ᠡᠨᠡ ᠵᠢᠯ ᠥᠪᠡᠷᠲᠡᠭᠡᠨ ᠵᠠᠰᠠᠬᠤ ᠣᠷᠣᠨ ᠡᠴᠡ ᠬᠢᠩᠭᠠᠨ ᠠᠢᠮᠠᠭ ᠲᠦ᠍ 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩᠦᠨ ᠡᠭᠦᠷᠭᠡ ᠶ᠋ᠢ 85 ᠲᠦᠮᠡᠨ ᠮᠥ᠍ (75 ᠲᠦᠮᠡᠨ ᠮᠥ᠍ ᠡᠯᠡᠰᠦᠷᠬᠡᠭ ᠭᠠᠵᠠᠷ ᠢ᠋ ᠵᠠᠰᠠᠬᠤ ᠡᠭᠦᠷᠭᠡ ᠶ᠋ᠢ ᠪᠠᠭ᠍ᠲᠠᠭᠠᠵᠠᠢ) ᠪᠠᠭᠤᠯᠭᠠᠵᠤ᠂ ᠣᠳᠣᠬᠠᠨᠳᠤ ᠨᠢᠭᠡᠨᠲᠡ 115.78 ᠲᠦᠮᠡᠨ ᠮᠤ᠌ ᠶ᠋ᠢ ᠪᠡᠶᠡᠯᠡᠭᠦᠯᠵᠦ᠍᠂ ᠪᠡᠶᠡᠯᠡᠭᠦᠯᠦᠭ᠌ᠰᠡᠨ ᠨᠣᠷᠮᠠᠨᠢ 136% ᠳ᠋ᠤ ᠬᠦᠷᠴᠡᠶ᠂ ᠡᠭᠦᠨ ᠳ᠋ᠤ ᠡᠯᠡᠰᠦᠷᠬᠡᠭ ᠭᠠᠵᠠᠷ ᠢ᠋ ᠵᠠᠰᠠᠬᠤ ᠡᠭᠦᠷᠭᠡ ᠶ᠋ᠢ 84.63 ᠲᠦᠮᠡᠨ ᠮᠥ᠍ ᠪᠡᠶᠡᠯᠡᠭᠦᠯᠵᠦ᠍᠂ ᠪᠡᠶᠡᠯᠡᠭᠦᠯᠦᠭ᠌ᠰᠡᠨ ᠨᠣᠷᠮᠠᠨᠢ 113% ᠳ᠋ᠤ ᠬᠦᠷᠴᠡᠶ᠃
ᠥᠩᠭᠡᠷᠡᠭ᠌ᠰᠡᠨ ᠳ᠋ᠤ ᠬᠢᠩᠭᠠᠨ ᠠᠢᠮᠠᠭ ᠬᠣᠷᠴᠢᠨ ᠤ᠋ ᠡᠯᠡᠰᠦᠷᠬᠡᠭ ᠭᠠᠵᠠᠷ ᠤ᠋ᠨ ᠬᠥᠨᠥᠭᠡᠯ ᠵᠢᠡᠷ ᠬᠠᠮᠤᠭ ᠤ᠋ᠨ ᠬᠦᠨᠳᠦ ᠨᠣᠴᠢᠲᠠᠶ ᠭᠠᠵᠠᠷ ᠣᠷᠣᠨ ᠤ᠋ ᠨᠢᠭᠡ ᠪᠠᠢᠪᠠ᠃ 2019 ᠣᠨ ᠤ᠋ ᠵᠢᠷᠭᠤᠳᠤᠭᠠᠷ ᠤᠳᠠᠭ᠎ᠠ ᠵᠢᠨ ᠪᠥᠬᠥ᠌ ᠤᠯᠤᠰ ᠤ᠋ᠨ ᠴᠦᠯᠯᠡᠷᠭᠡᠭ᠌ᠵᠢᠯ ᠪᠠ ᠡᠯᠡᠰᠦᠷᠬᠡᠭ᠌ᠵᠢᠯ ᠢ᠋ ᠪᠠᠢᠴᠠᠭᠠᠭ᠍ᠰᠠᠨ ᠦᠷ᠎ᠡ ᠳ᠋ᠦᠩ ᠳ᠋ᠤ ᠬᠢᠩᠭᠠᠨ ᠠᠢᠮᠠᠭ ᠤ᠋ᠨ ᠡᠯᠡᠰᠦᠷᠬᠡᠭ᠌ᠵᠢᠭ᠌ᠰᠡᠨ ᠭᠠᠵᠠᠷ ᠱᠢᠷᠣᠶ ᠵᠢᠨ ᠲᠠᠯᠠᠪᠠᠶ 503 ᠲᠦᠮᠡᠨ ᠮᠤ᠌ ᠳ᠋ᠤ ᠬᠦᠷᠴᠦ ᠪᠠᠢᠭᠰᠠᠨ ᠡᠴᠡ 2025 ᠣᠨ ᠪᠣᠯᠬᠤ ᠳ᠋ᠤ ᠪᠥᠬᠥ᠌ ᠠᠢᠮᠠᠭ ᠤ᠋ᠨ ᠡᠯᠡᠰᠦᠷᠬᠡᠭ ᠭᠠᠵᠠᠷ ᠤ᠋ᠨ ᠲᠠᠯᠠᠪᠠᠶ 122 ᠲᠦᠮᠡᠨ ᠮᠥ᠍ ᠪᠣᠯᠤᠨ ᠪᠠᠭᠠᠰᠴᠤ᠂ ᠭᠤᠷᠪᠠᠨ ᠤ᠋ ᠬᠣᠶᠠᠷ ᠬᠤᠪᠢ ᠵᠢᠨ ᠡᠯᠡᠰᠦᠷᠬᠡᠭ ᠭᠠᠵᠠᠷ ᠢ᠋ ᠪᠦᠲᠦᠮᠵᠢᠲᠡᠶ ᠵᠠᠰᠠᠪᠠ᠃ ᠬᠢᠩᠭᠠᠨ ᠠᠢᠮᠠᠭ ᠤ᠋ᠨ ᠡᠯᠡᠰᠦᠷᠭᠡᠭ ᠭᠠᠵᠠᠷ ᠢ᠋ ᠵᠠᠰᠠᠭᠰᠠᠨ ᠦᠢᠯᠡᠳᠦᠯᠭᠡ ᠪᠤᠯ 《ᠤᠮᠠᠷᠠᠳᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠪᠠᠢᠯᠳᠤᠬᠤ ᠪᠤᠳᠤᠯᠭ᠎ᠠ ᠵᠢᠨ ᠪᠤᠳᠠᠳᠠᠢ ᠨᠠᠢᠳᠠᠪᠦᠷᠢᠵᠢᠭᠤᠯᠤᠯᠳᠠ ᠪᠤᠯᠬᠤ ᠪᠦᠭᠡᠳ ᠳᠤᠬᠠᠢ ᠵᠢᠨ ᠭᠠᠵᠠᠷ ᠤᠷᠤᠨ ᠤ᠋ ᠺᠠᠳ᠋ᠷ ᠤᠯᠠᠨ ᠲᠦᠮᠡᠨ ᠤ᠋ ᠤᠷᠳᠤ ᠬᠤᠭᠤᠴᠠᠭ᠎ᠠ ᠪᠡᠷ ᠡᠯᠡᠰᠤ ᠵᠢ ᠵᠠᠰᠠᠬᠤ ᠠᠵᠢᠯ ᠳ᠋ᠤ ᠤᠷᠤᠯᠴᠠᠭᠰᠠᠨ ᠤ᠋ ᠦᠷ᠎ᠠ ᠪᠦᠳᠦᠮᠵᠢ ᠪᠤᠯᠤᠨ᠎ᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号