᠣᠨ᠎ᠤ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌ ᠪᠠ ᠥᠭᠡᠷᠡᠴᠢᠯᠡᠯᠲᠡ᠎ᠶ᠋ᠢᠨ ᠡᠭᠦᠷᠭᠡ᠎ᠶ᠋ᠢᠨ ᠡᠷᠬᠡ ᠣᠯᠭᠤᠯᠲᠠ᠎ᠶ᠋ᠢ ᠥᠷᠭᠡᠳᠭᠡᠬᠦ᠌᠎ᠶ᠋ᠢ ᠠᠬᠢᠭᠤᠯᠵᠤ᠂ ᠬᠠᠢᠨᠠᠨ᠎ᠤ ᠴᠢᠯᠥᠭᠡᠲᠦ ᠠᠷᠠᠯᠵᠢᠶᠠᠨ᠎ᠤ ᠭᠠᠷᠠᠮ᠎ᠤᠨ ᠭᠤᠤᠯ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠬᠤ᠎ᠶ᠋ᠢ ᠱᠠᠯᠠᠪᠳᠠᠨ ᠠᠬᠢᠭᠤᠯᠵᠤ᠂ ᠠᠵᠤ ᠠᠬᠤᠶ᠎ᠶ᠋ᠢᠨ ᠨᠡᠭᠡᠭᠡᠨ ᠬᠥᠭ᠌ᠵᠢᠬᠦᠯᠤᠯᠳᠡ᠎ᠶ᠋ᠢᠨ ᠣᠷᠣᠨ᠎ᠤ ᠨᠡᠭᠡᠭᠡᠯᠲᠡᠳᠤ ᠬᠥᠭ᠌ᠵᠢᠯᠲᠡ ᠎ᠶ᠋ᠢᠨ ᠲᠥᠷᠥ ᠎ᠶ᠋ᠢᠨ ᠪᠣᠳᠣᠯᠭ᠎ᠠ᠎ᠶ᠋ᠢ ᠲᠡᠭᠦᠯᠳᠡᠷᠵᠢᠭᠦᠯᠵᠤ᠂ ᠶᠡᠷᠦᠩᠬᠡᠢᠯᠡᠭ᠌ᠰᠡᠨ ᠭᠠᠢᠯᠢ᠎ᠶ᠋ᠢᠨ ᠪᠠᠲᠤᠯᠠᠭᠠᠲᠤ ᠤᠷᠤᠨ ᠎ᠤ  ᠬᠡᠯᠪᠡᠷᠢ᠎ᠪᠠᠨ ᠬᠤᠪᠢᠷᠠᠭᠤᠯᠤᠨ ᠳᠡᠰ ᠳᠡᠪᠱᠢᠬᠦᠯᠬᠦ᠌᠎ᠶ᠋ᠢ ᠠᠬᠢᠭᠤᠯᠤᠨ᠎ᠠ᠃ ᠵᠠᠬ᠎ᠠ ᠳᠡᠯᠭᠡᠭᠦᠷᠴᠢᠯᠡᠭ᠌ᠰᠡᠨ᠂ ᠬᠠᠤᠯᠢ᠎ᠪᠠᠷ ᠵᠠᠰᠠᠭ᠍ᠰᠠᠨ᠂ ᠤᠯᠠᠨ ᠤᠯᠤᠰᠴᠢᠯᠠᠭ᠍ᠰᠠᠨ ᠲᠡᠷᠢᠭᠦᠨ ᠵᠡᠷᠭᠡ᠎ᠶ᠋ᠢᠨ ᠬᠤᠳᠠᠯᠳᠤᠭ᠎ᠠ ᠡᠵᠡᠩᠨᠡᠬᠦ᠌ ᠣᠷᠴᠢᠨ ᠨᠥᠬᠦᠴᠡᠯ᠎ᠢ ᠦᠷᠭᠦᠯᠵᠢᠯᠡᠨ ᠪᠣᠢ ᠪᠣᠯᠭᠠᠵᠤ᠂ ᠭᠠᠳᠠᠭᠠᠳᠤ ᠪᠡᠯᠡ᠎ᠶ᠋ᠢᠨ ᠠᠵᠤ ᠠᠬᠤᠢᠯᠠᠯ᠎ᠢ ᠨᠠᠩ ᠰᠠᠢᠨ ᠬᠥᠭ᠌ᠵᠢᠯᠳᠠ᠎ᠲᠠᠢ ᠪᠤᠯᠭᠠᠨ᠎ᠠ᠃

《ᠨᠢᠭᠡ ᠪᠦᠰᠡ ᠨᠢᠭᠡ ᠵᠠᠮ》ᠢ᠋ ᠬᠠᠮᠲᠤ᠎ᠪᠠᠷ ᠴᠢᠨᠠᠷ ᠰᠠᠢᠲᠠᠶ ᠪᠠᠢᠭᠤᠯᠬᠤ᠎ᠶ᠋ᠢ ᠭᠦᠨᠵᠡᠭᠡᠢᠷᠡᠭᠦᠯᠦᠨ ᠪᠣᠳᠠᠲᠠᠢᠵᠢᠭᠤᠯᠬᠤ᠎ᠶ᠋ᠢ ᠠᠬᠢᠭᠤᠯᠤᠨ᠎ᠠ᠃ ᠴᠢᠬᠤᠯᠠ ᠶᠡᠭᠡ ᠪᠡᠯᠭᠡ ᠲᠡᠮᠳᠡᠭ᠎ᠤᠨ ᠴᠢᠨᠠᠷᠲᠠᠶ ᠢᠨᠵᠧᠨᠧᠷᠢᠩ ᠪᠠ 《ᠪᠠᠭ᠎ᠠ ᠠᠲᠠᠯ᠎ᠠ ᠰᠠᠢᠬᠠᠨ》 ᠠᠷᠠᠳ᠎ᠤᠨ ᠠᠮᠢᠳᠤᠷᠠᠯ᠎ᠤᠨ ᠲᠥᠰᠥᠯ᠎ᠤᠨ ᠪᠦᠲᠦᠭᠡᠨ ᠪᠠᠢᠭᠤᠯᠤᠯᠲᠠ᠎ᠶ᠋ᠢ ᠨᠢᠭᠡᠳᠦᠯᠲᠡᠶ ᠲᠥᠯᠥᠪᠯᠡᠨ ᠠᠬᠢᠭᠤᠯᠵᠤ᠂ ᠨᠢᠭᠡ ᠪᠦᠯᠦᠭ ᠵᠢᠱ᠌ᠢᠶ᠎ᠡ ᠦᠵᠡᠭᠦᠯᠬᠦ᠌ ᠴᠢᠨᠠᠷᠲᠠᠶ ᠬᠠᠮᠲᠤᠷᠠᠯᠴᠠᠭᠠᠨ᠎ᠤ ᠦᠷ᠎ᠡ ᠪᠦᠲᠦᠭᠡᠯ᠎ᠢ ᠪᠤᠢ ᠪᠣᠯᠭᠠᠨ᠎ᠠ᠃ ᠳᠤᠮᠳᠠᠳᠤ ᠧᠦ᠋ᠷᠣᠫᠠ᠎ᠶ᠋ᠢᠨ ᠡᠭᠡᠯᠵᠢ᠎ᠶ᠋ᠢᠨ ᠴᠤᠪᠤᠭ᠎ᠠ ᠲᠡᠷᠭᠡ᠎ᠶ᠋ᠢᠨ ᠲᠣᠭ᠍ᠲᠠᠭᠤᠨ ᠪᠦᠭᠡᠳ ᠰᠠᠭᠠᠳ ᠦᠭᠡᠢ ᠠᠵᠢᠯᠯᠠᠭᠠᠨ᠎ᠢ ᠪᠠᠲᠤᠯᠠᠵᠤ᠂ ᠪᠠᠷᠠᠭᠤᠨ ᠬᠡᠰᠡᠭ᠎ᠤᠨ ᠭᠠᠵᠠᠷ ᠤᠷᠤᠨ᠎ᠤ ᠳᠠᠯᠠᠢ ᠬᠠᠭᠤᠷᠠᠢ᠎ᠶ᠋ᠢᠨ ᠱᠢᠨ᠎ᠡ ᠵᠠᠮ᠎ᠤᠨ ᠪᠦᠲᠦᠭᠡᠨ ᠪᠠᠢᠭᠤᠯᠤᠯᠲᠠ᠎ᠶ᠋ᠢ ᠲᠦᠷᠭᠡᠳᠭᠡᠨ᠎ᠡ᠃ ᠭᠠᠳᠠᠭᠠᠳᠤ᠎ᠳᠠᠬᠢ ᠪᠡᠯᠡ ᠣᠷᠣᠭᠤᠯᠤᠯᠳᠡ᠎ᠶ᠋ᠢᠨ ᠡᠷᠡᠭᠦᠯ ᠪᠥᠭᠡᠳ ᠠᠮᠤᠷ ᠲᠦᠪᠱᠢᠨ᠎ᠢᠶᠠᠷ ᠡᠮᠬᠢ ᠵᠢᠷᠤᠮ᠎ᠲᠠᠢ ᠬᠥᠭ᠌ᠵᠢᠭᠦ᠎ᠶ᠋ᠢ ᠬᠥᠲᠥᠯᠥᠨ ᠵᠢᠯᠣᠭᠤᠳᠴᠤ᠌᠂ ᠬᠠᠤᠯᠢ ᠴᠠᠭᠠᠵᠠ᠂ ᠮᠥᠩᠭᠦᠨ ᠭᠦᠢᠯᠭᠡᠭᠡ᠂ ᠪᠠᠷᠠᠭᠠᠨ᠎ᠤ ᠭᠦᠢᠯᠭᠡᠭᠡ ᠵᠡᠷᠭᠡ᠎ᠶ᠋ᠢᠨ ᠭᠠᠳᠠᠭᠠᠳᠤ᠎ᠳᠠᠬᠢ ᠶᠡᠷᠦᠩᠬᠡᠢᠯᠡᠭ᠌ᠰᠡᠨ ᠦᠢᠯᠡᠴᠢᠯᠡᠭᠡ᠎ᠶ᠋ᠢ ᠴᠢᠩᠭᠠᠳᠭᠠᠵᠤ᠂ ᠠᠵᠤ ᠦᠢᠯᠡᠰ᠎ᠤᠨ ᠬᠡᠯᠬᠢᠶ᠎ᠡ ᠬᠠᠩᠭᠠᠯᠭ᠎ᠠ᠎ᠶ᠋ᠢᠨ ᠬᠡᠯᠬᠢᠶ᠎ᠡ᠎ᠶ᠋ᠢᠨ ᠤᠯᠠᠨ ᠤᠯᠤᠰ᠎ᠤᠨ ᠬᠠᠮᠲᠤᠷᠠᠯᠴᠠᠭᠠᠨ᠎ᠤ ᠪᠠᠢᠷᠢᠯᠠᠭᠤᠯᠤᠯᠳᠡ᠎ᠶ᠋ᠢ ᠱᠢᠯᠢᠳᠡᠭ᠌ᠵᠢᠭᠦᠯᠦᠨ᠎ᠡ᠃

ᠤᠯᠠᠨ ᠲᠠᠯᠠᠳᠤ ᠬᠤᠶᠠᠷ ᠲᠠᠯᠠᠳᠤ ᠠᠵᠤ ᠠᠬᠤᠢ᠎ᠶ᠋ᠢᠨ ᠬᠠᠮᠳᠤᠷᠠᠯᠴᠠᠭ᠎ᠠ ᠪᠠ ᠣᠷᠣᠨ ᠪᠦᠰᠡ᠎ᠶ᠋ᠢᠨ ᠠᠵᠤ ᠠᠬᠤᠶ᠎ᠶ᠋ᠢᠨ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠦᠨ᠎ᠡ᠃ ᠪᠦᠬᠦ᠌ ᠪᠥᠮᠪᠥᠷᠴᠡᠭ᠎ᠲᠤ ᠬᠠᠨᠳᠤᠭᠤᠯᠤᠭ᠍ᠰᠠᠨ ᠥᠨᠳᠥᠷ ᠪᠠᠷᠢᠮᠵᠢᠶᠠᠲᠤ ᠴᠢᠯᠥᠭᠡᠲᠦ ᠠᠷᠠᠯᠵᠢᠶᠠᠨ᠎ᠤ ᠣᠷᠣᠨ᠎ᠤ ᠲᠤᠤᠷ᠎ᠢ ᠦᠷᠭᠦᠯᠵᠢᠯᠡᠨ ᠥᠷᠭᠡᠳᠭᠡᠵᠦ᠍᠂ ᠳᠤᠮᠳᠠᠳᠤ ᠤᠯᠤᠰ — — ᠵᠡᠬᠦᠨ ᠡᠮᠦᠨᠡᠳᠦ ᠠᠽᠢᠶ᠎ᠠ᠎ᠶ᠋ᠢᠨ ᠤᠯᠤᠰ᠎ᠤᠳ᠎ᠤᠨ ᠬᠤᠯᠪᠤᠭ᠎ᠠ᠎ᠶ᠋ᠢᠨ ᠴᠢᠯᠥᠭᠡᠲᠦ ᠠᠷᠠᠯᠵᠢᠶᠠᠨ᠎ᠤ ᠣᠷᠣᠨ᠎ᠤ 3.0 ᠬᠡᠪᠯᠡᠯ᠎ᠤᠨ ᠲᠡᠰ ᠳᠡᠪᠱᠢᠭ᠌ᠰᠡᠨ ᠬᠡᠯᠡᠯᠴᠡᠭᠡᠷ᠎ᠲᠤ ᠭᠠᠷ᠎ᠤᠨ ᠦᠰᠦᠭ ᠵᠢᠷᠤᠬᠤ᠎ᠶ᠋ᠢ ᠠᠬᠢᠭᠤᠯᠵᠤ᠂ 《ᠳ᠋ᠢᠵᠢᠲ᠋ᠠᠯ ᠠᠵᠤ ᠠᠬᠤᠶ᠎ᠶ᠋ᠢᠨ ᠬᠠᠨᠢᠲᠠᠨ᠎ᠤ ᠬᠠᠷᠢᠴᠠᠭ᠎ᠠ᠎ᠶ᠋ᠢᠨ ᠬᠡᠯᠡᠯᠴᠡᠬᠡᠷ 》 ᠪᠠ 《ᠪᠦᠬᠦ᠌ ᠲᠠᠯ᠎ᠠ᠎ᠶ᠋ᠢᠨ ᠬᠢᠭᠡᠳ ᠳᠠᠪᠱᠢᠩᠭᠤᠢ ᠨᠣᠮᠣᠬᠠᠨ ᠲᠡᠯᠡᠶ ᠠᠯᠤᠰᠯᠠᠭ᠍ᠰᠠᠨ ᠬᠠᠨᠢᠲᠠᠨ᠎ᠤ ᠬᠠᠷᠢᠴᠠᠭ᠎ᠠ᠎ᠶ᠋ᠢᠨ ᠬᠡᠯᠡᠯᠴᠡᠬᠡᠷ 》᠎ᠲᠦ ᠣᠷᠣᠯᠴᠠᠬᠤ ᠠᠬᠢᠴᠠ᠎ᠶ᠋ᠢ ᠢᠳᠡᠪᠬᠢᠲᠡᠶ ᠠᠬᠢᠭᠤᠯᠤᠨ᠎ᠠ᠃ ᠳᠡᠯᠡᠬᠡᠶ᠎ᠶ᠋ᠢᠨ ᠠᠷᠠᠯᠵᠢᠶᠠᠨ᠎ᠤ ᠵᠣᠬᠢᠶᠠᠨ ᠪᠠᠢᠭᠤᠯᠤᠯᠲᠠ᠎ᠪᠠᠷ ᠭᠤᠣᠯᠯᠠᠭᠤᠯᠤᠭ᠍ᠰᠠᠨ ᠣᠯᠠᠨ ᠲᠠᠯᠠᠲᠤ ᠠᠷᠠᠯᠵᠢᠶᠠᠨ᠎ᠤ ᠪᠠᠢᠭᠤᠯᠤᠯ᠎ᠢ ᠡᠷᠡᠰ ᠬᠠᠮᠠᠭᠠᠯᠠᠵᠤ᠂ ᠡᠯ᠎ᠡ ᠤᠯᠤᠰ᠎ᠯᠤᠭ᠎ᠠ᠎ᠶ᠋ᠢᠨ ᠠᠱᠢᠭ ᠲᠤᠰᠠ᠎ᠶ᠋ᠢᠨ ᠨᠡᠢᠯᠡᠯ ᠴᠡᠭ᠎ᠢ ᠥᠷᠭᠡᠳᠭᠡᠵᠦ᠍᠂ ᠬᠠᠮᠲᠤ᠎ᠶ᠋ᠢᠨ ᠬᠥᠭ᠌ᠵᠢᠯᠲᠡ᠎ᠶ᠋ᠢ ᠠᠬᠢᠭᠤᠯᠤᠨ᠎ᠠ᠃

(ᠵᠢᠷᠭᠤᠭ᠎ᠠ ) ᠭᠤᠤᠯᠳᠠᠯᠭ᠎ᠠ᠎ᠲᠠᠢ ᠬᠦᠷᠢᠶᠡᠨ᠎ᠤ ᠠᠶᠤᠯ ᠲᠦᠭ᠌ᠰᠢᠭᠦᠷᠢ᠎ᠶ᠋ᠢ ᠪᠦᠲᠦᠮᠵᠢᠲᠡᠶ ᠰᠡᠷᠭᠡᠢᠯᠡᠨ ᠠᠷᠢᠯᠭᠠᠵᠤ᠂ ᠱᠢᠰᠲ᠋ᠧᠮ᠎ᠤᠨ ᠴᠢᠨᠠᠷᠲᠠᠶ ᠠᠶᠤᠯ ᠲᠦᠭ᠌ᠰᠢᠭᠦᠷᠢ ᠦᠯᠦ᠍ ᠭᠠᠷᠭᠠᠬᠤ ᠬᠢᠵᠠᠭᠠᠷ ᠱᠤᠭᠤᠮ᠎ᠢ ᠪᠠᠲᠤ ᠰᠠᠬᠢᠨ᠎ᠠ᠃ ᠬᠥᠭ᠌ᠵᠢᠯᠲᠡ ᠪᠣᠯᠤᠨ ᠠᠮᠤᠷ ᠲᠦᠪᠱᠢᠨ᠎ᠢ ᠨᠡᠩ ᠰᠠᠢᠲᠤᠷ ᠨᠢᠭᠡᠳᠦᠯᠲᠡᠢ ᠲᠥᠯᠥᠪᠯᠡᠵᠦ᠍᠂ ᠬᠥᠭ᠌ᠵᠢᠬᠦᠯᠬᠦ᠌ ᠶᠠᠪᠤᠴᠠ᠎ᠳᠤ ᠠᠶᠤᠯ ᠲᠦᠭ᠌ᠰᠢᠭᠦᠷᠢ᠎ᠶ᠋ᠢ ᠠᠯᠬᠤᠮ ᠠᠯᠬᠤᠮ᠎ᠢᠶᠠᠷ ᠠᠷᠢᠯᠭᠠᠬᠤ᠎ᠶ᠋ᠢ ᠪᠠᠷᠢᠮᠲᠠᠯᠠᠵᠤ᠂ ᠴᠢᠨᠠᠷ ᠰᠠᠢᠲᠠᠢ ᠬᠥᠭ᠌ᠵᠢᠯᠲᠡ ᠪᠠ ᠥᠨᠳᠥᠷ ᠲᠦᠪᠱᠢᠨ ᠪᠦᠬᠦᠢ ᠠᠮᠤᠷ ᠲᠦᠪᠱᠢᠨ᠎ᠤ ᠰᠠᠢᠨ ᠦᠢᠯᠡᠳᠦᠯᠴᠡᠯ᠎ᠢ ᠴᠢᠷᠮᠠᠢᠨ ᠪᠡᠶᠡᠯᠡᠭᠦᠯᠦᠨ᠎ᠡ᠃

ᠭᠡᠷ ᠪᠠᠢᠱᠢᠩ ᠭᠠᠵᠠᠷ ᠱᠢᠷᠣᠶ᠎ᠶ᠋ᠢᠨ ᠬᠥᠷᠥᠩᠭᠡ᠎ᠶ᠋ᠢᠨ ᠵᠠᠬ᠎ᠠ ᠳᠡᠯᠭᠡᠭᠦᠷ᠎ᠤᠨ ᠪᠠᠭᠤᠷᠠᠯᠲᠠ᠎ᠶ᠋ᠢ ᠵᠣᠭ᠍ᠰᠣᠭᠠᠵᠤ ᠲᠣᠭ᠍ᠲᠠᠭᠤᠨ ᠪᠠᠢᠳᠠᠯ᠎ᠳᠤ ᠤᠷᠤᠭᠤᠯᠬᠤ᠎ᠶ᠋ᠢ ᠦᠷᠭᠦᠯᠵᠢᠯᠡᠨ ᠬᠦᠴᠦᠯᠡᠨ ᠠᠬᠢᠭᠤᠯᠤᠨ᠎ᠠ᠃ ᠬᠤᠲᠠ᠎ᠶ᠋ᠢᠨ ᠪᠠᠢᠳᠠᠯ᠎ᠳᠤᠨᠢ ᠲᠤᠬᠢᠷᠠᠭᠤᠯᠤᠨ ᠲᠥᠷᠥ᠎ᠶ᠋ᠢᠨ ᠪᠣᠳᠣᠯᠭ᠎ᠠ ᠬᠡᠷᠡᠭ᠌ᠵᠢᠭᠦᠯᠵᠦ᠍ ᠪᠠᠢᠭᠠᠳ ᠬᠢᠵᠠᠭᠠᠷᠯᠠᠬᠤ ᠴᠢᠨᠠᠷᠲᠠᠶ ᠠᠷᠭ᠎ᠠ ᠬᠡᠮᠵᠢᠶ᠎ᠡ᠎ᠶ᠋ᠢ ᠲᠤᠬᠢᠷᠠᠭᠤᠯᠤᠨ ᠬᠠᠰᠤᠵᠤ᠂ ᠬᠤᠲᠠ᠎ᠶ᠋ᠢᠨ ᠲᠤᠳᠤᠷᠠᠬᠢ ᠲᠣᠰᠭᠤᠨ ᠪᠣᠯᠤᠨ ᠨᠤᠷᠠᠬᠤ ᠠᠶᠤᠯᠳᠠᠢ ᠬᠠᠭᠤᠴᠢᠨ ᠭᠡᠷ ᠪᠠᠢᠱᠢᠩ᠎ᠢ ᠱᠢᠨᠡᠳᠭᠡᠨ ᠵᠠᠰᠠᠬᠤ᠎ᠶ᠋ᠢ ᠬᠦᠴᠦᠯᠡᠨ ᠬᠡᠷᠡᠭ᠌ᠵᠢᠭᠦᠯᠵᠦ᠍᠂ ᠵᠠᠢᠯᠠᠰᠢ ᠦᠭᠡᠢ ᠴᠢᠨᠠᠷᠲᠠᠢ ᠪᠠ ᠰᠠᠢᠵᠢᠷᠠᠭᠤᠯᠬᠤ ᠴᠢᠨᠠᠷᠲᠠᠶ ᠣᠷᠣᠨ ᠰᠠᠭᠤᠴᠠ᠎ᠶ᠋ᠢᠨ ᠬᠡᠷᠡᠭ᠌ᠴᠡᠭᠡ᠎ᠶ᠋ᠢᠨ ᠳᠠᠯᠳᠠ ᠬᠦᠴᠦᠨ᠎ᠢ ᠭᠦᠢᠴᠡᠳ ᠰᠤᠯᠠᠯᠠᠨ ᠭᠠᠷᠭᠠᠨ᠎ᠠ᠃ ᠬᠤᠲᠠ᠎ᠶ᠋ᠢᠨ ᠣᠷᠣᠨ ᠵᠠᠶ᠎ᠶ᠋ᠢᠨ ᠪᠦᠲᠦᠴᠡ ᠪᠠ ᠭᠠᠵᠠᠷ ᠱᠢᠷᠣᠶ ᠠᠱᠢᠭ᠍ᠯᠠᠬᠤ ᠠᠷᠭ᠎ᠠ ᠮᠠᠶᠢᠭ ᠎ᠢ ᠱᠢᠯᠢᠳᠡᠭ᠌ᠵᠢᠭᠦᠯᠵᠦ᠍᠂ ᠭᠡᠷ ᠪᠠᠢᠱᠢᠩ ᠭᠠᠵᠠᠷ ᠱᠢᠷᠤᠢ᠎ᠶ᠋ᠢᠨ ᠬᠥᠷᠥᠩᠭᠡ᠎ᠶ᠋ᠢᠨ ᠬᠡᠷᠡᠭ᠌ᠯᠡᠬᠦ᠌ ᠭᠠᠵᠠᠷ᠎ᠤᠨ ᠬᠠᠩᠭᠠᠯᠭ᠎ᠠ᠎ᠶ᠋ᠢ ᠱᠢᠨ᠎ᠠ᠎ᠪᠠᠷ ᠨᠡᠮᠡᠭ᠌ᠳᠡᠬᠦᠯᠬᠦ᠌᠎ᠶ᠋ᠢ ᠵᠦᠶ ᠵᠣᠬᠢᠰᠲᠠᠶ ᠬᠢᠵᠠᠭᠠᠷᠯᠠᠨ᠎ᠠ᠃ ᠬᠠᠳᠠᠭᠠᠯᠠᠯᠳᠠ ᠬᠡᠷᠡᠭ᠌ᠯᠡᠬᠦ᠌ ᠭᠠᠵᠠᠷ ᠪᠠ ᠬᠤᠳᠠᠯᠳᠤᠭ᠎ᠠ ᠡᠷᠭᠢᠯᠡᠭᠦ᠌ ᠠᠯᠪᠠᠯᠠᠬᠤ᠎ᠳᠤ ᠬᠡᠷᠡᠭ᠌ᠯᠡᠬᠦ᠌ ᠬᠡᠷ ᠪᠠᠢᠱᠢᠩ᠎ᠢ ᠠᠮᠢᠳᠤᠯᠢᠭ ᠪᠣᠯᠭᠠᠵᠤ᠂ ᠬᠠᠳᠠᠭᠠᠯᠠᠯᠳᠠ ᠲᠠᠸᠠᠷ᠎ᠤᠨ ᠬᠡᠷ ᠪᠠᠢᠱᠢᠩ᠎ᠢ ᠬᠤᠳᠠᠯᠳᠤᠨ ᠠᠪᠬᠤ᠎ᠶ᠋ᠢ ᠠᠬᠢᠭᠤᠯᠵᠤ᠂ ᠬᠤᠳᠠᠯᠳᠤᠨ ᠠᠪᠬᠤ ᠪᠡᠶᠡᠴᠢ ᠴᠣᠭ᠍ᠴᠠ᠂ ᠦᠨ᠎ᠡ ᠬᠠᠩᠰᠢ ᠪᠠ ᠬᠡᠷᠡᠭ᠌ᠴᠡᠭᠡᠨ᠎ᠤ ᠲᠠᠯ᠎ᠠ᠎ᠪᠠᠷ ᠬᠤᠲᠠ᠎ᠶ᠋ᠢᠨ ᠵᠠᠰᠠᠭ᠎ᠤᠨ ᠣᠷᠳᠣᠨ᠎ᠳᠤ ᠨᠠᠩ ᠶᠡᠭᠡ ᠡᠵᠡᠨ ᠮᠡᠳᠡᠬᠦ᠌ ᠡᠷᠬᠡ ᠣᠯᠭᠤᠨ᠎ᠠ᠃ ᠪᠠᠲᠤᠯᠠᠭ᠎ᠠ᠎ᠶ᠋ᠢᠨ ᠴᠢᠨᠠᠷᠲᠠᠶ ᠣᠷᠣᠨ ᠰᠠᠭᠤᠴᠠ᠎ᠶ᠋ᠢᠨ ᠳᠠᠬᠢᠨ ᠵᠢᠭᠡᠯᠡᠯᠭᠡ᠎ᠶ᠋ᠢᠨ ᠬᠡᠷᠡᠭ᠌ᠯᠡᠬᠦ᠌ ᠬᠡᠪᠴᠢᠶ᠎ᠡ᠎ᠶ᠋ᠢ ᠥᠷᠭᠡᠳᠭᠡᠨ᠎ᠡ᠃ ᠬᠡᠷ ᠪᠠᠢᠱᠢᠩ ᠭᠠᠵᠠᠷ ᠱᠢᠷᠤᠢ᠎ᠶ᠋ᠢᠨ ᠬᠥᠷᠥᠩᠭᠡ ᠎ᠶ᠋ᠢᠨ ᠪᠠᠯᠠ ᠲᠣᠬᠢᠷᠠᠭᠤᠯᠭ᠎ᠠ᠎ᠶ᠋ᠢ ᠵᠣᠬᠢᠴᠠᠭᠤᠯᠬᠤ ᠲᠣᠭ᠍ᠲᠠᠴᠠ᠎ᠶ᠋ᠢᠨ ᠦᠢᠯᠡᠳᠦᠯ᠎ᠢ ᠪᠠᠳᠠᠷᠠᠭᠤᠯᠵᠤ᠂ ᠬᠡᠷ ᠪᠠᠢᠱᠢᠩ᠎ᠢ ᠪᠠᠳᠤᠳᠠᠢ ᠲᠤᠱᠢᠶᠠᠬᠤ ᠠᠵᠢᠯ᠎ᠢ ᠦᠷᠭᠦᠯᠵᠢᠯᠡᠨ ᠰᠠᠢᠲᠤᠷ ᠬᠢᠵᠦ᠍᠂ ᠬᠡᠷ ᠪᠠᠢᠱᠢᠩ ᠭᠠᠵᠠᠷ ᠱᠢᠷᠤᠢ᠎ᠶ᠋ᠢᠨ ᠬᠥᠷᠥᠩᠭᠡ᠎ᠶ᠋ᠢᠨ ᠠᠵᠤ ᠠᠬᠤᠢᠯᠠᠯ᠎ᠤᠨ ᠦᠷᠢ ᠥᠭ᠌ᠴᠡᠭᠡ᠎ᠶ᠋ᠢᠨ ᠭᠡᠷ᠎ᠠ ᠵᠦᠷᠢᠴᠡᠬᠦ᠌ ᠲᠦᠭ᠌ᠰᠢᠭᠦᠷᠢ᠎ᠶ᠋ᠢ ᠪᠦᠲᠦᠮᠵᠢᠲᠡᠶ ᠰᠡᠷᠭᠡᠢᠯᠡᠨ᠎ᠡ᠃ ᠬᠠᠮᠢᠶ᠎ᠠ ᠪᠦᠬᠦᠢ ᠰᠠᠭᠤᠷᠢ ᠴᠢᠨᠠᠷᠲᠠᠶ ᠳᠦᠷᠢᠮ᠎ᠢ ᠡᠮᠬᠢ ᠵᠢᠷᠤᠮ᠎ᠲᠠᠢ ᠪᠠᠢᠭᠤᠯᠵᠤ᠂ ᠭᠡᠷ ᠪᠠᠢᠱᠢᠩ ᠭᠠᠵᠠᠷ ᠱᠢᠷᠤᠢ᠎ᠶ᠋ᠢᠨ ᠬᠥᠷᠥᠩᠭᠡ᠎ᠶ᠋ᠢᠨ ᠬᠥᠭ᠌ᠵᠢᠯᠲᠡ᠎ᠶ᠋ᠢᠨ ᠱᠢᠨ᠎ᠡ ᠵᠠᠭ᠍ᠪᠤᠷ᠎ᠢ ᠲᠦᠷᠭᠡᠯᠡᠨ ᠪᠠᠢᠭᠤᠯᠤᠨ᠎ᠠ᠃ ᠠᠷᠠᠳ ᠣᠯᠠᠨ᠎ᠤ ᠦᠨᠳᠤᠷ ᠴᠢᠨᠠᠷ ᠴᠢᠨᠰᠠᠭ᠎ᠠ ᠪᠦᠬᠦᠢ ᠣᠷᠣᠱᠢᠨ ᠰᠠᠭᠤᠬᠤ ᠬᠡᠷᠡᠭ᠌ᠴᠡᠭᠡ᠎ᠳᠤ ᠵᠣᠬᠢᠴᠠᠭᠤᠯᠤᠨ᠂ ᠪᠠᠷᠢᠮᠵᠢᠶ᠎ᠠ ᠵᠢᠷᠤᠮᠵᠢᠯ ᠎ᠢ ᠲᠡᠭᠦᠯᠳᠡᠷᠵᠢᠭᠦᠯᠵᠦ᠍᠂ ᠠᠮᠤᠷ ᠲᠦᠪᠱᠢᠨ᠂ ᠲᠠᠭᠠᠯᠠᠮᠵᠢᠲᠠᠶ᠂ ᠨᠤᠭᠤᠭᠠᠨ᠂ ᠣᠶᠤᠨᠴᠢ 《ᠰᠠᠢᠨ ᠪᠠᠢᠱᠢᠩ 》 ᠢ᠋ ᠪᠥᠲᠥᠭᠡᠨ ᠪᠠᠢᠭᠤᠯᠬᠤ᠎ᠶ᠋ᠢ ᠠᠬᠢᠭᠤᠯᠤᠨ᠎ᠠ᠃

ᠣᠷᠣᠨ ᠨᠤᠲᠤᠭ ᠎ᠤᠨ ᠵᠠᠰᠠᠭ᠎ᠤᠨ ᠣᠷᠳᠣᠨ᠎ᠤ ᠦᠷᠢ ᠥᠭ᠌ᠴᠡᠭᠡᠨ᠎ᠤ ᠠᠶᠤᠯ ᠲᠦᠭ᠌ᠰᠢᠭᠦᠷᠢ᠎ᠶ᠋ᠢ ᠯᠠᠪᠳᠠᠭᠤᠨ ᠳᠤᠬᠢᠳᠠᠢ ᠠᠷᠢᠯᠭᠠᠨ᠎ᠠ᠃ ᠬᠥᠭ᠌ᠵᠢᠬᠦᠯᠬᠦ᠌ ᠳᠤᠮᠳᠠ ᠥᠷᠢ᠎ᠶ᠋ᠢ ᠱᠢᠢᠳᠪᠤᠷᠢᠯᠡᠬᠦ᠂ ᠥᠷᠢ᠎ᠶ᠋ᠢ ᠱᠢᠢᠳᠪᠤᠷᠢᠯᠡᠬᠦ᠌ ᠳᠤᠮᠳᠠ ᠬᠥᠭ᠌ᠵᠢᠭᠦᠯᠬᠦ᠌᠎ᠶ᠋ᠢ ᠪᠠᠷᠢᠮᠲᠠᠯᠠᠵᠤ᠂ ᠥᠷᠢ᠎ᠶ᠋ᠢ ᠱᠢᠢᠳᠪᠤᠷᠢᠯᠡᠬᠦ᠌ ᠬᠠᠮ ᠲᠥᠰᠦᠯ᠎ᠢ ᠲᠡᠭᠦᠯᠳᠡᠷᠵᠢᠭᠦᠯᠦᠨ ᠨᠠᠢᠳᠠᠪᠤᠷᠢᠵᠢᠭᠤᠯᠵᠤ᠂ ᠬᠢᠨᠠᠨ ᠱᠢᠯᠭᠠᠬᠤ ᠪᠠ ᠬᠠᠮᠢᠶᠠᠷᠤᠨ ᠡᠵᠡᠮᠳᠡᠬᠦ᠌ ᠠᠷᠭ᠎ᠠ ᠬᠡᠮᠵᠢᠶ᠎ᠡ᠎ᠶ᠋ᠢ ᠱᠢᠯᠢᠳᠡᠭ᠌ᠵᠢᠭᠦᠯᠦᠨ᠂ ᠦᠷᠢ ᠥᠭ᠌ᠴᠡᠭᠡ᠎ᠶ᠋ᠢᠨ ᠲᠦᠭ᠌ᠰᠢᠭᠦᠷᠢ ᠶᠡᠬᠡᠲᠡᠶ ᠭᠠᠵᠠᠷ ᠣᠷᠣᠨ᠎ᠤ ᠨᠡᠷᠡᠰ᠎ᠢ ᠬᠥᠳᠡᠯᠦᠩᠭᠦᠶ᠎ᠪᠠᠷ ᠲᠣᠬᠢᠷᠠᠭᠤᠯᠵᠦ᠍᠂ ᠪᠠᠯᠠ ᠣᠷᠣᠭᠤᠯᠤᠯᠲᠠ᠎ᠶ᠋ᠢᠨ ᠱᠢᠨ᠎ᠡ ᠣᠷᠣᠨ ᠵᠠᠶ ᠨᠡᠭᠡᠭᠡᠬᠦ᠌᠎ᠶ᠋ᠢ ᠳᠡᠮᠵᠢᠨ᠎ᠡ᠃ ᠱᠢᠨᠵᠢᠯᠡᠬᠦ᠌ ᠤᠬᠠᠭᠠᠨᠴᠢ᠎ᠪᠠᠷ ᠲᠥᠷᠥᠯ ᠬᠤᠪᠢᠶᠠᠬᠤ᠂ ᠨᠠᠷᠢᠯᠢᠬ ᠣᠨᠣᠴᠠᠲᠠᠶ᠎ᠪᠠᠷ ᠰᠣᠯᠢᠬᠤ ᠵᠠᠷᠴᠢᠮ᠎ᠤᠨ ᠶᠣᠰᠣᠭᠠᠷ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠳᠠᠯᠳᠠ ᠥᠷᠢ ᠥᠭ᠌ᠴᠡᠭᠡ᠎ᠶ᠋ᠢ ᠰᠣᠯᠢᠬᠤ ᠠᠵᠢᠯ᠎ᠢ ᠰᠠᠢᠲᠤᠷ ᠬᠢᠨ᠎ᠡ᠃ ᠵᠠᠰᠠᠭ᠎ᠤᠨ ᠣᠷᠳᠣᠨ᠎ᠤ ᠥᠷᠢ ᠥᠭ᠌ᠴᠡᠭᠡ᠎ᠶ᠋ᠢᠨ ᠬᠠᠮᠢᠶᠠᠷᠤᠯᠲᠠ᠎ᠶ᠋ᠢᠨ ᠳᠦᠷᠢᠮ᠎ᠢ ᠲᠡᠭᠦᠯᠳᠡᠷᠵᠢᠭᠦᠯᠵᠦ᠍᠂ ᠲᠣᠭ᠍ᠲᠠᠭᠠᠯ᠎ᠠᠴᠠ ᠵᠥᠷᠢᠴᠡᠨ ᠥᠷᠢ ᠲᠠᠯᠪᠢᠬᠤ ᠬᠦᠭ᠌ᠰᠡᠯ᠎ᠢ ᠡᠷᠡᠰ ᠬᠤᠷᠢᠭ᠍ᠯᠠᠨ᠎ᠠ᠃ ᠣᠷᠣᠨ ᠨᠤᠲᠤᠭ᠎ᠤᠨ ᠪᠡᠯᠡ ᠲᠣᠬᠢᠷᠠᠭᠤᠯᠬᠤ ᠲᠠᠪᠴᠠᠩ᠎ᠤᠨ ᠵᠠᠰᠠᠭ᠎ᠤᠨ ᠣᠷᠳᠣᠨ᠎ᠤ ᠪᠡᠯᠡ ᠲᠣᠬᠢᠷᠠᠭᠤᠯᠬᠤ ᠴᠢᠳᠠᠮᠵᠢ᠎ᠶ᠋ᠢ ᠲᠦᠷᠭᠡᠯᠡᠨ ᠰᠠᠯᠭᠠᠵᠤ᠂ ᠵᠠᠬ᠎ᠠ ᠳᠡᠯᠭᠡᠭᠦᠷᠴᠢᠯᠡᠨ ᠬᠡᠯᠪᠡᠷᠢ᠎ᠪᠠᠨ ᠬᠤᠪᠢᠷᠠᠭᠤᠯᠬᠤ ᠪᠠ ᠥᠷᠢ ᠥᠭ᠌ᠴᠡᠭᠡ᠎ᠶ᠋ᠢᠨ ᠲᠦᠭ᠌ᠰᠢᠭᠦᠷᠢ᠎ᠶ᠋ᠢ ᠠᠷᠢᠯᠭᠠᠬᠤ᠎ᠶ᠋ᠢ ᠠᠬᠢᠭᠤᠯᠤᠨ᠎ᠠ᠃

ᠮᠥᠩᠭᠦᠨ ᠭᠦᠢᠯᠭᠡᠭᠡᠨ᠎ᠤ ᠬᠦᠷᠢᠶᠡᠨ᠎ᠳᠠᠬᠢ ᠠᠶᠤᠯ ᠲᠦᠭ᠌ᠰᠢᠭᠦᠷᠢ᠎ᠶ᠋ᠢ ᠢᠳᠡᠪᠬᠢᠲᠡᠶ ᠰᠡᠷᠭᠡᠢᠯᠡᠨ᠎ᠡ᠃ ᠵᠠᠬ᠎ᠠ ᠳᠡᠯᠭᠡᠭᠦᠷᠴᠢᠯᠡᠬᠦ᠂ ᠬᠠᠤᠯᠢ᠎ᠪᠠᠷ ᠵᠠᠰᠠᠬᠤ ᠵᠠᠷᠴᠢᠮ᠎ᠤᠨ ᠶᠣᠰᠣᠭᠠᠷ᠂ ᠣᠷᠣᠨ ᠨᠤᠲᠤᠭ᠎ᠤᠨ ᠳᠤᠮᠳᠠ ᠵᠢᠵᠢᠭ ᠮᠥᠩᠭᠦᠨ ᠭᠦᠢᠯᠭᠡᠭᠡᠨ ᠎ᠤ ᠪᠠᠢᠭᠤᠯᠤᠮᠵᠢ᠎ᠶ᠋ᠢᠨ ᠠᠶᠤᠯ ᠲᠦᠭ᠌ᠰᠢᠭᠦᠷᠢ᠎ᠶ᠋ᠢ ᠱᠢᠢᠳᠪᠦᠷᠢᠯᠡᠬᠦ᠌ ᠪᠠ ᠬᠡᠯᠪᠡᠷᠢ ᠎ᠪᠠᠨ ᠬᠤᠪᠢᠷᠠᠭᠤᠯᠤᠨ ᠬᠥᠭ᠌ᠵᠢᠭᠦ᠎ᠶ᠋ᠢ ᠨᠢᠭᠡ ᠴᠣᠭ᠍ᠴᠠᠵᠢᠭᠤᠯᠤᠨ ᠠᠬᠢᠭᠤᠯᠵᠤ᠂ ᠬᠥᠷᠥᠩᠭᠡ ᠮᠥᠩᠭᠦ᠎ᠶ᠋ᠢ ᠨᠥᠬᠦᠪᠥᠷᠢᠯᠡᠬᠦ᠂ ᠨᠡᠢᠯᠡᠭᠦᠯᠦᠨ ᠳᠠᠬᠢᠨ ᠵᠣᠬᠢᠶᠠᠨ ᠪᠠᠢᠭᠤᠯᠬᠤ᠂ ᠵᠠᠬ᠎ᠠ ᠳᠡᠯᠭᠡᠭᠦᠷ᠎ᠠᠴᠠ ᠤᠬᠤᠷᠢᠨ ᠭᠠᠷᠬᠤ ᠵᠡᠷᠭᠡ ᠠᠷᠭ᠎ᠠ ᠮᠠᠶᠢᠭ᠎ᠢ ᠶᠡᠷᠦᠩᠬᠡᠢᠯᠡᠨ ᠬᠡᠷᠡᠭ᠌ᠯᠡᠵᠦ᠍ ᠪᠠᠢᠭᠠᠳ ᠠᠶᠤᠯ ᠲᠦᠭ᠌ᠰᠢᠭᠦᠷᠢ᠎ᠶ᠋ᠢ ᠲᠥᠷᠥᠯ ᠬᠤᠪᠢᠶᠠᠨ ᠠᠷᠢᠯᠭᠠᠨ᠎ᠠ᠃ ᠳᠤᠮᠳᠠ ᠵᠢᠵᠢᠭ ᠮᠥᠩᠭᠦᠨ ᠭᠦᠢᠯᠭᠡᠭᠡᠨ᠎ᠤ ᠪᠠᠢᠭᠤᠯᠤᠮᠵᠢ᠎ᠶ᠋ᠢᠨ ᠴᠢᠳᠠᠮᠵᠢ᠎ᠶ᠋ᠢᠨ ᠪᠠᠢᠷᠢ ᠲᠣᠭ᠍ᠲᠠᠭᠠᠯᠲᠠ ᠪᠠ ᠵᠠᠰᠠᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠢᠯᠭᠠᠭᠠᠵᠢᠭᠤᠯᠤᠬ᠍ᠰᠠᠨ᠂ ᠠᠭᠤᠯᠤᠭ᠍ᠳᠠᠬᠤᠨ᠎ᠤ ᠬᠡᠯᠪᠡᠷᠢᠳᠦ ᠬᠥᠭ᠌ᠵᠢᠯᠲᠡ᠎ᠶ᠋ᠢ ᠪᠡᠶᠡᠯᠡᠭᠦᠯᠬᠦ᠌᠎ᠶ᠋ᠢ ᠠᠬᠢᠭᠤᠯᠤᠨ᠎ᠠ᠃ ᠮᠥᠩᠭᠦᠨ ᠭᠦᠢᠯᠭᠡᠭᠡᠨ᠎ᠤ ᠬᠢᠨᠠᠯᠲᠠ ᠬᠠᠮᠢᠶᠠᠷᠤᠯᠲᠠ᠎ᠶ᠋ᠢᠨ ᠱᠢᠰᠲ᠋ᠧᠮ᠎ᠢ ᠪᠦᠷᠢᠨᠱᠢᠭᠦᠯᠵᠦ᠍᠂ ᠰᠠᠯᠠᠭ᠎ᠠ ᠮᠦᠴᠢᠷ ᠠᠯᠣᠰᠯᠠᠭᠰᠠᠨ ᠬᠠᠮᠳᠣᠷᠠᠯᠴᠠᠭ᠎ᠠ ᠵᠢ ᠴᠢᠩᠭᠠᠳᠬᠠᠵᠣ᠂ ᠲᠥᠪ᠎ᠤᠨ ᠪᠠ ᠣᠷᠣᠨ ᠨᠤᠲᠤᠭ᠎ᠤᠨ ᠬᠢᠨᠠᠯᠳᠠ ᠬᠠᠮᠢᠶᠠᠷᠤᠯᠳᠠ᠎ᠶ᠋ᠢᠨ ᠬᠠᠮᠵᠢᠯᠴᠠᠭ᠎ᠠ᠎ᠶ᠋ᠢ ᠴᠢᠩᠭᠠᠳᠭᠠᠵᠤ᠂ ᠬᠠᠦᠯᠢ ᠪᠤᠰᠤ ᠮᠥᠩᠭᠦᠨ ᠭᠦᠢᠯᠭᠡᠭᠡᠨ᠎ᠤ ᠠᠵᠢᠯᠯᠠᠭ᠎ᠠ᠎ᠳᠤ ᠦᠨᠳᠤᠷ ᠲᠠᠷᠤᠯᠳᠡ ᠦᠵᠡᠬᠦᠯᠵᠦ᠍ ᠴᠢᠩᠭ᠎ᠠ ᠴᠣᠬᠢᠯᠲᠠ ᠥᠭ᠌ᠬᠦ ᠪᠠᠢᠳᠠᠯ᠎ᠢ ᠪᠠᠲᠤᠯᠠᠨ᠎ᠠ᠃ ᠬᠠᠳᠠᠭᠠᠯᠠᠮᠵᠢ᠎ᠶ᠋ᠢᠨ ᠳᠠᠭᠠᠳᠭᠠᠯ᠎ᠤᠨ ᠰᠠᠭᠤᠷᠢ ᠮᠥᠩᠭᠦ᠌᠂ ᠮᠥᠩᠭᠦᠨ ᠭᠦᠢᠯᠭᠡᠭᠡ᠎ᠶ᠋ᠢ ᠲᠣᠭ᠍ᠲᠠᠭᠤᠨ ᠪᠠᠢᠯᠭᠠᠬᠤ ᠪᠠᠲᠤᠯᠠᠭ᠎ᠠ᠎ᠶ᠋ᠢᠨ ᠰᠠᠭᠤᠷᠢ ᠮᠥᠩᠭᠦ᠌ ᠵᠡᠷᠭᠡ ᠲᠦᠭ᠌ᠰᠢᠬᠦᠷᠢ᠎ᠶ᠋ᠢ ᠠᠷᠢᠯᠭᠠᠬᠤ ᠡᠬᠢ ᠪᠠᠶᠠᠯᠢᠭ᠎ᠢ ᠲᠡᠭᠦᠯᠳᠡᠷᠵᠢᠭᠦᠯᠦᠨ᠎ᠡ᠃ ᠭᠠᠳᠠᠭᠠᠳᠤ ᠠᠶᠤᠯ ᠲᠦᠭ᠌ᠰᠢᠭᠦᠷᠢ᠎ᠶ᠋ᠢᠨ ᠲᠠᠭᠠᠷᠢᠯᠳᠠ᠎ᠶ᠋ᠢ ᠠᠷᠭᠠᠴᠠᠬᠤ ᠪᠡᠯᠡᠳᠭᠡᠯ ᠲᠥᠰᠦᠯ᠎ᠢ ᠲᠡᠭᠦᠯᠳᠡᠷᠵᠢᠭᠦᠯᠵᠦ᠍᠂ ᠮᠥᠩᠭᠦᠨ ᠭᠦᠢᠯᠭᠡᠭᠡᠨ᠎ᠤ ᠠᠮᠤᠷ ᠲᠦᠪᠱᠢᠨ ᠲᠣᠭ᠍ᠲᠠᠭᠤᠨ ᠪᠠᠢᠳᠠᠯ᠎ᠢ ᠪᠦᠲᠦᠮᠵᠢᠲᠡᠶ ᠬᠠᠮᠠᠭᠠᠯᠠᠨ᠎ᠠ᠃

(ᠳᠣᠯᠤᠭ᠎ᠠ) ᠲᠠᠷᠢᠶᠠᠯᠠᠩ ᠬᠥᠳᠡᠭᠡ ᠲᠣᠰᠭᠤᠨ ᠲᠠᠷᠢᠶᠠᠴᠢᠨ᠎ᠤ ᠠᠵᠢᠯ᠎ᠢ ᠬᠦᠴᠦᠯᠡᠨ ᠰᠠᠢᠲᠤᠷ ᠠᠳᠭᠤᠵᠤ᠂ ᠬᠥᠳᠡᠭᠡ ᠲᠣᠰᠭᠤᠨ᠎ᠢ ᠪᠥᠬᠦ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠎ᠶ᠋ᠢ ᠭᠦᠨᠵᠡᠭᠡᠢᠷᠡᠬᠦᠯᠦᠨ ᠠᠬᠢᠭᠤᠯᠤᠨ᠎ᠠ᠃ ᠲᠠᠷᠢᠶᠠᠯᠠᠩ ᠬᠥᠳᠡᠭᠡ ᠲᠣᠰᠭᠤᠨ᠎ᠢ ᠤᠷᠢᠳ᠎ᠢᠶᠠᠷ ᠬᠥᠭ᠌ᠵᠢᠭᠦᠯᠬᠦ᠌᠎ᠶ᠋ᠢ ᠪᠠᠷᠢᠮᠲᠠᠯᠠᠵᠤ᠂ 《ᠮᠢᠩᠭ᠎ᠠ ᠲᠥᠮᠡ᠎ᠶ᠋ᠢᠨ ᠢᠨᠵᠧᠨᠧᠷᠢᠩ》 ᠤ᠋ᠨ ᠲᠤᠷᠱᠢᠯᠭ᠎ᠠ᠎ᠶ᠋ᠢ ᠰᠤᠷᠤᠯᠴᠠᠨ ᠬᠡᠷᠡᠭ᠌ᠯᠡᠵᠦ᠍᠂ ᠲᠠᠷᠢᠶᠠᠯᠠᠩ᠎ᠢ ᠬᠦᠴᠦᠷᠬᠡᠭ᠌ᠵᠢᠭᠦᠯᠬᠦ᠂ ᠲᠠᠷᠢᠶᠠᠴᠢᠳ᠎ᠲᠤ ᠠᠱᠢᠭ ᠬᠦᠷᠲᠡᠭᠡᠬᠦ᠂ ᠲᠠᠷᠢᠶᠠᠴᠢᠳ᠎ᠢ ᠪᠠᠶᠠᠵᠢᠭᠤᠯᠬᠤ᠎ᠶ᠋ᠢ ᠳᠡᠮᠵᠢᠬᠦ᠌ ᠳᠦᠷᠢᠮ᠎ᠢ ᠲᠡᠭᠦᠯᠳᠡᠷᠵᠢᠭᠦᠯᠵᠦ᠍᠂ ᠠᠷᠭ᠎ᠠ ᠪᠦᠬᠦᠨ ᠎ᠢ ᠰᠦᠪᠡᠭ᠌ᠴᠢᠯᠡᠨ ᠲᠠᠷᠢᠶᠠᠯᠠᠩ᠎ᠤᠨ ᠦᠷ᠎ᠡ ᠠᠱᠢᠭ᠎ᠢ ᠨᠡᠮᠡᠭ᠌ᠳᠡᠭᠦᠯᠬᠦ᠂ ᠬᠥᠳᠡᠭᠡ ᠲᠣᠰᠭᠤᠨ᠎ᠤ ᠠᠮᠢᠵᠢᠷᠠᠯ᠎ᠤᠨ ᠬᠦᠴᠦᠨ᠎ᠢ ᠨᠡᠮᠡᠭ᠌ᠳᠡᠭᠦᠯᠬᠦ᠂ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ᠌᠎ᠶ᠋ᠢ ᠠᠬᠢᠭᠤᠯᠤᠨ᠎ᠠ᠃

ᠠᠮᠤ ᠪᠤᠳᠠᠭ᠎ᠠ ᠵᠡᠷᠬᠡ ᠴᠢᠬᠤᠯᠠ ᠲᠠᠷᠢᠶᠠᠯᠠᠩ᠎ᠤᠨ ᠪᠦᠲᠦᠭᠡᠭ᠌ᠳᠡᠬᠦᠨ᠎ᠤ ᠭᠠᠷᠤᠯᠳᠠ᠎ᠶ᠋ᠢ ᠲᠣᠭ᠍ᠲᠠᠪᠤᠷᠢᠵᠢᠭᠤᠯᠵᠤ ᠬᠠᠩᠭᠠᠯᠭ᠎ᠠ᠎ᠶ᠋ᠢ ᠪᠠᠲᠤᠯᠠᠬᠤ ᠴᠢᠳᠠᠪᠤᠷᠢ᠎ᠶ᠋ᠢ ᠦᠷᠭᠦᠯᠵᠢᠯᠡᠨ ᠴᠢᠩᠭᠠᠷᠠᠭᠤᠯᠤᠨ᠎ᠠ᠃ ᠠᠮᠤ ᠪᠤᠳᠠᠭ᠎ᠠ ᠲᠠᠷᠢᠬᠤ ᠲᠠᠯᠠᠪᠠᠢ᠎ᠶ᠋ᠢ ᠲᠣᠭ᠍ᠲᠠᠪᠤᠷᠢᠵᠢᠭᠤᠯᠵᠤ᠂ ᠲᠠᠯᠠᠪᠠᠢ ᠨᠢᠭᠡᠴᠢ᠎ᠶ᠋ᠢᠨ ᠤᠨᠠᠯᠲᠠ ᠪᠠ ᠶᠠᠰᠤ ᠴᠢᠨᠠᠷ᠎ᠤᠨ ᠳᠡᠭᠡᠭ᠌ᠰᠢᠯᠡᠯᠲᠡ᠎ᠶ᠋ᠢᠨ ᠲᠠᠯ᠎ᠠ᠎ᠪᠠᠷ ᠭᠤᠤᠯᠯᠠᠨ ᠱᠢᠪᠳᠤᠯᠤᠯᠳᠡ ᠬᠢᠨ᠎ᠠ᠃ ᠱᠢᠷ᠎ᠠ ᠪᠤᠷᠴᠠᠭ᠎ᠢ ᠥᠷᠭᠡᠳᠭᠡᠨ ᠲᠠᠷᠢᠭ᠍ᠰᠠᠨ ᠦᠷ᠎ᠡ ᠪᠦᠲᠦᠭᠡᠯ᠎ᠢ ᠪᠠᠬᠢᠵᠢᠭᠦᠯᠵᠦ᠍᠂ ᠲᠣᠰᠣᠯᠢᠭ ᠲᠠᠷᠢᠮᠠᠯ᠎ᠤᠨ ᠭᠠᠷᠤᠯᠲᠠ᠎ᠶ᠋ᠢ ᠥᠷᠭᠡᠳᠭᠡᠬᠦ᠌ ᠳᠠᠯᠳᠠ ᠬᠦᠴᠦᠨ᠎ᠢ ᠠᠭᠤᠳᠠᠯᠤᠨ ᠨᠡᠭᠡᠭᠡᠨ ᠬᠦᠭᠵᠢᠭᠦᠯᠦᠨ᠎ᠡ᠃ ᠬᠥᠪᠥᠩ ᠱᠢᠬᠢᠷ ᠭᠤᠮ ᠵᠡᠷᠭᠡ᠎ᠶ᠋ᠢᠨ ᠭᠠᠷᠤᠯᠲᠠ᠎ᠶ᠋ᠢ ᠲᠣᠭ᠍ᠲᠠᠪᠤᠷᠢᠵᠢᠭᠤᠯᠤᠨ ᠶᠠᠰᠤ ᠴᠢᠨᠠᠷ᠎ᠢ᠎ᠨᠢ ᠳᠡᠭᠡᠭ᠌ᠰᠢᠯᠡᠭᠦᠯᠬᠦ᠌᠎ᠶ᠋ᠢ ᠠᠬᠢᠭᠤᠯᠤᠨ᠎ᠠ᠃ ᠮᠠᠯ ᠠᠵᠤ ᠠᠬᠤᠶ᠂ ᠵᠢᠭᠠᠰᠤᠨ ᠠᠵᠤ ᠠᠬᠤᠶ᠎ᠶ᠋ᠢᠨ ᠲᠣᠭ᠍ᠲᠠᠭᠤᠨ᠎ᠢᠶᠠᠷ ᠬᠥᠭ᠌ᠵᠢᠬᠦ᠌᠎ᠶ᠋ᠢ ᠲᠡᠳᠬᠦᠨ ᠳᠡᠮᠵᠢᠵᠦ᠍᠂ ᠣᠲᠣ ᠦᠶ᠎ᠡ᠎ᠶ᠋ᠢᠨ ᠲᠦᠬᠦᠭᠡᠷᠦᠮᠵᠢᠳᠦ ᠲᠠᠷᠢᠶᠠᠯᠠᠩ᠎ᠢ ᠬᠥᠭ᠌ᠵᠢᠭᠦᠯᠬᠦ᠌᠎ᠶ᠋ᠢ ᠲᠠᠮᠵᠢᠵᠦ᠍᠂ ᠢᠳᠡᠭᠡᠨ᠎ᠤ ᠡᠬᠢ ᠪᠠᠶᠠᠯᠢᠭ᠎ᠢ ᠪᠥᠬᠦ᠌ ᠲᠠᠯ᠎ᠠ᠎ᠪᠠᠷ ᠨᠡᠭᠡᠭᠡᠨ ᠬᠥᠭ᠌ᠵᠢᠭᠦᠯᠦᠨ᠎ᠡ᠃ ᠲᠠᠷᠢᠶᠠᠨ ᠭᠠᠵᠠᠷ᠎ᠤᠨ ᠤᠯᠠᠭᠠᠨ ᠱᠤᠭᠤᠮ᠎ᠢ ᠴᠢᠩᠭ᠎ᠠ ᠰᠠᠬᠢᠵᠤ᠂ ᠡᠵᠡᠯᠡᠬᠦ᠌ ᠨᠥᠬᠦᠪᠥᠷᠢᠯᠡᠬᠦ᠌᠎ᠶ᠋ᠢ ᠲᠡᠩᠴᠡᠭᠦᠷᠢᠳᠠᠢ ᠪᠠᠢᠯᠭᠠᠬᠤ ᠬᠠᠮᠢᠶᠠᠷᠤᠯᠲᠠ᠎ᠶ᠋ᠢ ᠴᠢᠩᠳᠠᠯᠠᠨ᠎ᠠ᠃ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠪᠦᠲᠦᠭᠡᠨ ᠪᠠᠢᠭᠤᠯᠤᠯᠲᠠ᠂ ᠬᠠᠮᠢᠶᠠᠷᠣᠯᠳᠠ ᠬᠠᠮᠠᠭᠠᠯᠠᠯᠳᠠ᠂ ᠠᠰᠢᠭᠯᠠᠯᠳᠠ ᠶ᠋ᠢ ᠴᠢᠨᠠᠷ ᠰᠠᠢᠲᠠᠶ ᠠᠬᠢᠭᠤᠯᠵᠤ᠂ ᠲᠠᠷᠢᠶᠠᠨ ᠭᠠᠵᠠᠷ᠎ᠤᠨ ᠤᠰᠤᠨ ᠠᠱᠢᠭ᠍ᠯᠠᠯᠲᠠ᠎ᠶ᠋ᠢᠨ ᠲᠦᠬᠦᠭᠡᠷᠤᠮᠵᠢ ᠪᠣᠯᠤᠨ ᠣᠳᠣᠬᠢᠴᠢᠯᠠᠭ᠍ᠰᠠᠨ ᠤᠰᠤᠯᠠᠯᠲᠠ᠎ᠶ᠋ᠢᠨ ᠣᠷᠣᠨ᠎ᠤ ᠪᠦᠲᠦᠭᠡᠨ ᠪᠠᠢᠭᠤᠯᠤᠯᠲᠠ᠎ᠶ᠋ᠢ ᠴᠢᠩᠭᠠᠳᠭᠠᠨ᠂ ᠮᠠᠭᠤᠳᠠᠭ᠍ᠰᠠᠨ ᠲᠠᠷᠢᠶᠠᠨ ᠭᠠᠵᠠᠷ᠎ᠤᠨ ᠵᠠᠰᠠᠯᠳᠡ ᠪᠣᠯᠣᠨ ᠰᠣᠯᠠ ᠬᠠᠶᠠᠭᠳᠠᠭᠰᠠᠨ ᠠᠳᠠᠷ ᠭᠠᠵᠠᠷ ᠎ᠢ ᠳᠠᠬᠢᠨ ᠬᠠᠭᠠᠯᠪᠣᠷᠢᠯᠠᠬᠣ  ᠶ᠋ᠢ ᠠᠬᠢᠭᠤᠯᠤᠨ᠎ᠠ᠃ ᠦᠷ᠎ᠡ᠎ᠶ᠋ᠢᠨ ᠦᠢᠯᠡᠰ᠎ᠢ ᠬᠥᠭ᠌ᠵᠢᠭᠦᠯᠦᠨ ᠮᠠᠨᠳᠤᠭᠤᠯᠬᠤ ᠠᠵᠢᠯᠯᠠᠭ᠎ᠠ᠎ᠶ᠋ᠢ ᠭᠦᠨᠵᠡᠭᠡᠢᠷᠡᠬᠦᠯᠤᠨ ᠬᠡᠷᠡᠭ᠌ᠵᠢᠭᠦᠯᠦᠨ᠎ᠡ᠃ ᠲᠡᠷᠢᠭᠦᠨ᠎ᠤ ᠪᠥᠭᠡᠳ ᠬᠡᠷᠡᠭ᠌ᠯᠡᠭᠡᠨ᠎ᠳᠤ ᠲᠤᠬᠢᠷᠠᠬᠤ ᠲᠠᠷᠢᠶᠠᠯᠠᠩ᠎ᠤᠨ ᠮᠠᠱᠢᠨ ᠲᠣᠨᠣᠭ᠍ᠯᠠᠯ᠎ᠢ ᠰᠤᠳᠤᠯᠤᠨ ᠨᠡᠭᠡᠭᠡᠵᠦ᠍ ᠬᠡᠷᠡᠭ᠌ᠯᠡᠬᠦ᠌ ᠪᠠ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠦᠷ᠎ᠡ ᠪᠦᠲᠦᠭᠡᠯ᠎ᠢ ᠶᠡᠭᠡ ᠬᠡᠪᠴᠢᠶ᠎ᠡ᠎ᠪᠠᠷ ᠳᠡᠯᠭᠡᠷᠡᠭᠦᠯᠬᠦ᠌ ᠎ᠶ᠋ᠢ ᠲᠦᠷᠭᠡᠳᠭᠡᠨ᠎ᠡ᠃ ᠠᠷᠭ᠎ᠠ ᠪᠤᠳᠤᠯᠭ᠎ᠠ᠎ᠶ᠋ᠢ ᠶᠡᠷᠦᠩᠬᠡᠢᠯᠡᠨ ᠬᠡᠷᠡᠭ᠌ᠵᠢᠭᠦᠯᠵᠦ᠍ ᠠᠮᠤ ᠪᠤᠳᠠᠭ᠎ᠠ ᠵᠡᠷᠬᠡ ᠴᠢᠬᠤᠯᠠ ᠲᠠᠷᠢᠶᠠᠯᠠᠩ᠎ᠤᠨ ᠪᠦᠲᠦᠭᠡᠭ᠌ᠳᠡᠬᠦᠨ᠎ᠤ ᠦᠨ᠎ᠡ ᠬᠠᠩᠰᠢ᠎ᠶ᠋ᠢ ᠵᠦᠶ ᠵᠣᠬᠢᠰᠲᠠᠶ ᠲᠦᠪᠱᠢᠨ᠎ᠳᠤ ᠪᠠᠢᠯᠭᠠᠬᠤ᠎ᠶ᠋ᠢ ᠠᠬᠢᠭᠤᠯᠤᠨ᠎ᠠ᠃ ᠲᠥᠪ᠎ᠤᠨ ᠨᠢᠭᠡᠳᠦᠯᠲᠡᠶ ᠲᠥᠯᠥᠪᠯᠡᠭ᠌ᠰᠡᠨ ᠠᠮᠤ ᠪᠤᠳᠠᠭᠠᠨ᠎ᠤ ᠦᠢᠯᠡᠳᠪᠦᠷᠢᠯᠡᠯ ᠪᠣᠷᠣᠯᠠᠭᠤᠯᠭ᠎ᠠ᠎ᠶ᠋ᠢᠨ ᠣᠷᠣᠨ᠎ᠤ ᠮᠤᠵᠢ᠎ᠶ᠋ᠢᠨ ᠬᠤᠭᠤᠷᠣᠨᠳᠣᠬᠢ ᠠᠱᠢᠭ ᠲᠤᠰᠠ᠎ᠶ᠋ᠢ ᠬᠦᠨᠳᠡᠯᠡᠨ᠎ᠢᠶᠠᠷ ᠨᠥᠬᠦᠪᠥᠷᠢᠯᠡᠬᠦ᠌ ᠠᠵᠢᠯ᠎ᠢ ᠡᠬᠢᠯᠡᠭᠦᠯᠵᠦ᠍᠂ ᠠᠮᠤ ᠪᠤᠳᠠᠭᠠᠨ᠎ᠤ ᠭᠠᠷᠤᠯᠲᠠ ᠶᠡᠬᠡᠲᠡᠶ ᠱᠢᠶᠠᠨ᠎ᠳᠤ ᠦᠵᠡᠭᠦᠯᠬᠦ᠌ ᠳᠡᠮᠵᠢᠯᠭᠡ᠎ᠪᠠᠨ ᠨᠡᠮᠡᠭ᠌ᠳᠡᠭᠦᠯᠵᠦ᠍᠂ ᠠᠮᠤ ᠪᠤᠳᠠᠭ᠎ᠠ ᠲᠠᠷᠢᠬᠤ ᠲᠠᠷᠢᠶᠠᠴᠢᠳ ᠪᠠ ᠠᠮᠤ ᠪᠤᠳᠠᠭᠠᠨ᠎ᠤ ᠭᠤᠤᠯ ᠭᠠᠷᠤᠯᠲᠠ᠎ᠶ᠋ᠢᠨ ᠣᠷᠣᠨ᠎ᠤ ᠢᠳᠡᠪᠬᠢᠵᠢᠯ᠎ᠢ ᠬᠠᠮᠠᠭᠠᠯᠠᠨ᠎ᠠ᠃ ᠡᠯ᠎ᠡ ᠭᠠᠵᠠᠷ ᠣᠷᠣᠨ ᠴᠥᠮ ᠤᠯᠤᠰ᠎ᠤᠨ ᠠᠮᠤ ᠪᠤᠳᠠᠭᠠᠨ᠎ᠤ ᠠᠮᠤᠷ ᠲᠦᠪᠱᠢᠨ᠎ᠢ ᠪᠠᠲᠤᠯᠠᠬᠤ ᠬᠠᠷᠢᠭᠤᠴᠠᠯᠭ᠎ᠠ᠎ᠶ᠋ᠢ ᠯᠠᠪᠳᠠᠭᠤᠨ ᠡᠭᠦᠷᠭᠡᠯᠡᠵᠦ᠍᠂ ᠬᠠᠮᠳᠤ᠎ᠪᠠᠷ᠎ᠢᠶᠠᠨ ᠬᠤᠭᠤᠯᠠ ᠬᠦᠨᠡᠰᠤ᠎ᠶ᠋ᠢ ᠨᠡᠩ ᠰᠠᠢᠳᠤᠷ ᠪᠠᠳᠤᠯᠠᠬᠤ ᠬᠡᠷᠡᠭ᠌ᠲᠡᠶ᠃

ᠶᠠᠳᠠᠭᠤ ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠱᠢᠢᠳᠪᠦᠷᠢᠯᠡᠭ᠌ᠰᠡᠨ ᠦᠷ᠎ᠡ ᠪᠦᠲᠦᠭᠡᠯ᠎ᠢ ᠥᠴᠦᠬᠡᠨ ᠴᠦ᠍ ᠰᠤᠯᠠᠷᠠᠭᠤᠯᠤᠯ ᠦᠭᠡᠢ᠎ᠪᠠᠷ ᠪᠠᠬᠢᠵᠢᠭᠦᠯᠦᠨ ᠥᠷᠭᠡᠳᠭᠡᠨ᠎ᠡ᠃ ᠬᠢᠨᠠᠨ ᠬᠡᠮᠵᠢᠵᠦ᠍ ᠬᠠᠪᠰᠤᠷᠤᠨ ᠲᠡᠳᠬᠦᠬᠦ᠌ ᠦᠢᠯᠡᠳᠦᠯ ᠴᠢᠳᠠᠪᠤᠷᠢ᠎ᠪᠠᠨ ᠳᠡᠭᠡᠭ᠌ᠰᠢᠯᠡᠭᠦᠯᠤᠨ᠂ 《ᠭᠤᠷᠪᠠ᠎ᠶ᠋ᠢ ᠪᠠᠳᠣᠯᠠᠭ᠎ᠠ᠎ᠲᠠᠢ ᠪᠠᠢᠯᠭᠠᠬᠤ》 ᠪᠠ ᠢᠳᠡᠬᠦ᠌ ᠤᠰᠤᠨ᠎ᠤ ᠠᠮᠤᠷ ᠲᠦᠪᠱᠢᠨ᠎ᠤ ᠦᠷ᠎ᠡ ᠪᠦᠲᠦᠭᠡᠯ᠎ᠢ ᠦᠷᠭᠦᠯᠵᠢᠯᠡᠨ ᠪᠠᠬᠢᠵᠢᠭᠦᠯᠦᠨ ᠳᠡᠭᠡᠭ᠌ᠰᠢᠯᠡᠭᠦᠯᠵᠦ᠍᠂ ᠬᠡᠪᠴᠢᠶᠡᠵᠢᠯ᠎ᠤᠨ ᠴᠢᠨᠠᠷᠲᠠᠶ᠎ᠪᠠᠷ ᠳᠠᠬᠢᠨ ᠶᠠᠳᠠᠭᠤᠷᠠᠬᠤ ᠪᠠ ᠶᠠᠳᠠᠭᠤᠷᠠᠬᠤ ᠪᠠᠢᠳᠠᠯ ᠡᠭᠦᠰᠭᠦ ᠥᠬᠡᠶ ᠪᠠᠢᠬᠤ᠎ᠶ᠋ᠢ ᠦᠨᠡᠨ ᠬᠦ᠌ ᠪᠠᠲᠤᠯᠠᠨ᠎ᠠ᠃ ᠣᠨᠳᠣᠦ ᠭᠠᠵᠠᠷ᠎ᠲᠤ ᠨᠡᠭᠦᠯᠭᠡᠭ᠌ᠰᠡᠨ᠎ᠤ ᠳᠠᠷᠠᠭᠠᠬᠢ ᠲᠡᠳᠬᠦᠨ ᠲᠡᠮᠵᠢᠬᠦ᠌ ᠠᠵᠢᠯ᠎ᠢ ᠴᠢᠩᠭᠠᠳᠭᠠᠵᠤ᠂ ᠬᠠᠪᠰᠤᠷᠤᠨ ᠲᠡᠳᠬᠦᠬᠦ᠌ ᠠᠵᠤ ᠦᠢᠯᠡᠰ᠎ᠤᠨ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌᠎ᠶ᠋ᠢ ᠲᠥᠷᠥᠯ ᠬᠤᠪᠢᠶᠠᠨ ᠠᠬᠢᠭᠤᠯᠵᠤ᠂ ᠠᠵᠢᠯ ᠣᠯᠭᠤᠯᠲᠠ᠎ᠪᠠᠷ ᠬᠠᠪᠰᠤᠷᠤᠨ ᠲᠡᠳᠬᠦᠬᠦ᠌ ᠡᠷᠴᠢᠮ᠎ᠢ ᠴᠢᠩᠭᠠᠷᠠᠭᠤᠯᠵᠤ᠂ ᠠᠵᠢᠯ ᠣᠯᠭᠤᠬᠤ ᠎ᠪᠠᠷ ᠲᠡᠳᠬᠦᠮᠵᠢ᠎ᠶ᠋ᠢ ᠣᠷᠣᠯᠠᠭᠤᠯᠬᠤ ᠬᠡᠪᠴᠢᠶ᠎ᠡ᠎ᠶ᠋ᠢ ᠥᠷᠭᠡᠳᠭᠡᠨ᠎ᠡ᠃ ᠵᠡᠭᠦᠨ ᠬᠡᠰᠡᠭ ᠪᠠᠷᠠᠭᠤᠨ ᠬᠡᠰᠡᠭ᠎ᠤᠨ ᠭᠠᠵᠠᠷ ᠣᠷᠣᠨ ᠬᠠᠮᠵᠢᠯᠴᠠᠬᠤ᠂ ᠴᠡᠭ ᠲᠣᠭ᠍ᠲᠠᠭᠠᠨ ᠬᠠᠪᠰᠤᠷᠤᠨ ᠲᠡᠳᠬᠦᠬᠦ᠂ ᠬᠡᠷᠡᠭ᠌ᠯᠡᠭᠡ᠎ᠪᠠᠷ ᠬᠠᠪᠰᠤᠷᠤᠨ ᠲᠡᠳᠬᠦᠬᠦ᠌᠎ᠶ᠋ᠢ ᠭᠦᠨᠵᠡᠭᠡᠢᠷᠡᠭᠦᠯᠦᠨ᠎ᠡ᠃ ᠶᠠᠳᠠᠭᠤ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠱᠢᠢᠳᠪᠦᠷᠢᠯᠡᠬᠦ᠌ ᠤᠯᠤᠰ᠎ᠤᠨ ᠣᠷᠣᠭᠤᠯᠤᠯᠲᠠ᠎ᠠᠴᠠ ᠪᠦᠷᠢᠯᠳᠦᠭ᠌ᠰᠡᠨ ᠪᠡᠯᠡ ᠬᠦᠷᠦᠩᠭᠡ᠎ᠶ᠋ᠢᠨ ᠤᠷᠳᠤ ᠬᠤᠭᠤᠴᠠᠭᠠᠨ᠎ᠤ ᠪᠦᠲᠦᠮᠵᠢᠲᠡᠶ ᠬᠠᠮᠢᠶᠠᠷᠤᠯᠲᠠ᠎ᠶ᠋ᠢᠨ ᠲᠣᠭ᠍ᠲᠠᠴᠠ᠎ᠶ᠋ᠢ ᠪᠦᠷᠢᠨᠱᠢᠭᠦᠯᠦᠨ᠎ᠡ᠃ ᠬᠦᠳᠡᠭᠡ ᠲᠤᠰᠭᠤᠨ᠎ᠤ ᠲᠠᠬᠢᠨ ᠶᠠᠳᠠᠭᠤᠷᠠᠬᠤ ᠪᠠ ᠶᠠᠳᠠᠭᠤᠷᠠᠬᠤ᠎ᠠᠴᠠ ᠰᠡᠷᠭᠡᠢᠯᠡᠬᠦ᠌ ᠲᠣᠭ᠍ᠲᠠᠴᠠ ᠪᠤᠯᠤᠨ ᠬᠥᠳᠡᠭᠡ ᠲᠣᠰᠭᠤᠨ᠎ᠤ ᠣᠷᠣᠯᠭ᠎ᠠ ᠪᠠᠭᠠᠲᠠᠶ ᠬᠥᠮᠦᠨ ᠠᠮᠠ᠂ ᠬᠥᠭ᠌ᠵᠢᠯᠳᠡ ᠪᠠᠭᠤᠷᠠᠢ ᠭᠠᠵᠠᠷ ᠣᠷᠣᠨ᠎ᠢ ᠱᠠᠲᠤ ᠬᠤᠪᠢᠶᠠᠨ ᠲᠥᠷᠥᠯ ᠬᠤᠪᠢᠶᠠᠨ ᠬᠠᠪᠰᠤᠷᠤᠨ ᠲᠡᠳᠬᠦᠬᠦ᠌ ᠳᠦᠷᠢᠮ᠎ᠢ ᠨᠢᠭᠡᠳᠦᠯᠲᠡᠶ ᠲᠥᠯᠥᠪᠯᠡᠨ ᠪᠠᠢᠭᠤᠯᠵᠦ᠍᠂ ᠶᠠᠳᠠᠭᠤ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠱᠢᠢᠳᠪᠦᠷᠢᠯᠡᠭ᠌ᠰᠡᠨ ᠦᠷ᠎ᠡ ᠪᠦᠲᠦᠭᠡᠯ ᠎ᠢ ᠪᠠᠬᠢᠵᠢᠭᠦᠯᠦᠨ ᠥᠷᠭᠡᠳᠭᠡᠬᠦ᠌᠎ᠶ᠋ᠢ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠯᠤᠭ᠎ᠠ ᠪᠦᠲᠦᠮᠵᠢᠲᠡᠢ ᠵᠣᠯᠭᠠᠯᠳᠤᠭᠤᠯᠤᠬ᠍ᠰᠠᠨ ᠳᠤᠬᠠᠢ ᠶᠡᠷᠦᠩᠬᠡᠢ ᠦᠨᠡᠯᠡᠨ ᠵᠢᠱ᠌ᠢᠯᠲᠡ᠎ᠶ᠋ᠢ ᠥᠷᠨᠢᠭᠦᠯᠵᠦ᠍᠂ ᠱᠢᠯᠵᠢᠯᠲᠡ᠎ᠶ᠋ᠢᠨ ᠬᠤᠭᠤᠴᠠᠭᠠᠨ᠎ᠤ ᠳᠠᠷᠠᠭᠠᠬᠢ ᠬᠠᠪᠰᠤᠷᠤᠨ ᠲᠡᠳᠬᠦᠬᠦ᠌ ᠲᠦᠷᠦ᠍᠎ᠶ᠋ᠢᠨ ᠪᠤᠳᠤᠯᠭ᠎ᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠦᠨ᠎ᠡ᠃

ᠬᠥᠳᠡᠭᠡ ᠲᠣᠰᠭᠤᠨ᠎ᠤ ᠥᠭᠡᠷᠡᠴᠢᠯᠡᠯᠲᠡ ᠬᠥᠭ᠌ᠵᠢᠯᠲᠡ᠎ᠶ᠋ᠢ ᠯᠠᠪᠳᠠᠭᠤᠨ ᠪᠠᠲᠤᠲᠠᠶ ᠠᠬᠢᠭᠤᠯᠤᠨ᠎ᠠ᠃ ᠬᠥᠳᠡᠭᠡ ᠲᠣᠰᠭᠤᠨ ᠎ᠤ ᠦᠨᠳᠦᠰᠦᠨ ᠡᠵᠡᠩᠨᠡᠯᠲᠡ᠎ᠶ᠋ᠢᠨ ᠳᠦᠷᠢᠮ᠎ᠢ ᠪᠠᠬᠢᠵᠢᠭᠦᠯᠦᠨ ᠲᠡᠭᠦᠯᠳᠡᠷᠵᠢᠭᠦᠯᠵᠦ᠍᠂ ᠬᠤᠶᠠᠳᠤᠭᠠᠷ ᠡᠭᠡᠯᠵᠢ ᠎ᠶ᠋ᠢᠨ ᠭᠠᠵᠠᠷ ᠱᠢᠷᠣᠶ᠎ᠶ᠋ᠢᠨ ᠳᠠᠭᠠᠭᠠᠴᠢᠯᠠᠯᠲᠠ᠎ᠶ᠋ᠢ ᠬᠤᠭᠤᠴᠠᠭ᠎ᠠ᠎ᠨᠢ ᠲᠤᠯᠤᠭ᠍ᠰᠠᠨ᠎ᠤ ᠳᠠᠷᠠᠭ᠎ᠠ ᠳᠠᠬᠢᠭᠠᠳ 30 ᠵᠢᠯ ᠤᠷᠲᠤᠳᠭᠠᠬᠤ ᠲᠤᠷᠱᠢᠯᠲᠠ᠎ᠶ᠋ᠢ ᠡᠮᠬᠢ ᠵᠢᠷᠤᠮ᠎ᠲᠠᠢ᠎ᠪᠠᠷ ᠠᠬᠢᠭᠤᠯᠵᠤ᠂ ᠪᠦᠬᠦᠯᠢ ᠮᠤᠵᠢ᠎ᠶ᠋ᠢᠨ ᠲᠤᠷᠱᠢᠯᠲᠠ᠎ᠶ᠋ᠢᠨ ᠬᠡᠪᠴᠢᠶ᠎ᠡ᠎ᠶ᠋ᠢ ᠥᠷᠭᠡᠳᠭᠡᠨ᠎ᠡ᠃ ᠳᠠᠭᠠᠭᠠᠴᠢᠯᠠᠯᠲᠠ᠎ᠶ᠋ᠢᠨ ᠭᠠᠵᠠᠷ ᠱᠢᠷᠤᠢ᠎ᠶ᠋ᠢᠨ ᠡᠵᠡᠩᠨᠡᠯᠲᠡ᠎ᠶ᠋ᠢᠨ ᠡᠷᠬᠡ᠎ᠶ᠋ᠢᠨ ᠡᠷᠭᠢᠯᠲᠡ᠎ᠶ᠋ᠢᠨ ᠦᠨ᠎ᠡ ᠬᠠᠩᠰᠢ᠎ᠶ᠋ᠢᠨ ᠪᠦᠷᠢᠯᠳᠦᠬᠦ᠌ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠲᠠᠷᠢᠶᠠᠯᠠᠩ᠎ᠤᠨ ᠨᠡᠢᠭᠡᠮᠴᠢᠯᠡᠭ᠌ᠰᠡᠨ ᠦᠢᠯᠡᠴᠢᠯᠡᠭᠡᠨ᠎ᠤ ᠶᠠᠰᠤ ᠴᠢᠨᠠᠷ ᠦᠷ᠎ᠡ ᠠᠱᠢᠭ᠎ᠢ ᠳᠡᠭᠡᠭ᠌ᠰᠢᠯᠡᠭᠦᠯᠦᠨ᠎ᠡ᠃ ᠱᠢᠨ᠎ᠡ ᠬᠡᠯᠪᠡᠷᠢ᠎ᠶ᠋ᠢᠨ ᠬᠥᠳᠡᠭᠡ ᠲᠣᠰᠭᠤᠨ᠎ᠤ ᠬᠠᠮᠲᠤ᠎ᠶ᠋ᠢᠨ ᠠᠵᠤ ᠠᠬᠤᠶ᠎ᠶ᠋ᠢ ᠬᠥᠭ᠌ᠵᠢᠭᠦᠯᠬᠦ ᠵᠢ ᠳᠡᠮᠵᠢᠨ᠎ᠡ᠃ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠪᠡᠯᠡ ᠣᠷᠣᠭᠤᠯᠤᠯᠲᠠ ᠪᠡᠯᠡ ᠲᠤᠬᠢᠷᠠᠭᠤᠯᠭ᠎ᠠ᠎ᠶ᠋ᠢᠨ ᠲᠣᠭ᠍ᠲᠠᠴᠠ᠎ᠶ᠋ᠢᠨ ᠱᠢᠨ᠎ᠡ᠎ᠶ᠋ᠢ ᠡᠭᠦᠳᠦᠨ᠎ᠡ᠃ ᠬᠥᠳᠡᠭᠡ ᠲᠣᠰᠭᠤᠨ᠎ᠤ ᠴᠢᠳᠠᠪᠤᠷᠢᠲᠠᠨ᠎ᠤ ᠡᠩᠨᠡᠭᠡ᠎ᠶ᠋ᠢ ᠪᠤᠵᠠᠭᠠᠢᠷᠠᠭᠤᠯᠤᠨ᠎ᠠ᠃ ᠬᠠᠮᠲᠤ᠎ᠶ᠋ᠢᠨ ᠤᠢ ᠮᠣᠳᠣᠨ᠎ᠤ ᠡᠷᠬᠡ᠂ ᠲᠠᠷᠢᠶᠠᠯᠠᠩ᠎ᠤᠨ ᠠᠲᠠᠷ ᠬᠠᠭᠠᠯᠪᠤᠷᠢᠯᠠᠯᠲᠠ᠂ ᠬᠠᠩᠭᠠᠨ ᠪᠣᠷᠣᠯᠠᠭᠤᠯᠬᠤ ᠬᠤᠷᠱᠢᠶ᠎ᠠ᠂ ᠲᠠᠷᠢᠶᠠᠯᠠᠩ᠎ᠤᠨ ᠤᠰᠤᠨ᠎ᠤ ᠦᠨ᠎ᠡ ᠵᠡᠷᠭᠡ᠎ᠶ᠋ᠢᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠦᠨ᠎ᠡ᠃ ᠭᠠᠵᠠᠷ ᠣᠷᠣᠨ᠎ᠤ ᠪᠠᠢᠳᠠᠯ᠎ᠳᠤᠨᠢ ᠲᠤᠬᠢᠷᠠᠭᠤᠯᠤᠨ ᠠᠵᠤ ᠦᠢᠯᠡᠰ᠎ᠢ ᠬᠥᠭ᠌ᠵᠢᠭᠦᠯᠬᠦ᠂ ᠱᠢᠶᠠᠨ᠎ᠢ ᠬᠦᠴᠦᠷᠬᠡᠭ᠌ᠵᠢᠭᠦᠯᠬᠦ᠂ ᠠᠷᠠᠳ᠎ᠢ ᠪᠠᠶᠠᠵᠢᠭᠤᠯᠬᠤ᠎ᠶ᠋ᠢ ᠨᠢᠭᠡ ᠴᠣᠭ᠍ᠴᠠᠵᠢᠭᠤᠯᠤᠨ ᠬᠥᠭ᠌ᠵᠢᠬᠦᠯᠬᠦ᠌᠎ᠶ᠋ᠢ ᠠᠬᠢᠭᠤᠯᠵᠤ᠂ 《ᠨᠤᠲᠤᠭ᠎ᠤᠨ ᠤᠨᠴᠠ ᠭᠠᠷᠤᠯᠲᠠ》 ᠵᠢᠨ ᠠᠵᠢᠯ᠎ᠢ ᠰᠠᠢᠲᠤᠷ ᠬᠢᠵᠦ᠍᠂ ᠠᠭᠤᠯᠠ ᠬᠦᠳᠡᠭᠡ᠎ᠶ᠋ᠢᠨ ᠠᠵᠤ ᠠᠬᠤᠶ᠎ᠶ᠋ᠢ ᠬᠥᠭ᠌ᠵᠢᠭᠦᠯᠵᠦ᠍᠂ ᠬᠥᠳᠡᠭᠡ ᠲᠣᠰᠭᠤᠨ᠎ᠤ ᠣᠨᠴᠠᠯᠢᠭ᠍ᠲᠤ ᠠᠵᠤ ᠦᠢᠯᠡᠰ᠎ᠤᠨ ᠬᠡᠯᠬᠢᠶ᠎ᠡ᠎ᠶ᠋ᠢ ᠤᠷᠲᠤᠳᠭᠠᠨ ᠦᠷ᠎ᠡ ᠠᠱᠢᠭ᠎ᠢ ᠨᠡᠮᠡᠭ᠌ᠳᠡᠭᠦᠯᠬᠦ᠂ ᠲᠠᠷᠢᠶᠠᠴᠢᠨ᠎ᠲᠠᠢ ᠬᠤᠯᠪᠣᠭᠠᠯᠠᠵᠤ ᠲᠠᠷᠢᠶᠠᠴᠢᠨ᠎ᠢ ᠳᠠᠢᠴᠢᠯᠠᠬᠤ᠎ᠶ᠋ᠢ ᠠᠬᠢᠭᠤᠯᠵᠤ᠂ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ᠌ ᠠᠷᠭ᠎ᠠ ᠵᠠᠮ᠎ᠢ ᠥᠷᠭᠡᠳᠭᠡᠨ᠎ᠡ᠃ ᠨᠤᠳᠤᠭ᠎ᠤᠨ ᠪᠣᠯᠪᠠᠰᠤᠨ ᠵᠠᠩ ᠰᠤᠷᠲᠠᠯ᠎ᠤᠨ ᠪᠠᠢᠭᠤᠯᠤᠯᠲᠠ᠎ᠶ᠋ᠢ ᠴᠢᠩᠭᠠᠳᠭᠠᠵᠤ᠂ ᠲᠠᠷᠢᠶᠠᠴᠢᠳ᠎ᠤᠨ ᠰᠣᠶᠣᠯ᠎ᠤᠨ ᠠᠮᠢᠳᠤᠷᠠᠯ᠎ᠢ ᠪᠠᠶᠠᠯᠢᠬ᠍ᠵᠢᠭᠤᠯᠵᠤ᠂ ᠬᠥᠳᠡᠭᠡ ᠲᠣᠰᠭᠤᠨ᠎ᠤ ᠬᠠᠭᠤᠴᠢᠨ ᠬᠡᠪ ᠵᠠᠩᠱᠢᠯ᠎ᠢ ᠦᠭᠡᠷᠡᠴᠢᠯᠡᠬᠦ᠌᠎ᠶ᠋ᠢ ᠠᠬᠢᠭᠤᠯᠤᠨ᠎ᠠ᠃ ᠬᠥᠳᠡᠭᠡ ᠲᠣᠰᠭᠤᠨ᠎ᠤ ᠰᠠᠭᠤᠷᠢ ᠲᠥᠬᠦᠭᠡᠷᠦᠮᠵᠢ᠂ ᠤᠯᠠᠨ ᠨᠡᠢᠲᠡ᠎ᠶ᠋ᠢᠨ ᠦᠢᠯᠡᠴᠢᠯᠡᠭᠡ ᠪᠠ ᠣᠷᠣᠱᠢᠨ ᠠᠮᠢᠳᠤᠷᠠᠬᠤ ᠣᠷᠴᠢᠨ ᠨᠥᠬᠦᠴᠡᠯ ᠎ᠢ ᠦᠷᠭᠦᠯᠵᠢᠯᠡᠨ ᠰᠠᠢᠵᠢᠷᠠᠭᠤᠯᠵᠤ᠂ ᠣᠷᠣᠱᠢᠨ ᠰᠠᠭᠤᠬᠤ ᠎ᠳᠤ ᠲᠣᠬᠢᠷᠠᠮᠵᠢᠲᠠᠶ ᠥᠢᠯᠡᠰ ᠡᠷᠬᠢᠯᠡᠬᠦ᠌᠎ᠳᠤ ᠲᠤᠬᠢᠷᠠᠮᠵᠢᠳᠡᠢ ᠡᠶ᠎ᠡ ᠨᠠᠢᠷᠠᠮᠳᠠᠭᠤ ᠦᠵᠡᠰᠭᠦᠯᠡᠩᠳᠦ ᠰᠠᠢᠬᠠᠨ ᠬᠥᠳᠡᠭᠡ ᠲᠣᠰᠭᠤᠨ᠎ᠢ ᠪᠦᠳᠦᠭᠡᠨ ᠪᠠᠢᠭᠤᠯᠤᠨ᠎ᠠ᠃

(ᠨᠠᠢ᠍ᠮᠠ)  ᠱᠢᠨ᠎ᠡ ᠬᠡᠯᠪᠡᠷᠢ᠎ᠶ᠋ᠢᠨ ᠬᠤᠲᠠ ᠪᠠᠯᠭᠠᠰᠤᠵᠢᠯᠲᠠ ᠪᠠ ᠣᠷᠣᠨ ᠪᠦᠰᠡ᠎ᠶ᠋ᠢᠨ ᠵᠣᠬᠢᠴᠠᠩᠭᠤᠶ ᠬᠥᠭ᠌ᠵᠢᠯᠲᠡ᠎ᠶ᠋ᠢ ᠠᠬᠢᠭᠤᠯᠵᠤ᠂ ᠬᠥᠭ᠌ᠵᠢᠯᠲᠡ᠎ᠶ᠋ᠢᠨ ᠣᠷᠣᠨ ᠵᠠᠶ᠎ᠶ᠋ᠢᠨ ᠪᠠᠢᠷᠢᠱᠢᠯ᠎ᠢ ᠤᠯᠠᠮ ᠨᠢᠭᠡ ᠠᠯᠬᠤᠮ ᠱᠢᠯᠢᠳᠡᠭ᠌ᠵᠢᠭᠦᠯᠦᠨ᠎ᠡ᠃ ᠣᠷᠣᠨ ᠪᠦᠰᠡ᠎ᠶ᠋ᠢᠨ ᠵᠣᠬᠢᠴᠠᠩᠭᠤᠶ ᠬᠦᠭ᠌ᠵᠢᠯᠳᠡ᠎ᠶ᠋ᠢᠨ ᠪᠠᠢᠯᠳᠤᠬᠤ ᠪᠤᠳᠤᠯᠭ᠎ᠠ᠎ᠶ᠋ᠢ ᠬᠡᠷᠡᠭ᠌ᠵᠢᠬᠦᠯᠬᠦ᠌ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠬᠥᠮᠦᠨ᠎ᠢᠶᠠᠷ ᠦᠨᠳᠦᠰᠦ ᠪᠣᠯᠭᠠᠨ ᠬᠤᠳᠠ ᠪᠠᠯᠭᠠᠰᠤᠵᠢᠯᠳᠠ᠎ᠶ᠋ᠢᠨ ᠶᠠᠰᠤ ᠴᠢᠨᠠᠷ ᠬᠢᠷᠢ ᠬᠡᠮᠵᠢᠶ᠎ᠡ᠎ᠶ᠋ᠢ ᠳᠡᠭᠡᠭ᠌ᠰᠢᠯᠡᠭᠦᠯᠬᠦ᠌᠎ᠶ᠋ᠢ ᠪᠠᠷᠢᠮᠲᠠᠯᠠᠵᠤ᠂ ᠳᠠᠪᠠᠭᠤᠯᠢᠭ ᠲᠠᠯ᠎ᠠ᠎ᠪᠠᠷ᠎ᠢᠶᠠᠨ ᠬᠠᠷᠢᠯᠴᠠᠨ ᠨᠥᠬᠦᠪᠥᠷᠢᠯᠡᠭ᠌ᠰᠡᠨ ᠣᠷᠣᠨ ᠪᠦᠰᠡ᠎ᠶ᠋ᠢᠨ ᠠᠵᠤ ᠠᠬᠤᠶ᠎ᠶ᠋ᠢᠨ ᠪᠠᠢᠷᠢᠯᠠᠭᠤᠯᠤᠯᠳᠡ ᠪᠠ ᠤᠯᠤᠰ᠎ᠤᠨ ᠨᠤᠲᠤᠭ ᠳᠡᠪᠢᠰᠭᠡᠷ᠎ᠤᠨ ᠣᠷᠣᠨ ᠵᠠᠶ᠎ᠶ᠋ᠢᠨ ᠱᠢᠰᠲ᠋ᠧᠮ᠎ᠢ ᠪᠠᠢᠭᠤᠯᠤᠨ᠎ᠠ᠃

ᠱᠢᠨ᠎ᠡ ᠬᠡᠯᠪᠡᠷᠢ᠎ᠶ᠋ᠢᠨ ᠬᠤᠳᠠ ᠪᠠᠯᠭᠠᠰᠤᠵᠢᠯᠳᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠠᠵᠢᠯᠯᠠᠭ᠎ᠠ᠎ᠶ᠋ᠢ ᠭᠦᠨᠵᠡᠭᠡᠢᠷᠡᠬᠦᠯᠤᠨ ᠬᠡᠷᠡᠭ᠌ᠵᠢᠭᠦᠯᠦᠨ᠎ᠡ᠃ ᠲᠠᠷᠢᠶᠠᠯᠠᠩ᠎ᠠᠴᠠ ᠱᠢᠯᠵᠢᠭ᠌ᠰᠡᠨ ᠬᠥᠮᠦᠨ ᠠᠮᠠ᠎ᠶ᠋ᠢ ᠬᠤᠲᠠ᠎ᠶ᠋ᠢᠨ ᠠᠷᠠᠳ ᠪᠣᠯᠭᠠᠬᠤ᠎ᠶ᠋ᠢ ᠱᠢᠨᠵᠢᠯᠡᠬᠦ᠌ ᠤᠬᠠᠭᠠᠨᠴᠢ ᠡᠮᠬᠢ ᠵᠢᠷᠤᠮ᠎ᠲᠠᠢ᠎ᠪᠠᠷ ᠠᠬᠢᠭᠤᠯᠵᠤ᠂ ᠪᠠᠢᠩᠭᠤ ᠰᠠᠭᠤᠭ᠎ᠠ ᠭᠠᠵᠠᠷ᠎ᠲᠤᠨᠢ ᠦᠨᠳᠦᠰᠦᠨ ᠣᠯᠠᠨ ᠨᠡᠢᠲᠡ᠎ᠶ᠋ᠢᠨ ᠦᠢᠯᠡᠴᠢᠯᠡᠭᠡ ᠬᠠᠩᠭᠠᠬᠤ᠎ᠶ᠋ᠢ ᠪᠦᠬᠦ᠌ ᠲᠠᠯ᠎ᠠ᠎ᠪᠠᠷ ᠠᠬᠢᠭᠤᠯᠵᠤ᠂ ᠳᠠᠭᠠᠵᠤ ᠨᠡᠭᠦᠭ᠌ᠰᠡᠨ ᠦᠷ᠎ᠡ ᠬᠡᠦᠬᠡᠳ᠎ᠤᠨ ᠠᠯᠪᠠᠨ ᠵᠢᠷᠤᠮ᠎ᠤᠨ ᠰᠤᠷᠭᠠᠨ ᠬᠥᠮᠦᠵᠢᠯ᠎ᠤᠨ ᠪᠠᠲᠤᠯᠠᠭ᠎ᠠ᠎ᠶ᠋ᠢ ᠴᠢᠩᠭᠠᠳᠭᠠᠵᠤ᠂ ᠨᠥᠬᠦᠴᠡᠯ᠎ᠳᠤ ᠨᠡᠢᠴᠡᠬᠦ᠌ ᠲᠠᠷᠢᠶᠠᠯᠠᠩ᠎ᠠᠴᠠ ᠱᠢᠯᠵᠢᠭ᠌ᠰᠡᠨ ᠬᠥᠮᠦᠨ ᠠᠮᠠ᠎ᠶ᠋ᠢ ᠣᠷᠣᠨ ᠰᠠᠭᠤᠴᠠ᠎ᠶ᠋ᠢᠨ ᠪᠠᠲᠤᠯᠠᠭ᠎ᠠ᠎ᠶ᠋ᠢᠨ ᠱᠢᠰᠲ᠋ᠧᠮ᠎ᠳᠤ ᠣᠷᠣᠭᠤᠯᠬᠤ᠎ᠶ᠋ᠢ ᠠᠬᠢᠭᠤᠯᠵᠤ᠂ ᠨᠡᠢᠭᠡᠮ᠎ᠤᠨ ᠳᠠᠭᠠᠳᠭᠠᠯ᠎ᠳᠤ ᠣᠷᠣᠯᠴᠠᠬᠤ ᠠᠷᠭ᠎ᠠ ᠵᠠᠮ ᠎ᠢ ᠎ᠨᠢ ᠱᠢᠯᠤᠭᠤᠳᠭᠠᠨ᠎ᠠ᠃ ᠱᠢᠶᠠᠨ᠎ᠤ ᠬᠤᠲᠠ᠎ᠶ᠋ᠢᠨ ᠰᠠᠭᠤᠷᠢ ᠲᠦᠬᠦᠭᠡᠷᠤᠮᠵᠢ ᠪᠣᠯᠤᠨ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠳᠤᠲᠠᠭᠤᠳᠠᠯ᠎ᠢ ᠲᠦᠷᠭᠡᠯᠡᠨ ᠨᠥᠬᠦᠪᠥᠷᠢᠯᠡᠵᠦ᠍᠂ ᠱᠢᠶᠠᠨ᠎ᠤ ᠬᠡᠪᠴᠢᠶᠡᠨ᠎ᠤ ᠠᠵᠤ ᠠᠬᠤᠶ᠎ᠶ᠋ᠢ ᠶᠡᠭᠡ᠎ᠪᠠᠷ ᠬᠥᠭ᠌ᠵᠢᠭᠦᠯᠵᠦ᠍᠂ ᠬᠤᠲᠠ ᠬᠥᠳᠡᠭᠡ᠎ᠶ᠋ᠢᠨ ᠲᠥᠯᠥᠪᠵᠢᠭᠦᠯᠭᠡ᠂ ᠪᠦᠲᠦᠭᠡᠨ ᠪᠠᠢᠭᠤᠯᠤᠯᠲᠠ᠂ ᠵᠠᠰᠠᠯᠲᠠ᠎ᠶ᠋ᠢ ᠠᠭᠤᠰᠤᠯᠴᠠᠭᠤᠯᠬᠤ ᠬᠢᠷᠢ ᠬᠡᠮᠵᠢᠶ᠎ᠡ᠎ᠶ᠋ᠢ ᠳᠡᠭᠡᠭ᠌ᠰᠢᠯᠡᠭᠦᠯᠦᠨ᠎ᠠ᠃ ᠣᠳᠣᠬᠢᠴᠢᠯᠠᠭ᠍ᠰᠠᠨ ᠲᠤᠮᠤ ᠬᠤᠲᠠ᠎ᠶ᠋ᠢᠨ ᠴᠠᠭᠠᠷᠢᠭ᠎ᠢ ᠬᠥᠭ᠌ᠵᠢᠭᠦᠯᠦᠨ᠂ ᠣᠷᠣᠨ ᠵᠠᠢ ᠵᠢᠨ ᠪᠠᠢᠷᠢᠰᠢᠯ ᠢ᠋ ᠰᠢᠯᠢᠳᠡᠭᠵᠢᠭᠦᠯᠵᠦ ᠂ ᠬᠡᠲᠦ ᠲᠣᠮᠣ ᠣᠨᠴᠠ ᠲᠣᠮᠣ ᠬᠤᠲᠠ᠎ᠶ᠋ᠢᠨ ᠣᠳᠣᠬᠢᠴᠢᠯᠠᠭ᠍ᠰᠠᠨ ᠵᠠᠰᠠᠯᠲᠠ᠎ᠶ᠋ᠢᠨ ᠬᠢᠷᠢ ᠬᠡᠮᠵᠢᠶ᠎ᠠ᠎ᠶ᠋ᠢ ᠳᠡᠭᠡᠭ᠌ᠰᠢᠯᠡᠭᠦᠯᠵᠦ᠍᠂ ᠲᠣᠮᠣ ᠳᠤᠮᠳᠠ ᠵᠢᠵᠢᠭ ᠬᠤᠲᠠ ᠪᠠ ᠵᠢᠵᠢᠭ ᠬᠤᠲᠠ ᠪᠠᠯᠭᠠᠰᠤ᠎ᠶ᠋ᠢᠨ ᠵᠣᠬᠢᠴᠠᠩᠭᠤᠢ ᠬᠥᠭ᠌ᠵᠢᠯᠲᠡ᠎ᠶ᠋ᠢ ᠠᠬᠢᠭᠤᠯᠤᠨ᠎ᠠ᠃ ᠬᠤᠲᠠ᠎ᠶ᠋ᠢ ᠱᠢᠨᠡᠳᠭᠡᠬᠦ᠌ ᠪᠠ ᠬᠤᠲᠠ ᠪᠠᠯᠭᠠᠰᠤᠨ᠎ᠤ ᠬᠠᠭᠤᠴᠢᠨ ᠰᠠᠭᠤᠭᠠᠯᠢ ᠲᠣᠭᠤᠷᠢᠭ᠎ᠢ ᠥᠭᠡᠷᠡᠴᠢᠯᠡᠨ ᠵᠠᠰᠠᠬᠤ ᠠᠵᠢᠯ᠎ᠢ ᠦᠷᠭᠦᠯᠵᠢᠯᠡᠨ ᠠᠬᠢᠭᠤᠯᠵᠤ᠂ ᠬᠤᠲᠠ᠎ᠶ᠋ᠢᠨ ᠳᠣᠤᠷ᠎ᠠ ᠠᠱᠢᠭ᠍ᠯᠠᠮᠵᠢᠲᠤ ᠭᠠᠵᠠᠷ᠎ᠢ ᠳᠠᠬᠢᠨ ᠨᠡᠭᠡᠭᠡᠨ ᠠᠱᠢᠬ᠍ᠯᠠᠬᠤ᠎ᠶ᠋ᠢ ᠨᠢᠭᠡᠳᠦᠯᠲᠡᠶ ᠲᠥᠯᠥᠪᠯᠡᠵᠦ᠍᠂ ᠬᠤᠲᠠ᠎ᠶ᠋ᠢᠨ ᠦᠶᠡᠷ᠎ᠢ ᠰᠡᠷᠭᠡᠢᠯᠡᠵᠦ᠍ ᠤᠰᠤᠲᠤᠯ᠎ᠢ ᠠᠷᠢᠯᠭᠠᠬᠤ ᠱᠢᠰᠲ᠋ᠧᠮ᠎ᠢ ᠲᠦᠷᠭᠡᠯᠡᠨ ᠪᠦᠷᠢᠨᠱᠢᠬᠦᠯᠵᠦ᠍᠂ ᠱᠢᠲᠠᠮᠠᠬᠠᠶ ᠬᠡᠢ᠂ ᠤᠰᠤ ᠬᠠᠩᠭᠠᠬᠤ ᠤᠰᠤ ᠵᠠᠯᠠᠬᠤ᠂ ᠢᠯᠴᠢ᠂ ᠭᠠᠵᠠᠷ ᠳᠣᠤᠷᠠᠬᠢ ᠲᠠᠮᠵᠢᠭᠤᠯᠬᠤ ᠬᠤᠭᠤᠯᠠᠶ᠎ᠶ᠋ᠢᠨ ᠬᠤᠩᠬᠢᠯ ᠵᠡᠷᠭᠡ᠎ᠶ᠋ᠢ ᠪᠦᠲᠦᠭᠡᠨ ᠪᠠᠢᠭᠤᠯᠬᠤ ᠪᠠ ᠬᠠᠮᠵᠢᠯᠴᠠᠨ ᠬᠠᠮᠢᠶᠠᠷᠬᠤ ᠎ᠶ᠋ᠢ ᠴᠢᠩᠭᠠᠳᠭᠠᠨ᠎ᠠ᠃ ᠳ᠋ᠢᠵᠢᠲ᠋ᠠᠯᠴᠢᠯᠠᠬ᠍ᠰᠠᠨ᠂ ᠣᠶᠤᠨᠴᠢᠯᠠᠭ᠍ᠰᠠᠨ ᠰᠠᠭᠤᠷᠢ ᠲᠥᠬᠦᠭᠡᠷᠦᠮᠵᠢ ᠎ᠶ᠋ᠢ ᠬᠥᠭ᠌ᠵᠢᠭᠦᠯᠵᠦ᠍᠂ ᠰᠠᠭᠠᠳ ᠦᠭᠡᠢ ᠪᠥᠭᠡᠳ ᠨᠠᠰᠤᠵᠢᠬ᠍ᠰᠠᠳ᠎ᠲᠤ ᠲᠣᠬᠢᠷᠠᠬᠤ ᠢᠵᠢ ᠪᠦᠷᠢᠳᠦᠭᠦᠯᠬᠦ᠌ ᠲᠦᠬᠦᠭᠡᠷᠤᠮᠵᠢ᠎ᠶ᠋ᠢ ᠲᠡᠭᠦᠯᠳᠡᠷᠵᠢᠭᠦᠯᠤᠨ᠂ ᠨᠡᠢᠭᠡᠮ ᠲᠣᠭᠤᠷᠢᠭ᠎ᠤᠨ ᠶᠡᠷᠦᠩᠬᠡᠢᠯᠡᠭ᠌ᠰᠡᠨ ᠦᠢᠯᠡᠴᠢᠯᠡᠭᠡᠨ᠎ᠤ ᠴᠢᠳᠠᠮᠵᠢ᠎ᠶ᠋ᠢ ᠳᠡᠭᠡᠭ᠌ᠰᠢᠯᠡᠭᠦᠯᠵᠦ᠍᠂ ᠣᠷᠣᠱᠢᠨ ᠰᠠᠭᠤᠬᠤ᠎ᠳᠤ ᠲᠣᠬᠢᠷᠠᠮᠵᠢᠲᠠᠶ᠂ ᠤᠶᠠᠨ ᠬᠠᠳᠠᠨ ᠴᠢᠨᠠᠷᠳᠠᠢ᠂ ᠣᠶᠤᠨᠴᠢ ᠬᠤᠲᠠ᠎ᠶ᠋ᠢ ᠴᠤᠬ᠍ᠴᠠᠯᠠᠨ ᠪᠠᠢᠭᠤᠯᠤᠨ᠎ᠠ᠃

ᠣᠷᠣᠨ ᠪᠦᠰᠡ᠎ ᠶ᠋ᠢᠨ ᠪᠠᠢᠯᠳᠤᠬᠤ ᠪᠣᠳᠣᠯᠭ᠎ᠠ᠎ᠶ᠋ᠢ ᠬᠡᠷᠡᠭ᠌ᠵᠢᠭᠦᠯᠬᠦ᠌ ᠡᠷᠴᠢᠮ᠎ᠢ ᠴᠢᠩᠭᠠᠷᠠᠭᠤᠯᠤᠨ᠎ᠠ᠃ ᠣᠷᠣᠨ ᠪᠦᠰᠡ᠎ᠶ᠋ᠢᠨ ᠵᠣᠬᠢᠴᠠᠩᠭᠤᠶ ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ᠂ ᠣᠷᠣᠨ ᠪᠦᠰᠡ᠎ᠶ᠋ᠢᠨ ᠴᠢᠬᠤᠯᠠ ᠶᠡᠭᠡ ᠪᠠᠢᠯᠳᠤᠬᠤ ᠪᠣᠳᠣᠯᠭ᠎ᠠ᠂ ᠪᠡᠶᠡᠴᠢ ᠴᠣᠭ᠍ᠴᠠ᠎ᠶ᠋ᠢᠨ ᠴᠢᠳᠠᠮᠵᠢᠲᠤ ᠣᠷᠣᠨ᠎ᠤ ᠪᠠᠢᠯᠳᠤᠬᠤ ᠪᠣᠳᠣᠯᠭ᠎ᠠ᠎ᠶ᠋ᠢᠨ ᠲᠠᠪᠬᠤᠴᠠᠯ ᠨᠦᠯᠦᠭᠡᠯᠡᠯ᠎ᠢ ᠪᠠᠳᠠᠷᠠᠭᠤᠯᠵᠤ᠂ ᠱᠢᠨ᠎ᠡ ᠨᠡᠮᠡᠭ᠌ᠳᠡᠯ᠎ᠤᠨ ᠲᠦᠢᠯ᠎ᠢ ᠢᠳᠡᠪᠬᠢᠲᠡᠶ ᠪᠤᠢᠵᠢᠭᠤᠯᠤᠨ᠎ᠠ᠃ ᠪᠠᠷᠠᠭᠤᠨ ᠬᠡᠰᠡᠭ᠎ᠤᠨ ᠭᠠᠵᠠᠷ ᠣᠷᠣᠨ᠎ᠢ ᠶᠡᠭᠡ᠎ᠪᠠᠷ ᠨᠡᠭᠡᠭᠡᠨ ᠬᠥᠭ᠌ᠵᠢᠭᠦᠯᠬᠦ᠂ ᠵᠡᠭᠦᠨ ᠬᠤᠢᠲᠤ ᠣᠷᠣᠨ᠎ᠢ ᠪᠦᠬᠦ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠂ ᠳᠤᠮᠳᠠ ᠬᠡᠰᠡᠭ᠎ᠤᠨ ᠭᠠᠵᠠᠷ ᠣᠷᠣᠨ᠎ᠢ ᠲᠦᠷᠭᠡᠯᠡᠨ ᠮᠠᠨᠳᠤᠭᠤᠯᠤᠨ ᠬᠥᠭ᠌ᠵᠢᠭᠦᠯᠬᠦ᠂ ᠵᠡᠭᠦᠨ ᠬᠡᠰᠡᠭ᠎ᠤᠨ ᠭᠠᠵᠠᠷ ᠣᠷᠣᠨ᠎ᠤ ᠣᠳᠣᠬᠢᠴᠢᠯᠠᠯᠳᠡ᠎ᠶ᠋ᠢ ᠲᠦᠷᠭᠡᠯᠡᠨ ᠠᠬᠢᠭᠤᠯᠬᠤ ᠵᠡᠷᠭᠡ ᠪᠠᠢᠯᠳᠤᠬᠤ ᠪᠤᠳᠤᠯᠭ᠎ᠠ᠎ᠶ᠋ᠢ ᠭᠦᠨᠵᠡᠭᠡᠢᠷᠡᠬᠦᠯᠤᠨ ᠬᠡᠷᠡᠭ᠌ᠵᠢᠭᠦᠯᠦᠨ᠎ᠡ᠃ ᠪᠡᠭᠡᠵᠢᠩ ᠲᠢᠶᠠᠨᠵᠢᠨ ᠾᠧᠪᠸᠢ᠂ ᠬᠥᠬᠡᠮᠥ᠋ᠷᠡᠨ᠎ᠤ ᠭᠤᠷᠪᠠᠯᠵᠢᠨ ᠬᠤᠢᠭ᠂ ᠭᠤᠸᠠᠩᠳᠦ᠋ᠩ ᠱᠢᠶᠠᠩᠭᠠᠩ ᠣᠣᠮᠧᠨ᠎ᠤ ᠲᠤᠮᠤ ᠪᠤᠯᠤᠩ᠎ᠤᠨ ᠣᠷᠣᠨ ᠵᠡᠷᠭᠡ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠳᠠᠪᠠᠭᠤᠯᠢᠭ ᠣᠷᠣᠨ ᠪᠦᠰᠡ᠎ᠶ᠋ᠢᠨ ᠱᠢᠨ᠎ᠡ᠎ᠶ᠋ᠢ ᠡᠭᠦᠳᠬᠦ᠌ ᠴᠢᠳᠠᠪᠤᠷᠢ ᠪᠠ ᠰᠠᠴᠤᠷᠠᠭ᠍ᠯᠠᠨ ᠳᠠᠢᠴᠢᠯᠠᠬᠤ ᠦᠢᠯᠡᠳᠦᠯ᠎ᠢ ᠳᠡᠭᠡᠭ᠌ᠰᠢᠯᠡᠭᠦᠯᠦᠨ᠎ᠡ᠃ ᠬᠥᠬᠡᠮᠥ᠋ᠷᠡᠨ᠎ᠤ ᠠᠵᠤ ᠠᠬᠤᠶ᠎ᠶ᠋ᠢᠨ ᠪᠦᠰᠡ᠎ᠶ᠋ᠢᠨ ᠪᠦᠳᠦᠭᠡᠨ ᠪᠠᠢᠭᠤᠯᠤᠯᠲᠠ᠂ ᠬᠠᠳᠤᠨ ᠭᠤᠤᠯ᠎ᠤᠨ ᠰᠠᠪᠠ ᠭᠠᠵᠠᠷ᠎ᠤᠨ ᠠᠮᠢ ᠠᠬᠤᠶ᠎ᠶ᠋ᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ᠎ᠶ᠋ᠢ ᠭᠦᠨᠵᠡᠭᠡᠢᠷᠡᠬᠦᠯᠦᠨ ᠠᠬᠢᠭᠤᠯᠤᠨ᠎ᠠ᠃ ᠠᠵᠤ ᠠᠬᠤᠶ᠎ᠶ᠋ᠢᠨ ᠲᠤᠮᠤ ᠮᠤᠵᠢ᠎ᠶ᠋ᠢᠨ ᠬᠦᠨᠳᠦ ᠡᠭᠦᠷᠭᠡ ᠡᠭᠦᠷᠭᠡᠯᠡᠬᠦ᠌᠎ᠶ᠋ᠢ ᠳᠠᠮᠵᠢᠵᠤ᠂ ᠡᠯᠧᠮᠧᠨ᠋ᠲ᠎ᠢ ᠪᠠᠳᠤᠯᠠᠬᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠂ ᠥᠭᠡᠷᠡᠴᠢᠯᠡᠯᠲᠡ ᠨᠡᠭᠡᠭᠡᠯᠳᠡ᠎ᠶ᠋ᠢᠨ ᠤᠷᠢᠳ᠎ᠢᠶᠠᠷ ᠬᠢᠵᠦ᠍ ᠤᠷᠢᠳ᠎ᠢᠶᠠᠷ ᠲᠤᠷᠱᠢᠬᠤ ᠵᠡᠷᠭᠡ ᠲᠠᠯ᠎ᠠ ᠪᠠᠷ ᠳᠡᠮᠵᠢᠬᠦ᠌ ᠲᠦᠷᠦ᠍᠎ᠶ᠋ᠢᠨ ᠪᠤᠳᠤᠯᠭ᠎ᠠ᠎ᠶ᠋ᠢ ᠲᠣᠭ᠍ᠲᠠᠭᠠᠨ᠎ᠠ᠃ ᠪᠤᠰᠤᠳ ᠭᠠᠵᠠᠷ ᠣᠷᠣᠨ᠎ᠤ᠎ᠬᠢᠨ᠎ᠤ ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠤᠨ᠂ ᠲᠤᠰ ᠲᠤᠰ᠎ᠤᠨ ᠳᠠᠪᠠᠭᠤᠯᠢᠭ᠎ᠢᠶᠠᠨ ᠪᠠᠳᠠᠷᠠᠭᠤᠯᠬᠤ᠎ᠶ᠋ᠢ ᠵᠣᠷᠢᠬ᠍ᠵᠢᠭᠤᠯᠤᠨ᠎ᠠ᠃ ᠱᠢᠶᠦ᠋ᠩ ᠠᠨ ᠱᠢᠨ᠎ᠡ ᠲᠣᠭᠤᠷᠢᠭ᠎ᠤᠨ ᠪᠦᠲᠦᠭᠡᠨ ᠪᠠᠢᠭᠤᠯᠤᠯᠲᠠ᠎ᠶ᠋ᠢ ᠥᠨᠳᠥᠷ ᠪᠠᠷᠢᠮᠵᠢᠶ᠎ᠠ᠎ᠪᠠᠷ ᠴᠢᠨᠠᠷ ᠰᠠᠢᠲᠠᠶ ᠠᠬᠢᠭᠤᠯᠤᠨ᠎ᠠ᠃ ᠴᠧᠩᠳᠦ᠍ ᠴᠦᠩᠴᠢᠩ ᠣᠷᠣᠨ᠎ᠤ ᠬᠤᠤᠰ ᠬᠤᠲᠠ᠎ᠶ᠋ᠢᠨ ᠠᠵᠤ ᠠᠬᠤᠢ᠎ᠶ᠋ᠢᠨ ᠬᠥᠷᠢᠶ᠎ᠠ ᠎ᠶ᠋ᠢᠨ ᠪᠦᠲᠦᠭᠡᠨ ᠪᠠᠢᠭᠤᠯᠤᠯᠲᠠ ᠎ᠶ᠋ᠢ ᠭᠦᠨᠵᠡᠭᠡᠢᠷᠡᠭᠦᠯᠦᠨ ᠪᠣᠳᠠᠲᠠᠢᠵᠢᠭᠤᠯᠬᠤ᠎ᠶ᠋ᠢ ᠠᠬᠢᠭᠤᠯᠤᠨ᠎ᠠ᠃ ᠵᠡᠭᠦᠨ ᠬᠡᠰᠡᠭ᠂ ᠳᠤᠮᠳᠠ ᠬᠡᠰᠡᠭ᠂ ᠪᠠᠷᠠᠭᠤᠨ ᠬᠡᠰᠡᠭ᠂ ᠵᠡᠭᠦᠨ ᠬᠤᠢᠲᠤ ᠣᠷᠣᠨ᠎ᠤ ᠠᠵᠤ ᠦᠢᠯᠡᠰ᠎ᠤᠨ ᠬᠠᠮᠵᠢᠯᠴᠠᠭ᠎ᠠ᠎ᠶ᠋ᠢ ᠭᠦᠨᠵᠡᠭᠡᠢᠷᠡᠭᠦᠯᠵᠦ᠍᠂ ᠠᠵᠤ ᠦᠢᠯᠡᠰ᠎ᠤᠨ ᠡᠮᠬᠢ ᠵᠢᠷᠤᠮ᠎ᠲᠠᠢ᠎ᠪᠠᠷ ᠱᠠᠲᠤᠯᠠᠨ ᠱᠢᠯᠵᠢᠬᠦ᠌᠎ᠶ᠋ᠢ ᠠᠬᠢᠭᠤᠯᠤᠨ᠎ᠠ᠃ ᠬᠤᠪᠢᠰᠭᠠᠯ᠎ᠤᠨ ᠬᠠᠭᠤᠴᠢᠨ ᠰᠠᠭᠤᠷᠢᠨ ᠭᠠᠵᠠᠷ᠂ ᠦᠨᠳᠦᠰᠦᠲᠡᠨ᠎ᠤ ᠭᠠᠵᠠᠷ ᠣᠷᠣᠨ᠎ᠤ ᠬᠥᠭ᠌ᠵᠢᠯᠲᠡ᠎ᠪᠠᠨ ᠲᠦᠷᠭᠡᠳᠭᠡᠬᠦ᠌᠎ᠶ᠋ᠢ ᠳᠠᠮᠵᠢᠵᠤ᠂ ᠬᠢᠯᠢ ᠬᠢᠵᠠᠭᠠᠷ ᠣᠷᠣᠨ᠎ᠤ ᠪᠦᠲᠦᠭᠡᠨ ᠪᠠᠢᠭᠤᠯᠤᠯᠲᠠ᠎ᠶ᠋ᠢ ᠴᠢᠩᠭᠠᠳᠭᠠᠵᠤ᠂ ᠬᠢᠯᠢ ᠬᠢᠵᠠᠭᠠᠷ ᠣᠷᠣᠨ᠎ᠢ ᠬᠥᠭ᠌ᠵᠢᠭᠦᠯᠦᠨ ᠠᠷᠠᠳ᠎ᠢ ᠪᠠᠶᠠᠵᠢᠭᠤᠯᠬᠤ᠂ ᠬᠢᠯᠢ ᠬᠢᠵᠠᠭᠠᠷ ᠣᠷᠣᠨ᠎ᠢ ᠲᠣᠭ᠍ᠲᠠᠪᠤᠷᠢᠵᠢᠭᠤᠯᠤᠨ ᠪᠠᠬᠢᠵᠢᠭᠦᠯᠬᠦ᠌᠎ᠶ᠋ᠢ ᠠᠬᠢᠭᠤᠯᠤᠨ᠎ᠠ᠃ ᠡᠬᠢ ᠪᠠᠶᠠᠯᠢᠭ᠎ᠤᠨ ᠬᠡᠯᠪᠡᠷᠢ᠎ᠶ᠋ᠢᠨ ᠭᠠᠵᠠᠷ ᠣᠷᠣᠨ᠎ᠤ ᠬᠡᠯᠪᠡᠷᠢ᠎ᠪᠠᠨ ᠬᠤᠪᠢᠷᠠᠭᠤᠯᠤᠨ ᠬᠥᠭ᠌ᠵᠢᠬᠦ᠌ ᠱᠢᠨ᠎ᠡ ᠠᠷᠭ᠎ᠠ ᠵᠠᠮ᠎ᠢ ᠢᠳᠡᠪᠬᠢᠲᠡᠶ ᠬᠠᠢᠨ ᠰᠦᠪᠡᠭ᠌ᠴᠢᠯᠡᠨ᠎ᠡ᠃ ᠳᠠᠯᠠᠢ ᠲᠠᠩᠭᠢᠰ᠎ᠤᠨ ᠠᠵᠤ ᠠᠬᠤᠶ᠎ᠶ᠋ᠢ ᠶᠡᠭᠡ᠎ᠪᠠᠷ ᠬᠥᠭ᠌ᠵᠢᠭᠦᠯᠵᠦ᠍᠂ ᠪᠦᠬᠦ᠌ ᠤᠯᠤᠰ᠎ᠤᠨ ᠳᠠᠯᠠᠢ ᠲᠠᠩᠭᠢᠰ᠎ᠤᠨ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠵᠢᠱ᠌ᠢᠶ᠎ᠡ ᠦᠵᠡᠭᠦᠯᠬᠦ᠌ ᠣᠷᠣᠨ᠎ᠢ ᠪᠦᠲᠦᠭᠡᠨ ᠪᠠᠢᠭᠤᠯᠤᠨ᠎ᠠ᠃

(ᠶᠢᠰᠦ) ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠲᠠ᠎ᠶ᠋ᠢ ᠪᠠᠭᠤᠷᠠᠭᠤᠯᠬᠤ ᠪᠤᠬᠢᠷᠳᠤᠯ᠎ᠢ ᠪᠠᠭᠠᠰᠭᠠᠬᠤ ᠨᠣᠭᠤᠭᠠᠷᠠᠭᠤᠯᠤᠯᠲᠠ᠎ᠶ᠋ᠢ ᠥᠷᠭᠡᠳᠭᠡᠬᠦ᠌ ᠠᠵᠦ᠍ ᠠᠬᠤᠢ᠎ᠶ᠋ᠢ ᠨᠡᠮᠡᠭ᠌ᠳᠡᠬᠦᠯᠬᠦ᠌᠎ᠶ᠋ᠢ ᠬᠠᠮᠵᠢᠯᠴᠠᠨ ᠠᠬᠢᠭᠤᠯᠵᠤ᠂ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠪᠦᠬᠦ᠌ ᠲᠠᠯ᠎ᠠ᠎ᠶ᠋ᠢᠨ ᠨᠤᠭᠤᠭᠠᠨ ᠬᠤᠪᠢᠷᠠᠭᠤᠯᠤᠯᠳᠡ᠎ᠶ᠋ᠢ ᠲᠦᠷᠭᠡᠳᠭᠡᠨ᠎ᠡ᠃ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯ᠎ᠤᠨ ᠥᠭᠡᠷᠡᠴᠢᠯᠡᠯᠲᠡ᠎ᠶ᠋ᠢ ᠤᠯᠠᠮ ᠨᠢᠭᠡ ᠠᠯᠬᠤᠮ ᠭᠦᠨᠵᠡᠭᠡᠢᠷᠡᠭᠦᠯᠵᠦ᠍᠂ ᠠᠵᠤ ᠦᠢᠯᠡᠰ᠎ᠤᠨ ᠪᠦᠲᠦᠴᠡ᠎ᠶ᠋ᠢ ᠲᠣᠬᠢᠷᠠᠭᠤᠯᠬᠤ᠂ ᠪᠣᠬᠢᠷᠲᠤᠯ᠎ᠢ ᠵᠠᠰᠠᠬᠤ᠂ ᠠᠮᠢ ᠠᠬᠤᠢ᠎ᠶ᠋ᠢ ᠬᠠᠮᠠᠭᠠᠯᠠᠬᠤ᠂ ᠠᠭᠤᠷ ᠠᠮᠢᠰᠭᠤᠯ᠎ᠤᠨ ᠬᠤᠪᠢᠷᠠᠯᠲᠠ᠎ᠶ᠋ᠢ ᠠᠷᠭᠠᠴᠠᠬᠤ᠎ᠶ᠋ᠢ ᠨᠢᠭᠡᠳᠦᠯᠲᠡᠶ ᠲᠥᠯᠥᠪᠯᠡᠨ᠂ ᠠᠮᠢ ᠠᠬᠤᠶ᠎ᠶ᠋ᠢ ᠲᠡᠷᠢᠭᠦᠨ᠎ᠳᠤ ᠲᠠᠯᠪᠢᠬᠤ᠂ ᠠᠷᠪᠢᠴᠢ ᠡᠷᠴᠢᠮᠯᠢᠭ᠂ ᠨᠤᠭᠤᠭᠠᠨ ᠪᠦᠭᠡᠳ ᠨᠡᠭᠦᠷᠡᠰᠦᠲᠥ᠋ᠷᠥᠭ᠌ᠴᠢ ᠪᠠᠭᠠᠳᠠᠢ ᠬᠥᠭ᠌ᠵᠢᠯᠲᠡ᠎ᠶ᠋ᠢ ᠠᠬᠢᠭᠤᠯᠤᠨ᠎ᠠ᠃

ᠪᠣᠬᠢᠷᠲᠤᠯ᠎ᠢ ᠰᠡᠷᠭᠡᠢᠯᠡᠨ ᠵᠠᠰᠠᠬᠤ ᠪᠠ ᠠᠮᠢ ᠠᠬᠤᠶ᠎ᠶ᠋ᠢᠨ ᠪᠦᠳᠦᠭᠡᠨ ᠪᠠᠢᠭᠤᠯᠤᠯᠲᠠ᠎ᠶ᠋ᠢ ᠴᠢᠩᠭᠠᠳᠭᠠᠨ᠎ᠠ᠃ ᠴᠠᠯᠮᠡᠭ ᠲᠡᠭ᠌ᠷᠢ᠂ ᠲᠤᠩᠭᠠᠯᠠᠭ ᠤᠰᠤ᠂ ᠴᠡᠪᠡᠷ ᠬᠦᠷᠦᠰᠦ᠎ᠶ᠋ᠢ ᠬᠠᠮᠠᠭᠠᠯᠠᠬᠤ ᠲᠠᠢᠨ᠎ᠢ ᠦᠷᠭᠦᠯᠵᠢᠯᠡᠨ ᠭᠦᠨᠵᠡᠭᠡᠢᠷᠡᠬᠦᠯᠦᠨ ᠠᠬᠢᠭᠤᠯᠤᠨ᠎ᠠ᠃ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠢ ᠶᠡᠷᠦᠩᠬᠡᠢᠯᠡᠨ ᠵᠠᠰᠠᠬᠤ ᠠᠵᠢᠯᠯᠠᠭ᠎ᠠ᠎ᠶ᠋ᠢᠨ ᠲᠥᠯᠥᠪᠯᠡᠭᠡ᠎ᠶ᠋ᠢ ᠲᠣᠭ᠍ᠲᠠᠭᠠᠵᠤ᠂ ᠱᠢᠨ᠎ᠡ ᠪᠣᠬᠢᠷᠲᠤᠭᠤᠯᠬᠤ ᠪᠣᠳᠠᠰ᠎ᠢ ᠬᠠᠮᠵᠢᠯᠴᠠᠨ ᠵᠠᠰᠠᠬᠤ ᠪᠠ ᠣᠷᠴᠢᠨ ᠠᠬᠤᠶ᠎ᠶ᠋ᠢᠨ ᠠᠶᠤᠯ ᠲᠦᠭ᠌ᠰᠢᠭᠦᠷᠢ᠎ᠶ᠋ᠢ ᠬᠠᠮᠢᠶᠠᠷᠤᠨ ᠡᠵᠡᠮᠳᠡᠬᠦ᠌᠎ᠶ᠋ᠢ ᠴᠢᠩᠭᠠᠳᠭᠠᠨ᠎ᠠ᠃ ᠠᠮᠢ ᠠᠬᠤᠢ᠎ᠶ᠋ᠢᠨ ᠣᠷᠴᠢᠨ ᠨᠦᠬᠦᠴᠡᠯ᠎ᠢ ᠣᠷᠣᠨ ᠬᠤᠪᠢᠶᠠᠨ ᠬᠠᠮᠢᠶᠠᠷᠤᠨ ᠡᠵᠡᠮᠳᠡᠬᠦ᠌᠎ᠶ᠋ᠢ ᠭᠦᠨᠵᠡᠭᠡᠢᠷᠡᠬᠦᠯᠤᠨ ᠬᠡᠷᠡᠭ᠌ᠵᠢᠭᠦᠯᠵᠦ᠍᠂ ᠠᠭᠤᠯᠠ ᠤᠰᠤ ᠣᠶ ᠱᠢᠭᠤᠶ ᠲᠠᠷᠢᠶᠡᠨ ᠭᠠᠵᠠᠷ ᠨᠠᠭᠤᠷ ᠲᠤᠭᠤᠷᠢᠮ ᠡᠪᠡᠰᠤ ᠪᠡᠯᠴᠢᠭᠡᠷ ᠡᠯᠡᠰᠦ ᠮᠠᠩᠬ᠎ᠠ᠎ᠶ᠋ᠢ ᠨᠢᠭᠡ ᠴᠣᠭ᠍ᠴᠠᠵᠢᠭᠤᠯᠤᠨ ᠬᠠᠮᠠᠭᠠᠯᠠᠬᠤ ᠪᠠ ᠱᠢᠰᠲ᠋ᠧᠮ᠎ᠲᠠᠢ ᠵᠠᠰᠠᠬᠤ᠎ᠶ᠋ᠢ ᠨᠢᠭᠡᠳᠦᠯᠲᠡᠶ ᠲᠥᠯᠥᠪᠯᠡᠨ ᠠᠬᠢᠭᠤᠯᠵᠤ᠂ ᠤᠯᠤᠰ᠎ᠤᠨ ᠴᠡᠴᠡᠷᠯᠢᠭ᠎ᠢᠶᠠᠷ ᠭᠤᠤᠯ ᠴᠣᠭ᠍ᠴᠠ ᠪᠣᠯᠭᠠᠭ᠍ᠰᠠᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠭᠠᠵᠠᠷ᠎ᠤᠨ ᠱᠢᠰᠲ᠋ᠧᠮ᠎ᠤᠨ ᠪᠠᠢᠭᠤᠯᠤᠯᠲᠠ᠎ᠶ᠋ᠢ ᠪᠥᠬᠦ᠌ ᠲᠠᠯ᠎ᠠ᠎ᠪᠠᠷ ᠠᠬᠢᠭᠤᠯᠵᠤ᠂ 《ᠭᠤᠷᠪᠠᠨ ᠤᠮᠠᠷᠠᠲᠤ 》 ᠵᠢᠨ ᠢᠨᠵᠧᠨᠧᠷᠢᠩ᠎ᠤᠨ ᠪᠡᠯᠭᠡ ᠲᠡᠮᠳᠡᠭ᠎ᠤᠨ ᠴᠢᠨᠠᠷᠲᠠᠶ ᠳᠠᠢᠨ᠎ᠤ ᠴᠢᠬᠤᠯᠠ ᠦᠷ᠎ᠡ ᠪᠦᠲᠦᠭᠡᠯ ᠤᠯᠬᠤ᠎ᠶ᠋ᠢ ᠠᠬᠢᠭᠤᠯᠤᠨ᠎ᠠ᠃ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢ ᠬᠠᠮᠠᠭᠠᠯᠠᠬᠤ ᠴᠢᠬᠤᠯᠠ ᠶᠡᠭᠡ ᠢᠨᠵᠧᠨᠧᠷᠢᠩ ᠎ᠢ ᠬᠡᠷᠡᠭ᠌ᠵᠢᠭᠦᠯᠵᠦ᠍᠂ ᠬᠥᠬᠡᠮᠥ᠋ᠷᠡᠨ᠎ᠳᠤ ᠵᠢᠭᠠᠰᠤ ᠠᠩᠨᠠᠬᠤ᠎ᠶ᠋ᠢ ᠠᠷᠪᠠᠨ ᠵᠢᠯ ᠴᠠᠭᠠᠵᠠᠯᠠᠬᠤ᠎ᠶ᠋ᠢ ᠡᠷᠡᠰ ᠠᠬᠢᠭᠤᠯᠤᠨ᠎ᠠ᠃ ᠠᠮᠢ ᠠᠬᠤᠶ᠎ᠶ᠋ᠢᠨ ᠬᠠᠮᠠᠭᠠᠯᠠᠯᠲᠠ᠎ᠶ᠋ᠢᠨ ᠨᠥᠬᠦᠪᠥᠷᠢ ᠪᠠ ᠠᠮᠢ ᠠᠬᠤᠶ᠎ᠶ᠋ᠢᠨ ᠦᠢᠯᠡᠳᠬᠦᠨ᠎ᠤ ᠦᠷᠳᠡᠭ᠎ᠢ ᠪᠡᠶᠡᠯᠡᠭᠦᠯᠬᠦ᠌ ᠲᠣᠭ᠍ᠲᠠᠴᠠ᠎ᠶ᠋ᠢ ᠪᠦᠷᠢᠨᠱᠢᠭᠦᠯᠦᠨ᠎ᠡ᠃ ᠦᠵᠡᠰᠭᠦᠯᠡᠩᠲᠦ ᠰᠠᠢᠬᠠᠨ ᠳᠤᠮᠳᠠᠳᠤ ᠤᠯᠤᠰ᠎ᠤᠨ ᠲᠦᠷᠦᠭᠦᠯᠡᠬᠦ᠌ ᠣᠷᠣᠨ᠎ᠤ ᠪᠦᠲᠦᠭᠡᠨ ᠪᠠᠢᠭᠤᠯᠤᠯᠲᠠ᠎ᠶ᠋ᠢ ᠢᠳᠡᠪᠬᠢᠲᠡᠢ ᠠᠬᠢᠭᠤᠯᠵᠤ᠂ ᠠᠷᠠᠳ ᠤᠯᠠᠨ᠎ᠤ ᠰᠠᠢᠨ ᠰᠠᠢᠬᠠᠨ ᠠᠮᠢ ᠠᠬᠤᠢ᠎ᠶ᠋ᠢᠨ ᠣᠷᠴᠢᠨ ᠨᠦᠬᠦᠴᠡᠯ᠎ᠤᠨ ᠲᠤᠬᠠᠢ ᠱᠢᠨ᠎ᠡ ᠬᠦᠰᠡᠯ ᠡᠷᠡᠮᠡᠯᠵᠡᠯ᠎ᠢ ᠲᠠᠰᠤᠷᠠᠯᠲᠠ ᠦᠭᠡᠢ ᠬᠠᠩᠭᠠᠨ᠎ᠠ᠃

ᠨᠤᠭᠤᠭᠠᠨ ᠪᠦᠭᠡᠳ ᠨᠡᠭᠦᠷᠡᠰᠦᠲᠥ᠋ᠷᠥᠭ᠌ᠴᠢ ᠪᠠᠭᠠᠳᠠᠢ ᠠᠵᠤ ᠠᠬᠤᠶ᠎ᠶ᠋ᠢ ᠲᠦᠷᠭᠡᠯᠡᠨ ᠬᠥᠭ᠌ᠵᠢᠭᠦᠯᠦᠨ᠎ᠡ᠃ ᠨᠤᠭᠤᠭᠠᠨ ᠪᠦᠭᠡᠳ ᠨᠡᠭᠦᠷᠡᠰᠦᠲᠥ᠋ᠷᠥᠭ᠌ᠴᠢ ᠪᠠᠭᠠᠳᠠᠢ ᠬᠥᠭ᠌ᠵᠢᠯᠲᠡ᠎ᠶ᠋ᠢ ᠳᠡᠮᠵᠢᠬᠦ᠌ ᠲᠦᠷᠦ᠍᠎ᠶ᠋ᠢᠨ ᠪᠤᠳᠤᠯᠭ᠎ᠠ ᠪᠠ ᠪᠠᠷᠢᠮᠵᠢᠶ᠎ᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠵᠦ᠍᠂ ᠨᠤᠭᠤᠭᠠᠨ ᠪᠦᠭᠡᠳ ᠨᠡᠭᠦᠷᠡᠰᠦᠲᠥ᠋ᠷᠥᠭ᠌ᠴᠢ ᠪᠠᠭᠠᠳᠠᠢ ᠠᠵᠤ ᠦᠢᠯᠡᠰ᠎ᠤᠨ ᠡᠷᠡᠭᠦᠯ᠎ᠢᠶᠠᠷ ᠬᠥᠭ᠌ᠵᠢᠬᠦ᠌ ᠠᠮᠢ ᠠᠬᠤᠶ᠎ᠶ᠋ᠢ ᠪᠤᠢ ᠪᠣᠯᠭᠠᠨ᠎ᠠ᠃ ᠨᠤᠭᠤᠭᠠᠨ ᠪᠦᠭᠡᠳ ᠨᠡᠭᠦᠷᠡᠰᠦᠲᠥ᠋ᠷᠥᠭ᠌ᠴᠢ ᠪᠠᠭᠠᠳᠠᠢ ᠲᠡᠷᠢᠭᠦᠨ᠎ᠤ ᠮᠡᠷᠭᠡᠵᠢᠯ᠎ᠤᠨ ᠵᠢᠱ᠌ᠢᠶ᠎ᠡ ᠦᠵᠡᠭᠦᠯᠬᠦ᠌ ᠢᠨᠵᠧᠨᠧᠷᠢᠩ᠎ᠢ ᠭᠦᠨᠵᠡᠭᠡᠢᠷᠡᠬᠦᠯᠦᠨ ᠬᠡᠷᠡᠭ᠌ᠵᠢᠭᠦᠯᠵᠦ᠍᠂ ᠨᠤᠭᠤᠭᠠᠨ ᠪᠠᠷᠢᠯᠭ᠎ᠠ᠂ ᠨᠣᠭᠣᠭᠠᠨ ᠡᠨ᠋ᠸᠷᠬᠢ ᠂ ᠨᠣᠭᠣᠭᠠᠨ ᠵᠠᠮ ᠬᠠᠷᠢᠯᠴᠠᠭ᠎ᠠ ᠵᠡᠷᠭᠡ ᠱᠢᠨ᠎ᠡ ᠨᠡᠮᠡᠭ᠌ᠳᠡᠯ᠎ᠤᠨ ᠴᠡᠭ᠎ᠢ ᠪᠤᠢᠵᠢᠭᠤᠯᠤᠨ᠎ᠠ᠃ ᠡᠬᠢ ᠪᠠᠶᠠᠯᠢᠭ᠎ᠤᠨ ᠶᠡᠷᠦᠩᠬᠡᠶ ᠬᠡᠮᠵᠢᠶ᠎ᠡ᠎ᠶ᠋ᠢ ᠬᠠᠮᠢᠶᠠᠷᠬᠤ ᠪᠠ ᠪᠦᠬᠦ᠌ ᠲᠠᠯ᠎ᠠ᠎ᠪᠠᠷ ᠠᠷᠪᠢᠯᠠᠨ ᠭᠠᠮᠨᠠᠬᠤ ᠳᠦᠷᠢᠮ᠎ᠢ ᠲᠡᠭᠦᠯᠳᠡᠷᠵᠢᠭᠦᠯᠵᠦ᠍᠂ ᠡᠨᠧᠷᠭᠢ ᠬᠡᠷᠡᠭ᠌ᠯᠡᠬᠦ᠌ ᠤᠰᠤ ᠬᠡᠷᠡᠭ᠌ᠯᠡᠬᠦ᠌ ᠭᠤᠤᠯᠳᠠᠯᠭ᠎ᠠ᠎ᠲᠠᠢ ᠨᠢᠭᠡᠴᠢ᠎ᠶ᠋ᠢᠨ ᠡᠨᠧᠷᠭᠢ ᠠᠷᠪᠢᠯᠠᠵᠤ ᠤᠰᠤ ᠠᠷᠪᠢᠯᠠᠬᠤ ᠬᠠᠮᠢᠶᠠᠷᠤᠯᠲᠠ᠎ᠶ᠋ᠢ ᠴᠢᠩᠭᠠᠳᠭᠠᠵᠤ᠂ ᠡᠨᠧᠷᠭᠢ᠎ᠶ᠋ᠢᠨ ᠬᠤᠷᠣᠭ᠍ᠳᠠᠭᠤᠯᠤᠯ ᠶᠡᠭᠡᠳᠠᠢ ᠲᠦᠰᠤᠯ᠎ᠢ ᠬᠦᠴᠦᠲᠡᠶ ᠪᠥᠭᠡᠳ ᠪᠦᠲᠦᠮᠵᠢᠲᠡᠶ ᠬᠠᠮᠢᠶᠠᠷᠤᠨ ᠡᠵᠡᠮᠳᠡᠨ᠎ᠡ᠃ ᠬᠠᠶᠠᠭ᠍ᠳᠠᠮᠠᠯ ᠪᠣᠳᠠᠰ᠎ᠢ ᠤᠷᠴᠢᠯᠳᠤᠭᠤᠯᠤᠨ ᠠᠱᠢᠭ᠍ᠯᠠᠬᠤ᠎ᠶ᠋ᠢ ᠴᠢᠩᠭᠠᠳᠭᠠᠵᠤ᠂ ᠳᠠᠬᠢᠯᠲᠠ ᠮᠠᠲ᠋ᠧᠷᠢᠶᠠᠯ᠎ᠢ ᠬᠡᠷᠡᠭ᠌ᠯᠡᠬᠦ᠌᠎ᠶ᠋ᠢ ᠶᠡᠭᠡ᠎ᠪᠠᠷ ᠳᠡᠯᠭᠡᠷᠡᠭᠦᠯᠵᠦ᠂ ᠡᠷᠭᠢᠯᠳᠡᠳᠦ ᠠᠵᠣ ᠠᠬᠣᠢ ᠵᠢᠨ ᠬᠦᠭᠵᠢᠯᠳᠡ ᠵᠢ ᠠᠬᠢᠭᠣᠯᠣᠨ᠎ᠠ᠃ ᠨᠤᠭᠤᠭᠠᠨ ᠬᠡᠷᠡᠭ᠌ᠯᠡᠭᠡ᠎ᠶ᠋ᠢ ᠤᠷᠮᠠᠱᠢᠭᠤᠯᠬᠤ ᠲᠣᠭ᠍ᠲᠠᠴᠠ᠎ᠶ᠋ᠢ ᠪᠦᠷᠢᠨᠱᠢᠬᠦᠯᠵᠦ᠍᠂ ᠨᠤᠭᠤᠭᠠᠨ ᠪᠦᠭᠡᠳ ᠨᠡᠭᠦᠷᠡᠰᠦᠲᠥ᠋ᠷᠥᠭ᠌ᠴᠢ ᠪᠠᠭᠠᠳᠠᠢ ᠦᠢᠯᠡᠳᠪᠦᠷᠢᠯᠡᠯ᠎ᠤᠨ ᠠᠷᠭ᠎ᠠ ᠮᠠᠶᠢᠭ ᠪᠠ ᠠᠮᠢᠳᠤᠷᠠᠯ᠎ᠤᠨ ᠠᠷᠭ᠎ᠠ ᠮᠠᠶᠢᠭ᠎ᠢ ᠪᠤᠢ ᠪᠣᠯᠭᠠᠬᠤ᠎ᠶ᠋ᠢ ᠠᠬᠢᠭᠤᠯᠤᠨ᠎ᠠ᠃

ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠲᠠ᠎ᠶ᠋ᠢ ᠣᠷᠭᠢᠯ ᠬᠡᠮᠵᠢᠭ᠌ᠳᠡᠯ᠎ᠳᠤᠨᠢ ᠬᠦᠷᠭᠡᠬᠦ᠂ ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠲᠠ᠎ᠶ᠋ᠢ ᠰᠠᠭᠠᠷᠮᠠᠭ᠍ᠵᠢᠭᠤᠯᠬᠤ᠎ᠶ᠋ᠢ ᠢᠳᠡᠪᠬᠢᠲᠡᠢ ᠪᠦᠭᠡᠳ ᠯᠠᠪᠳᠠᠭᠤᠨ ᠳᠤᠬᠢᠳᠠᠢ ᠠᠬᠢᠭᠤᠯᠤᠨ᠎ᠠ᠃ ᠤᠯᠤᠰ ᠎ᠤᠨ ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠲᠠ᠎ᠶ᠋ᠢ ᠣᠷᠭᠢᠯ ᠬᠡᠮᠵᠢᠭ᠌ᠳᠡᠯ᠎ᠳᠤᠨᠢ ᠬᠦᠷᠭᠡᠬᠦ᠌ ᠬᠤᠶᠠᠳᠤᠭᠠᠷ ᠪᠦᠯᠦᠭ᠎ᠤᠨ ᠲᠤᠷᠱᠢᠯᠲᠠ᠎ᠶ᠋ᠢ ᠯᠠᠪᠳᠠᠭᠤᠨ ᠪᠠᠲᠤᠲᠠᠢ ᠥᠷᠨᠢᠭᠦᠯᠵᠦ᠍᠂ ᠨᠢᠭᠡ ᠪᠦᠯᠦᠭ ᠨᠡᠭᠦᠷᠡᠰᠦᠲᠥ᠋ᠷᠥᠭ᠌ᠴᠢ ᠦᠯᠦ᠍ ᠭᠠᠳᠠᠬ᠍ᠰᠢᠯᠠᠭᠤᠯᠬᠤ ᠬᠦᠷᠢᠶᠡᠯᠡᠩ ᠲᠣᠭᠤᠷᠢᠭ᠂ ᠨᠡᠭᠦᠷᠡᠰᠦᠲᠥ᠋ᠷᠥᠭ᠌ᠴᠢ ᠦᠯᠦ᠍ ᠭᠠᠳᠠᠬ᠍ᠰᠢᠯᠠᠭᠤᠯᠬᠤ ᠦᠢᠯᠡᠳᠪᠦᠷᠢ᠎ᠶ᠋ᠢ ᠪᠠᠢᠭᠤᠯᠤᠨ᠎ᠠ᠃ ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠲᠠ᠎ᠶ᠋ᠢᠨ ᠬᠤᠤᠰ ᠬᠢᠵᠠᠭᠠᠷᠯᠠᠯ᠎ᠤᠨ ᠲᠦᠷᠢᠮ᠎ᠤᠨ ᠱᠢᠰᠲ᠋ᠧᠮ ᠎ᠢ ᠲᠦᠷᠭᠡᠯᠡᠨ ᠪᠠᠢᠭᠤᠯᠵᠤ᠂ ᠪᠦᠬᠦ᠌ ᠤᠯᠤᠰ᠎ᠤᠨ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠡᠷᠬᠡ᠎ᠶ᠋ᠢ ᠠᠷᠠᠯᠵᠢᠶᠠᠯᠠᠬᠤ ᠵᠠᠬ᠎ᠠ ᠳᠡᠯᠭᠡᠭᠦᠷ᠎ᠤᠨ ᠠᠵᠢᠯ ᠲᠦᠷᠦᠯ ᠎ᠤᠨ ᠬᠠᠮᠤᠷᠬᠤ ᠬᠡᠪᠴᠢᠶ᠎ᠡ᠎ᠶ᠋ᠢ ᠥᠷᠭᠡᠳᠭᠡᠨ᠎ᠡ᠃ ᠨᠡᠭᠦᠷᠡᠰᠦᠲᠥ᠋ᠷᠥᠭ᠌ᠴᠢ᠎ᠶ᠋ᠢᠨ ᠭᠠᠳᠠᠭ᠍ᠰᠢᠯᠠᠭᠤᠯᠤᠯᠳᠡ ᠎ᠶ᠋ᠢ ᠪᠦᠷᠢᠳᠭᠡᠵᠦ᠍ ᠲᠤᠭᠠᠴᠠᠭ᠎ᠠ ᠬᠢᠬᠦ᠌ ᠠᠵᠢᠯ ᠎ᠢ ᠦᠷᠨᠢᠬᠦᠯᠵᠦ᠍᠂ ᠦᠢᠯᠡᠳᠬᠦᠨ᠎ᠤ ᠨᠡᠭᠦᠷᠡᠰᠦᠲᠥ᠋ᠷᠥᠭ᠌ᠴᠢ᠎ᠶ᠋ᠢᠨ ᠤᠯᠠ ᠮᠥᠷ᠎ᠤᠨ ᠬᠠᠮᠢᠶᠠᠷᠤᠯᠲᠠ᠎ᠶ᠋ᠢᠨ ᠱᠢᠰᠲ᠋ᠧᠮ᠂ ᠨᠡᠭᠦᠷᠡᠰᠦᠲᠥ᠋ᠷᠥᠭ᠌ᠴᠢ᠎ᠶ᠋ᠢᠨ ᠢᠯᠡᠳᠭᠡᠮᠵᠢ ᠳᠡᠮᠳᠡᠭ᠎ᠤᠨ ᠭᠡᠷᠡᠴᠢᠯᠡᠯ᠎ᠤᠨ ᠳᠦᠷᠢᠮ᠎ᠢ ᠪᠠᠢᠭᠤᠯᠵᠤ᠂ ᠨᠤᠭᠤᠭᠠᠨ ᠠᠷᠠᠯᠵᠢᠶᠠᠨ᠎ᠤ ᠬᠤᠷᠢᠭ᠎ᠠ ᠰᠠᠭᠠᠳ᠎ᠢ ᠢᠳᠡᠪᠬᠢᠲᠡᠶ ᠠᠷᠭᠠᠴᠠᠨ᠎ᠠ᠃ ᠡᠯᠡᠰᠦ᠂ ᠭᠤᠪᠢ᠂ ᠴᠥᠯ ᠭᠠᠵᠠᠷ᠎ᠤᠨ ᠱᠢᠨ᠎ᠡ ᠡᠨᠧᠷᠭᠢ᠎ᠶ᠋ᠢᠨ ᠰᠤᠷᠪᠤᠯᠵᠢ᠎ᠶ᠋ᠢᠨ ᠰᠠᠭᠤᠷᠢᠨ ᠭᠠᠵᠠᠷ᠎ᠢ ᠲᠦᠷᠭᠡᠯᠡᠨ ᠪᠠᠢᠭᠤᠯᠵᠤ᠂ ᠳᠠᠯᠠᠢ ᠳᠡᠭᠡᠷᠡᠬᠢ ᠰᠠᠯᠬᠢᠨ ᠴᠠᠬᠢᠯᠭᠠᠨ᠎ᠢ ᠬᠥᠭ᠌ᠵᠢᠭᠦᠯᠵᠦ᠍᠂ ᠲᠤᠬᠠᠶ᠎ᠶ᠋ᠢᠨ ᠭᠠᠵᠠᠷ᠎ᠲᠤᠨᠢ ᠪᠠᠭ᠍ᠳᠠᠭᠠᠨ ᠱᠢᠩᠭᠡᠭᠡᠬᠦ᠌ ᠪᠠ ᠭᠠᠳᠠᠭ᠍ᠰᠢ ᠬᠦᠷᠭᠡᠬᠦ᠌ ᠵᠠᠮ᠎ᠤᠨ ᠪᠦᠲᠦᠭᠡᠨ ᠪᠠᠢᠭᠤᠯᠤᠯᠲᠠ᠎ᠶ᠋ᠢ ᠨᠢᠭᠡᠳᠦᠯᠲᠡᠶ ᠲᠥᠯᠥᠪᠯᠡᠨ᠎ᠡ᠃ ᠨᠡᠭᠦᠷᠡᠰᠦᠨ ᠴᠠᠬᠢᠯᠭᠠᠨ᠎ᠢ ᠨᠡᠭᠦᠷᠡᠰᠦᠲᠥ᠋ᠷᠥᠭ᠌ᠴᠢ ᠪᠠᠭᠠᠳᠠᠢ ᠪᠤᠯᠭᠠᠬᠤ ᠥᠭᠡᠷᠡᠴᠢᠯᠡᠯᠲᠡ᠎ᠶ᠋ᠢᠨ ᠲᠤᠷᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠠᠵᠢᠯ᠎ᠢ ᠥᠷᠨᠢᠭᠦᠯᠦᠨ᠎ᠡ᠃ ᠠᠭᠤᠷ ᠠᠮᠢᠰᠭᠤᠯ᠎ᠤᠨ ᠬᠤᠪᠢᠷᠠᠯᠲᠠ᠎ᠶ᠋ᠢ ᠠᠷᠭᠠᠴᠠᠬᠤ ᠬᠠᠮ ᠴᠢᠬᠤᠯᠠ ᠶᠡᠭᠡ ᠢᠨᠵᠧᠨᠧᠷᠢᠩ᠎ᠢ ᠲᠥᠯᠥᠪᠵᠢᠭᠦᠯᠵᠦ᠍᠂ ᠪᠦᠬᠦ᠌ ᠪᠥᠮᠪᠥᠷᠴᠡᠭ᠎ᠤᠨ ᠣᠷᠴᠢᠨ ᠠᠬᠤᠢ ᠪᠠ ᠠᠭᠤᠷ ᠠᠮᠢᠰᠭᠤᠯ᠎ᠤᠨ ᠵᠠᠰᠠᠯᠲᠠ᠎ᠳᠤ ᠢᠳᠡᠪᠬᠢᠲᠡᠢ ᠣᠷᠣᠯᠴᠠᠬᠤ ᠪᠠ ᠲᠡᠬᠦᠨ᠎ᠢ ᠬᠥᠲᠥᠯᠥᠨ ᠳᠠᠭᠠᠭᠤᠯᠤᠨ᠎ᠠ᠃

(ᠠᠷᠪᠠ )ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ ᠡᠷᠴᠢᠮ᠎ᠢᠶᠠᠨ ᠴᠢᠩᠭᠠᠷᠠᠭᠤᠯᠵᠤ᠂ ᠨᠡᠢᠭᠡᠮ᠎ᠤᠨ ᠵᠠᠰᠠᠯᠲᠠ᠎ᠶ᠋ᠢᠨ ᠦᠢᠯᠡᠳᠦᠯ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ᠃ ᠲᠦᠭᠡᠮᠡᠯ ᠬᠠᠷᠠᠭᠠᠯᠵᠠᠯᠳᠦ ᠴᠢᠨᠠᠷᠲᠠᠶ᠂ ᠰᠠᠭᠤᠷᠢ ᠴᠢᠨᠠᠷᠲᠠᠶ᠂ ᠦᠨᠳᠦᠰᠦᠨ ᠵᠦᠢᠯ᠎ᠢ ᠪᠠᠲᠤᠯᠠᠬᠤ ᠴᠢᠨᠠᠷᠲᠠᠶ ᠠᠷᠠᠳ᠎ᠤᠨ ᠠᠮᠢᠳᠤᠷᠠᠯ᠎ᠤᠨ ᠪᠦᠲᠦᠭᠡᠨ ᠪᠠᠢᠭᠤᠯᠤᠯᠲᠠ᠎ᠶ᠋ᠢ ᠴᠢᠩᠭᠠᠳᠭᠠᠵᠤ᠂ ᠣᠯᠠᠨ ᠨᠡᠢᠲᠡ᠎ᠶ᠋ᠢᠨ ᠦᠢᠯᠡᠴᠢᠯᠡᠭᠡ ᠪᠠ ᠨᠡᠢᠭᠡᠮ᠎ᠤᠨ ᠪᠠᠲᠤᠯᠠᠭ᠎ᠠ᠎ᠶ᠋ᠢᠨ ᠲᠦᠪᠱᠢᠨ᠎ᠢ ᠲᠣᠭ᠍ᠲᠠᠭᠤᠨ᠎ᠢᠶᠠᠷ ᠳᠡᠭᠡᠭ᠌ᠰᠢᠯᠡᠭᠦᠯᠵᠦ᠍᠂ ᠨᠡᠢᠭᠡᠮ᠎ᠤᠨ ᠡᠶ᠎ᠡ ᠵᠣᠬᠢᠴᠠᠯ ᠪᠠ ᠲᠣᠭ᠍ᠲᠠᠭᠤᠨ ᠪᠠᠢᠳᠠᠯ᠎ᠢ ᠠᠬᠢᠭᠤᠯᠤᠨ᠂ ᠠᠷᠠᠳ ᠤᠯᠠᠨ᠎ᠤ ᠠᠱᠢᠭ ᠬᠦᠷᠲᠡᠭ᠌ᠰᠡᠨ ᠲᠥᠷᠥᠭ᠌ᠳᠡᠯ ᠵᠣᠯ ᠵᠢᠷᠭᠠᠯᠲᠤ ᠲᠥᠷᠥᠭ᠌ᠳᠡᠯ ᠠᠮᠤᠷ ᠲᠥᠪᠱᠢᠨ᠎ᠤ ᠲᠥᠷᠥᠭ᠌ᠳᠡᠯ᠎ᠢ ᠲᠠᠰᠤᠷᠠᠯᠲᠠ ᠦᠭᠡᠢ ᠨᠡᠮᠡᠭ᠌ᠳᠡᠭᠦᠯᠦᠨ᠎ᠡ᠃

ᠨᠡᠩ ᠶᠡᠭᠡ ᠡᠷᠴᠢᠮ᠎ᠢᠶᠠᠷ ᠠᠵᠢᠯ ᠣᠯᠭᠤᠯᠲᠠ᠎ᠶ᠋ᠢ ᠲᠣᠭ᠍ᠲᠠᠪᠤᠷᠢᠵᠢᠭᠤᠯᠬᠤ ᠪᠠ ᠥᠷᠭᠡᠳᠭᠡᠨ᠎ᠡ᠃ ᠠᠵᠢᠯ ᠣᠯᠭᠤᠯᠲᠠ ᠪᠣᠯ ᠠᠷᠠᠳ᠎ᠤᠨ ᠠᠮᠢᠳᠤᠷᠠᠯ᠎ᠤᠨ ᠦᠨᠳᠦᠰᠦ ᠮᠥᠨ᠃ ᠠᠵᠢᠯ ᠣᠯᠭᠤᠯᠲᠠ᠎ᠶ᠋ᠢ ᠲᠡᠷᠢᠭᠦᠨ᠎ᠳᠤ ᠲᠠᠯᠪᠢᠬᠤ ᠲᠦᠷᠦ᠍᠎ᠶ᠋ᠢᠨ ᠪᠤᠳᠤᠯᠭ᠎ᠠ᠎ᠶ᠋ᠢ ᠲᠡᠭᠦᠯᠳᠡᠷᠵᠢᠭᠦᠯᠵᠦ᠍᠂ ᠡᠯ᠎ᠡ ᠲᠦᠷᠦᠯ᠎ᠤᠨ ᠪᠡᠯᠡ ᠮᠥᠩᠭᠦ᠌ ᠡᠬᠢ ᠪᠠᠶᠠᠯᠢᠭ᠎ᠢ ᠨᠢᠭᠡᠳᠦᠯᠲᠡᠶ ᠲᠥᠯᠥᠪᠯᠡᠨ ᠳᠡᠮᠵᠢᠬᠦ᠌ ᠡᠷᠴᠢᠮ᠎ᠢᠶᠠᠨ ᠴᠢᠩᠭᠠᠷᠠᠭᠤᠯᠤᠨ᠂ ᠭᠦᠢᠴᠡᠳ ᠠᠵᠢᠯ ᠣᠯᠭᠤᠯᠲᠠ᠎ᠶ᠋ᠢ ᠠᠬᠢᠭᠤᠯᠵᠤ᠂ ᠠᠵᠢᠯ ᠣᠯᠭᠤᠯᠲᠠ᠎ᠶ᠋ᠢᠨ ᠶᠠᠰᠤ ᠴᠢᠨᠠᠷ᠎ᠢ ᠳᠡᠭᠡᠭ᠌ᠰᠢᠯᠡᠭᠦᠯᠬᠦ᠌ ᠬᠡᠷᠡᠭ᠌ᠲᠡᠶ᠃ ᠭᠤᠣᠯᠳᠠᠯᠭ᠎ᠠ᠎ᠲᠠᠢ ᠬᠦᠷᠢᠶ᠎ᠡ᠂ ᠭᠤᠣᠯᠳᠠᠯᠭ᠎ᠠ᠎ᠲᠠᠢ ᠠᠵᠢᠯ ᠲᠥᠷᠥᠯ᠂ ᠬᠤᠲᠠ ᠬᠥᠳᠡᠭᠡ᠎ᠶ᠋ᠢᠨ ᠦᠨᠳᠦᠰᠦᠨ ᠱᠠᠲᠤ ᠪᠠ ᠳᠤᠮᠳᠠ ᠵᠢᠵᠢᠭ ᠪᠢᠴᠢᠯ ᠠᠵᠤ ᠠᠬᠤᠢᠯᠠᠯ᠎ᠤᠨ ᠠᠵᠢᠯ ᠣᠯᠭᠤᠯᠲᠠ᠎ᠶ᠋ᠢ ᠳᠡᠮᠵᠢᠬᠦ᠌ ᠲᠥᠯᠥᠪᠯᠡᠭᠡ᠎ᠶ᠋ᠢ ᠬᠡᠷᠡᠭ᠌ᠵᠢᠭᠦᠯᠵᠦ᠍᠂ ᠠᠵᠢᠯ᠎ᠤᠨ ᠪᠠᠢᠷᠢ᠎ᠶ᠋ᠢ ᠲᠣᠭ᠍ᠲᠠᠪᠤᠷᠢᠵᠢᠭᠤᠯᠤᠨ ᠠᠵᠢᠯ ᠠᠯᠳᠠᠯᠲᠠ᠎ᠶ᠋ᠢᠨ ᠳᠠᠭᠠᠳᠭᠠᠯ᠎ᠢ ᠪᠤᠴᠠᠭᠠᠬᠤ᠂ ᠭᠠᠢᠯᠢ ᠰᠦᠢᠳᠭᠡᠯ ᠎ᠢ ᠬᠠᠰᠤᠵᠤ ᠬᠡᠯᠲᠦᠷᠢᠭᠦᠯᠬᠦ᠂ ᠠᠵᠢᠯ ᠣᠯᠭᠤᠯᠲᠠ᠎ᠶ᠋ᠢᠨ ᠨᠥᠬᠦᠪᠥᠷᠢ ᠦᠭ᠌ᠭᠦ ᠵᠡᠷᠭᠡ ᠲᠦᠷᠦ᠍᠎ᠶ᠋ᠢᠨ ᠪᠤᠳᠤᠯᠭ᠎ᠠ᠎ᠶ᠋ᠢ ᠭᠦᠢᠴᠡᠳ ᠪᠦᠭᠡᠳ ᠰᠠᠢᠲᠤᠷ ᠬᠡᠷᠡᠭ᠌ᠯᠡᠨ᠎ᠡ᠃ ᠬᠥᠳᠡᠯᠮᠦᠷᠢ ᠬᠤᠷᠠᠬ᠍ᠰᠠᠨ ᠬᠡᠯᠪᠡᠷᠢ᠎ᠶ᠋ᠢᠨ ᠠᠵᠤ ᠦᠢᠯᠡᠰ᠎ᠤᠨ ᠠᠵᠢᠯ ᠤᠯᠭᠤᠬᠤ ᠪᠠ ᠠᠵᠢᠯ ᠤᠯᠭᠤᠯᠳᠡ᠎ᠶ᠋ᠢ ᠲᠣᠭ᠍ᠲᠠᠪᠤᠷᠢᠵᠢᠭᠤᠯᠬᠤ᠎ᠶ᠋ᠢ ᠲᠡᠮᠵᠢᠵᠦ᠍᠂ ᠱᠢᠨ᠎ᠡ ᠮᠡᠷᠭᠡᠵᠢᠯ᠎ᠤᠨ ᠬᠡᠷᠡᠭ᠌ᠯᠡᠯᠲᠡ ᠪᠠ ᠠᠵᠢᠯ᠎ᠤᠨ ᠪᠠᠢᠷᠢ᠎ᠶ᠋ᠢᠨ ᠰᠣᠯᠢᠭ᠍ᠳᠠᠯ᠎ᠢ ᠰᠠᠢᠲᠤᠷ ᠨᠢᠭᠡᠳᠦᠯᠲᠡᠶ ᠲᠥᠯᠥᠪᠯᠡᠨ᠂ ᠠᠵᠢᠯ ᠣᠯᠭᠤᠬᠤ ᠱᠢᠨ᠎ᠡ ᠲᠣᠬᠢᠶᠠᠯ᠎ᠢ ᠡᠭᠦᠳᠤᠨ᠎ᠠ᠃ ᠠᠵᠢᠯ ᠣᠯᠭᠤᠬᠤ ᠠᠳᠠᠯ ᠦᠢᠯᠡᠰ ᠴᠤᠬ᠍ᠴᠠᠯᠠᠬᠤ ᠦᠢᠯᠡᠴᠢᠯᠡᠭᠡ᠎ᠶ᠋ᠢ ᠱᠢᠯᠢᠳᠡᠭ᠌ᠵᠢᠭᠦᠯᠦᠨ᠂ ᠶᠡᠭᠡ ᠳᠡᠭᠡᠳᠦ ᠰᠤᠷᠭᠠᠭᠤᠯᠢ ᠲᠡᠭᠦᠰᠦᠭ᠌ᠰᠡᠨ ᠰᠤᠷᠤᠬ᠍ᠴᠢᠳ ᠵᠡᠷᠭᠡ ᠵᠠᠯᠠᠭᠤᠴᠤᠳ᠎ᠤᠨ ᠠᠵᠢᠯ ᠣᠯᠬᠤ ᠠᠳᠠᠯ ᠦᠢᠯᠡᠰ ᠴᠤᠬ᠍ᠴᠠᠯᠠᠬᠤ ᠠᠷᠭ᠎ᠠ ᠵᠠᠮ᠎ᠢ ᠥᠷᠭᠡᠳᠭᠡᠵᠦ᠍᠂ ᠴᠡᠷᠢᠭ᠎ᠤᠨ ᠠᠯᠪᠠ᠎ᠠᠴᠠ ᠪᠠᠭᠤᠬ᠍ᠰᠠᠳ᠎ᠢ ᠲᠥᠪᠬᠢᠨᠡᠭᠦᠯᠬᠦ᠌ ᠪᠠ ᠳᠡᠳᠡᠨ᠎ᠳᠤ ᠠᠵᠢᠯ ᠣᠯᠭᠤᠬᠤ ᠦᠢᠯᠡᠴᠢᠯᠡᠭᠡ᠎ᠶ᠋ᠢ ᠰᠠᠢᠲᠤᠷ ᠬᠢᠵᠦ᠍᠂ ᠶᠠᠳᠠᠭᠤ᠎ᠠᠴᠠ ᠠᠩᠭᠢᠵᠢᠷᠠᠭ᠍ᠰᠠᠨ ᠬᠥᠮᠦᠨ ᠠᠮᠠ ᠪᠤᠯᠤᠨ ᠬᠥᠯᠥᠰᠥᠨ ᠠᠵᠢᠯᠴᠢᠨ᠎ᠳᠤ ᠠᠵᠢᠯ ᠣᠯᠭᠤᠬᠤ᠎ᠶ᠋ᠢ ᠠᠬᠢᠭᠤᠯᠵᠤ᠂ ᠨᠠᠰᠤ ᠠᠬᠢᠭ᠍ᠰᠠᠳ᠂ ᠵᠡᠮᠳᠡᠭ᠌ᠴᠤᠳ᠂ ᠨᠡᠯᠢᠶᠡᠳ ᠤᠷᠲᠤ ᠬᠤᠭᠤᠴᠠᠭ᠎ᠠ᠎ᠪᠠᠷ ᠠᠵᠢᠯ ᠠᠯᠳᠠᠭ᠍ᠰᠠᠳ ᠵᠡᠷᠭᠡ ᠠᠵᠢᠯ ᠤᠯᠬᠤ᠎ᠳᠤ ᠬᠦᠴᠢᠷᠳᠡᠯ᠎ᠲᠠᠢ ᠬᠠᠮᠲᠤᠯᠢᠭ᠎ᠢ ᠬᠠᠪᠰᠤᠷᠤᠨ ᠲᠡᠳᠬᠦᠬᠦ᠌᠎ᠶ᠋ᠢ ᠴᠢᠩᠭᠠᠳᠭᠠᠨ᠎ᠠ᠃ ᠠᠮᠢᠳᠤᠯᠢᠭ᠎ᠢᠶᠠᠷ ᠠᠵᠢᠯ ᠤᠯᠤᠬ᠍ᠰᠠᠨ ᠪᠠ ᠱᠢᠨ᠎ᠠ ᠬᠡᠯᠪᠡᠷᠢ ᠪᠠᠢᠳᠠᠯ᠎ᠢᠶᠠᠷ ᠠᠵᠢᠯ ᠣᠯᠣᠭ᠍ᠰᠠᠨ ᠬᠥᠳᠡᠯᠮᠦᠷᠢᠴᠢᠳ᠎ᠤᠨ ᠡᠷᠬᠡ ᠠᠱᠢᠭ᠎ᠤᠨ ᠪᠠᠲᠤᠯᠠᠭ᠎ᠠ᠎ᠶ᠋ᠢ ᠴᠢᠩᠭᠠᠳᠭᠠᠵᠤ᠂ ᠠᠵᠢᠯ ᠮᠡᠷᠭᠡᠵᠢᠯ᠎ᠤᠨ ᠬᠦᠨᠦᠭᠡᠯ᠎ᠤᠨ ᠳᠤᠬᠠᠢ ᠪᠠᠲᠤᠯᠠᠭ᠎ᠠ᠎ᠶ᠋ᠢᠨ ᠲᠤᠷᠱᠢᠯᠲᠠ᠎ᠶ᠋ᠢ ᠥᠷᠭᠡᠳᠭᠡᠬᠦ᠌᠎ᠶ᠋ᠢ ᠠᠬᠢᠭᠤᠯᠤᠨ᠎ᠠ᠃ ᠬᠥᠳᠡᠯᠮᠦᠷᠢᠴᠢᠳ᠎ᠤᠨ ᠴᠠᠯᠢᠩ᠎ᠢ ᠦᠭ᠌ᠭᠦ᠎ᠶ᠋ᠢ ᠦᠨᠡᠨ ᠬᠦ᠌ ᠪᠠᠲᠤᠯᠠᠵᠤ᠂ ᠴᠠᠯᠢᠩ᠎ᠢ ᠬᠤᠢᠱᠢᠯᠠᠭᠤᠯᠤᠨ ᠦᠷᠢᠲᠦᠭ᠌ᠰᠡᠨ᠎ᠢ ᠢᠯᠭᠠᠷᠠᠭᠤᠯᠤᠨ ᠴᠡᠭ᠌ᠴᠡᠯᠡᠵᠦ᠍᠂ ᠠᠵᠢᠯ ᠣᠯᠭᠤᠯᠲᠠ᠎ᠶ᠋ᠢᠨ ᠡᠯ᠎ᠡ ᠲᠦᠷᠦᠯ᠎ᠤᠨ ᠭᠠᠳᠠᠭᠤᠷᠴᠢᠯᠠᠯ᠎ᠢ ᠡᠷᠡᠰ ᠵᠠᠯᠠᠷᠠᠭᠤᠯᠤᠨ᠎ᠠ᠃ ᠶᠡᠭᠡ ᠬᠡᠪᠴᠢᠶᠡᠨ᠎ᠤ ᠠᠵᠢᠯ ᠮᠡᠷᠭᠡᠵᠢᠯ᠎ᠤᠨ ᠤᠷ᠎ᠠ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠪᠣᠯᠪᠠᠰᠤᠷᠠᠭᠤᠯᠤᠯ᠎ᠤᠨ ᠠᠵᠢᠯᠯᠠᠭ᠎ᠠ᠎ᠶ᠋ᠢ ᠥᠷᠨᠢᠭᠦᠯᠵᠦ᠍᠂ ᠦᠢᠯᠡᠳᠬᠦ᠌ ᠦᠢᠯᠡᠰ᠂ ᠦᠢᠯᠡᠴᠢᠯᠡᠭᠡᠨ᠎ᠤ ᠦᠢᠯᠡᠰ᠎ᠤᠨ ᠳᠤᠲᠠᠭ᠍ᠳᠠᠵᠤ ᠪᠠᠢᠭ᠎ᠠ ᠤᠷ᠎ᠠ ᠴᠢᠳᠠᠪᠤᠷᠢ᠎ᠲᠠᠢ ᠴᠢᠳᠠᠪᠤᠷᠢᠲᠠᠨ᠎ᠤ ᠬᠠᠩᠭᠠᠯᠭ᠎ᠠ᠎ᠶ᠋ᠢ ᠨᠡᠮᠡᠭ᠌ᠳᠡᠭᠦᠯᠦᠨ᠎ᠡ᠃ ᠤᠷ᠎ᠠ ᠴᠢᠳᠠᠪᠤᠷᠢ᠎ᠪᠠᠷ ᠤᠳᠤᠷᠢᠳᠤᠮᠵᠢ ᠪᠣᠯᠭᠠᠭ᠍ᠰᠠᠨ ᠴᠠᠯᠢᠩ ᠬᠥᠯᠥᠰᠥ᠎ᠶ᠋ᠢᠨ ᠬᠤᠪᠢᠶᠠᠷᠢᠯᠠᠯᠲᠠ᠎ᠶ᠋ᠢᠨ ᠳᠦᠷᠢᠮ ᠎ᠢ ᠲᠦᠷᠭᠡᠯᠡᠨ ᠪᠠᠢᠭᠤᠯᠵᠤ᠂ ᠤᠷ᠎ᠠ ᠴᠢᠳᠠᠪᠤᠷᠢ᠎ᠲᠠᠢ ᠴᠢᠳᠠᠪᠤᠷᠢᠲᠠᠨ᠎ᠤ ᠬᠠᠷᠠᠭᠠᠯᠵᠠᠯ ᠎ᠤᠨ ᠲᠦᠪᠱᠢᠨ ᠎ᠢ ᠳᠡᠭᠡᠭ᠌ᠰᠢᠯᠡᠭᠦᠯᠦᠨ᠂ ᠢᠯᠡᠭᠦᠦ ᠬᠥᠳᠡᠯᠮᠦᠷᠢᠯᠡᠭ᠌ᠰᠡᠳ᠎ᠨᠢ ᠢᠯᠡᠭᠦᠥ ᠤᠯᠬᠤ᠂ ᠮᠡᠷᠭᠡᠵᠢᠯ ᠰᠠᠢᠨ᠎ᠨᠢ ᠢᠯᠡᠭᠦᠦ ᠣᠯᠬᠤ᠂ ᠱᠢᠨ᠎ᠡ᠎ᠶ᠋ᠢ ᠡᠭᠦᠳᠦᠭ᠌ᠰᠡᠳ᠎ᠨᠢ ᠢᠯᠡᠭᠦᠦ ᠤᠯᠬᠤ ᠪᠤᠯᠭᠠᠨ᠎ᠠ᠃

ᠦᠨᠳᠦᠰᠦᠨ ᠡᠮᠨᠡᠯᠭᠡ ᠡᠷᠡᠭᠦᠯ ᠬᠠᠮᠠᠭᠠᠯᠠᠯ᠎ᠤᠨ ᠦᠢᠯᠡᠴᠢᠯᠡᠭᠡ᠎ᠶ᠋ᠢ ᠴᠢᠩᠭᠠᠳᠭᠠᠨ᠎ᠠ᠃ ᠡᠷᠡᠭᠦᠯ ᠮᠡᠨᠳᠦ᠍᠎ᠶ᠋ᠢ ᠲᠡᠷᠢᠬᠦᠨ᠎ᠳᠤ ᠲᠠᠯᠪᠢᠬᠤ ᠬᠥᠭ᠌ᠵᠢᠯᠳᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠬᠡᠷᠡᠭ᠌ᠵᠢᠭᠦᠯᠵᠦ᠍᠂ ᠡᠮᠨᠡᠯᠭᠡ᠂ ᠡᠮᠨᠡᠯᠭᠡ᠎ᠶ᠋ᠢᠨ ᠳᠠᠭᠠᠳᠭᠠᠯ᠂ ᠡᠮ ᠡᠮᠨᠡᠯᠭᠡ᠎ᠶ᠋ᠢ ᠬᠠᠮᠵᠢᠯᠴᠠᠭᠤᠯᠤᠨ ᠬᠥᠭ᠌ᠵᠢᠬᠦᠯᠬᠦ᠌ ᠪᠠ ᠵᠠᠰᠠᠬᠤ᠎ᠶ᠋ᠢ ᠠᠬᠢᠭᠤᠯᠤᠨ᠎ᠠ᠃ ᠨᠡᠢᠲᠡ᠎ᠶ᠋ᠢᠨ ᠠᠰᠠᠷᠠᠮᠵᠢ᠎ᠶ᠋ᠢᠨ ᠴᠢᠨᠠᠷ᠎ᠢᠶᠠᠷ ᠤᠳᠤᠷᠢᠳᠤᠮᠵᠢ ᠪᠣᠯᠭᠠᠭ᠍ᠰᠠᠨ ᠠᠯᠪᠠᠨ᠎ᠠᠴᠠ ᠪᠠᠢᠭᠤᠯᠤᠭ᠍ᠰᠠᠨ ᠡᠮᠨᠡᠯᠭᠡ᠎ᠶ᠋ᠢᠨ ᠬᠣᠷᠢᠶ᠎ᠠ ᠵᠢᠨ  ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠣᠷᠣᠨ ᠲᠤᠭ᠎ᠠ᠎ᠶ᠋ᠢ ᠬᠥᠳᠡᠯᠦᠩᠭᠦᠢ᠎ᠪᠠᠷ ᠲᠣᠬᠢᠷᠠᠭᠤᠯᠬᠤ᠎ᠶ᠋ᠢ ᠠᠬᠢᠭᠤᠯᠵᠦ᠍᠂ ᠡᠮᠴᠢᠯᠡᠭᠡᠨ᠎ᠤ ᠦᠢᠯᠡᠴᠢᠯᠡᠭᠡ᠎ᠪᠠᠷ ᠭᠤᠤᠯ ᠤᠳᠤᠷᠢᠳᠤᠮᠵᠢ ᠪᠣᠯᠭᠠᠭ᠍ᠰᠠᠨ ᠰᠦᠢᠳᠭᠡᠯ ᠬᠤᠷᠢᠶᠠᠬᠤ ᠲᠣᠭ᠍ᠲᠠᠴᠠ᠎ᠶ᠋ᠢ ᠪᠠᠢᠭᠤᠯᠵᠤ᠂ ᠴᠠᠯᠢᠩ ᠬᠥᠯᠥᠰᠥ᠎ᠶ᠋ᠢᠨ ᠲᠦᠷᠢᠮ᠎ᠢ ᠲᠡᠭᠦᠯᠳᠡᠷᠵᠢᠭᠦᠯᠵᠦ᠂  ᠠᠮᠵᠢᠯᠳᠠ ᠪᠦᠳᠦᠮᠵᠢ ᠵᠢ ᠬᠢᠨᠠᠨ ᠰᠢᠯᠭᠠᠬᠣ ᠠᠵᠢᠯ ᠢ᠋ ᠰᠢᠯᠢᠳᠡᠭᠵᠢᠭᠦᠯᠦᠨ᠎ᠡ᠃ ᠡᠪᠡᠳᠴᠢᠲᠡᠨ᠎ᠤ ᠥᠷᠥᠭᠡ  ᠪᠣᠯᠣᠨ ᠡᠮᠨᠡᠨ ᠵᠠᠰᠠᠬᠣ ᠨᠥᠬᠦᠴᠡᠯ᠎ᠢ ᠰᠠᠢᠵᠢᠷᠠᠭᠤᠯᠵᠤ᠂ ᠡᠪᠡᠳᠴᠢᠲᠡᠨ᠎ᠢᠶᠠᠷ ᠭᠤᠣᠯ ᠪᠣᠯᠭᠠᠨ ᠡᠮᠴᠢᠯᠡᠭᠡᠨ᠎ᠤ ᠦᠢᠯᠡᠴᠢᠯᠡᠭᠡ᠎ᠶ᠋ᠢ ᠦᠷᠭᠦᠯᠵᠢᠯᠡᠨ ᠰᠠᠢᠵᠢᠷᠠᠭᠤᠯᠤᠨ᠎ᠠ᠃ ᠴᠢᠨᠠᠷ ᠰᠠᠢᠲᠠᠶ ᠡᠮᠴᠢᠯᠡᠭᠡᠨ᠎ᠤ ᠡᠬᠢ ᠪᠠᠶᠠᠯᠢᠭ᠎ᠤᠨ ᠬᠡᠪᠴᠢᠶ᠎ᠡ᠎ᠶ᠋ᠢ ᠥᠷᠭᠡᠳᠭᠡᠵᠦ᠍ ᠳᠣᠷᠣᠭ᠍ᠰᠢ ᠪᠠᠭᠤᠯᠭᠠᠬᠤ ᠪᠠ ᠣᠷᠣᠨ ᠪᠦᠰᠡ᠎ᠳᠤ ᠲᠡᠩᠴᠡᠭᠦᠷᠢᠲᠡᠶ ᠪᠠᠢᠷᠢᠯᠠᠭᠤᠯᠬᠤ᠎ᠶ᠋ᠢ ᠠᠬᠢᠭᠤᠯᠵᠤ᠂ ᠡᠮᠨᠡᠯᠭᠡ ᠡᠷᠡᠭᠦᠯ ᠬᠠᠮᠠᠭᠠᠯᠠᠯ᠎ᠤᠨ ᠰᠠᠭᠤᠷᠢ᠎ᠶ᠋ᠢ ᠪᠠᠬᠢᠵᠢᠭᠦᠯᠬᠦ᠌ ᠢᠨᠵᠧᠨᠧᠷᠢᠩ᠎ᠢ ᠬᠡᠷᠡᠭ᠌ᠵᠢᠭᠦᠯᠦᠨ᠎ᠡ᠃ ᠰᠤᠪᠢᠯᠠᠯᠲᠠ᠂ ᠬᠡᠦᠬᠡᠳ᠎ᠤᠨ ᠰᠠᠯᠠᠭ᠎ᠠ᠂ ᠡᠪᠡᠳᠴᠢᠨ᠎ᠤ ᠵᠦᠶ᠂ ᠪᠦᠷᠢᠨ ᠰᠠᠯᠠᠭ᠎ᠠ᠂ ᠨᠠᠰᠤᠲᠠᠢᠴᠤᠳ᠎ᠤᠨ ᠠᠨᠠᠭᠠᠬᠤ ᠤᠬᠠᠭᠠᠨ᠎ᠤ ᠲᠤᠰᠭᠠᠶ ᠮᠡᠷᠭᠡᠵᠢᠯ᠎ᠤᠨ ᠡᠩᠨᠡᠭᠡᠨ᠎ᠤ ᠪᠠᠢᠭᠤᠯᠤᠯᠲᠠ᠎ᠶ᠋ᠢ ᠴᠢᠩᠭᠠᠳᠭᠠᠵᠤ᠂ ᠣᠶᠣᠨ ᠮᠡᠳᠡᠷᠡᠯ᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠱᠢᠰᠲ᠋ᠧᠮ᠎ᠢ ᠲᠡᠭᠦᠯᠳᠡᠷᠵᠢᠭᠦᠯᠦᠨ᠎ᠡ᠃ ᠡᠮ ᠎ᠤᠨ ᠵᠦᠢᠯ  ᠪᠣᠯᠣᠨ ᠬᠣᠷᠣᠭᠳᠠᠯ ᠮᠠᠲᠸᠷᠢᠶᠠᠯ᠎ᠢ ᠲᠥᠪᠯᠡᠷᠡᠭᠦᠯᠦᠨ ᠬᠤᠳᠠᠯᠳᠤᠨ ᠠᠪᠬᠤ ᠲᠥᠷᠥ᠎ᠶ᠋ᠢᠨ ᠪᠣᠳᠣᠯᠭ᠎ᠠ᠎ᠶ᠋ᠢ ᠱᠢᠯᠢᠳᠡᠭ᠌ᠵᠢᠭᠦᠯᠵᠦ᠍᠂ ᠶᠠᠰᠤ ᠴᠢᠨᠠᠷ᠎ᠢ ᠦᠨᠡᠯᠡᠨ ᠵᠢᠱ᠌ᠢᠬᠦ᠌ ᠪᠠ ᠬᠢᠨᠠᠨ ᠬᠠᠮᠢᠶᠠᠷᠬᠤ᠎ᠶ᠋ᠢ ᠴᠢᠩᠭᠠᠳᠭᠠᠨ᠂ ᠠᠷᠠᠳ ᠣᠯᠠᠨ ᠎ᠢ ᠨᠠᠩ ᠰᠠᠨᠠᠭ᠎ᠠ ᠠᠮᠤᠷ ᠡᠮ ᠬᠡᠷᠡᠭ᠌ᠯᠡᠬᠦ᠌ ᠪᠣᠯᠭᠠᠨ᠎ᠠ᠃ ᠡᠮ᠎ᠤᠨ ᠵᠦᠢᠯ  ᠪᠣᠯᠣᠨ ᠡᠮ ᠡᠮᠨᠡᠯᠭᠡ ᠵᠢᠨ ᠮᠠᠰᠢᠨ ᠮᠸᠬᠠᠨᠢᠭ᠎ᠤᠨ ᠦᠨ᠎ᠡ ᠬᠠᠩᠰᠢ᠎ᠶ᠋ᠢᠨ ᠪᠦᠷᠢᠯᠳᠦᠬᠦ᠌ ᠲᠣᠭ᠍ᠲᠠᠴᠠ᠎ᠶ᠋ᠢ ᠪᠦᠷᠢᠨᠱᠢᠬᠦᠯᠵᠦ᠍᠂ ᠱᠢᠨ᠎ᠡ᠎ᠶ᠋ᠢ ᠡᠭᠦᠳᠦᠭ᠌ᠰᠡᠨ ᠡᠮ᠎ᠤᠨ ᠭᠠᠷᠴᠠᠭ᠎ᠢ ᠲᠣᠭ᠍ᠲᠠᠭᠠᠨ᠂ ᠱᠢᠨ᠎ᠡ᠎ᠶ᠋ᠢ ᠡᠭᠦᠳᠦᠭ᠌ᠰᠡᠨ ᠡᠮ᠎ᠤᠨ ᠬᠥᠭ᠌ᠵᠢᠯᠲᠡ᠎ᠶ᠋ᠢ ᠳᠡᠮᠵᠢᠨ᠎ᠡ᠃ ᠬᠢᠲᠠᠳ ᠡᠮ ᠡᠮᠨᠡᠯᠭᠡ᠎ᠶ᠋ᠢ ᠤᠯᠠᠮᠵᠢᠯᠠᠨ ᠵᠠᠯᠭᠠᠮᠵᠢᠯᠠᠵᠤ ᠱᠢᠨ᠎ᠡ᠎ᠶ᠋ᠢ ᠡᠭᠦᠳᠤᠨ ᠬᠦᠭ᠌ᠵᠢᠬᠦᠯᠬᠦ᠌ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠬᠢᠲᠠᠳ ᠡᠮ ᠡᠮᠨᠡᠯᠭᠡ ᠎ᠶ᠋ᠢᠨ ᠦᠢᠯᠡᠰ ᠪᠠ ᠠᠵᠤ ᠦᠢᠯᠡᠰ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠤᠨ᠎ᠠ᠃ ᠡᠪᠡᠳᠴᠢᠨ ᠡᠮᠭᠡᠭ᠎ᠢ ᠤᠷᠢᠳᠴᠢᠯᠠᠨ ᠰᠡᠷᠭᠡᠢᠯᠡᠨ ᠬᠢᠵᠠᠭᠠᠷᠯᠠᠬᠤ ᠱᠢᠰᠲ᠋ᠧᠮ᠎ᠤᠨ ᠪᠠᠢᠭᠤᠯᠤᠯᠲᠠ᠎ᠶ᠋ᠢ ᠴᠢᠩᠭᠠᠳᠭᠠᠵᠤ᠂ ᠭᠤᠤᠯᠳᠠᠯᠭ᠎ᠠ᠎ᠲᠠᠢ ᠬᠠᠯᠳᠠᠪᠤᠷᠢᠲᠤ ᠡᠪᠡᠳᠴᠢᠨ᠎ᠢ ᠰᠡᠷᠭᠡᠢᠯᠡᠨ ᠬᠢᠵᠠᠭᠠᠷᠯᠠᠬᠤ ᠠᠵᠢᠯ᠎ᠢ ᠨᠢᠭᠡᠳᠦᠯᠲᠡᠶ ᠲᠥᠯᠥᠪᠯᠡᠨ ᠰᠠᠢᠲᠤᠷ ᠬᠢᠨ᠎ᠡ᠃ ᠰᠠᠭᠤᠭᠠᠯᠢ ᠠᠷᠠᠳ᠎ᠤᠨ ᠡᠮᠨᠡᠯᠭᠡ᠎ᠶ᠋ᠢᠨ ᠳᠠᠭᠠᠳᠭᠠᠯ ᠪᠠ ᠦᠨᠳᠦᠰᠦᠨ ᠣᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠵᠠᠷᠤᠳᠠᠯ᠎ᠤᠨ ᠬᠥᠮᠦᠨ ᠳᠤᠮᠳᠠᠴᠢ᠎ᠶ᠋ᠢᠨ ᠡᠳ᠋᠎ᠤᠨ ᠵᠠᠰᠠᠭ᠎ᠤᠨ ᠨᠥᠬᠦᠪᠥᠷᠢ᠎ᠶ᠋ᠢᠨ ᠪᠠᠷᠢᠮᠵᠢᠶ᠎ᠠ᠎ᠶ᠋ᠢ ᠲᠣᠰ ᠲᠤᠰ ᠲᠠᠬᠢᠭᠠᠳ 30 ᠲᠥᠭᠦᠷᠢᠭ ᠪᠠ 5 ᠲᠥᠭᠦᠷᠢᠭ ᠳᠡᠭᠡᠭ᠌ᠰᠢᠯᠡᠭᠦᠯᠦᠨ᠎ᠡ᠃ ᠦᠨᠳᠦᠰᠦᠨ ᠡᠮᠨᠡᠯᠭᠡ᠎ᠶ᠋ᠢᠨ ᠳᠠᠭᠠᠳᠭᠠᠯ᠎ᠢ ᠮᠤᠵᠢ᠎ᠶ᠋ᠢᠨ ᠱᠠᠲᠤᠨ᠎ᠳᠤ ᠨᠢᠭᠡᠳᠦᠯᠲᠡᠶ ᠲᠥᠯᠥᠪᠯᠡᠬᠦ᠌᠎ᠶ᠋ᠢ ᠯᠠᠪᠳᠠᠭᠤᠨ᠎ᠢᠶᠠᠷ ᠠᠬᠢᠭᠤᠯᠵᠤ᠂ ᠦᠨᠳᠦᠰᠦᠨ ᠡᠮᠨᠡᠯᠭᠡ᠎ᠶ᠋ᠢᠨ ᠳᠠᠭᠠᠳᠭᠠᠯ᠎ᠤᠨ ᠪᠡᠯᠡ ᠴᠤᠭ᠍ᠯᠠᠭᠤᠯᠬᠤ ᠪᠠ ᠬᠠᠷᠠᠭᠠᠯᠵᠠᠯ᠎ᠢ ᠲᠣᠬᠢᠷᠠᠭᠤᠯᠬᠤ ᠲᠣᠭ᠍ᠲᠠᠴᠠ᠎ᠶ᠋ᠢ ᠪᠦᠷᠢᠨᠱᠢᠬᠦᠯᠵᠦ᠍᠂ ᠡᠮᠨᠡᠯᠭᠡ᠎ᠶ᠋ᠢᠨ ᠳᠠᠭᠠᠳᠭᠠᠯ᠎ᠤᠨ ᠵᠣᠭᠤᠰ ᠲᠦᠯᠦᠬᠦ᠌ ᠠᠷᠭ᠎ᠠ ᠮᠠᠶᠢᠭ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠱᠠᠲᠤ ᠬᠤᠪᠢᠶᠠᠨ ᠣᠨᠣᠱᠢᠯᠠᠨ ᠡᠮᠨᠡᠬᠦ᠌᠎ᠶ᠋ᠢ ᠠᠬᠢᠭᠤᠯᠤᠨ᠎ᠠ᠃ ᠡᠮ᠎ᠤᠨ ᠵᠦᠢᠯ ᠪᠠ ᠬᠤᠷᠣᠭ᠍ᠳᠠᠯ ᠮᠠᠲ᠋ᠧᠷᠢᠶᠠᠯ᠎ᠢ ᠦᠭ᠌ᠰᠦᠬᠦᠯᠤᠨ ᠨᠡᠭᠡᠮᠵᠢᠯᠡᠬᠦ᠌ ᠲᠣᠭ᠍ᠲᠠᠴᠠ᠎ᠶ᠋ᠢ ᠪᠥᠬᠦ᠌ ᠲᠠᠯ᠎ᠠ᠎ᠪᠠᠷ ᠪᠠᠢᠭᠤᠯᠵᠤ᠂ ᠡᠮᠨᠡᠯᠭᠡ᠎ᠶ᠋ᠢᠨ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠬᠢᠨᠠᠯᠲᠠ ᠬᠠᠮᠢᠶᠠᠷᠤᠯᠲᠠ᠎ᠶ᠋ᠢ ᠴᠢᠩᠳᠠᠯᠠᠵᠤ᠂ ᠮᠦᠡᠭ᠌ᠭᠦ ᠨᠢᠭᠡ ᠪᠦᠷᠢ᠎ᠶ᠋ᠢ ᠴᠥᠮ ᠠᠷᠠᠳ ᠲᠦᠮᠡᠨ᠎ᠤ ᠡᠷᠡᠭᠦᠯ ᠮᠡᠨᠳᠦ ᠠᠵᠠ ᠵᠢᠷᠭᠠᠯ᠎ᠢ ᠨᠡᠮᠡᠭ᠌ᠳᠡᠭᠦᠯᠬᠦ᠌᠎ᠳᠤ ᠬᠡᠷᠡᠭ᠌ᠯᠡᠬᠦᠯᠦᠨ᠎ᠠ᠃

ᠨᠡᠢᠭᠡᠮ ᠎ᠤᠨ ᠪᠠᠲᠤᠯᠠᠭ᠎ᠠ ᠪᠠ ᠦᠢᠯᠡᠴᠢᠯᠡᠭᠡᠨ ᠎ᠤ ᠲᠦᠷᠦ᠍᠎ᠶ᠋ᠢᠨ ᠪᠤᠳᠤᠯᠭ᠎ᠠ᠎ᠶ᠋ᠢ ᠲᠡᠭᠦᠯᠳᠡᠷᠵᠢᠭᠦᠯᠦᠨ᠎ᠡ᠃ ᠬᠤᠲᠠ ᠬᠥᠳᠡᠭᠡ᠎ᠶ᠋ᠢᠨ ᠰᠠᠭᠤᠭᠠᠯᠢ ᠠᠷᠠᠳ᠎ᠤᠨ ᠰᠠᠭᠤᠷᠢ ᠨᠠᠰᠤᠵᠢᠯ᠎ᠤᠨ ᠠᠰᠠᠷᠠᠮᠵᠢ᠎ᠶ᠋ᠢᠨ ᠮᠥᠩᠭᠦ᠎ᠶ᠋ᠢᠨ ᠨᠠᠭᠠᠳᠤ ᠵᠠᠬ᠎ᠠ᠎ᠶ᠋ᠢᠨ ᠪᠠᠷᠢᠮᠵᠢᠶ᠎ᠠ᠎ᠶ᠋ᠢ ᠳᠠᠬᠢᠭᠠᠳ 20 ᠲᠥᠭᠦᠷᠢᠭ ᠳᠡᠭᠡᠭ᠌ᠰᠢᠯᠡᠭᠦᠯᠵᠦ᠍᠂ ᠠᠵᠢᠯ᠎ᠠᠴᠠ᠎ᠪᠠᠨ ᠪᠠᠭᠤᠵᠤ ᠠᠮᠠᠷᠠᠭ᠍ᠰᠠᠳ᠎ᠤᠨ ᠦᠨᠳᠦᠰᠦᠨ ᠨᠠᠰᠤᠵᠢᠯ᠎ᠤᠨ ᠠᠰᠠᠷᠠᠮᠵᠢ᠎ᠶ᠋ᠢᠨ ᠮᠥᠩᠭᠦ᠎ᠶ᠋ᠢ ᠵᠣᠬᠢᠰᠲᠠᠶ ᠳᠡᠭᠡᠭ᠌ᠰᠢᠯᠡᠭᠦᠯᠦᠨ᠎ᠡ᠃ ᠭᠤᠷᠪᠠᠳᠤᠭᠠᠷ ᠲᠤᠯᠭᠠᠭᠤᠷᠢᠯᠡᠯ ᠨᠠᠰᠤᠵᠢᠯ᠎ᠤᠨ ᠠᠰᠠᠷᠠᠮᠵᠢ᠎ᠶ᠋ᠢᠨ ᠳᠠᠭᠠᠳᠭᠠᠯ᠎ᠢ ᠲᠦᠷᠭᠡᠯᠡᠨ ᠬᠥᠭ᠌ᠵᠢᠭᠦᠯᠵᠦ᠍᠂ ᠬᠤᠪᠢ ᠬᠥᠮᠦᠨ᠎ᠤ ᠨᠠᠰᠤᠵᠢᠯ᠎ᠤᠨ ᠠᠰᠠᠷᠠᠮᠵᠢ᠎ᠶ᠋ᠢᠨ ᠮᠥᠩᠭᠦ᠎ᠶ᠋ᠢᠨ ᠲᠦᠷᠢᠮ᠎ᠢ ᠰᠠᠢᠲᠤᠷ ᠬᠡᠷᠡᠭ᠌ᠵᠢᠭᠦᠯᠦᠨ᠎ᠡ᠃ ᠬᠥᠮᠦᠨ ᠠᠮᠠ᠎ᠶ᠋ᠢᠨ ᠨᠠᠰᠤᠵᠢᠯᠲᠠ᠎ᠶ᠋ᠢ ᠢᠳᠡᠪᠬᠢᠲᠡᠢ ᠠᠷᠭᠠᠴᠠᠵᠤ᠂ ᠨᠠᠰᠤᠵᠢᠯ᠎ᠤᠨ ᠠᠰᠠᠷᠠᠮᠵᠢ᠎ᠶ᠋ᠢᠨ ᠦᠢᠯᠡᠰ ᠪᠠ ᠨᠠᠰᠤᠵᠢᠯ᠎ᠤᠨ ᠠᠰᠠᠷᠠᠮᠵᠢ᠎ᠶ᠋ᠢᠨ ᠠᠵᠤ ᠦᠢᠯᠡᠰ᠎ᠢ ᠬᠦᠭ᠌ᠵᠢᠬᠦᠯᠬᠦ᠌ ᠲᠦᠷᠦ᠍᠎ᠶ᠋ᠢᠨ ᠪᠤᠳᠤᠯᠭ᠎ᠠ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠪᠤᠭᠤᠷᠤᠯᠴᠤᠳ᠎ᠤᠨ ᠠᠵᠤ ᠠᠬᠤᠶ᠎ᠶ᠋ᠢ ᠶᠡᠭᠡ᠎ᠪᠠᠷ ᠬᠥᠭ᠌ᠵᠢᠭᠦᠯᠦᠨ᠎ᠡ᠃ ᠣᠶᠣᠨᠴᠢ ᠨᠠᠰᠣᠵᠢᠯ ᠤ᠋ᠨ ᠠᠰᠠᠷᠠᠮᠵᠢ ᠵᠢ ᠲᠦᠷᠭᠡᠳᠭᠡᠨ ᠬᠦᠭᠵᠢᠭᠦᠯᠦᠨ᠎ᠡ ᠃ ᠨᠡᠢᠭᠡᠮ ᠲᠣᠭᠤᠷᠢᠭ᠎ᠠᠴᠠ ᠳᠠᠮᠵᠢᠬᠦ᠌ ᠨᠠᠰᠤᠲᠠᠢᠴᠤᠳ᠎ᠢ ᠭᠡᠷ᠎ᠲᠤᠨᠢ ᠠᠰᠠᠷᠠᠬᠤ ᠦᠢᠯᠡᠴᠢᠯᠡᠭᠡ᠎ᠶ᠋ᠢ ᠠᠬᠢᠭᠤᠯᠵᠤ᠂ ᠠᠮᠢᠳᠤᠷᠠᠯ᠎ᠤᠨ ᠴᠢᠳᠠᠪᠤᠷᠢ᠎ᠪᠠᠨ ᠠᠯᠳᠠᠭ᠍ᠰᠠᠨ ᠨᠠᠰᠤᠲᠠᠢᠴᠤᠳ᠎ᠢ ᠬᠠᠷᠠᠭᠠᠯᠵᠠᠨ ᠠᠰᠠᠷᠠᠬᠤ᠎ᠶ᠋ᠢ ᠴᠢᠩᠭᠠᠳᠭᠠᠵᠤ᠂ ᠨᠠᠰᠤᠲᠠᠢᠴᠤᠳ᠎ᠤᠨ ᠬᠤᠭᠤᠯᠠ ᠤᠮᠳᠠ᠎ᠳᠤ ᠲᠤᠰᠠᠯᠠᠮᠵᠢ ᠥᠵᠡᠬᠦᠯᠬᠦ᠌ ᠥᠢᠯᠡᠴᠢᠯᠡᠭᠡ᠂ ᠡᠷᠡᠭᠦᠯᠵᠢᠯ᠎ᠤᠨ ᠲᠤᠰᠠᠯᠠᠬᠤ ᠪᠠᠭᠠᠵᠢ ᠬᠡᠷᠡᠭ᠌ᠰᠡᠯ᠎ᠢ ᠬᠤᠳᠠᠯᠳᠤᠨ ᠠᠪᠬᠤ ᠪᠠ ᠲᠦᠷᠢᠶᠡᠰᠦᠯᠡᠬᠦ᠌᠎ᠶ᠋ᠢ ᠳᠡᠮᠵᠢᠬᠦ᠌ ᠡᠷᠴᠢᠮ᠎ᠢᠶᠠᠨ ᠴᠢᠩᠭᠠᠷᠠᠭᠤᠯᠵᠤ᠂ ᠲᠦᠭᠡᠮᠡᠯ ᠬᠠᠷᠠᠭᠠᠯᠵᠠᠯᠲᠤ ᠨᠠᠰᠤᠵᠢᠯ ᠎ᠤᠨ ᠠᠰᠠᠷᠠᠮᠵᠢ᠎ᠶ᠋ᠢᠨ ᠦᠢᠯᠡᠴᠢᠯᠡᠭᠡ᠎ᠶ᠋ᠢ ᠥᠷᠭᠡᠳᠭᠡᠵᠦ᠍᠂ ᠬᠥᠳᠡᠭᠡ ᠲᠣᠰᠭᠤᠨ᠎ᠤ ᠨᠠᠰᠤᠵᠢᠯ ᠎ᠤᠨ ᠠᠰᠠᠷᠠᠮᠵᠢ᠎ᠶ᠋ᠢᠨ ᠦᠢᠯᠡᠴᠢᠯᠡᠭᠡᠨ᠎ᠤ ᠬᠥᠭ᠌ᠵᠢᠯᠲᠡ᠎ᠶ᠋ᠢ ᠠᠬᠢᠭᠤᠯᠤᠨ᠎ᠠ᠃ ᠤᠷᠲᠤ ᠬᠤᠭᠤᠴᠠᠭᠠᠨ᠎ᠤ ᠰᠤᠪᠢᠯᠠᠯᠲᠠ᠎ᠶ᠋ᠢᠨ ᠳᠠᠭᠠᠳᠭᠠᠯ᠎ᠤᠨ ᠳᠦᠷᠢᠮ᠎ᠢ ᠲᠦᠷᠭᠡᠯᠡᠨ ᠪᠠᠢᠭᠤᠯᠤᠨ᠎ᠠ᠃ ᠦᠷᠡᠵᠢᠯ᠎ᠢ ᠠᠬᠢᠭᠤᠯᠬᠤ ᠲᠥᠷᠥ᠎ᠶ᠋ᠢᠨ ᠪᠣᠳᠣᠯᠭ᠎ᠠ᠎ᠶ᠋ᠢ ᠲᠣᠭ᠍ᠲᠠᠭᠠᠵᠤ᠂ ᠬᠡᠦᠬᠡᠳ ᠪᠤᠢᠵᠢᠭᠤᠯᠬᠤ ᠨᠥᠬᠦᠪᠥᠷᠢ ᠣᠯᠭᠤᠵᠤ᠂ ᠬᠡᠦᠬᠡᠳ ᠰᠠᠭᠠᠳᠠᠭᠤᠯᠬᠤ ᠭᠠᠵᠠᠷ ᠪᠠ ᠬᠡᠦᠬᠡᠳ᠎ᠤᠨ ᠴᠡᠴᠡᠷᠯᠢᠭ᠎ᠢ ᠨᠢᠭᠡ ᠴᠤᠬ᠍ᠴᠠᠵᠢᠭᠤᠯᠤᠬ᠍ᠰᠠᠨ ᠦᠢᠯᠡᠴᠢᠯᠡᠭᠡ᠎ᠶ᠋ᠢ ᠶᠡᠭᠡ᠎ᠪᠠᠷ ᠬᠥᠭ᠌ᠵᠢᠭᠦᠯᠤᠨ᠂ ᠲᠦᠭᠡᠮᠡᠯ ᠬᠠᠷᠠᠭᠠᠯᠵᠠᠯᠳᠦ ᠬᠡᠦᠬᠡᠳ ᠰᠠᠭᠠᠲᠠᠭᠤᠯᠬᠤ ᠦᠢᠯᠡᠴᠢᠯᠡᠭᠡᠨ᠎ᠤ ᠬᠠᠩᠭᠠᠯᠭ᠎ᠠ᠎ᠶ᠋ᠢ ᠨᠡᠮᠡᠭ᠌ᠳᠡᠭᠦᠯᠦᠨ᠎ᠡ᠃ ᠬᠠᠦᠯᠢ᠎ᠪᠠᠷ ᠲᠣᠭ᠍ᠲᠠᠭᠠᠭ᠍ᠰᠠᠨ ᠠᠵᠢᠯ᠎ᠠᠴᠠ ᠪᠠᠭᠤᠵᠤ ᠠᠮᠠᠷᠠᠬᠤ ᠨᠠᠰᠤ᠎ᠶ᠋ᠢ ᠠᠭᠠᠵᠢᠮ᠎ᠢᠶᠠᠷ ᠱᠠᠲᠤᠯᠠᠨ ᠬᠤᠢᠱᠢᠯᠠᠭᠤᠯᠬᠤ ᠥᠭᠡᠷᠡᠴᠢᠯᠡᠯᠲᠡ᠎ᠶ᠋ᠢ ᠯᠠᠪᠳᠠᠭᠤᠨ ᠳᠤᠬᠢᠳᠠᠢ ᠬᠡᠷᠡᠭ᠌ᠵᠢᠭᠦᠯᠦᠨ᠎ᠡ᠃ ᠴᠡᠷᠢᠭ᠎ᠤᠨ ᠬᠦᠮᠦᠨ ᠪᠠ ᠴᠡᠷᠢᠭ᠎ᠤᠨ ᠭᠡᠷ ᠪᠦᠯᠢ᠂ ᠴᠡᠷᠢᠭ᠎ᠤᠨ ᠠᠯᠪᠠ᠎ᠠᠴᠠ ᠪᠠᠭᠤᠭ᠍ᠰᠠᠳ ᠪᠠ ᠪᠤᠰᠤᠳ ᠠᠰᠠᠷᠠᠨ ᠬᠠᠷᠠᠭᠠᠯᠵᠠᠬ᠍ᠳᠠᠬᠤ ᠡᠲᠡᠭᠡᠳ᠎ᠤᠨ ᠬᠠᠷᠠᠭᠠᠯᠵᠠᠯ ᠠᠰᠠᠷᠠᠮᠵᠢ᠎ᠶ᠋ᠢᠨ ᠠᠵᠢᠯ᠎ᠢ ᠰᠠᠢᠲᠤᠷ ᠬᠢᠨ᠎ᠠ᠃ ᠬᠦᠴᠢᠷᠳᠡᠯ᠎ᠳᠤ ᠲᠤᠯᠭᠠᠷᠠᠭ᠍ᠰᠠᠨ ᠬᠡᠦᠬᠡᠳ᠂ ᠨᠡᠭᠦᠳᠡᠯ ᠬᠡᠦᠬᠡᠳ ᠪᠠ ᠬᠡᠷ᠎ᠢᠶᠠᠨ ᠰᠠᠬᠢᠵᠦ᠍ ᠬᠤᠴᠣᠷᠤᠭ᠍ᠰᠠᠨ ᠬᠡᠦᠬᠡᠳ᠎ᠲᠤ ᠬᠠᠢᠷ᠎ᠠ ᠬᠠᠯᠠᠮᠵᠢ ᠬᠦᠷᠳᠡᠭᠡᠬᠦ᠌ ᠦᠢᠯᠡᠴᠢᠯᠡᠭᠡ᠎ᠶ᠋ᠢ ᠴᠢᠩᠭᠠᠳᠭᠠᠨ᠎ᠠ᠃ ᠬᠦᠨᠳᠦ ᠵᠡᠮᠳᠡᠭ᠌ᠴᠦᠳ᠎ᠢ ᠨᠠᠢᠳᠠᠨ ᠠᠰᠠᠷᠠᠭᠤᠯᠬᠤ ᠬᠠᠷᠠᠭᠠᠯᠵᠠᠨ ᠰᠤᠪᠢᠯᠠᠬᠤ ᠦᠢᠯᠡᠴᠢᠯᠡᠭᠡ᠎ᠶ᠋ᠢ ᠰᠠᠢᠳᠤᠷ ᠬᠢᠵᠦ᠍᠂ ᠵᠡᠮᠳᠡᠭ᠌ᠷᠡᠬᠦ᠌᠎ᠶ᠋ᠢ ᠤᠷᠢᠳᠴᠢᠯᠠᠨ ᠰᠡᠷᠭᠡᠢᠯᠡᠬᠦ᠌ ᠪᠠ ᠡᠷᠡᠭᠦᠯᠵᠢᠭᠦᠯᠬᠦ᠌ ᠦᠢᠯᠡᠴᠢᠯᠡᠭᠡᠨ ᠎ᠤ ᠲᠦᠪᠱᠢᠨ᠎ᠢ ᠲᠡᠭᠡᠭ᠌ᠰᠢᠯᠡᠬᠦᠯᠤᠨ᠎ᠠ᠃ ᠣᠷᠣᠯᠭ᠎ᠠ ᠪᠠᠭᠠᠲᠠᠶ ᠬᠥᠮᠦᠨ ᠠᠮᠠ᠎ᠶ᠋ᠢ ᠬᠥᠳᠡᠯᠦᠩᠭᠦᠶ᠎ᠪᠠᠷ ᠬᠢᠨᠠᠨ ᠬᠡᠮᠵᠢᠬᠦ᠌ ᠪᠠ ᠪᠠᠢᠩᠭᠤ᠎ᠶ᠋ᠢᠨ ᠴᠢᠨᠠᠷᠳᠠᠢ᠎ᠪᠠᠷ ᠠᠪᠤᠷᠠᠨ ᠲᠤᠰᠠᠯᠠᠵᠤ ᠬᠠᠪᠰᠤᠷᠤᠨ ᠲᠡᠳᠬᠦᠬᠦ᠌ ᠠᠵᠢᠯ᠎ᠢ ᠴᠢᠩᠭᠠᠳᠭᠠᠵᠤ᠂ ᠱᠠᠳᠤ ᠬᠤᠪᠢᠶᠠᠵᠦ᠍ ᠲᠥᠷᠥᠯ ᠬᠤᠪᠢᠶᠠᠭ᠍ᠰᠠᠨ ᠨᠡᠢᠭᠡᠮ᠎ᠤᠨ ᠠᠪᠤᠷᠠᠨ ᠲᠤᠰᠠᠯᠠᠬᠤ ᠱᠢᠰᠲ᠋ᠧᠮ᠎ᠢ ᠲᠡᠬᠦᠯᠳᠡᠷᠵᠢᠬᠦᠯᠤᠨ᠂ ᠬᠦᠴᠢᠷᠳᠡᠯ᠎ᠲᠠᠢ ᠣᠯᠠᠨ ᠲᠦᠮᠡᠨ᠎ᠤ ᠦᠨᠳᠦᠰᠦᠨ ᠠᠮᠢᠳᠤᠷᠠᠯ᠎ᠢ ᠪᠠᠲᠤᠯᠠᠨ᠎ᠠ᠃

ᠤᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢ ᠴᠢᠩᠭᠠᠳᠭᠠᠨ᠎ᠠ᠃ ᠨᠡᠢᠭᠡᠮ ᠵᠢᠷᠤᠮ᠎ᠤᠨ ᠭᠤᠤᠯᠯᠠᠬᠤ ᠦᠷᠳᠡᠭ᠎ᠤᠨ ᠦᠵᠡᠯᠲᠡ᠎ᠶ᠋ᠢ ᠪᠤᠢᠵᠢᠭᠤᠯᠤᠨ ᠦᠢᠯᠡᠳᠦᠯᠭᠡᠵᠢᠭᠦᠯᠬᠦ᠌ ᠲᠦᠷᠢᠮ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠤᠯᠠᠨ ᠲᠦᠮᠡᠨᠴᠢ ᠴᠢᠨᠠᠷᠲᠠᠶ ᠤᠶᠤᠨ᠎ᠤ ᠪᠣᠯᠪᠠᠰᠤᠨ᠎ᠤ ᠡᠭᠦᠳᠦᠨ ᠪᠠᠢᠭᠤᠯᠤᠯᠳᠡ ᠪᠠ ᠠᠷᠠᠳ ᠢᠷᠭᠡᠤᠨ᠎ᠤᠨ ᠶᠣᠰᠣ ᠰᠤᠷᠲᠠᠬᠤᠨ᠎ᠤ ᠪᠠᠢᠭᠤᠯᠤᠯᠲᠠ᠎ᠶ᠋ᠢ ᠠᠬᠢᠭᠤᠯᠤᠨ᠎ᠠ᠃ ᠭᠦᠨ ᠤᠬᠠᠭᠠᠨ ᠨᠡᠢᠭᠡᠮ᠎ᠤᠨ ᠱᠢᠨᠵᠢᠯᠡᠬᠦ᠌ ᠤᠬᠠᠭᠠᠨ᠂ ᠰᠣᠨᠢᠨ ᠮᠡᠳᠡᠭᠡᠯᠡᠯ ᠬᠡᠪᠯᠡᠯ᠂ ᠷᠠᠳᠢᠣ᠋ ᠨᠡᠪᠲᠡᠷᠡᠭᠦᠯᠭᠡ ᠺᠢᠨᠣ᠋ ᠲᠧᠯᠸᠢᠰ᠂ ᠤᠳᠭ᠎ᠠ ᠵᠣᠬᠢᠶᠠᠯ ᠤᠷᠠᠯᠢᠭ ᠪᠠ ᠳᠠᠩᠰᠠ ᠡᠪᠬᠡᠮᠡᠯ ᠵᠡᠷᠭᠡ᠎ᠶ᠋ᠢᠨ ᠦᠢᠯᠡᠰ᠎ᠢ ᠬᠥᠭ᠌ᠵᠢᠭᠦᠯᠵᠦ᠍᠂ ᠤᠶᠤᠨ᠎ᠤ ᠬᠥᠮᠥᠷᠭᠡ᠎ᠶ᠋ᠢᠨ ᠪᠠᠢᠭᠤᠯᠤᠯᠲᠠ᠎ᠶ᠋ᠢ ᠴᠢᠩᠭᠠᠳᠭᠠᠨ᠎ᠠ᠃ ᠠᠷᠠᠳ ᠨᠡᠢᠲᠡ᠎ᠪᠠᠷ᠎ᠢᠶᠠᠨ ᠨᠤᠮ ᠤᠩᠱᠢᠬᠤ ᠠᠵᠢᠯᠯᠠᠭ᠎ᠠ᠎ᠶ᠋ᠢ ᠭᠦᠨᠵᠡᠭᠡᠢᠷᠡᠭᠦᠯᠦᠨ᠎ᠡ᠃ ᠨᠠᠰᠤᠨ᠎ᠳᠤ ᠦᠯᠦ᠍ ᠬᠦᠷᠦᠭ᠌ᠰᠡᠳ᠎ᠤᠨ ᠦᠵᠡᠯ ᠰᠠᠨᠠᠭ᠎ᠠ ᠶᠣᠰᠣ ᠰᠤᠷᠳᠠᠬᠤᠨ᠎ᠤ ᠪᠠᠢᠭᠤᠯᠤᠯᠲᠠ᠎ᠶ᠋ᠢ ᠴᠢᠩᠭᠠᠳᠭᠠᠨ ᠰᠠᠢᠵᠢᠷᠠᠭᠤᠯᠤᠨ᠎ᠠ᠃ ᠰᠦᠯᠵᠢᠶᠡᠨ᠎ᠤ ᠠᠮᠢ ᠠᠬᠤᠶ᠎ᠶ᠋ᠢᠨ ᠵᠠᠰᠠᠯᠲᠠ᠎ᠶ᠋ᠢᠨ ᠣᠷᠳᠣ ᠬᠤᠭᠤᠴᠠᠭᠠᠨ᠎ᠤ ᠪᠦᠲᠦᠮᠵᠢᠲᠡᠶ ᠲᠣᠭ᠍ᠲᠠᠴᠠ᠎ᠶ᠋ᠢ ᠪᠦᠷᠢᠨᠱᠢᠭᠦᠯᠵᠦ᠍᠂ ᠢᠳᠡᠪᠬᠢᠲᠡᠶ ᠪᠥᠭᠡᠳ ᠡᠷᠡᠭᠦᠯ ᠰᠠᠷᠠᠭᠤᠯ ᠰᠦᠯᠵᠢᠶᠡᠨ ᠎ᠤ ᠰᠣᠶᠣᠯ᠎ᠢ ᠬᠥᠭ᠌ᠵᠢᠭᠦᠯᠵᠦ᠍᠂ ᠱᠢᠨ᠎ᠡ ᠴᠠᠭ ᠥᠶ᠎ᠡ᠎ᠶ᠋ᠢᠨ ᠰᠦᠯᠵᠢᠶᠡᠨ᠎ᠤ ᠬᠦᠴᠦᠷᠬᠡᠭ ᠤᠯᠤᠰ ᠎ᠤᠨ ᠪᠥᠲᠥᠭᠡᠨ ᠪᠠᠢᠭᠤᠯᠤᠯᠲᠠ᠎ᠶ᠋ᠢ ᠠᠬᠢᠭᠤᠯᠤᠨ᠎ᠠ᠃ ᠤᠯᠠᠨ ᠨᠡᠢᠲᠡ᠎ᠶ᠋ᠢᠨ ᠰᠣᠶᠣᠯ᠎ᠤᠨ ᠦᠢᠯᠡᠴᠢᠯᠡᠭᠡᠨ᠎ᠤ ᠱᠢᠰᠲ᠋ᠧᠮ᠎ᠢ ᠲᠡᠭᠦᠯᠳᠡᠷᠵᠢᠭᠦᠯᠵᠦ᠍᠂ ᠴᠢᠨᠠᠷ ᠰᠠᠢᠳᠠᠢ ᠰᠣᠶᠣᠯ᠎ᠤᠨ ᠡᠬᠢ ᠪᠠᠶᠠᠯᠢᠭ᠎ᠢ ᠦᠨᠳᠦᠰᠦᠨ ᠱᠠᠲᠤᠨ᠎ᠳᠤ ᠱᠢᠭᠤᠳ ᠬᠦᠷᠭᠡᠬᠦ᠌᠎ᠶ᠋ᠢ ᠠᠬᠢᠭᠤᠯᠤᠨ᠎ᠠ᠃ ᠰᠣᠶᠣᠯ᠎ᠤᠨ ᠠᠵᠤ ᠦᠢᠯᠡᠰ᠎ᠤᠨ ᠱᠢᠰᠲ᠋ᠧᠮ ᠪᠠ ᠵᠠᠬ᠎ᠠ ᠳᠡᠯᠭᠡᠭᠦᠷ᠎ᠤᠨ ᠱᠢᠰᠲ᠋ᠧᠮ᠎ᠢ ᠪᠥᠷᠢᠨᠱᠢᠭᠦᠯᠵᠦ᠍᠂ ᠱᠢᠨ᠎ᠡ ᠬᠡᠯᠪᠡᠷᠢ᠎ᠶ᠋ᠢᠨ ᠰᠣᠶᠣᠯ᠎ᠤᠨ ᠡᠵᠡᠩᠨᠡᠯᠲᠡ᠎ᠶ᠋ᠢᠨ ᠬᠡᠯᠪᠡᠷᠢ ᠪᠠᠢᠳᠠᠯ᠎ᠢ ᠲᠦᠷᠭᠡᠯᠡᠨ ᠬᠥᠭ᠌ᠵᠢᠭᠦᠯᠵᠣ᠂ ᠵᠢᠭᠣᠯᠴᠢᠯᠠᠯ ᠤ᠋ᠨ ᠦᠢᠯᠡᠰ ᠢ᠋ ᠶᠡᠬᠡᠪᠡᠷ ᠬᠦᠭᠵᠢᠭᠦᠯᠦᠨ᠎ᠡ᠃ ᠰᠣᠶᠣᠯ᠎ᠤᠨ ᠥᠪ᠎ᠤᠨ ᠱᠢᠰᠲ᠋ᠧᠮᠲᠦ ᠴᠢᠨᠠᠷᠳᠡᠢ ᠬᠠᠮᠠᠭᠠᠯᠠᠯᠲᠠ᠎ᠶ᠋ᠢ ᠠᠬᠢᠭᠤᠯᠵᠤ᠂ ᠲᠡᠥᠬᠡ᠎ᠶ᠋ᠢᠨ ᠳᠤᠷᠠᠰᠭᠠᠯᠲᠤ ᠵᠦᠢᠯ᠂ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠨ ᠠᠱᠢᠭ᠍ᠯᠠᠬᠤ ᠪᠠ ᠬᠠᠭᠤᠴᠢ ᠰᠤᠳᠤᠯᠤᠯ᠎ᠤᠨ ᠰᠤᠳᠤᠯᠭᠠᠨ᠎ᠤ ᠬᠢᠷᠢ ᠬᠡᠮᠵᠢᠶ᠎ᠡ᠎ᠶ᠋ᠢ ᠳᠡᠭᠡᠭ᠌ᠰᠢᠯᠡᠭᠦᠯᠦᠨ᠎ᠡ᠃ ᠤᠯᠠᠨ ᠤᠯᠤᠰ᠎ᠤᠨ ᠬᠥᠮᠥᠨ ᠨᠡᠢᠭᠡᠮ᠎ᠤᠨ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠥᠷᠭᠡᠳᠭᠡᠵᠦ᠍᠂ ᠤᠯᠠᠨ ᠤᠯᠤᠰ᠎ᠲᠤ ᠤᠯᠠᠮᠵᠢᠯᠠᠨ ᠲᠠᠷᠬᠠᠭᠠᠬᠤ ᠥᠢᠯᠡᠳᠥᠯ ᠴᠢᠳᠠᠪᠤᠷᠢ᠎ᠶ᠋ᠢ ᠪᠦᠬᠦ᠌ ᠲᠠᠯ᠎ᠠ᠎ᠪᠠᠷ ᠳᠡᠭᠡᠭ᠌ᠰᠢᠯᠡᠭᠦᠯᠦᠨ᠎ᠡ᠃ ᠤᠷᠤᠯᠳᠤᠭᠠᠨ᠎ᠤ ᠪᠡᠶ᠎ᠡ᠎ᠶ᠋ᠢᠨ ᠲᠠᠮᠢᠷ᠎ᠤᠨ ᠬᠠᠮᠢᠶᠠᠷᠤᠯᠲᠠ᠎ᠶ᠋ᠢᠨ ᠪᠠᠢᠭᠤᠯᠤᠯ ᠪᠠ ᠠᠵᠢᠯᠯᠠᠭᠠᠨ᠎ᠤ ᠲᠣᠭ᠍ᠲᠠᠴᠠ᠎ᠶ᠋ᠢ ᠥᠭᠡᠷᠡᠴᠢᠯᠡᠨ ᠲᠡᠭᠦᠯᠳᠡᠷᠵᠢᠭᠦᠯᠦᠨ᠎ᠡ᠃ ᠠᠷᠪᠠᠨ ᠲᠠᠪᠤᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠪᠠ ᠠᠷᠪᠠᠨ ᠬᠤᠶᠠᠳᠤᠭᠠᠷ ᠬᠤᠭᠤᠴᠠᠭᠠᠨ᠎ᠤ ᠳᠡᠯᠡᠬᠡᠶ᠎ᠶ᠋ᠢᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠢ ᠰᠠᠢᠲᠤᠷ ᠡᠷᠬᠢᠯᠡᠨ᠎ᠠ᠃ ᠮᠥᠰᠥ᠍ ᠴᠠᠰᠤᠨ ᠲᠡᠭᠡᠷᠡᠬᠢ ᠬᠥᠳᠡᠯᠭᠡᠭᠡᠨ ᠪᠠ ᠮᠥᠰᠥ᠍ ᠴᠠᠰᠤᠨ᠎ᠤ ᠠᠵᠤ ᠠᠬᠤᠶ᠎ᠶ᠋ᠢ ᠢᠳᠡᠪᠬᠢᠲᠡᠶ ᠬᠥᠭ᠌ᠵᠢᠭᠦᠯᠦᠨ᠎ᠡ᠃ ᠣᠯᠠᠨ ᠲᠦᠮᠡᠨ᠎ᠤ ᠳᠡᠷᠭᠡᠳᠡᠬᠢ ᠬᠥᠳᠡᠯᠭᠡᠭᠡᠨ᠎ᠤ ᠲᠠᠯᠠᠪᠥᠷ ᠭᠠᠵᠠᠷ ᠪᠠ ᠲᠥᠭᠦᠭᠡᠷᠥᠮᠵᠢ᠎ᠶ᠋ᠢᠨ ᠪᠦᠲᠦᠭᠡᠨ ᠪᠠᠢᠭᠤᠯᠤᠯᠲᠠ᠎ᠶ᠋ᠢ ᠠᠬᠢᠭᠤᠯᠵᠤ᠂ ᠠᠷᠠᠳ ᠨᠡᠢᠳᠡ᠎ᠶ᠋ᠢᠨ ᠪᠡᠶ᠎ᠡ ᠮᠠᠬᠠᠪᠤᠳ᠎ᠢᠶᠠᠨ ᠴᠢᠭᠢᠷᠠᠭ᠍ᠵᠢᠭᠤᠯᠬᠤ ᠠᠵᠢᠯᠯᠠᠭ᠎ᠠ᠎ᠶ᠋ᠢ ᠥᠷᠭᠡᠨ᠎ᠢᠶᠠᠷ ᠥᠷᠨᠢᠭᠦᠯᠦᠨ᠎ᠡ᠃ ᠵᠠᠯᠠᠭᠤᠴᠤᠳ ᠪᠠᠭᠠᠴᠤᠳ ᠎ᠤᠨ ᠱᠢᠨᠵᠢᠯᠡᠬᠦ᠌ ᠤᠬᠠᠭᠠᠨᠴᠢ ᠎ᠪᠠᠷ ᠪᠡᠶ᠎ᠡ ᠮᠠᠬᠠᠪᠤᠳ᠎ᠢᠶᠠᠨ ᠴᠢᠭᠢᠷᠠᠭ᠍ᠵᠢᠭᠤᠯᠬᠤ ᠠᠵᠢᠯᠯᠠᠭ᠎ᠠ᠎ᠶ᠋ᠢ ᠲᠦᠭᠡᠮᠡᠯᠵᠢᠭᠦᠯᠬᠦ᠌ ᠪᠠ ᠡᠷᠡᠭᠦᠯ ᠮᠠᠡᠳᠥ᠎ᠶ᠋ᠢᠨ ᠪᠠᠢᠳᠠᠯ᠎ᠳᠤ ᠭᠠᠷ ᠲᠦᠷᠦᠭᠦ᠎ᠶ᠋ᠢ ᠴᠢᠩᠭᠠᠳᠭᠠᠵᠤ᠂ ᠵᠠᠯᠠᠭᠤ ᠨᠢᠭᠡ ᠥᠶ᠎ᠡ᠎ᠶ᠋ᠢᠨ᠎ᠬᠢᠨ᠎ᠢ ᠬᠥᠳᠡᠯᠭᠡᠭᠡᠨ᠎ᠤ ᠳᠤᠮᠳᠠ ᠵᠣᠷᠢᠭ ᠎ᠢ ᠎ᠨᠢ ᠴᠢᠩᠭᠠᠷᠠᠭᠤᠯᠤᠨ ᠪᠡᠶ᠎ᠡ᠎ᠶ᠋ᠢ᠎ᠨᠢ ᠴᠢᠬᠢᠷᠠᠭ᠍ᠵᠢᠭᠤᠯᠵᠥ᠍ ᠰᠡᠳᠭᠢᠯ᠎ᠢ᠎ᠨᠢ ᠰᠠᠷᠠᠭᠤᠯᠵᠢᠭᠤᠯᠤᠨ᠎ᠠ᠃

ᠤᠯᠤᠰ᠎ᠤᠨ ᠠᠮᠤᠷ ᠲᠦᠪᠱᠢᠨ ᠪᠠ ᠨᠡᠢᠭᠡᠮ᠎ᠤᠨ ᠲᠣᠭ᠍ᠲᠠᠭᠤᠨ ᠪᠠᠢᠳᠠᠯ᠎ᠢ ᠬᠠᠮᠠᠭᠠᠯᠠᠨ᠎ᠠ᠃ ᠤᠯᠤᠰ᠎ᠤᠨ ᠶᠡᠷᠦᠩᠬᠡᠶ ᠴᠤᠭ᠍ᠴᠠ᠎ᠶ᠋ᠢᠨ ᠠᠮᠤᠷ ᠲᠦᠪᠱᠢᠨ᠎ᠤ ᠦᠵᠡᠯᠲᠡ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠥᠨ᠂ ᠤᠯᠤᠰ᠎ᠤᠨ ᠠᠮᠤᠷ ᠲᠦᠪᠱᠢᠨ᠎ᠢ ᠬᠠᠮᠠᠭᠠᠯᠠᠬᠤ ᠪᠠᠢᠭᠤᠯᠤᠯ ᠲᠣᠭ᠍ᠲᠠᠴᠠ ᠎ᠶ᠋ᠢ ᠲᠡᠭᠦᠯᠳᠡᠷᠵᠢᠭᠦᠯᠵᠦ᠍᠂ ᠤᠯᠤᠰ᠎ᠤᠨ ᠠᠮᠤᠷ ᠲᠦᠪᠱᠢᠨ ᠎ᠤ ᠱᠢᠰᠲ᠋ᠧᠮ ᠪᠠ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠤᠨ᠎ᠠ᠃ ᠨᠡᠢᠭᠡᠮ᠎ᠤᠨ ᠲᠣᠭ᠍ᠲᠠᠭᠤᠨ ᠪᠠᠢᠳᠠᠯ᠎ᠢ ᠬᠠᠮᠠᠭᠠᠯᠠᠬᠤ ᠬᠠᠷᠢᠭᠤᠴᠠᠯᠭ᠎ᠠ᠎ᠶ᠋ᠢᠨ ᠲᠦᠷᠢᠮ᠎ᠢ ᠨᠠᠢᠳᠠᠪᠤᠷᠢᠵᠢᠭᠤᠯᠥᠨ᠂ ᠤᠯᠠᠨ ᠨᠡᠢᠲᠡ᠎ᠶ᠋ᠢᠨ ᠠᠮᠤᠷ ᠲᠦᠪᠱᠢᠨ᠎ᠤ ᠵᠠᠰᠠᠯᠲᠠ᠎ᠶ᠋ᠢ ᠴᠢᠩᠭᠠᠳᠭᠠᠵᠤ᠂ ᠦᠨᠳᠦᠰᠦᠨ ᠱᠠᠲᠤᠨ᠎ᠤ ᠪᠠᠴᠢᠮ ᠪᠠᠢᠳᠠᠯ᠎ᠢ ᠠᠷᠭᠠᠴᠠᠬᠤ ᠰᠠᠭᠤᠷᠢ ᠪᠠ ᠬᠦᠴᠦᠨ᠎ᠢ ᠴᠢᠩᠭᠠᠳᠭᠠᠨ᠎ᠠ᠃ ᠠᠶᠤᠯ ᠦᠭᠡᠢ ᠦᠢᠯᠡᠳᠪᠦᠷᠢᠯᠡᠯ᠎ᠤᠨ ᠦᠨᠳᠦᠰᠦ ᠰᠤᠷᠪᠤᠯᠵᠢ᠎ᠠᠴᠠ᠎ᠨᠢ ᠵᠠᠰᠠᠬᠤ ᠪᠡᠷᠭᠡ ᠰᠡᠳᠥᠪ᠎ᠢ ᠱᠢᠢᠳᠪᠤᠷᠢᠯᠡᠬᠦ᠌ ᠭᠤᠷᠪᠠᠨ ᠵᠢᠯ᠎ᠤᠨ ᠠᠵᠢᠯᠯᠠᠭ᠎ᠠ᠎ᠶ᠋ᠢ ᠭᠦᠨᠵᠡᠭᠡᠢᠷᠡᠭᠦᠯᠥᠨ ᠬᠡᠷᠡᠭ᠌ᠵᠢᠭᠦᠯᠵᠦ᠍᠂ ᠭᠤᠥᠯᠳᠠᠯᠭ᠎ᠠ᠎ᠲᠠᠢ ᠠᠵᠢᠯ ᠲᠥᠷᠥᠯ᠎ᠤᠨ ᠬᠦᠷᠢᠶᠡᠨ᠎ᠤ ᠠᠶᠤᠯ ᠥᠬᠡᠶ ᠦᠢᠯᠡᠳᠪᠦᠷᠢᠯᠡᠯ᠎ᠤᠨ ᠲᠦᠭ᠌ᠰᠢᠭᠦᠷᠢ᠎ᠶ᠋ᠢ ᠰᠠᠮᠨᠠᠨ ᠪᠠᠢᠴᠠᠭᠠᠵᠤ ᠴᠡᠭ᠌ᠴᠡᠯᠡᠨ ᠵᠠᠰᠠᠬᠤ ᠠᠵᠢᠯ᠎ᠢ ᠰᠠᠢᠲᠤᠷ ᠬᠢᠵᠦ᠍᠂ ᠬᠦᠨᠳᠦ ᠶᠡᠭᠡ ᠣᠨᠴᠠ ᠶᠡᠭᠡ ᠠᠳᠡᠯ ᠭᠠᠷᠬᠤ᠎ᠶ᠋ᠢ ᠡᠷᠡᠰ ᠬᠤᠷᠢᠭ᠍ᠯᠠᠨ᠎ᠠ᠃ ᠢᠳᠡᠭᠡᠨ᠎ᠤ ᠵᠥᠢᠯ ᠪᠠ ᠡᠮ᠎ᠤᠨ ᠵᠦᠢᠯ᠎ᠤᠨ ᠬᠢᠨᠠᠯᠲᠠ ᠬᠠᠮᠢᠶᠠᠷᠤᠯᠲᠠ᠎ᠶ᠋ᠢ ᠴᠢᠩᠳᠠᠯᠠᠵᠤ᠂ ᠰᠤᠷᠭᠠᠭᠤᠯᠢ᠎ᠶ᠋ᠢᠨ ᠬᠦᠷᠢᠶᠡᠨ᠎ᠤ ᠰᠤᠷᠤᠭ᠍ᠴᠢᠳ᠎ᠤᠨ ᠬᠤᠭᠤᠯᠠ᠂ ᠲᠠᠪᠴᠠᠩ᠎ᠤᠨ ᠵᠠᠬᠢᠶᠠᠯᠠᠭ᠎ᠠ᠎ᠶ᠋ᠢᠨ ᠠᠮᠤᠷ ᠲᠦᠪᠱᠢᠨ᠎ᠤ ᠬᠢᠨᠠᠯᠲᠠ ᠬᠠᠮᠢᠶᠠᠷᠤᠯᠲᠠ᠎ᠶ᠋ᠢ ᠰᠠᠢᠲᠤᠷ ᠠᠳᠭᠤᠨ᠎ᠠ᠃ ᠴᠠᠭ ᠠᠭᠤᠷ᠎ᠤᠨ ᠦᠢᠯᠡᠴᠢᠯᠡᠭᠡ᠎ᠶ᠋ᠢ ᠴᠢᠩᠭᠠᠳᠭᠠᠨ᠎ᠠ᠃ ᠥᠶᠡᠷ ᠤᠰᠤᠲᠤᠯ᠂ ᠭᠠᠩ ᠬᠠᠭ᠍ᠰᠠᠷᠠᠭᠠᠨ᠂ ᠲᠠᠢᠹᠧᠩ ᠰᠠᠯᠬᠢ᠂ ᠣᠢ ᠱᠢᠭᠤᠶ ᠨᠤᠲᠤᠭ ᠪᠡᠯᠴᠢᠭᠡᠷ᠎ᠤᠨ ᠲᠦᠢᠮᠠᠷ᠂ ᠭᠠᠵᠠᠷ᠎ᠤᠨ ᠭᠠᠢ ᠭᠠᠮᠱᠢᠭ᠂ ᠭᠠᠵᠠᠷ ᠬᠥᠳᠡᠯᠦᠯᠲᠡ ᠵᠡᠷᠭᠡ ᠪᠠᠢᠭᠠᠯᠢ᠎ᠶ᠋ᠢᠨ ᠭᠠᠮᠱᠢᠭ᠎ᠢ ᠰᠡᠷᠭᠡᠢᠯᠡᠬᠦ᠌ ᠪᠠ ᠠᠷᠭᠠᠴᠠᠬᠤ ᠠᠵᠢᠯ᠎ᠢ ᠰᠠᠢᠲᠤᠷ ᠬᠢᠨ᠎ᠡ᠃ ᠲᠥᠪᠡᠳ᠎ᠤᠨ ᠲᠢᠩᠷᠢ ᠱᠢᠶᠠᠨ᠎ᠤ ᠭᠠᠵᠠᠷ ᠬᠥᠳᠡᠯᠦᠯᠲᠡ᠎ᠶ᠋ᠢᠨ ᠭᠠᠮᠱᠢᠭ᠎ᠤᠨ ᠳᠠᠷᠠᠭᠠᠬᠢ ᠰᠡᠷᠭᠦᠭᠡᠵᠦ᠍ ᠳᠠᠬᠢᠨ ᠪᠦᠲᠦᠭᠡᠨ ᠪᠠᠢᠭᠤᠯᠬᠤ ᠠᠵᠢᠯ᠎ᠢ ᠰᠠᠢᠲᠤᠷ ᠬᠢᠵᠦ᠍᠂ ᠭᠤᠥᠯᠳᠠᠯᠭ᠎ᠠ᠎ᠲᠠᠢ ᠭᠠᠵᠠᠷ ᠣᠷᠣᠨ᠎ᠤ ᠭᠡᠷ ᠪᠠᠢᠱᠢᠩ᠂ ᠰᠠᠭᠤᠷᠢ ᠲᠥᠬᠦᠭᠡᠷᠦᠮᠵᠢ᠎ᠶ᠋ᠢᠨ ᠭᠠᠵᠠᠷ ᠬᠥᠳᠡᠯᠦᠯᠲᠡ᠎ᠶ᠋ᠢ ᠳᠠᠭᠠᠭᠠᠬᠤ ᠴᠢᠳᠠᠪᠤᠷᠢ ᠎ᠶ᠋ᠢ ᠳᠡᠭᠡᠭ᠌ᠰᠢᠯᠡᠭᠦᠯᠦᠨ᠎ᠡ᠃ ᠬᠤᠲᠠ ᠬᠥᠳᠡᠭᠡ᠎ᠶ᠋ᠢᠨ ᠦᠨᠳᠦᠰᠦᠨ ᠱᠠᠲᠤᠨ᠎ᠤ ᠵᠠᠰᠠᠯᠲᠠ᠎ᠶ᠋ᠢᠨ ᠱᠢᠰᠲ᠋ᠧᠮ᠎ᠢ ᠪᠥᠷᠢᠨᠱᠢᠭᠦᠯᠵᠦ᠍᠂ ᠱᠢᠶᠠᠩ ᠪᠠᠯᠭᠠᠰᠤ ᠵᠡᠭᠡᠯᠢ ᠭᠤᠳᠤᠮᠵᠢ᠎ᠶ᠋ᠢᠨ ᠦᠢᠯᠡᠴᠢᠯᠡᠭᠡ ᠬᠠᠮᠢᠶᠠᠷᠤᠯᠲᠠ᠎ᠶ᠋ᠢᠨ ᠬᠦᠴᠦᠨ᠎ᠢ ᠴᠢᠩᠭᠠᠳᠭᠠᠵᠤ᠂ ᠬᠤᠲᠠ᠎ᠶ᠋ᠢᠨ ᠬᠡᠪᠴᠢᠶᠡᠨ᠎ᠤ ᠨᠡᠢᠭᠡᠮ᠎ᠤᠨ ᠵᠠᠰᠠᠯᠲᠠ᠎ᠶ᠋ᠢᠨ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ᠃ ᠠᠵᠢᠯ ᠦᠢᠯᠡᠰ᠎ᠤᠨ ᠨᠢᠭᠡᠴᠢ᠎ᠶ᠋ᠢᠨ ᠥᠭᠡᠷᠡᠴᠢᠯᠡᠯᠲᠡ᠎ᠶ᠋ᠢ ᠪᠦᠬᠦ᠌ ᠲᠠᠯ᠎ᠠ᠎ᠪᠠᠷ ᠭᠦᠨᠵᠡᠭᠡᠢᠷᠡᠭᠦᠯᠦᠨ᠎ᠡ᠃ ᠨᠡᠢᠭᠡᠮ᠎ᠤᠨ ᠵᠣᠬᠢᠶᠠᠨ ᠪᠠᠢᠭᠤᠯᠤᠯᠲᠠ᠂ ᠬᠥᠮᠦᠯᠢᠭ ᠠᠪᠤᠷᠠᠨ ᠲᠤᠰᠠᠯᠠᠯᠳᠠ᠂ ᠰᠠᠢᠨ ᠳᠤᠷ᠎ᠡ᠎ᠶ᠋ᠢᠨ ᠦᠢᠯᠡᠴᠢᠯᠡᠭᠡ᠂ ᠨᠡᠢᠲᠡ᠎ᠶ᠋ᠢᠨ ᠠᠰᠠᠷᠠᠮᠵᠢ ᠨᠢᠭᠦᠯᠡᠰᠦᠩᠭᠦᠢ᠎ᠶ᠋ᠢᠨ ᠦᠢᠯᠡᠰ ᠵᠡᠷᠭᠡ᠎ᠶ᠋ᠢᠨ ᠡᠷᠡᠭᠦᠯ᠎ᠢᠶᠠᠷ ᠬᠥᠭ᠌ᠵᠢᠬᠦ᠌᠎ᠶ᠋ᠢ ᠬᠥᠲᠥᠯᠥᠨ ᠵᠢᠯᠣᠭᠤᠳᠴᠤ᠌ ᠳᠡᠮᠵᠢᠨ᠎ᠡ᠃ ᠠᠵᠢᠯ ᠲᠦᠷᠦᠯ᠎ᠤᠨ ᠨᠡᠢᠭᠡᠮᠯᠢᠭ ᠬᠤᠳᠠᠯᠳᠤᠭᠠᠴᠢᠳ᠎ᠤᠨ ᠡᠪᠯᠡᠯ᠎ᠤᠨ ᠠᠵᠢᠯ ᠲᠦᠷᠦᠯ᠎ᠤᠨ ᠥᠪᠡᠷ᠎ᠢ᠎ᠪᠠᠨ ᠱᠠᠭᠠᠷᠳᠠᠬᠤ ᠦᠢᠯᠡᠳᠦᠯ᠎ᠢ ᠰᠠᠢᠲᠤᠷ ᠪᠠᠳᠠᠷᠠᠭᠤᠯᠤᠨ᠎ᠠ᠃ ᠡᠮᠡᠭ᠌ᠲᠡᠢᠴᠦᠳ᠂ ᠬᠡᠥᠬᠡᠳ᠂ ᠨᠠᠰᠤᠲᠠᠢᠴᠤᠳ᠂ ᠵᠡᠮᠳᠡᠭ᠌ᠴᠦᠳ᠎ᠤᠨ ᠬᠠᠥᠯᠢ ᠶᠣᠰᠣᠨ᠎ᠤ ᠡᠷᠬᠡ ᠠᠱᠢᠭ᠎ᠢ ᠪᠠᠲᠤᠯᠠᠨ᠎ᠠ᠃ ᠱᠢᠨ᠎ᠡ ᠴᠠᠭ ᠥᠶ᠎ᠡ᠎ᠶ᠋ᠢᠨ 《ᠹᠧᠩᠴᠢᠶᠣᠤ᠎ᠶ᠋ᠢᠨ ᠲᠤᠷᠱᠢᠯᠭ᠎ᠠ》 ᠵᠢ ᠪᠠᠷᠢᠮᠲᠠᠯᠠᠨ ᠬᠥᠭ᠌ᠵᠢᠭᠦᠯᠵᠦ᠍᠂ ᠦᠨᠳᠦᠰᠦᠨ ᠱᠠᠲᠤᠨ᠎ᠤ ᠶᠡᠷᠦᠩᠬᠡᠢᠯᠡᠨ ᠵᠠᠰᠠᠬᠤ ᠲᠥᠪ᠎ᠢ ᠵᠢᠷᠤᠮᠵᠢᠭᠤᠯᠬᠤ ᠪᠠᠢᠭᠤᠯᠤᠯᠲᠠ᠎ᠶ᠋ᠢ ᠠᠬᠢᠭᠤᠯᠵᠤ᠂ ᠵᠠᠬᠢᠳᠠᠯ ᠰᠤᠷᠪᠤᠯᠵᠢᠯᠠᠭ᠎ᠠ᠎ᠶ᠋ᠢᠨ ᠠᠵᠢᠯ᠎ᠢ ᠬᠠᠥᠯᠢ᠎ᠪᠠᠷ ᠵᠠᠰᠠᠬᠤ᠎ᠶ᠋ᠢ ᠦᠷᠭᠦᠯᠵᠢᠯᠡᠨ ᠠᠬᠢᠭᠤᠯᠵᠤ᠂ ᠨᠡᠢᠭᠡᠮ ᠤ᠋ᠨ ᠵᠦᠷᠢᠴᠡᠯ ᠪᠣᠯᠣᠨ ᠲᠦᠭᠰᠢᠭᠦᠷᠢ ᠠᠷᠬᠠᠭ ᠢ᠋ ᠵᠢᠭᠰᠠᠭᠠᠨ ᠪᠠᠢᠴᠠᠭᠠᠬᠣ ᠠᠵᠢᠯ ᠢ᠋ ᠣᠯᠠᠮ ᠨᠢᠬᠡ ᠠᠯᠬᠣᠮ ᠴᠢᠩᠭᠠᠳᠬᠠᠵᠣ᠂ ᠵᠥᠷᠢᠴᠡᠯ ᠵᠠᠭᠤᠷᠠᠯᠳᠤᠭᠠᠨ᠎ᠢ ᠦᠨᠳᠦᠰᠦᠨ ᠱᠠᠲᠤᠨ᠎ᠳᠤ ᠱᠢᠢᠳᠪᠤᠷᠢᠯᠡᠨ᠂ ᠴᠤᠬᠤᠢ᠌ᠯᠳᠡ᠎ᠶ᠋ᠢᠨ ᠪᠠᠢᠳᠠᠯ᠎ᠳᠤᠨᠢ ᠠᠷᠢᠯᠭᠠᠨ᠎ᠠ᠃ ᠤᠯᠠᠨ ᠨᠡᠢᠲᠡ᠎ᠶ᠋ᠢᠨ ᠬᠠᠤᠯᠢ ᠴᠠᠭᠠᠵᠠ᠎ᠶ᠋ᠢᠨ ᠥᠢᠯᠡᠴᠢᠯᠡᠭᠡᠨ᠎ᠤ ᠲᠡᠩᠴᠡᠭᠦᠷᠢᠲᠦ ᠴᠢᠨᠠᠷ ᠪᠠ ᠬᠥᠷᠳᠡᠭᠦ᠋ᠢᠴᠡ ᠴᠢᠨᠠᠷ᠎ᠢ ᠳᠡᠭᠡᠭ᠌ᠰᠢᠯᠡᠭᠦᠯᠦᠨ᠎ᠡ᠃ ᠨᠡᠢᠭᠡᠮ᠎ᠤᠨ ᠰᠡᠳᠭᠢᠴᠡ᠎ᠶ᠋ᠢᠨ ᠥᠢᠯᠡᠴᠢᠯᠡᠭᠡᠨ᠎ᠤ ᠱᠢᠰᠲ᠋ᠧᠮ ᠪᠠ ᠰᠡᠳᠭᠢᠴᠡ᠎ᠶ᠋ᠢᠨ ᠬᠢᠮᠤᠷᠠᠯ᠎ᠳᠤ ᠭᠠᠷ ᠲᠦᠷᠦᠭᠦ᠌ ᠲᠣᠭ᠍ᠲᠠᠴᠠ᠎ᠶ᠋ᠢ ᠪᠦᠷᠢᠨᠱᠢᠭᠦᠯᠵᠦ᠍᠂ ᠪᠡᠶ᠎ᠠ᠎ᠪᠠᠨ ᠬᠦᠨᠳᠦᠳᠭᠡᠵᠦ᠍ ᠪᠡᠶ᠎ᠠ᠎ᠪᠠᠨ ᠢᠲᠡᠭᠡᠬᠦ᠂ ᠣᠶᠤᠨᠴᠢ ᠡᠶᠡᠯᠳᠡᠭ᠂ ᠢᠳᠡᠪᠬᠢ ᠥᠭᠡᠳᠡᠷᠬᠡᠭ ᠨᠡᠢᠭᠡᠮ ᠨᠡᠢᠳᠡ᠎ᠶ᠋ᠢᠨ ᠰᠠᠨᠠᠭ᠎ᠠ ᠰᠡᠳᠭᠢᠯ᠎ᠤᠨ ᠪᠠᠢᠳᠠᠯ᠎ᠢ ᠪᠤᠢᠵᠢᠭᠤᠯᠤᠨ᠎ᠠ᠃ ᠨᠡᠩ ᠥᠨᠳᠥᠷ ᠲᠦᠪᠱᠢᠨ ᠪᠥᠬᠦᠢ ᠠᠮᠤᠷ ᠠᠮᠤᠭᠤᠯᠠᠩ ᠳᠤᠮᠳᠠᠳᠤ ᠤᠯᠤᠰ᠎ᠢ ᠪᠥᠳᠥᠭᠡᠨ ᠪᠠᠢᠭᠤᠯᠵᠤ᠂ ᠨᠡᠢᠭᠡᠮ᠎ᠤᠨ ᠠᠮᠤᠷ ᠲᠦᠪᠱᠢᠨ᠎ᠢ ᠪᠦᠬᠦᠯᠢ ᠴᠣᠭ᠍ᠴᠠ᠎ᠪᠠᠷ᠎ᠨᠢ ᠰᠡᠷᠭᠡᠢᠯᠡᠨ ᠡᠵᠡᠮᠳᠡᠬᠦ᠌ ᠱᠢᠰᠲ᠋ᠧᠮ᠎ᠢ ᠲᠡᠭᠦᠯᠳᠡᠷᠵᠢᠭᠦᠯᠵᠥ᠍᠂ ᠬᠠᠷ᠎ᠠ ᠬᠠᠷᠭᠢᠰ ᠬᠦᠴᠦᠨ᠂ ᠴᠠᠬᠢᠯᠭᠠᠨ ᠬᠤᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠬᠠᠤᠯᠢ᠎ᠠᠴᠠ ᠵᠥᠷᠢᠴᠡᠭ᠌ᠰᠡᠨ ᠶᠠᠯᠠᠲᠤ ᠠᠵᠢᠯᠯᠠᠭ᠎ᠠ᠎ᠳᠤ ᠬᠠᠤᠯᠢ ᠶᠣᠰᠣᠭᠠᠷ ᠴᠢᠩᠭ᠎ᠠ ᠴᠣᠬᠢᠯᠲᠠ ᠥᠭ᠌ᠴᠦ᠂ ᠠᠷᠠᠳ ᠣᠯᠠᠨ᠎ᠤ ᠠᠮᠤᠷ ᠵᠢᠮᠦᠷ ᠠᠵᠤ ᠲᠦᠷᠦᠭᠦ᠌᠂ ᠨᠡᠢᠭᠡᠮ᠎ᠤᠨ ᠠᠮᠤᠷ ᠲᠣᠭ᠍ᠲᠠᠭᠤᠨ ᠡᠮᠬᠢ ᠵᠢᠷᠤᠮ᠎ᠲᠠᠢ ᠪᠠᠢᠬᠤ᠎ᠶ᠋ᠢ ᠪᠠᠲᠤᠯᠠᠨ᠎ᠠ᠃

ᠡᠨᠡ ᠵᠢᠯ ᠠᠷᠪᠠᠨ ᠲᠠᠪᠤᠳᠤᠭᠠᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ ᠠᠵᠢᠯ ᠎ᠢ ᠦᠷᠨᠢᠬᠦᠯᠬᠦ᠌ ᠪᠣᠯᠤᠨ᠎ᠠ᠃ ᠠᠷᠪᠠᠨ ᠲᠠᠪᠤᠳᠤᠭᠠᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳᠠᠬᠢ ᠱᠢᠨ᠎ᠡ ᠱᠠᠲᠤ ᠥᠶᠡᠴᠢ ᠴᠢᠨᠠᠷᠲᠠᠶ ᠣᠨᠴᠠᠯᠢᠭ᠎ᠢ ᠭᠦᠨᠵᠡᠭᠡᠶ ᠵᠠᠳᠠᠯᠵᠤ᠂ ᠬᠥᠭ᠌ᠵᠢᠯᠲᠡ᠎ᠶ᠋ᠢᠨ ᠬᠠᠷᠠᠯᠲᠠ᠎ᠶ᠋ᠢ ᠱᠢᠨᠵᠢᠯᠡᠬᠦ᠌ ᠤᠬᠠᠭᠠᠨᠴᠢ᠎ᠪᠠᠷ ᠲᠣᠭ᠍ᠲᠠᠭᠠᠵᠤ᠂ ᠴᠢᠬᠤᠯᠠ ᠶᠡᠭᠡ ᠪᠠᠢᠯᠳᠤᠬᠤ ᠪᠣᠳᠣᠯᠭ᠎ᠠ᠎ᠶ᠋ᠢᠨ ᠡᠭᠦᠷᠭᠡ᠂ ᠴᠢᠬᠤᠯᠠ ᠶᠡᠭᠡ ᠲᠥᠷᠥ᠎ᠶ᠋ᠢᠨ ᠪᠣᠳᠣᠯᠭ᠎ᠠ᠎ᠶ᠋ᠢᠨ ᠠᠷᠭ᠎ᠠ ᠬᠡᠮᠵᠢᠶ᠎ᠡ᠂ ᠴᠢᠬᠤᠯᠠ ᠶᠡᠭᠡ ᠢᠨᠵᠧᠨᠧᠷᠢᠩ᠎ᠤᠨ ᠲᠥᠰᠥᠯ᠎ᠢ ᠰᠠᠢᠲᠤᠷ ᠤᠬᠠᠭᠠᠯᠠᠨ ᠲᠥᠯᠥᠪᠯᠡᠵᠦ᠍᠂ ᠠᠵᠤ ᠠᠬᠤᠶ ᠨᠡᠢᠭᠡᠮ᠎ᠤᠨ ᠬᠥᠭ᠌ᠵᠢᠯᠲᠡ᠎ᠳᠤ ᠦᠵᠡᠭᠦᠯᠬᠦ᠌ ᠲᠥᠯᠥᠪᠵᠢᠭᠦᠯᠭᠡ᠎ᠶ᠋ᠢᠨ ᠬᠥᠲᠥᠯᠥᠨ ᠵᠢᠯᠣᠭᠤᠳᠭᠤ ᠥᠢᠯᠡᠳᠦᠯ᠎ᠢ ᠨᠡᠩ ᠰᠠᠢᠨ ᠪᠠᠳᠠᠷᠠᠭᠤᠯᠬᠤ ᠬᠡᠷᠡᠭ᠌ᠳᠡᠢ᠃

ᠱᠢᠨ᠎ᠡ ᠱᠢᠯᠭᠠᠯᠳᠠ᠎ᠶ᠋ᠢ ᠠᠷᠭᠠᠴᠠᠵᠥ᠍᠂ ᠱᠢᠨ᠎ᠡ ᠡᠭᠦᠷᠭᠡ᠎ᠶ᠋ᠢ ᠪᠡᠶᠡᠯᠡᠭᠦᠯᠬᠦ᠌᠎ᠨᠢ ᠵᠠᠰᠠᠭ᠎ᠤᠨ ᠣᠷᠳᠣᠨ᠎ᠤ ᠠᠵᠢᠯ᠎ᠳᠤ ᠨᠡᠩ ᠥᠨᠳᠥᠷ ᠱᠢᠨ᠎ᠡ ᠱᠠᠭᠠᠷᠳᠠᠯᠭ᠎ᠠ ᠳᠤᠷᠠᠳᠪᠠ᠃ ᠡᠯ᠎ᠡ ᠱᠠᠲᠤᠨ᠎ᠤ ᠵᠠᠰᠠᠭ᠎ᠤᠨ ᠣᠷᠳᠣᠨ ᠵᠢᠴᠢ ᠵᠠᠰᠠᠭ᠎ᠤᠨ ᠤᠷᠳᠤᠨ᠎ᠤ ᠠᠵᠢᠯᠲᠠᠨ 《ᠬᠤᠶᠠᠷ᠎ᠢ ᠲᠣᠭ᠍ᠲᠠᠭᠠᠭ᠍ᠰᠠᠨ》 ᠤ᠋ ᠱᠢᠢᠳᠪᠦᠷᠢᠯᠡᠭ᠌ᠴᠢ ᠴᠢᠨᠠᠷᠳᠡᠢ ᠠᠴᠢ ᠬᠤᠯᠪᠣᠭ᠍ᠳᠠᠯ᠎ᠢ ᠭᠦᠨᠵᠡᠭᠡᠶ ᠣᠢᠯᠠᠭᠠᠵᠤ᠂ 《ᠳᠥᠷᠪᠡᠨ ᠤᠬᠠᠮᠰᠠᠷ 》 ᠵᠢᠡᠨ ᠴᠢᠩᠭᠠᠳᠭᠠᠨ᠂ 《ᠳᠥᠷᠪᠡᠨ ᠢᠲᠡᠭᠡᠯ》 ᠵᠢᠡᠨ ᠪᠠᠲᠤᠳᠭᠠᠵᠤ᠂ 《ᠬᠤᠶᠠᠷ᠎ᠢ ᠬᠠᠮᠠᠭᠠᠯᠠᠬᠤ 》 ᠵᠢ ᠪᠡᠶᠡᠯᠡᠭᠦᠯᠵᠦ᠍᠂ ᠤᠬᠠᠮᠰᠠᠷ᠎ᠠᠴᠠ᠎ᠪᠠᠨ ᠦᠵᠡᠯ ᠰᠠᠨᠠᠭ᠎ᠠ ᠤᠯᠤᠰ ᠲᠦᠷᠦ᠍ ᠦᠢᠯᠡ ᠠᠵᠢᠯᠯᠠᠭ᠎ᠠ ᠲᠡᠭᠡᠷ᠎ᠠ᠎ᠪᠠᠨ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶ᠎ᠠ᠎ᠲᠠᠢ ᠳᠡᠭᠡᠳᠦ ᠬᠡᠮᠵᠢᠶ᠎ᠠ᠎ᠪᠠᠷ ᠨᠢᠭᠡᠳᠦᠯᠲᠡᠢ ᠪᠠᠢᠬᠤ ᠬᠡᠷᠡᠭ᠌ᠲᠡᠢ᠃ ᠨᠠᠮ᠎ᠢ ᠪᠦᠬᠦ᠌ ᠲᠠᠯ᠎ᠠ᠎ᠪᠠᠷ ᠴᠢᠩᠭ᠎ᠠ ᠵᠠᠰᠠᠬᠤ ᠤᠯᠤᠰ ᠲᠦᠷᠦ᠍᠎ᠶ᠋ᠢᠨ ᠬᠠᠷᠢᠭᠤᠴᠠᠯᠭ᠎ᠠ᠎ᠶ᠋ᠢ ᠡᠷᠡᠰ ᠡᠭᠦᠷᠭᠡᠯᠡᠵᠦ᠍᠂ ᠲᠥᠪ ᠬᠣᠷᠢᠶ᠎ᠠ ᠵᠢᠨ  ᠨᠠᠢ᠍ᠮᠠᠨ ᠵᠤᠷᠪᠤᠰ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠵᠤ᠂ ᠵᠠᠰᠠᠭ᠎ᠤᠨ ᠣᠷᠳᠣᠨ᠎ᠤ ᠨᠠᠮ᠎ᠤᠨ ᠰᠤᠷᠲᠠᠯ᠎ᠤᠨ ᠪᠠ ᠠᠷᠢᠭᠤᠨ ᠴᠢᠬᠡᠴᠢ᠎ᠪᠠᠷ ᠵᠠᠰᠠᠭ ᠪᠠᠷᠢᠬᠤ ᠪᠠᠢᠭᠤᠯᠤᠯᠲᠠ ᠪᠣᠯᠤᠨ ᠢᠯᠵᠢᠷᠠᠯ᠎ᠢ ᠡᠰᠡᠷᠭᠦᠴᠡᠬᠦ᠌ ᠲᠡᠮᠡᠴᠡᠯ᠎ᠢ ᠡᠷᠡᠰ ᠭᠤᠢᠪᠢᠰᠢ ᠦᠭᠡᠢ ᠠᠬᠢᠭᠤᠯᠤᠨ᠎ᠠ᠃ ᠵᠠᠰᠠᠭ᠎ᠤᠨ ᠣᠷᠳᠣᠨ᠎ᠤ ᠲᠤᠱᠢᠶᠠᠯ ᠬᠠᠷᠢᠭᠤᠴᠠᠯᠭ᠎ᠠ᠎ᠪᠠᠨ ᠭᠥᠢᠴᠡᠳᠭᠡᠬᠦ᠌ ᠴᠢᠳᠠᠪᠤᠷᠢ᠎ᠶ᠋ᠢ ᠪᠦᠬᠦ᠌ ᠲᠠᠯ᠎ᠠ ᠎ᠪᠠᠷ ᠳᠡᠭᠡᠭ᠌ᠰᠢᠯᠡᠭᠦᠯᠵᠦ᠍᠂ ᠨᠠᠮ ᠎ᠤᠨ ᠲᠥᠪ ᠬᠣᠷᠢᠶ᠎ᠠ ᠵᠢᠨ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ᠎ᠶ᠋ᠢ ᠲᠡᠷᠡ ᠶᠣᠰᠣᠭᠠᠷ᠎ᠨᠢ ᠨᠠᠢᠳᠠᠪᠤᠷᠢᠵᠢᠭᠤᠯᠥᠨ ᠪᠤᠳᠠᠳᠠᠢᠵᠢᠭᠤᠯᠬᠤ᠎ᠶ᠋ᠢ ᠦᠨᠡᠨ ᠬᠦ᠌ ᠪᠠᠲᠤᠯᠠᠨ᠎ᠠ᠃

ᠬᠠᠤᠯᠢ᠎ᠪᠠᠷ ᠵᠠᠰᠠᠬᠤ ᠵᠠᠰᠠᠭ᠎ᠤᠨ ᠣᠷᠳᠣᠨ᠎ᠤ ᠪᠠᠢᠭᠤᠯᠤᠯᠲᠠ᠎ᠶ᠋ᠢ ᠴᠢᠩᠭᠠᠳᠭᠠᠨ᠎ᠠ᠃ ᠦᠨᠳᠦᠰᠦᠨ ᠬᠠᠤᠯᠢ ᠬᠠᠤᠯᠢ ᠴᠠᠭᠠᠵᠠ᠎ᠶ᠋ᠢ ᠴᠢᠩᠭ᠎ᠠ ᠵᠢᠷᠤᠮᠯᠠᠨ ᠲᠤᠱᠢᠶᠠᠯ ᠬᠠᠷᠢᠭᠤᠴᠠᠯᠭ᠎ᠠ᠎ᠪᠠᠨ ᠭᠥᠢᠴᠡᠳᠭᠡᠵᠦ᠍᠂ ᠵᠠᠰᠠᠭ᠎ᠤᠨ ᠣᠷᠳᠣᠨ᠎ᠤ ᠪᠠᠢᠭᠤᠯᠤᠮᠵᠢ᠂ ᠡᠭᠦᠷᠭᠡ ᠴᠢᠳᠠᠪᠤᠷᠢ᠂ ᠡᠷᠬᠡ ᠮᠡᠳᠡᠯ᠂ ᠵᠢᠷᠤᠮ᠂ ᠬᠠᠷᠢᠭᠤᠴᠠᠯᠭ᠎ᠠ᠎ᠶ᠋ᠢ ᠬᠠᠤᠯᠢ᠎ᠪᠠᠷ ᠲᠣᠭ᠍ᠲᠠᠭᠠᠬᠤ᠎ᠶ᠋ᠢ ᠠᠬᠢᠭᠤᠯᠤᠨ᠎ᠠ᠃ ᠠᠳᠠᠯᠢ ᠱᠠᠲᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠵᠢᠴᠢ ᠲᠡᠭᠦᠨ᠎ᠤ ᠪᠠᠢᠩᠭᠤ᠎ᠶ᠋ᠢᠨ ᠬᠣᠷᠢᠶ᠎ᠠ ᠵᠢᠨ ᠬᠢᠨᠠᠯᠲᠠ᠎ᠶ᠋ᠢ ᠤᠬᠠᠮᠰᠠᠷ᠎ᠠᠴᠠ᠎ᠪᠠᠨ ᠬᠦᠯᠢᠶᠡᠵᠦ᠍᠂ ᠠᠷᠠᠳ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠤ ᠠᠷᠠᠳᠴᠢᠯᠠᠭ᠍ᠰᠠᠨ ᠬᠢᠨᠠᠯᠲᠠ᠎ᠶ᠋ᠢ ᠤᠬᠠᠮᠰᠠᠷ᠎ᠠᠴᠠ᠎ᠪᠠᠨ ᠬᠦᠯᠢᠶᠡᠵᠦ᠍᠂ ᠨᠡᠢᠭᠡᠮ᠎ᠤᠨ ᠪᠠ ᠶᠠᠷᠢᠶ᠎ᠠ ᠬᠡᠯᠡᠯᠴᠡᠭᠡᠨ᠎ᠤ ᠬᠢᠨᠠᠯᠲᠠ᠎ᠶ᠋ᠢ ᠤᠬᠠᠮᠰᠠᠷ᠎ᠠᠴᠠ᠎ᠪᠠᠨ ᠬᠦᠯᠢᠶᠡᠨ᠎ᠡ᠃ ᠬᠢᠨᠠᠨ ᠪᠤᠳᠤᠬᠤ ᠬᠢᠨᠠᠯᠲᠠ᠎ᠶ᠋ᠢ ᠴᠢᠩᠭᠠᠳᠭᠠᠨ᠎ᠠ᠃ ᠱᠢᠨᠵᠢᠯᠡᠬᠦ᠌ ᠤᠬᠠᠭᠠᠨᠴᠢ᠎ᠪᠠᠷ᠂ ᠠᠷᠠᠳᠴᠢᠯᠠᠯ᠎ᠢᠶᠠᠷ᠂ ᠬᠠᠤᠯᠢ ᠶᠣᠰᠣᠭᠠᠷ ᠪᠤᠳᠤᠯᠭ᠎ᠠ ᠲᠣᠭ᠍ᠲᠠᠭᠠᠬᠤ᠎ᠶ᠋ᠢ ᠪᠠᠷᠢᠮᠲᠠᠯᠠᠵᠤ᠂ ᠵᠠᠰᠠᠭ᠎ᠤᠨ ᠣᠷᠳᠣᠨ᠎ᠤ ᠬᠠᠤᠯᠢ ᠲᠣᠭ᠍ᠲᠠᠭᠠᠬᠤ᠎ᠶ᠋ᠢ ᠬᠢᠨᠠᠨ ᠪᠠᠢᠴᠠᠭᠠᠬᠤ᠎ᠶ᠋ᠢ ᠴᠢᠩᠭᠠᠳᠭᠠᠵᠤ᠂ ᠴᠢᠬᠤᠯᠠ ᠶᠡᠭᠡ ᠱᠢᠢᠳᠪᠦᠷᠢᠲᠦ ᠪᠤᠳᠤᠯᠭ᠎ᠠ᠂ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠤᠨ ᠬᠠᠤᠯᠢ ᠶᠣᠰᠣᠴᠢ ᠴᠢᠨᠠᠷ᠎ᠤᠨ ᠬᠢᠨᠠᠨ ᠪᠠᠢᠴᠠᠭᠠᠯᠳᠠ᠎ᠶ᠋ᠢ ᠴᠢᠩᠭᠠᠳᠭᠠᠨ᠎ᠠ᠃ ᠵᠠᠰᠠᠭ᠎ᠤᠨ ᠶᠠᠪᠤᠳᠠᠯ᠎ᠢ ᠢᠯᠡ ᠪᠣᠯᠭᠠᠬᠤ᠎ᠶ᠋ᠢ ᠭᠦᠨᠵᠡᠭᠡᠢᠷᠡᠭᠦᠯᠦᠨ᠎ᠡ᠃ ᠬᠠᠤᠯᠢ᠎ᠶ᠋ᠢ ᠴᠢᠩᠭ᠎ᠠ ᠵᠢᠷᠤᠮᠵᠢᠭᠤᠨ ᠭᠤᠥᠯᠴᠢ ᠪᠣᠯᠪᠠᠰᠤᠨ᠎ᠢᠶᠠᠷ ᠬᠡᠷᠡᠭ᠌ᠵᠢᠭᠦᠯᠬᠦ᠌᠎ᠶ᠋ᠢ ᠠᠬᠢᠭᠤᠯᠵᠤ᠂ ᠵᠠᠰᠠᠭ ᠵᠠᠬᠢᠷᠭᠠᠨ᠎ᠤ ᠲᠠᠰᠤᠯᠤᠯᠲᠠ᠎ᠶ᠋ᠢᠨ ᠡᠷᠬᠡ᠎ᠶ᠋ᠢᠨ ᠰᠠᠭᠤᠷᠢ ᠪᠠᠷᠢᠮᠵᠢᠶ᠎ᠠ᠎ᠶ᠋ᠢᠨ ᠲᠦᠷᠢᠮ᠎ᠢ ᠨᠠᠢᠳᠠᠪᠤᠷᠢᠵᠢᠭᠤᠯᠵᠤ᠂ ᠤᠯᠠᠨ ᠲᠦᠮᠡᠨ᠎ᠤ ᠠᠱᠢᠭ ᠲᠤᠰᠠ᠎ᠶ᠋ᠢ ᠬᠠᠮᠠᠭᠠᠯᠠᠬᠤ ᠲᠦᠷᠢᠮ ᠲᠣᠭ᠍ᠲᠠᠴᠠ᠎ᠶ᠋ᠢ ᠪᠦᠷᠢᠨᠱᠢᠭᠦᠯᠦᠨ᠎ᠡ᠃ ᠠᠵᠢᠯᠴᠢᠨ᠎ᠤ ᠡᠪᠯᠡᠯ᠂ ᠡᠪ ᠬᠠᠮᠲᠤ ᠵᠠᠯᠠᠭᠤᠴᠤᠳ᠎ᠤᠨ ᠡᠪᠯᠡᠯ᠂ ᠡᠮᠡᠭ᠌ᠲᠡᠢᠴᠦᠳ᠎ᠤᠨ ᠬᠤᠯᠪᠣᠭᠠᠲᠤ ᠬᠤᠷᠠᠯ ᠵᠡᠷᠭᠡ ᠤᠯᠠᠨ ᠲᠦᠮᠡᠨ᠎ᠤ ᠡᠪᠯᠡᠯ ᠪᠦᠯᠬᠦᠮ᠎ᠤᠨ ᠵᠣᠬᠢᠶᠠᠨ ᠪᠠᠢᠭᠤᠯᠤᠯᠲᠠ᠎ᠶ᠋ᠢᠨ ᠥᠢᠯᠡᠳᠦᠯ᠎ᠢᠶᠠᠨ ᠨᠡᠩ ᠰᠠᠢᠨ ᠪᠠᠳᠠᠷᠠᠭᠤᠯᠬᠤ᠎ᠶ᠋ᠢ ᠳᠡᠮᠵᠢᠨ᠎ᠡ᠃ ᠵᠠᠰᠠᠭ᠎ᠤᠨ ᠣᠷᠳᠣᠨ᠎ᠤ ᠠᠵᠢᠯᠲᠠᠳ ᠡᠭᠦᠷᠭᠡ ᠲᠤᠱᠢᠶᠠᠯ᠎ᠢᠶᠠᠨ ᠬᠢᠴᠢᠶᠡᠩᠭᠦ᠋ᠢᠯᠡᠨ ᠭᠦᠢᠴᠡᠳᠭᠡᠵᠦ᠍᠂ ᠠᠷᠢᠭᠤᠨ ᠴᠢᠬᠡᠴᠢ᠎ᠪᠠᠷ ᠨᠡᠢᠲᠡ᠎ᠶ᠋ᠢᠨ ᠲᠥᠯᠥᠭᠡ ᠵᠢᠳᠬᠦᠵᠦ᠍᠂ ᠬᠠᠤᠯᠢ᠎ᠪᠠᠷ ᠵᠠᠰᠠᠬᠤ᠎ᠶ᠋ᠢ ᠴᠢᠩᠭ᠎ᠠ ᠬᠡᠷᠡᠭ᠌ᠵᠢᠭᠦᠯᠵᠦ᠍᠂ ᠬᠠᠤᠯᠢ ᠶᠣᠰᠣᠭᠠᠷ ᠠᠵᠢᠯᠯᠠᠨ᠂ ᠨᠠᠮ ᠪᠠ ᠠᠷᠠᠳ ᠲᠦᠮᠡᠨ᠎ᠠᠴᠠ ᠣᠯᠭᠤᠭ᠍ᠰᠠᠨ ᠡᠷᠬᠡ᠎ᠶ᠋ᠢ ᠢᠮᠠᠭ᠍ᠲᠠ ᠠᠷᠠᠳ ᠲᠦᠮᠡᠨ᠎ᠳᠤ ᠵᠣᠯ ᠵᠢᠷᠭᠠᠯ ᠣᠯᠭᠤᠬᠤ᠎ᠳᠤ ᠬᠡᠷᠡᠭ᠌ᠯᠡᠬᠦ᠌᠎ᠶ᠋ᠢ ᠦᠨᠡᠨ ᠬᠦ᠌ ᠪᠠᠲᠤᠯᠠᠬᠤ ᠬᠡᠷᠡᠭ᠌ᠳᠡᠢ᠃

ᠵᠠᠰᠠᠭ ᠶᠠᠪᠤᠭᠤᠯᠬᠤ ᠥᠢᠯᠡᠳᠥᠯ ᠴᠢᠳᠠᠪᠤᠷᠢ ᠪᠠ ᠬᠢᠷᠢ ᠬᠡᠮᠵᠢᠶ᠎ᠠ᠎ᠪᠠᠨ ᠳᠡᠭᠡᠭ᠌ᠰᠢᠯᠡᠭᠦᠯᠦᠨ᠎ᠡ᠃ ᠦᠨᠡᠨ᠎ᠢ ᠪᠠᠷᠢᠮᠲᠠᠯᠠᠨ ᠪᠣᠳᠠᠲᠠᠶ᠎ᠶ᠋ᠢ ᠡᠷᠬᠢᠮᠯᠡᠬᠦ᠂ ᠪᠣᠳᠠᠳᠡᠢ᠎ᠠᠴᠠ ᠡᠭᠦᠰᠴᠥ᠍ ᠠᠰᠠᠭᠤᠳᠠᠯ᠎ᠢ ᠱᠢᠢᠳᠪᠦᠷᠢᠯᠡᠬᠦ᠌᠎ᠶ᠋ᠢ ᠪᠠᠷᠢᠮᠳᠠᠯᠡᠨ᠎ᠠ᠃ ᠨᠠᠮ᠎ᠤᠨ ᠲᠥᠪ ᠬᠣᠷᠢᠶ᠎ᠠ ᠵᠢᠨ  ᠱᠢᠢᠳᠪᠦᠷᠢᠲᠦ ᠪᠣᠳᠣᠯᠭ᠎ᠠ ᠪᠠᠢᠷᠢᠯᠠᠭᠤᠯᠤᠯᠲᠠ᠎ᠶ᠋ᠢ ᠲᠤᠰ ᠪᠡᠶ᠎ᠠ᠎ᠶ᠋ᠢᠨ ᠪᠣᠳᠠᠲᠤ ᠪᠠᠢᠳᠠᠯ᠎ᠲᠠᠢ ᠤᠶᠠᠯᠳᠤᠭᠤᠯᠬᠤ᠎ᠳᠠᠭᠠᠨ ᠴᠢᠳᠠᠮᠠᠭᠠᠶ ᠪᠠᠢᠵᠤ᠂ ᠬᠥᠳᠥᠯᠥᠮᠵᠢ᠎ᠶ᠋ᠢᠨ ᠴᠢᠨᠠᠷ᠂ ᠬᠥᠱᠢᠵᠦ᠍ ᠬᠥᠳᠡᠯᠭᠡᠬᠦ᠌ ᠴᠢᠨᠠᠷ᠎ᠢᠶᠠᠷ ᠴᠢᠩᠭ᠎ᠠ ᠠᠵᠢᠯ᠎ᠤᠨ ᠭᠠᠷᠳᠠᠴᠠ ᠪᠠ ᠠᠴᠢᠶᠠᠯᠠᠪᠤᠷᠢ᠎ᠶ᠋ᠢ ᠤᠬᠠᠭᠠᠯᠠᠨ ᠲᠥᠯᠥᠪᠯᠡᠵᠥ᠍᠂ ᠪᠦᠲᠦᠭᠡᠯᠴᠢ ᠴᠢᠨᠠᠷᠲᠠᠶ᠎ᠪᠠᠷ ᠲᠤᠭᠤᠱᠢᠯᠠᠭᠤᠯᠤᠨ ᠨᠠᠢᠳᠠᠪᠤᠷᠢᠵᠢᠭᠤᠯᠬᠤ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ᠃ ᠳ᠋ᠢᠵᠢᠲ᠋ᠠᠯ ᠵᠠᠰᠠᠭ᠎ᠤᠨ ᠣᠷᠳᠣᠨ᠎ᠤ ᠪᠠᠢᠭᠤᠯᠤᠯᠲᠠ᠎ᠶ᠋ᠢ ᠲᠦᠷᠭᠡᠳᠭᠡᠵᠦ᠍᠂ 《ᠥᠨᠳᠥᠷ ᠪᠦᠲᠦᠮᠵᠢᠲᠡᠶ᠎ᠪᠠᠷ ᠨᠢᠭᠡ ᠶᠠᠪᠤᠳᠠᠯ᠎ᠢ ᠪᠦᠲᠦᠭᠡᠬᠦ᠌ 》 ᠭᠤᠥᠯᠳᠠᠯᠭ᠎ᠠ᠎ᠲᠠᠢ ᠵᠥᠢᠯᠡᠰ᠎ᠤᠨ ᠲᠤᠳᠤᠷᠬᠠᠢ ᠬᠠᠭᠤᠳᠠᠰᠤ᠎ᠶ᠋ᠢᠨ ᠬᠠᠮᠢᠶᠠᠷᠤᠯᠲᠠ ᠪᠠ ᠪᠠᠢᠩᠭᠤᠵᠢᠭᠤᠯᠤᠨ ᠠᠬᠢᠭᠤᠯᠬᠤ ᠲᠣᠭ᠍ᠲᠠᠴᠠ᠎ᠶ᠋ᠢ ᠪᠦᠷᠢᠨᠱᠢᠬᠦᠯᠵᠦ᠍᠂ ᠪᠥᠬᠦ᠌ ᠤᠯᠤᠰ᠎ᠢ ᠬᠠᠮᠤᠷᠤᠭ᠍ᠰᠠᠨ ᠨᠢᠭᠡ ᠴᠣᠭ᠍ᠴᠠᠵᠢᠭ᠍ᠰᠠᠨ ᠰᠥᠯᠵᠢᠶᠡᠨ ᠲᠡᠭᠡᠷᠡᠬᠢ ᠵᠠᠰᠠᠭ᠎ᠤᠨ ᠶᠠᠪᠤᠳᠠᠯ᠎ᠤᠨ ᠥᠢᠯᠡᠴᠢᠯᠡᠭᠡᠨ᠎ᠤ ᠲᠠᠪᠴᠠᠩ᠎ᠢ ᠲᠡᠭᠦᠯᠳᠡᠷᠵᠢᠭᠦᠯᠦᠨ᠎ᠡ᠃ ᠵᠥᠪ ᠴᠢᠭ᠌ᠯᠡᠯ᠎ᠢᠶᠠᠷ ᠤᠷᠮᠠᠱᠢᠭᠤᠯᠤᠨ ᠵᠤᠷᠢᠬ᠍ᠵᠢᠭᠤᠯᠬᠤ᠎ᠶ᠋ᠢ ᠴᠢᠩᠭᠠᠳᠭᠠᠵᠤ᠂ ᠬᠢᠨᠠᠨ ᠱᠢᠯᠭᠠᠵᠤ ᠦᠨᠡᠯᠡᠬᠦ᠌ ᠱᠢᠰᠲ᠋ᠧᠮ᠎ᠢ ᠲᠡᠭᠦᠯᠳᠡᠷᠵᠢᠭᠦᠯᠥᠨ᠂ ᠬᠡᠯᠪᠡᠷᠢ᠎ᠶ᠋ᠢᠨ ᠦᠵᠡᠯ᠎ᠢ ᠦᠷᠭᠦᠯᠵᠢᠯᠡᠨ ᠴᠡᠭ᠌ᠴᠡᠯᠡᠨ ᠵᠠᠰᠠᠵᠤ ᠦᠨᠳᠦᠰᠦᠨ ᠱᠠᠲᠤᠨ᠎ᠤ ᠳᠠᠷᠤᠭᠠᠰᠤ᠎ᠶ᠋ᠢ ᠬᠥᠩᠭᠡᠷᠡᠭᠦᠯᠥᠨ᠂ ᠦᠨᠳᠦᠰᠦᠨ ᠱᠠᠲᠤᠨ᠎ᠳᠤ ᠬᠠᠨᠳᠤᠭᠤᠯᠤᠭ᠍ᠰᠠᠨ ᠣᠯᠠᠨ ᠲᠠᠯ᠎ᠠ᠎ᠠᠴᠠ ᠲᠠᠪᠬᠤᠷᠳᠠᠭᠤᠯᠤᠨ ᠬᠢᠬᠦ᠂ ᠭᠥᠢᠴᠡᠳᠭᠡᠯ ᠲᠤᠭ᠎ᠠ᠎ᠨᠢ ᠠᠷᠰᠠᠷ ᠵᠢᠵᠢᠭ ᠰᠠᠵᠢᠭ᠂ ᠠᠷᠭ᠎ᠠ ᠮᠠᠶᠢᠭ᠎ᠨᠢ ᠶᠠᠷᠱᠢᠭ ᠲᠦᠪᠡᠭ᠌ᠲᠡᠶ ᠬᠢᠨᠠᠨ ᠪᠠᠢᠴᠠᠭᠠᠯᠳᠠ᠂ ᠪᠠᠢᠴᠠᠭᠠᠯᠳᠠ ᠪᠠ ᠬᠢᠨᠠᠨ ᠱᠢᠯᠭᠠᠯᠳᠠ᠎ᠶ᠋ᠢ ᠦᠨᠡᠨ ᠬᠦ᠌ ᠪᠠᠭᠠᠰᠭᠠᠨᠵᠥ᠍᠂ ᠥᠷᠭᠡᠨ ᠤᠯᠠᠨ ᠺᠠᠳ᠋ᠷᠴᠤᠳ᠎ᠢ ᠨᠡᠩ ᠤᠯᠠᠨ ᠴᠠᠭ ᠪᠠ ᠤᠶᠤᠨ ᠴᠢᠳᠠᠯ᠎ᠢᠶᠠᠨ ᠪᠣᠳᠠᠲᠠᠶ ᠠᠵᠢᠯ ᠬᠢᠬᠦ᠌ ᠳᠡᠭᠡᠷ᠎ᠡ ᠬᠡᠷᠡᠭ᠌ᠯᠡᠬᠦ᠌ ᠪᠤᠯᠭᠠᠨ᠎ᠠ᠃ ᠡᠯ᠎ᠡ ᠱᠠᠲᠤᠨ᠎ᠤ ᠵᠠᠰᠠᠭ᠎ᠤᠨ ᠣᠷᠳᠣᠨ᠎ᠤ ᠠᠵᠢᠯᠲᠠᠳ ᠴᠢᠷᠮᠠᠢᠨ ᠠᠵᠢᠯᠯᠠᠬᠤ᠎ᠶ᠋ᠢ ᠲᠡᠷᠢᠭᠦᠨ᠎ᠳᠤ ᠲᠠᠯᠪᠢᠬᠤ᠂ ᠯᠠᠪᠳᠠᠭᠤᠨ ᠪᠠᠲᠤᠲᠠᠢ ᠠᠵᠢᠯᠯᠠᠬᠤ᠎ᠶ᠋ᠢ ᠪᠠᠷᠢᠮᠲᠠᠯᠠᠵᠤ᠂ ᠲᠡᠦᠬᠡ ᠪᠠ ᠠᠷᠠᠳ ᠲᠦᠮᠡᠨ᠎ᠤ ᠱᠢᠯᠭᠠᠯᠲᠠ᠎ᠶ᠋ᠢ ᠳᠠᠭᠠᠭᠠᠵᠤ ᠴᠢᠳᠠᠬᠤ ᠨᠡᠩ ᠤᠯᠠᠨ ᠬᠥᠭ᠌ᠵᠢᠯᠲᠡ᠎ᠶ᠋ᠢᠨ ᠠᠮᠵᠢᠯᠲᠠ ᠪᠦᠲᠦᠮᠵᠢ᠎ᠶ᠋ᠢ ᠡᠭᠦᠳᠬᠦ᠌ ᠬᠡᠷᠡᠭ᠌ᠲᠡᠢ᠃

ᠪᠢᠳᠡ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭ᠍ᠴᠠᠯᠠᠬᠤ᠎ᠪᠠᠷ ᠭᠤᠣᠯ ᠱᠢᠵᠢᠮ ᠪᠣᠯᠭᠠᠨ᠂ ᠳᠣᠮᠳᠠᠳᠣ ᠵᠢᠨ ᠦᠨᠳᠦᠰᠦᠳᠡᠨ ᠤ᠋ ᠬᠠᠮᠳᠣ ᠵᠢᠨ ᠴᠠᠭᠴᠠ ᠵᠢᠨ ᠪᠠᠢᠭᠣᠯᠣᠯᠳᠠ ᠵᠢ ᠠᠬᠢᠭᠣᠯᠵᠣ᠂ ᠦᠨᠳᠦᠰᠦᠲᠡᠨ ᠎ᠤ ᠣᠷᠣᠨ᠎ᠤ ᠥᠪᠡᠷᠲᠡᠭᠡᠨ ᠵᠠᠰᠠᠬᠤ ᠪᠠᠢᠭᠤᠯᠤᠯ ᠎ᠢ ᠪᠠᠷᠢᠮᠲᠠᠯᠠᠨ ᠲᠡᠭᠦᠯᠳᠡᠷᠵᠢᠭᠦᠯᠵᠦ᠍᠂ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠥᠢᠯᠡᠰ᠎ᠢ ᠲᠠᠰᠤᠷᠠᠯᠲᠠ ᠦᠭᠡᠢ ᠠᠬᠢᠭᠤᠯᠥᠨ᠂ ᠦᠨᠳᠦᠰᠦᠲᠡᠨ᠎ᠤ ᠭᠠᠵᠠᠷ ᠣᠷᠣᠨ᠎ᠤ ᠣᠳᠣᠬᠢᠴᠢᠯᠠᠬᠤ ᠪᠦᠲᠦᠭᠡᠨ ᠪᠠᠢᠭᠤᠯᠤᠯᠲᠠ᠎ᠶ᠋ᠢᠨ ᠠᠯᠬᠤᠴᠠ᠎ᠶ᠋ᠢ ᠲᠦᠷᠭᠡᠳᠭᠡᠬᠦ᠌ ᠬᠡᠷᠡᠭ᠌ᠳᠡᠢ᠃ ᠨᠠᠮ᠎ᠤᠨ ᠱᠠᠱᠢᠨ ᠰᠤᠷᠲᠠᠬᠤᠨ᠎ᠤ ᠠᠵᠢᠯ᠎ᠤᠨ ᠦᠨᠳᠦᠰᠦᠨ ᠴᠢᠭ᠌ᠯᠡᠯᠲᠡ᠎ᠶ᠋ᠢ ᠪᠠᠷᠢᠮᠲᠠᠯᠠᠵᠤ᠂ ᠮᠠᠨ᠎ᠤ ᠤᠯᠤᠰ᠎ᠤᠨ ᠱᠠᠱᠢᠨ ᠰᠤᠷᠲᠠᠬᠤᠨ᠎ᠤ ᠳᠤᠮᠳᠠᠳᠤ ᠤᠯᠤᠰᠴᠢᠯᠠᠯᠳᠠ᠎ᠶ᠋ᠢ ᠱᠢᠰᠲ᠋ᠧᠮ᠎ᠲᠠᠢ ᠠᠬᠢᠭᠤᠯᠵᠤ᠂ ᠱᠠᠱᠢᠨ ᠰᠤᠷᠲᠠᠬᠤᠨ᠎ᠤ ᠬᠡᠷᠡᠭ ᠶᠠᠪᠤᠳᠠᠯ᠎ᠤᠨ ᠵᠠᠰᠠᠯᠲᠠ᠎ᠶ᠋ᠢ ᠬᠠᠤᠯᠢ᠎ᠪᠠᠷ ᠵᠠᠰᠠᠬᠤ᠎ᠶ᠋ᠢ ᠴᠢᠩᠭᠠᠳᠭᠠᠨ᠎ᠠ᠃ ᠬᠠᠷᠢᠶᠠᠲᠤ ᠨᠠᠷ᠎ᠤᠨ ᠶᠠᠪᠤᠳᠠᠯ᠎ᠤᠨ ᠠᠵᠢᠯ᠎ᠤᠨ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠭᠠᠳᠠᠭᠠᠳᠤ᠎ᠳᠤ ᠰᠠᠭᠤᠭ᠎ᠠ ᠬᠠᠷᠢᠶᠠᠲᠤ ᠠᠬ᠎ᠠ ᠳᠡᠭᠦᠥ ᠨᠡᠷ ᠪᠤᠯᠤᠨ ᠤᠯᠤᠰ᠎ᠲᠠᠭᠠᠨ ᠪᠤᠴᠠᠵᠤ ᠢᠷᠡᠭ᠌ᠰᠡᠨ ᠬᠠᠷᠢᠶᠠᠲᠤ ᠨᠠᠷ ᠵᠢᠴᠢ ᠬᠠᠷᠢᠶᠠᠲᠤ ᠨᠠᠷ᠎ᠤᠨ ᠭᠡᠷ ᠪᠦᠯᠢ᠎ᠶ᠋ᠢᠨ᠎ᠬᠢᠨ᠎ᠤ ᠬᠠᠤᠯᠢ ᠶᠣᠰᠣᠨ᠎ᠤ ᠡᠷᠬᠡ ᠠᠱᠢᠭ᠎ᠢ ᠬᠠᠮᠠᠭᠠᠯᠠᠵᠤ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠳᠤᠮᠳᠠᠳᠤ᠎ᠶ᠋ᠢᠨ ᠬᠥᠪᠡᠭᠦᠳ ᠥᠬᠢᠳ᠎ᠤᠨ ᠭᠡᠷᠡᠯ ᠰᠠᠴᠤᠷᠠᠩᠭᠤᠶ ᠥᠢᠯᠡᠰ᠎ᠢ ᠬᠠᠮᠲᠤ᠎ᠪᠠᠷ ᠴᠤᠭ᠍ᠴᠠᠯᠠᠬᠤ ᠬᠦᠴᠦᠷᠬᠡᠭ ᠶᠡᠭᠡ ᠬᠦᠴᠦᠨ ᠴᠢᠳᠠᠯ᠎ᠢ ᠨᠢᠭ᠍ᠲᠠᠷᠠᠭᠤᠯᠤᠨ᠎ᠠ᠃

ᠥᠩᠭᠡᠷᠡᠭ᠌ᠰᠡᠨ ᠨᠢᠭᠡ ᠵᠢᠯ᠎ᠳᠤ᠂ ᠤᠯᠤᠰ᠎ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠬᠢ᠎ᠶ᠋ᠢᠨ ᠪᠦᠳᠦᠭᠡᠨ ᠪᠠᠢᠭᠤᠯᠤᠯᠲᠠ ᠴᠢᠬᠤᠯᠠ ᠱᠢᠨ᠎ᠡ ᠠᠬᠢᠯᠳᠠ᠎ᠲᠠᠢ ᠪᠣᠯᠪᠠ᠃ ᠱᠢᠨ᠎ᠡ ᠨᠢᠭᠡ ᠵᠢᠯ᠎ᠳᠤ᠂ ᠪᠢᠳᠡ ᠰᠢ᠎ᠶ᠋ᠢᠨ ᠫᠢᠩ᠎ᠤᠨ ᠴᠡᠷᠢᠭ᠎ᠢ ᠬᠦᠴᠦᠷᠬᠡᠭ᠌ᠵᠢᠭᠦᠯᠬᠦ᠌ ᠦᠵᠡᠯ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠵᠤ᠂ ᠱᠢᠨ᠎ᠡ ᠴᠠᠭ ᠥᠶ᠎ᠡ᠎ᠶ᠋ᠢᠨ ᠴᠡᠷᠢᠭ᠎ᠤᠨ ᠶᠠᠪᠤᠳᠠᠯ᠎ᠤᠨ ᠪᠠᠢᠯᠳᠤᠬᠤ ᠪᠣᠳᠣᠯᠭ᠎ᠠ᠎ᠶ᠋ᠢᠨ ᠴᠢᠭ᠌ᠯᠡᠯᠲᠡ᠎ᠶ᠋ᠢ ᠲᠤᠭᠤᠱᠢᠯᠠᠭᠤᠯᠥᠨ᠂ ᠠᠷᠠᠳ᠎ᠤᠨ ᠴᠡᠷᠢᠭ ᠠᠩᠭᠢ᠎ᠳᠠᠬᠢ ᠨᠠᠮ᠎ᠤᠨ ᠬᠠᠷᠢᠴᠠᠯᠠᠰᠢ ᠦᠭᠡᠢ ᠤᠳᠤᠷᠢᠳᠤᠯᠭ᠎ᠠ᠎ᠶ᠋ᠢ ᠪᠠᠷᠢᠮᠲᠠᠯᠠᠵᠤ᠂ ᠴᠡᠷᠢᠭ᠎ᠤᠨ ᠶᠠᠪᠤᠳᠠᠯ᠎ᠤᠨ ᠬᠣᠷᠢᠶ᠎ᠠ ᠵᠢᠨ  ᠲᠡᠷᠢᠭᠦᠯᠡᠭ᠌ᠴᠢ ᠬᠠᠷᠢᠭᠤᠴᠠᠬᠤ ᠲᠦᠷᠢᠮ᠎ᠢ ᠪᠦᠬᠦ᠌ ᠲᠠᠯ᠎ᠠ᠎ᠪᠠᠷ ᠭᠦᠨᠵᠡᠭᠡᠢ ᠲᠤᠭᠤᠱᠢᠯᠠᠭᠤᠯᠵᠤ᠂ ᠤᠯᠤᠰ ᠲᠦᠷᠦ᠍᠎ᠶ᠋ᠢᠨ ᠴᠡᠭ᠌ᠴᠡᠯᠡᠯᠳᠡ ᠪᠤᠯᠪᠠᠰᠤᠷᠠᠭᠤᠯᠤᠯ᠎ᠢ ᠦᠷᠭᠦᠯᠵᠢᠯᠡᠨ ᠭᠦᠨᠵᠡᠭᠡᠢᠷᠡᠭᠦᠯᠵᠦ᠍᠂ ᠴᠡᠷᠢᠭ ᠪᠠᠢᠭᠤᠯᠤᠭ᠍ᠳᠠᠭ᠍ᠰᠠᠨ ᠵᠠᠭᠤᠨ ᠵᠢᠯ᠎ᠤᠨ ᠲᠡᠮᠡᠴᠡᠯ᠎ᠤᠨ ᠬᠠᠷᠠᠯᠲᠠ᠎ᠶ᠋ᠢ ᠪᠡᠶᠡᠯᠡᠭᠦᠯᠬᠦ᠌ ᠪᠡᠷᠬᠡ ᠰᠡᠳᠦᠪ᠎ᠢ ᠱᠢᠢᠳᠪᠦᠷᠢᠯᠡᠬᠦ᠌ ᠲᠠᠢᠨ᠎ᠢ ᠪᠦᠬᠦ᠌ ᠬᠦᠴᠦᠨ᠎ᠢᠶᠠᠷ ᠰᠠᠢᠲᠤᠷ ᠬᠢᠬᠦ᠌ ᠬᠡᠷᠡᠭ᠌ᠳᠡᠢ᠃ ᠴᠡᠷᠢᠭ ᠪᠣᠯᠪᠠᠰᠤᠷᠠᠭᠤᠯᠵᠤ ᠳᠠᠢᠨ᠎ᠳᠤ ᠪᠡᠯᠡᠳᠭᠡᠬᠦ᠌᠎ᠶ᠋ᠢ ᠭᠦᠨᠵᠡᠭᠡᠢᠷᠡᠭᠦᠯᠦᠨ ᠠᠬᠢᠭᠤᠯᠵᠤ᠂ ᠱᠢᠨ᠎ᠡ ᠴᠢᠨᠠᠷ᠎ᠤᠨ ᠲᠠᠢᠴᠢᠨ ᠬᠦᠴᠦᠨ᠎ᠢ ᠲᠦᠷᠭᠡᠯᠡᠨ ᠬᠥᠭ᠌ᠵᠢᠭᠦᠯᠵᠦ᠍᠂ ᠳᠤᠮᠳᠠᠳᠤ ᠤᠯᠤᠰ᠎ᠤᠨ ᠣᠨᠴᠠᠯᠢᠭ ᠪᠦᠬᠦᠢ ᠤᠳᠤ ᠥᠶ᠎ᠡ᠎ᠶ᠋ᠢᠨ ᠴᠡᠷᠢᠭ᠎ᠤᠨ ᠶᠠᠪᠤᠳᠠᠯ᠎ᠤᠨ ᠤᠨᠤᠯ᠎ᠤᠨ ᠱᠢᠰᠲ᠋ᠧᠮ᠎ᠢ ᠪᠠᠢᠭᠤᠯᠵᠥ᠍᠂ ᠤᠯᠤᠰ᠎ᠤᠨ ᠡᠷᠬᠡ ᠮᠡᠳᠡᠯ᠂ ᠠᠮᠤᠷ ᠲᠦᠪᠱᠢᠨ᠂ ᠬᠥᠭ᠌ᠵᠢᠯᠲᠡ᠎ᠶ᠋ᠢᠨ ᠠᠱᠢᠭ ᠲᠤᠰᠠ᠎ᠶ᠋ᠢ ᠡᠷᠡᠰ ᠬᠠᠮᠠᠭᠠᠯᠠᠨ᠎ᠠ᠃ ᠴᠡᠷᠢᠭ ᠠᠩᠭᠢ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠬᠡ᠎ᠶ᠋ᠢᠨ ᠠᠵᠢᠯ᠎ᠢ ᠲᠠᠭᠤᠰᠭᠠᠬᠤ᠎ᠶ᠋ᠢ ᠰᠠᠢᠲᠤᠷ ᠠᠳᠭᠤᠵᠤ᠂ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠬᠥᠭ᠌ᠵᠢᠯᠲᠡ᠎ᠶ᠋ᠢᠨ ᠴᠢᠬᠤᠯᠠ ᠶᠡᠭᠡ ᠢᠨᠵᠧᠨᠧᠷᠢᠩ᠎ᠢ ᠱᠠᠯᠠᠪᠳᠠᠨ ᠬᠡᠷᠡᠭ᠌ᠵᠢᠭᠦᠯᠵᠦ᠍᠂ ᠰᠦᠯᠵᠢᠶᠡᠨ᠎ᠤ ᠮᠡᠳᠡᠭᠡ ᠵᠠᠩᠭᠢ᠎ᠶ᠋ᠢᠨ ᠱᠢᠰᠲ᠋ᠧᠮ ᠎ᠤᠨ ᠪᠠᠢᠭᠤᠯᠤᠯᠲᠠ᠎ᠶ᠋ᠢ ᠲᠦᠷᠭᠡᠯᠡᠨ ᠠᠬᠢᠭᠤᠯᠤᠨ᠎ᠠ᠃ ᠴᠡᠷᠢᠭ ᠠᠩᠭᠢ ᠪᠠ ᠣᠷᠣᠨ ᠨᠤᠲᠤᠭ ᠠᠯᠤᠰᠯᠠᠭ᠍ᠰᠠᠨ ᠥᠭᠡᠷᠡᠴᠢᠯᠡᠯᠲᠡ᠎ᠶ᠋ᠢ ᠬᠦᠴᠦ᠍ ᠬᠠᠮᠲᠤᠳᠭᠠᠨ ᠠᠬᠢᠭᠤᠯᠵᠤ᠂ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠠᠵᠤ ᠥᠢᠯᠡᠳᠪᠦᠷᠢ᠎ᠶ᠋ᠢᠨ ᠱᠢᠰᠲ᠋ᠧᠮ ᠪᠠ ᠪᠠᠢᠷᠢᠯᠠᠭᠤᠯᠤᠯᠳᠠ᠎ᠶ᠋ᠢ ᠱᠢᠯᠢᠳᠡᠭ᠌ᠵᠢᠭᠦᠯᠵᠦ᠍᠂ ᠤᠯᠤᠰ᠎ᠤᠨ ᠨᠢᠭᠡ ᠴᠣᠭ᠍ᠴᠠᠵᠢᠭ᠍ᠰᠠᠨ ᠪᠠᠢᠯᠳᠤᠬᠤ ᠪᠤᠳᠤᠯᠭ᠎ᠠ᠎ᠶ᠋ᠢᠨ ᠱᠢᠰᠲ᠋ᠧᠮ ᠪᠠ ᠴᠢᠳᠠᠪᠤᠷᠢ᠎ᠶ᠋ᠢᠨ ᠪᠠᠢᠭᠤᠯᠤᠯᠲᠠ᠎ᠶ᠋ᠢᠨ ᠠᠵᠢᠯ᠎ᠤᠨ ᠲᠣᠭ᠍ᠲᠠᠴᠠ᠎ᠶ᠋ᠢ ᠪᠦᠷᠢᠨᠱᠢᠭᠦᠯᠦᠨ᠎ᠡ᠃ ᠣᠯᠣᠰ ᠤ᠋ᠨ ᠪᠠᠳᠣᠯᠠᠨ ᠬᠠᠮᠠᠭᠠᠯᠠᠯᠳᠠ ᠵᠢᠨ ᠬᠦᠮᠦᠵᠢᠯ ᠂ ᠣᠯᠣᠰ ᠤ᠋ᠨ ᠪᠠᠳᠣᠯᠠᠨ ᠬᠠᠮᠠᠭᠠᠯᠠᠯᠳᠠ ᠵᠢᠨ ᠳᠠᠢᠴᠢᠯᠠᠯᠳᠠ ᠪᠣᠯᠣᠨ ᠪᠡᠯᠡᠳᠭᠡᠯ ᠬᠦᠴᠦᠨ ᠤ᠋ ᠪᠠᠢᠭᠣᠯᠣᠯᠳᠠ ᠵᠢ ᠴᠢᠩᠭᠠᠳᠬᠠᠨ᠎ᠠ ᠃ ᠡᠯ᠎ᠡ ᠱᠠᠲᠤᠨ᠎ᠤ ᠵᠠᠰᠠᠭ᠎ᠤᠨ ᠣᠷᠳᠣᠨ ᠤᠯᠤᠰ᠎ᠤᠨ ᠪᠠᠲᠤᠯᠠᠨ ᠬᠠᠮᠠᠭᠠᠯᠠᠯᠲᠠ ᠪᠣᠯᠤᠨ ᠴᠡᠷᠢᠭ ᠠᠩᠭᠢ᠎ᠶ᠋ᠢᠨ ᠪᠦᠲᠦᠭᠡᠨ ᠪᠠᠢᠭᠤᠯᠤᠯᠲᠠ᠎ᠶ᠋ᠢ ᠶᠡᠭᠡ᠎ᠪᠠᠷ ᠳᠠᠮᠵᠢᠵᠤ᠂ ᠬᠤᠶᠠᠷ᠎ᠢ ᠬᠦᠷᠢᠶᠡᠯᠡᠬᠦ᠌ ᠠᠵᠢᠯ᠎ᠤᠨ ᠲᠣᠭ᠍ᠲᠠᠴᠠ᠎ᠶ᠋ᠢ ᠲᠡᠭᠦᠯᠳᠡᠷᠵᠢᠭᠦᠯᠥᠨ᠂ ᠴᠡᠷᠢᠭ ᠵᠠᠰᠠᠭ ᠴᠡᠷᠢᠭ ᠠᠷᠠᠳ᠎ᠤᠨ ᠬᠠᠳᠠᠡ ᠪᠠᠲᠤ ᠪᠦᠯᠬᠦᠮᠳᠡᠯ᠎ᠢ ᠪᠠᠬᠢᠵᠢᠭᠦᠯᠦᠨ ᠬᠥᠭ᠌ᠵᠢᠭᠦᠯᠬᠦ᠌ ᠬᠡᠷᠡᠭ᠌ᠲᠡᠶ᠃

ᠪᠢᠳᠡ 《ᠨᠢᠭᠡ ᠤᠯᠤᠰ᠎ᠲᠤ ᠬᠤᠶᠠᠷ ᠪᠠᠢᠭᠤᠯᠤᠯ᠎ᠢ ᠬᠡᠷᠡᠭ᠌ᠵᠢᠭᠦᠯᠬᠦ᠌》᠂ 《ᠱᠢᠶᠠᠩᠭᠠᠩ᠎ᠤᠨ ᠬᠥᠮᠦᠨ᠎ᠢᠶᠠᠷ ᠱᠢᠶᠠᠩᠭᠠᠩ᠎ᠢ ᠵᠠᠰᠠᠭᠤᠯᠬᠤ》᠂ 《ᠣᠣᠮᠧᠨ᠎ᠤ ᠬᠥᠮᠦᠨ᠎ᠢᠶᠠᠷ ᠣᠣᠮᠧᠨ᠎ᠢ ᠵᠠᠰᠠᠭᠤᠯᠬᠤ》᠂ ᠳᠡᠭᠡᠳᠦ ᠬᠡᠮᠵᠢᠶ᠎ᠡ᠎ᠪᠠᠷ ᠥᠪᠡᠷᠲᠡᠭᠡᠨ ᠵᠠᠰᠠᠬᠤ ᠴᠢᠭ᠌ᠯᠡᠯᠲᠡ᠎ᠶ᠋ᠢ ᠪᠦᠬᠦ᠌ ᠲᠠᠯ᠎ᠠ᠎ᠪᠠᠷ ᠣᠨᠣᠪᠴᠢᠲᠠᠶ᠂ ᠡᠷᠡᠰ ᠭᠤᠢᠪᠢᠰᠢ ᠦᠭᠡᠢ᠎ᠪᠠᠷ ᠲᠤᠭᠤᠱᠢᠯᠠᠭᠤᠯᠵᠥ᠍᠂ ᠦᠨᠳᠦᠰᠦᠨ ᠬᠠᠤᠯᠢ ᠪᠠ ᠭᠤᠤᠯ ᠬᠠᠤᠯᠢ᠎ᠳᠤ ᠲᠣᠭ᠍ᠲᠠᠭᠠᠭ᠍ᠰᠠᠨ ᠵᠠᠰᠠᠭ ᠵᠠᠬᠢᠷᠭᠠᠨ᠎ᠤ ᠣᠨᠴᠠᠭᠠᠶ ᠣᠷᠣᠨ᠎ᠤ ᠦᠨᠳᠦᠰᠦᠨ ᠬᠠᠥᠯᠢᠳᠥ ᠡᠮᠬᠢ ᠵᠢᠷᠤᠮ᠎ᠢ ᠬᠠᠮᠠᠭᠠᠯᠠᠵᠤ᠂ 《ᠡᠭᠡ ᠣᠷᠣᠨᠴᠢ ᠬᠥᠮᠦᠰ᠎ᠢᠶᠠᠷ ᠱᠢᠶᠠᠩᠭᠠᠩ᠎ᠢ ᠵᠠᠰᠠᠭᠤᠯᠬᠤ》᠂ 《ᠡᠭᠡ ᠣᠷᠣᠨᠴᠢ ᠬᠥᠮᠦᠰ᠎ᠢᠶᠠᠷ ᠣᠣᠮᠧᠨ᠎ᠢ ᠵᠠᠰᠠᠭᠤᠯᠬᠤ》 ᠵᠠᠷᠴᠢᠮ᠎ᠢ ᠨᠠᠢᠳᠠᠪᠤᠷᠢᠵᠢᠭᠤᠯᠬᠤ ᠬᠡᠷᠡᠭ᠌ᠳᠡᠢ᠃ ᠱᠢᠶᠠᠩᠭᠠᠩ᠂ ᠣᠣᠮᠧᠨ᠎ᠤ ᠠᠵᠤ ᠠᠬᠤᠶ᠎ᠪᠠᠨ ᠬᠥᠭ᠌ᠵᠢᠭᠦᠯᠬᠦ᠂ ᠠᠷᠠᠳ᠎ᠤᠨ ᠠᠮᠢᠳᠤᠷᠠᠯ ᠎ᠢ ᠰᠠᠢᠵᠢᠷᠠᠭᠤᠯᠬᠤ᠂ ᠣᠯᠠᠨ ᠤᠯᠤᠰ᠎ᠯᠤᠭ᠎ᠠ᠎ᠶ᠋ᠢᠨ ᠶᠠᠪᠤᠯᠴᠠᠭ᠎ᠠ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠬᠦ᠂ ᠤᠯᠤᠰ᠎ᠤᠨ ᠬᠥᠭ᠌ᠵᠢᠯᠲᠡ᠎ᠶ᠋ᠢᠨ ᠶᠡᠭᠡ ᠲᠠᠯ᠎ᠠ᠎ᠳᠤ ᠨᠡᠩ ᠰᠠᠢᠨ ᠠᠭᠤᠰᠤᠨ ᠤᠷᠤᠬᠤ᠎ᠶ᠋ᠢ ᠳᠡᠮᠵᠢᠵᠦ᠍᠂ ᠱᠢᠶᠠᠩᠭᠠᠩ᠂ ᠣᠣᠮᠧᠨ᠎ᠤ ᠤᠷᠳᠤ ᠬᠤᠭᠤᠴᠠᠭᠠᠨ᠎ᠤ ᠴᠡᠴᠡᠭ᠌ᠯᠡᠯ ᠬᠥᠭ᠌ᠵᠢᠯ ᠪᠠ ᠲᠣᠭ᠍ᠲᠠᠭᠤᠨ ᠪᠠᠢᠳᠠᠯ᠎ᠢ ᠪᠠᠲᠤᠯᠠᠨ᠎ᠠ᠃

ᠪᠢᠳᠡ ᠱᠢᠨ᠎ᠡ ᠴᠠᠭ ᠥᠶ᠎ᠡ᠎ᠶ᠋ᠢᠨ ᠨᠠᠮ᠎ᠤᠨ ᠲᠠᠢᠸᠠᠨ᠎ᠤ ᠠᠰᠠᠭᠤᠳᠠᠯ᠎ᠢ ᠱᠢᠢᠳᠪᠦᠷᠢᠯᠡᠬᠦ᠌ ᠶᠡᠷᠦᠩᠬᠡᠶ ᠠᠷᠭ᠎ᠠ ᠪᠣᠳᠣᠯᠭ᠎ᠠ᠎ᠶ᠋ᠢ ᠪᠠᠷᠢᠮᠲᠠᠯᠠᠨ ᠲᠤᠭᠤᠱᠢᠯᠠᠭᠤᠯᠵᠥ᠍᠂ ᠨᠢᠭᠡ ᠯᠡ ᠳᠤᠮᠳᠠᠳᠤ ᠤᠯᠤᠰ ᠪᠠᠢᠬᠤ ᠵᠠᠷᠴᠢᠮ ᠪᠠ 《ᠶᠡᠷᠡᠨ ᠬᠤᠶᠠᠷ ᠣᠨ᠎ᠤ ᠬᠠᠮᠲᠤ᠎ᠶ᠋ᠢᠨ ᠲᠠᠨᠢᠯᠲᠠ》 ᠵᠢ ᠪᠠᠷᠢᠮᠲᠠᠯᠠᠵᠤ᠂ 《ᠲᠠᠢᠸᠠᠨ᠎ᠢ ᠲᠤᠰᠠᠭᠠᠷ ᠲᠣᠭ᠍ᠲᠠᠨᠢᠭᠤᠯᠬᠤ》 ᠬᠠᠭᠠᠴᠠᠭᠤᠯᠬᠤ ᠠᠵᠢᠯᠯᠠᠭ᠎ᠠ ᠪᠠ ᠭᠠᠳᠠᠭᠠᠳᠤ᠎ᠶ᠋ᠢᠨ ᠬᠦᠴᠦᠨ᠎ᠤ ᠭᠠᠷ ᠲᠦᠷᠥᠯᠳᠡ᠎ᠶ᠋ᠢ ᠡᠷᠡᠰ ᠡᠰᠡᠷᠭᠦᠴᠡᠵᠥ᠍᠂ ᠲᠠᠢᠸᠠᠨ ᠬᠤᠭᠤᠯᠠᠶ᠎ᠶ᠋ᠢᠨ ᠬᠤᠶᠠᠷ ᠲᠠᠯ᠎ᠠ᠎ᠶ᠋ᠢᠨ ᠬᠠᠷᠢᠴᠠᠭᠠᠨ᠎ᠤ ᠨᠠᠢᠷᠠᠮᠳᠠᠯ᠎ᠢᠶᠠᠷ ᠬᠥᠭ᠌ᠵᠢᠬᠦ᠌᠎ᠶ᠋ᠢ ᠠᠬᠢᠭᠤᠯᠬᠤ ᠬᠡᠷᠡᠭ᠌ᠳᠡᠢ᠃ ᠲᠠᠢᠸᠠᠨ ᠬᠤᠭᠤᠯᠠᠶ᠎ᠶ᠋ᠢᠨ ᠬᠤᠶᠠᠷ ᠲᠠᠯ᠎ᠠ᠎ᠶ᠋ᠢᠨ ᠠᠵᠤ ᠠᠬᠤᠶ ᠰᠣᠶᠣᠯ᠎ᠤᠨ ᠰᠣᠯᠢᠯᠴᠠᠭ᠎ᠠ ᠬᠠᠮᠳᠤᠷᠠᠯᠴᠠᠭ᠎ᠠ᠎ᠶ᠋ᠢ ᠠᠬᠢᠭᠤᠯᠬᠤ ᠳᠦᠷᠢᠮ ᠪᠠ ᠲᠥᠷᠥ᠎ᠶ᠋ᠢᠨ ᠪᠣᠳᠣᠯᠭ᠎ᠠ᠎ᠶ᠋ᠢ ᠲᠡᠭᠦᠯᠳᠡᠷᠵᠢᠭᠦᠯᠵᠦ᠍᠂ ᠲᠠᠢᠸᠠᠨ ᠬᠤᠭᠤᠯᠠᠶ᠎ᠶ᠋ᠢᠨ ᠬᠤᠶᠠᠷ ᠲᠠᠯ᠎ᠠ᠎ᠶ᠋ᠢᠨ ᠠᠭᠤᠰᠤᠯᠴᠠᠨ ᠬᠥᠭ᠌ᠵᠢᠬᠦ᠌᠎ᠶ᠋ᠢ ᠭᠦᠨᠵᠡᠭᠡᠢᠷᠡᠭᠦᠯᠵᠥ᠍᠂ ᠲᠠᠢᠸᠠᠨ ᠬᠤᠭᠤᠯᠠᠶ᠎ᠶ᠋ᠢᠨ ᠬᠤᠶᠠᠷ ᠲᠠᠯ᠎ᠠ᠎ᠶ᠋ᠢᠨ ᠠᠬ᠎ᠠ ᠳᠡᠭᠦᠥ ᠨᠡᠷ᠎ᠤᠨ ᠠᠵᠠ ᠵᠢᠷᠭᠠᠯ᠎ᠢ ᠨᠡᠮᠡᠭ᠌ᠳᠡᠭᠦᠯᠥᠨ᠂ ᠡᠭᠡ ᠤᠯᠤᠰ᠎ᠢᠶᠠᠨ ᠨᠢᠭᠡᠳᠭᠡᠬᠦ᠌ ᠶᠡᠭᠡ ᠥᠢᠯᠡᠰ᠎ᠢ ᠡᠷᠡᠰ ᠭᠤᠢᠪᠢᠰᠢ ᠠᠬᠢᠭᠤᠯᠵᠥ᠍᠂ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠠᠭᠤᠥ ᠥᠢᠯᠡᠰ᠎ᠢ ᠭᠠᠷ ᠬᠤᠯᠪᠣᠯᠴᠠᠨ ᠬᠠᠮᠲᠤ᠎ᠪᠠᠷ ᠴᠣᠭ᠍ᠴᠠᠯᠠᠨ᠎ᠠ᠃

ᠪᠢᠳᠡ ᠪᠡᠶ᠎ᠡ ᠎ᠪᠠᠨ ᠳᠠᠭᠠᠭᠠᠵᠤ ᠡᠵᠡᠨ ᠮᠡᠳᠡᠬᠦ᠌ ᠨᠠᠢᠷᠠᠮᠳᠠᠯ᠎ᠤᠨ ᠭᠠᠳᠠᠭᠠᠳᠤ ᠬᠠᠷᠢᠯᠴᠠᠭᠠᠨ᠎ᠤ ᠲᠥᠷᠥ᠎ᠶ᠋ᠢᠨ ᠪᠣᠳᠣᠯᠭ᠎ᠠ᠎ᠶ᠋ᠢ ᠪᠠᠷᠢᠮᠲᠠᠯᠠᠵᠤ᠂ ᠡᠩᠭᠡ ᠲᠠᠢᠪᠤᠩ ᠬᠥᠭ᠌ᠵᠢᠯᠳᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ᠂ ᠬᠠᠷᠢᠯᠴᠠᠨ ᠠᠱᠢᠭ᠍ᠲᠠᠢ ᠬᠠᠮᠲᠤ᠎ᠪᠠᠷ ᠠᠱᠢᠭ ᠬᠦᠷᠲᠡᠬᠦ᠌ ᠨᠡᠭᠡᠭᠡᠯᠲᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠡᠷᠡᠰ ᠬᠡᠷᠡᠭ᠌ᠵᠢᠭᠦᠯᠵᠦ᠍᠂ ᠡᠵᠡᠷᠬᠡᠬᠦ᠌ ᠦᠵᠡᠯ ᠪᠠ ᠬᠦᠴᠦᠷᠬᠡᠭ᠌ᠯᠡᠯ᠎ᠤᠨ ᠤᠯᠤᠰ ᠲᠥᠷᠥ᠎ᠶ᠋ᠢ ᠡᠰᠡᠷᠭᠦᠴᠡᠵᠦ᠍᠂ ᠠᠯᠢᠪᠠ ᠬᠡᠯᠪᠡᠷᠢ᠎ᠶ᠋ᠢᠨ ᠭᠠᠭ᠍ᠴᠠ ᠲᠠᠯᠠᠲᠤ ᠦᠵᠡᠯ᠂ ᠬᠠᠮᠠᠭᠠᠯᠠᠬᠤ ᠦᠵᠡᠯ᠎ᠢ ᠡᠰᠡᠷᠭᠦᠴᠡᠵᠦ᠍᠂ ᠤᠯᠠᠨ ᠤᠯᠤᠰ᠎ᠤᠨ ᠲᠥᠪ ᠭᠤᠥᠯᠴᠢ ᠱᠢᠳᠤᠷᠭᠤ ᠶᠣᠰᠣ᠎ᠶ᠋ᠢ ᠬᠠᠮᠠᠭᠠᠯᠠᠬᠤ ᠬᠡᠷᠡᠭ᠌ᠳᠡᠢ᠃ ᠳᠤᠮᠳᠠᠳᠤ ᠤᠯᠤᠰ ᠳᠤᠷᠠᠲᠠᠶ᠎ᠠ ᠳᠡᠯᠡᠬᠡᠶ ᠨᠡᠢᠳᠡ᠎ᠲᠠᠢ ᠬᠠᠮᠲᠤ᠎ᠪᠠᠷ ᠡᠷᠬᠡ ᠲᠡᠭ᠌ᠰᠢ ᠡᠮᠬᠢ ᠵᠢᠷᠤᠮ᠎ᠲᠠᠢ ᠳᠡᠯᠡᠬᠡᠶ᠎ᠶ᠋ᠢᠨ ᠣᠯᠠᠨ ᠲᠦᠢᠯᠱᠢᠷᠠᠯᠲᠠ᠂ ᠲᠦᠭᠡᠮᠡᠯ ᠬᠠᠷᠠᠭᠠᠯᠵᠠᠯ᠎ᠲᠠᠢ ᠪᠠᠭ᠍ᠲᠠᠭᠠᠮᠵᠢᠲᠠᠢ ᠪᠠᠢᠬᠤ ᠠᠵᠤ ᠠᠬᠤᠶ᠎ᠶ᠋ᠢᠨ ᠳᠡᠯᠡᠬᠡᠢᠴᠢᠯᠡᠯᠲᠡ᠎ᠶ᠋ᠢ ᠰᠠᠨᠠᠭᠠᠴᠢᠯᠠᠵᠤ᠂ ᠪᠦᠬᠦ᠌ ᠪᠥᠮᠪᠥᠷᠴᠡᠭ᠎ᠤᠨ ᠬᠥᠭ᠌ᠵᠢᠯᠲᠡ᠎ᠶ᠋ᠢᠨ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠤᠨ ᠠᠮᠤᠷ ᠲᠦᠪᠱᠢᠨ᠎ᠤ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠤᠨ ᠪᠣᠯᠪᠠᠰᠤᠨ᠎ᠤ ᠰᠠᠨᠠᠭᠠᠴᠢᠯᠠᠭ᠎ᠠ᠎ᠶ᠋ᠢ ᠨᠠᠢᠳᠠᠪᠤᠷᠢᠵᠢᠭᠤᠯᠬᠤ᠎ᠶ᠋ᠢ ᠠᠬᠢᠭᠤᠯᠥᠨ᠂ ᠪᠦᠬᠦ᠌ ᠪᠥᠮᠪᠥᠷᠴᠡᠭ᠎ᠤᠨ ᠵᠠᠰᠠᠯᠲᠠ᠎ᠶ᠋ᠢᠨ ᠱᠢᠰᠲ᠋ᠧᠮ᠎ᠤᠨ ᠥᠭᠡᠷᠡᠴᠢᠯᠡᠯᠲᠡ ᠪᠠ ᠪᠠᠢᠭᠤᠯᠤᠯᠲᠠ᠎ᠳᠤ ᠢᠳᠡᠪᠬᠢᠲᠡᠢ ᠣᠷᠣᠯᠴᠠᠵᠤ᠂ ᠬᠥᠮᠦᠨ ᠲᠥᠷᠥᠯᠬᠢᠲᠡᠨ᠎ᠤ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ᠎ᠶ᠋ᠢ ᠠᠬᠢᠭᠤᠯᠥᠨ᠂ ᠳᠡᠯᠡᠬᠡᠢ᠎ᠶ᠋ᠢᠨ ᠡᠩᠬᠡ ᠲᠠᠢᠪᠤᠩ ᠬᠥᠭ᠌ᠵᠢᠯᠲᠡ᠎ᠶ᠋ᠢᠨ ᠰᠠᠢᠨ ᠰᠠᠢᠬᠠᠨ ᠢᠷᠡᠭᠡᠳᠦᠢ᠎ᠶ᠋ᠢ ᠬᠠᠮᠲᠤ᠎ᠪᠠᠷ ᠴᠣᠭ᠍ᠴᠠᠯᠠᠨ᠎ᠠ᠃

ᠲᠥᠯᠥᠭᠡᠯᠡᠭ᠌ᠴᠢᠳ ᠡ! ᠢᠲᠡᠭᠡᠯ ᠵᠣᠷᠢᠭ ᠬᠦᠴᠦᠨ ᠴᠢᠳᠠᠯ᠎ᠢ ᠨᠢᠭ᠍ᠲᠠᠷᠠᠭᠤᠯᠵᠤ᠂ ᠪᠤᠳᠠᠳᠤ ᠠᠵᠢᠯᠯᠠᠭ᠎ᠠ᠎ᠪᠠᠷ ᠢᠷᠠᠭᠤ ᠬᠠᠭᠤᠳᠠᠰᠤ᠎ᠶ᠋ᠢ ᠪᠢᠴᠢᠭ᠌ᠯᠡᠨᠡᠮ᠃ ᠪᠢᠳᠡ  ᠰᠢ᠎ᠶ᠋ᠢᠨ ᠫᠢᠩ  ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠣᠷᠢᠶ᠎ᠠ ᠵᠢᠨ  ᠲᠣᠭᠤᠷᠢᠨ᠎ᠳᠤ ᠨᠠᠩ ᠢᠯᠡᠭᠦᠥ ᠨᠢᠭ᠍ᠲᠠᠷᠠᠨ ᠪᠦᠯᠬᠦᠮᠳᠡᠵᠦ᠍᠂ ᠳᠤᠮᠳᠠᠳᠤ ᠤᠯᠤᠰ᠎ᠤᠨ ᠣᠨᠴᠠᠯᠢᠭ ᠪᠥᠬᠦᠢ ᠨᠡᠢᠭᠡᠮ ᠵᠢᠷᠤᠮ᠎ᠤᠨ ᠠᠭᠤᠤ ᠶᠡᠭᠡ ᠲᠤᠭ᠎ᠢ ᠥᠨᠳᠥᠷ ᠮᠠᠨᠳᠤᠭᠤᠯᠥᠨ᠂  ᠰᠢ᠎ᠶ᠋ᠢᠨ ᠫᠢᠩ ᠎ᠤᠨ ᠱᠢᠨ᠎ᠡ ᠴᠠᠭ ᠥᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ ᠎ᠤᠨ ᠦᠵᠡᠯ ᠰᠠᠨᠠᠭ᠎ᠠ᠎ᠪᠠᠷ ᠵᠢᠯᠣᠭᠤᠳᠤᠯᠭ᠎ᠠ ᠪᠣᠯᠭᠠᠵᠤ᠂ ᠬᠦᠴᠢᠷ ᠎ᠢ ᠰᠦᠷᠦᠨ ᠤᠷᠤᠭ᠍ᠰᠢᠯᠠᠵᠤ᠂ ᠢᠷᠮᠡᠬᠦᠨ ᠵᠤᠷᠢᠭ᠍ᠳᠠᠢ᠎ᠪᠠᠷ ᠤᠷᠤᠭ᠍ᠰᠢᠯᠠᠨ ᠲᠠᠪᠱᠢᠵᠥ᠍᠂ ᠪᠦᠬᠦ᠌ ᠵᠢᠯ᠎ᠤᠨ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠬᠠᠷᠠᠯᠲᠠ ᠡᠭᠦᠷᠭᠡ᠎ᠪᠠᠨ ᠴᠢᠷᠮᠠᠢᠨ ᠪᠡᠶᠡᠯᠡᠭᠦᠯᠵᠥ᠍᠂ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢ ᠲᠡᠭᠦᠰ ᠠᠮᠵᠢᠯᠲᠠ᠎ᠲᠠᠢ ᠲᠠᠭᠤᠰᠭᠠᠬᠤ᠎ᠶ᠋ᠢ ᠦᠨᠡᠨ ᠬᠦ᠌ ᠪᠠᠲᠤᠯᠠᠵᠤ᠂ ᠳᠤᠮᠳᠠᠳᠤ ᠤᠯᠤᠰ ᠎ᠤᠨ ᠮᠠᠶᠢᠭ ᠎ᠤᠨ ᠣᠳᠣᠬᠢᠴᠢᠯᠠᠯᠲᠠ ᠎ᠪᠠᠷ ᠬᠦᠴᠦᠷᠬᠡᠭ ᠤᠯᠤᠰ᠎ᠤᠨ ᠪᠦᠳᠦᠭᠡᠨ ᠪᠠᠢᠭᠤᠯᠤᠯᠲᠠ᠂ ᠦᠨᠳᠦᠰᠦᠲᠡᠨ᠎ᠤ ᠰᠡᠷᠭᠦᠨ ᠮᠠᠨᠳᠤᠯᠲᠠ ᠎ᠶ᠋ᠢᠨ ᠠᠭᠤᠤ ᠦᠢᠯᠡᠰ ᠎ᠢ ᠪᠦᠬᠦ᠌ ᠲᠠᠯ᠎ᠠ᠎ᠪᠠᠷ ᠠᠬᠢᠭᠤᠯᠬᠤ᠎ᠶ᠋ᠢᠨ ᠲᠥᠯᠥᠭᠡ ᠴᠥᠬᠦᠷᠡᠰᠢ ᠦᠭᠡᠢ ᠲᠡᠮᠡᠴᠡᠵᠡᠭᠡᠶ᠎ᠡ!

ᠰᠢᠨᠬᠣᠸᠠ ᠬᠣᠷᠢᠶ᠎ᠠ ᠵᠢᠨ ᠪᠡᠭᠡᠵᠢᠩ ᠤ᠋ᠨ 3 ᠰᠠᠷ᠎ᠠ ᠵᠢᠨ 12 ᠤ᠋ ᠴᠠᠬᠢᠯᠭᠠᠨ ᠮᠡᠳᠡᠭᠡ ᠂ ᠳᠣᠮᠳᠠᠳᠣ ᠣᠯᠣᠰ ᠤ᠋ᠨ ᠦᠨᠳᠦᠰᠦᠳᠡᠨ ᠤ᠋ ᠬᠡᠯᠡᠨ ᠤ᠋ ᠣᠷᠴᠢᠭᠣᠯᠭ᠎ᠠ ᠵᠢᠨ ᠲᠣᠪᠴᠢᠶ᠎ᠠ ᠣᠷᠴᠢᠭᠣᠯᠪᠠ  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号