ᠤᠡᠭᠰᠢᠯᠭᠠᠵᠢᠨ ᠬᠦᠳᠤᠯᠤᠮᠵᠢ
ᠪᠤᠭᠤᠲᠤ ᠬᠤᠳᠠ ᠵᠢᠨ ᠠᠮᠢ ᠠᠬᠤᠢ ᠤᠷᠴᠢᠨ ᠲᠤᠭᠤᠷᠢᠨ ᠤ᠋ ᠲᠤᠪᠴᠢᠶ᠎ᠠ ᠵᠢᠨ ᠵᠢᠤᠶᠤᠸᠠᠨ ᠲᠤᠭᠤᠷᠢᠭ ᠤ᠋ᠨ ᠬᠤᠪᠢᠶᠠᠷᠢ ᠲᠤᠪᠴᠢᠶ᠎ᠠ ᠵᠢᠨ ᠬᠢᠨ ᠡᠭᠦᠷᠭᠡ ᠬᠠᠷᠢᠭᠤᠴᠠᠯᠭ᠎ᠠ ᠪᠠᠨ ᠢᠳᠡᠪᠬᠢᠳᠠᠢ ᠡᠬᠦᠷᠭᠡᠯᠡᠵᠤ᠂ ᠦᠪᠡᠷᠳᠡᠭᠡᠨ ᠵᠠᠰᠠᠬᠤ ᠤᠷᠤᠨ ᠤ᠋ ᠳᠤᠰᠬᠠᠢ ᠨᠦᠭᠦᠪᠦᠷᠢ ᠵᠢ ᠪᠦᠬᠦ ᠬᠦᠴᠦᠨ ᠵᠢᠡᠷ ᠵᠢᠡᠨ ᠳᠡᠮᠡᠴᠡᠨ ᠤᠯᠵᠤ᠂ ᠲᠦᠪᠡᠭᠳᠡᠢ ᠠᠰᠠᠭᠤᠳᠠᠯ ᠢ᠋ ᠰᠢᠢᠳᠪᠦᠷᠢᠯᠡᠨ᠂ ᠬᠤᠳᠠ ᠵᠢᠨ ᠳᠡᠭᠦᠷᠭᠡ ᠵᠢᠨ ᠬᠦᠳᠡᠭᠡ ᠳᠤᠰᠬᠤᠨ ᠤ᠋ ᠠᠮᠢᠳᠤᠷᠠᠯ ᠤ᠋ᠨ ᠪᠤᠬᠢᠷ ᠤᠰᠤ ᠵᠢ ᠭᠠᠳᠠᠭᠰᠢᠯᠠᠭᠤᠯᠬᠤ ᠬᠦᠴᠢᠷ ᠠᠰᠠᠭᠤᠳᠠᠯ ᠢ᠋ ᠦᠨᠳᠦᠰᠦᠨ ᠡᠴᠡ ᠨᠢ ᠰᠢᠢᠳᠪᠦᠷᠢᠯᠡᠵᠡᠢ᠃
ᠬᠦᠬᠡᠭᠡ ᠡᠪᠤᠯ ᠬᠤᠷᠸ᠎ᠠ ᠳ᠋ᠤ ᠰᠠᠭᠠᠳᠠᠵᠦ᠂ ᠬᠦᠢᠳᠡᠨ ᠤ᠋ ᠡᠷᠴᠢ ᠴᠢᠩᠭᠠᠷᠠᠵᠦ ᠢᠷᠡᠭᠰᠡᠨ ᠴᠤ᠌ ᠪᠤᠭᠤᠲᠤ ᠬᠤᠳᠠ ᠵᠢᠨ ᠵᠢᠤᠶᠤᠸᠠᠨ ᠲᠤᠭᠤᠷᠢᠭ ᠤ᠋ᠨ ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠤ᠋ᠨ ᠪᠤᠬᠢᠷ ᠤᠰᠤᠨ ᠤ᠋ ᠭᠤᠤᠷᠰᠤ ᠬᠤᠭᠤᠯᠠᠢ ᠵᠢ ᠰᠢᠨ᠎ᠠ ᠪᠡᠷ ᠪᠦᠳᠦᠭᠡᠨ ᠪᠠᠢᠭᠤᠯᠵᠤ ᠪᠠᠢᠭ᠎ᠠ ᠲᠦᠷᠤᠯ ᠵᠦᠢᠯ ᠤ᠋ᠨ ᠨᠢᠭᠡᠳᠦᠭᠡᠷ ᠬᠤᠭᠤᠴᠠᠭᠠᠨ ᠤ᠋ ᠪᠠᠷᠢᠯᠭ᠎ᠠ ᠪᠤᠯᠤᠨ ᠮᠠ ᠤ᠋ᠤᠢ ᠪᠠᠯᠭᠠᠰᠤᠨ ᠤ᠋ ᠶᠦ᠋ᠩ ᠮᠤᠤ ᠴᠢᠤᠸᠠᠨ᠂ ᠬᠦ ᠴᠧᠩ ᠲᠤᠰᠬᠤᠨ ᠤ᠋ ᠪᠤᠬᠢᠷ ᠤᠰᠤ ᠵᠢ ᠴᠡᠭᠴᠡᠯᠡᠨ ᠵᠠᠰᠠᠬᠤ ᠲᠦᠷᠤᠯ ᠵᠦᠢᠯ ᠤ᠋ᠨ ᠠᠵᠢᠯ ᠢᠳᠡ ᠬᠦᠴᠦᠨ ᠲᠠᠢ ᠶᠠᠪᠤᠬᠳᠠᠨ᠎ᠠ᠃ ᠤᠢᠯᠠᠭᠠᠬᠰᠠᠨ ᠵᠢᠡᠷ᠂ ᠡᠳᠡᠭᠡᠷ ᠠᠵᠢᠯ ᠨᠢ ᠦᠪᠡᠷᠳᠡᠭᠡᠨ ᠵᠠᠰᠠᠬᠤ ᠤᠷᠤᠨ ᠤ᠋ ᠲᠤᠰᠬᠠᠢ ᠨᠦᠬᠦᠪᠦᠷᠢ ᠵᠢ ᠬᠦᠷᠳᠡᠭᠰᠡᠨ ᠲᠦᠷᠤᠯ ᠵᠦᠢᠯ ᠪᠠᠢᠵᠦ᠂ ᠲᠦᠷᠤᠯ ᠵᠦᠢᠯ ᠤ᠋ᠨ ᠠᠬᠢᠬᠤ ᠵᠢ ᠲᠠᠭᠠᠯᠳᠤᠨ ᠡᠳᠦᠭᠡ ᠵᠠᠰᠠᠯᠳᠠ ᠵᠢᠨ ᠦᠷ᠎ᠠ ᠪᠦᠳᠦᠮᠵᠢ ᠨᠢ ᠠᠩᠬ᠎ᠠ ᠠᠯᠬᠤᠮ ᠳᠤᠳᠤᠷᠠᠯ᠎ᠠ᠃
ᠵᠢᠤᠶᠤᠸᠠᠨ ᠲᠤᠭᠤᠷᠢᠭ ᠤ᠋ᠨ ᠪᠠᠶᠠᠨᠰᠢᠯᠢ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ ᠤ᠋ᠨ ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠨᠢ ᠡᠯ ᠳ᠋ᠤᠤ ᠱᠨ ᠡᠾᠧ ᠬᠤᠢᠳᠤ ᠲᠤᠰᠬᠤᠨ ᠪᠤᠯᠤᠨ ᠪᠠᠷᠠᠭᠤᠨ ᠲᠤᠰᠬᠤᠨ ᠤ᠋ ᠬᠡᠰᠡᠭ ᠲᠤᠭᠤᠷᠢᠭ ᠢ᠋ ᠪᠠᠭᠳᠠᠭᠠᠵᠤ᠂ 1500 ᠭᠠᠷᠤᠢ ᠡᠷᠦᠭᠡ ᠲᠠᠢ᠂ 3800 ᠭᠠᠷᠤᠢ ᠬᠦᠮᠦᠨ ᠠᠮᠠ ᠲᠠᠢ ᠪᠠᠢᠳᠠᠭ᠃ ᠤᠤᠯ ᠨᠢ ᠲᠤᠰᠬᠤᠨ ᠤ᠋ ᠡᠭᠦᠳᠡᠨ ᠤ᠋ ᠭᠤᠤᠯ ᠵᠠᠮ ᠯᠠ ᠲᠤᠰᠬᠤᠨ ᠤ᠋ ᠠᠷᠠᠳ ᠤ᠋ᠨ ᠦᠪᠡᠷᠰᠡᠳ ᠵᠢᠡᠨ ᠲᠡᠪᠢᠰᠦᠭᠰᠡᠨ 500 ᠭᠠᠷᠤᠢ ᠮᠧᠲᠷ ᠤ᠋ᠨ ᠯᠠ ᠬᠢ ᠪᠤᠬᠢᠷ ᠤᠰᠤ ᠵᠢ ᠭᠠᠳᠠᠭᠰᠢᠯᠠᠭᠤᠯᠬᠤ ᠭᠤᠤᠷᠰᠤ ᠬᠤᠭᠤᠯᠠᠢ ᠲᠠᠢ ᠪᠠᠢᠵᠦ᠂ ᠠᠮᠢᠳᠤᠷᠠᠯ ᠤ᠋ᠨ ᠪᠤᠬᠢᠷ ᠤᠰᠤ ᠨᠢ ᠦᠨᠳᠤᠰᠤᠨ ᠳ᠋ᠡᠭᠡᠨ ᠭᠠᠵᠠᠷ ᠲᠤ᠌ ᠨᠡᠪᠴᠢᠬᠦᠯᠬᠦ ᠳ᠋ᠤ ᠲᠦᠰᠢᠭᠯᠡᠵᠦ ᠪᠠᠢᠯ᠎ᠠ᠃
《ᠡᠨᠡ ᠬᠦ᠌ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠪᠤᠯ ᠦᠨᠡᠨᠳᠡᠭᠡᠨ ᠨᠢᠭᠡ ᠶᠡᠬᠡ ᠲᠤᠰᠬᠤᠨ ᠪᠤᠯᠤᠨ᠎ᠠ᠂ ᠰᠠᠭᠤᠷᠢᠰᠢᠵᠦ ᠪᠠᠢᠭ᠎ᠠ ᠬᠦᠮᠦᠨ ᠠᠮᠠ ᠤᠯᠠᠨᠳᠠᠢ᠃ ᠦᠩᠬᠡᠷᠡᠭᠰᠡᠨ ᠳ᠋ᠤ ᠠᠮᠢᠳᠤᠷᠠᠯ ᠤ᠋ᠨ ᠪᠤᠬᠢᠷ ᠤᠰᠤ ᠵᠢ ᠭᠤᠤ ᠵᠢᠯᠠᠭ᠎ᠠ ᠪᠡᠷ ᠤᠷᠤᠰᠬᠠᠴᠢᠬᠠᠭᠠᠳ᠂ ᠵᠤᠨ ᠳ᠋ᠠᠭᠠᠨ ᠦᠮᠡᠬᠡᠢ ᠦᠨᠦᠷ ᠰᠠᠡᠭᠬᠢᠨᠡᠵᠤ᠂ ᠵᠠᠮ ᠲᠠᠭᠠᠬᠰᠠᠨ ᠡᠷᠦᠭᠡ ᠵᠢᠨ ᠬᠢᠨ ᠡᠭᠦᠳᠡ ᠴᠤᠩᠬᠤ ᠪᠡᠨ ᠨᠡᠭᠡᠭᠡᠬᠦ ᠵᠢᠨ ᠠᠷᠭ᠎ᠠ ᠦᠭᠡᠢ ᠪᠠᠢᠳᠠᠭ᠃ ᠡᠪᠦᠯ ᠳ᠋ᠡᠭᠡᠨ ᠪᠤᠬᠢᠷ ᠤᠰᠤ ᠨᠢ ᠮᠦᠰᠦ ᠪᠤᠯᠤᠨ ᠬᠦᠯᠳᠡᠵᠦ᠂ ᠵᠠᠮ ᠲᠡᠭᠡᠷ᠎ᠠ ᠬᠠᠯᠳᠤᠷᠢᠭ᠎ᠠ ᠶᠡᠬᠡ ᠳᠠᠢ᠂ ᠤᠢᠴᠢᠵᠦ ᠬᠡᠮᠳᠦᠨ ᠰᠢᠷᠠᠬᠳᠤᠬᠤ ᠤᠴᠢᠷ ᠴᠤ᠌ ᠵᠦᠩᠳᠡᠭᠡᠨ ᠭᠠᠷᠳᠠᠭ》 ᠬᠡᠵᠦ ᠲᠤᠰᠬᠤᠨ ᠤ᠋ ᠠᠷᠠᠳ ᠸᠠᠩ ᠴᠢ ᠵᠢᠶᠧ ᠳᠠᠨᠢᠯᠴᠠᠭᠤᠯᠤᠨ᠎ᠠ᠃
ᠬᠠᠮᠠᠷ ᠤ᠋ᠨ ᠨᠢᠰᠤ ᠴᠢᠷᠠᠢ ᠳᠠᠷᠤᠨ᠎ᠠ᠂ ᠪᠡᠶ᠎ᠡ ᠵᠢᠨ ᠪᠤᠬᠢᠷ ᠨᠡᠷ᠎ᠡ ᠳᠠᠷᠤᠨ᠎ᠠ ᠭᠡᠳᠡᠭ᠃ ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠤ᠋ᠨ ᠪᠠᠢᠳᠠᠯ ᠪᠤᠯ ᠨᠢᠭᠡᠨ ᠤᠨᠴᠠᠭᠠᠢ ᠵᠢᠱ᠌ᠢᠶᠠ ᠪᠢᠰᠢ ᠶᠤᠮ᠂ ᠵᠢᠤᠶᠤᠸᠠᠨ ᠲᠤᠭᠤᠷᠢᠭ ᠤ᠋ᠨ ᠮᠠ ᠤ᠋ᠤᠢ ᠪᠠᠯᠭᠠᠰᠤᠨ ᠤ᠋ ᠶᠦ᠋ᠩ ᠮᠤᠤ ᠴᠢᠤᠸᠠᠨ ᠳᠤᠰᠬᠤᠨ᠂ ᠬᠦ ᠴᠧᠩ ᠲᠤᠰᠬᠤᠨ ᠴᠤ᠌ ᠡᠭᠦᠨ ᠲᠠᠢ ᠠᠳᠠᠯᠢᠬᠠᠨ ᠪᠤᠬᠢᠷ ᠤᠰᠤᠨ ᠤ᠋ ᠵᠠᠰᠠᠯᠳᠠ ᠵᠢᠨ ᠲᠦᠪᠡᠭᠳᠡᠢ ᠠᠰᠠᠭᠤᠳᠠᠯ ᠳ᠋ᠤ ᠲᠤᠯᠭᠠᠷᠠᠵᠦ ᠪᠠᠢᠯ᠎ᠠ᠃ ᠤᠷᠤᠨ ᠪᠦᠰᠡ ᠵᠢᠨ ᠠᠵᠤ ᠠᠬᠤᠢ ᠵᠢᠨ ᠲᠦᠷᠭᠡᠨ ᠬᠦᠭᠵᠢᠯᠳᠡ ᠵᠢ ᠲᠠᠭᠠᠯᠳᠤᠨ᠂ ᠰᠠᠭᠤᠷᠢ ᠲᠦᠭᠦᠭᠡᠷᠦᠮᠵᠢ ᠬᠤᠴᠤᠷᠤᠩᠭᠤᠢ ᠪᠠᠢᠬᠤ ᠠᠰᠠᠭᠤᠳᠠᠯ ᠪᠤᠭᠤᠳᠤ ᠬᠤᠳᠠ ᠵᠢᠨ ᠲᠡᠭᠦᠷᠭᠡ ᠵᠢᠨ ᠡᠳᠡᠭᠡᠷ ᠲᠤᠰᠬᠤᠨ ᠤ᠋ ᠭᠠᠵᠠᠷ ᠤᠷᠤᠨ ᠤ᠋ ᠬᠦᠭᠵᠢᠯᠳᠡ ᠵᠢ ᠬᠠᠷᠰᠢᠯᠠᠵᠤ᠂ ᠪᠤᠬᠢᠷ ᠤᠰᠤ ᠵᠢ ᠭᠠᠳᠠᠬᠰᠢᠯᠠᠭᠤᠯᠬᠤ ᠲᠦᠭᠦᠭᠡᠷᠦᠮᠵᠢ ᠳᠤᠳᠠᠮᠠᠭ ᠪᠠᠢᠬᠤ ᠨᠢ ᠲᠤᠰᠬᠤᠨ ᠳ᠋ᠤ ᠳᠠᠳᠠᠨ ᠤᠷᠤᠭᠤᠯᠬᠤ ᠵᠠᠷᠢᠮ ᠲᠦᠷᠤᠯ ᠵᠦᠢᠯ ᠤ᠋ᠨ ᠨᠤᠳᠤᠬᠰᠢᠬᠤ ᠵᠢ ᠴᠤ᠌ ᠬᠠᠷᠰᠢᠯᠠᠵᠦ ᠪᠠᠢᠯ᠎ᠠ ᠃
《ᠪᠠᠯᠭᠠᠰᠤᠨ ᠡᠴᠡ ᠬᠡᠳᠤᠢᠪᠡᠷ ᠪᠤᠬᠢᠷ ᠤᠰᠤ ᠵᠢ ᠰᠢᠢᠳᠪᠦᠷᠢᠯᠡᠬᠦ ᠳᠤᠨᠤᠭ ᠲᠦᠭᠦᠭᠡᠷᠦᠮᠵᠢ ᠵᠢᠨ ᠪᠦᠳᠦᠭᠡᠨ ᠪᠠᠢᠭᠤᠯᠤᠯᠳᠠ ᠵᠢ ᠠᠳᠬᠤᠵᠦ᠂ ᠪᠤᠬᠢᠷ ᠤᠰᠤ ᠵᠢ ᠭᠠᠳᠠᠬᠰᠢᠯᠠᠭᠤᠯᠬᠤ ᠨᠢᠭᠡ ᠬᠡᠮᠵᠢᠶᠠᠨ ᠤ᠋ ᠴᠢᠳᠠᠮᠵᠢ ᠲᠠᠢ ᠪᠤᠯᠤᠬᠰᠠᠨ ᠪᠤᠯᠪᠠᠴᠤ ᠪᠦᠳᠦᠭᠡᠨ ᠪᠠᠢᠭᠤᠯᠤᠯᠳᠠ ᠵᠢᠨ ᠪᠠᠷᠢᠮᠵᠢᠶ᠎ᠠ ᠨᠢ ᠠᠳᠠᠯᠢ ᠦᠭᠡᠢ᠂ ᠭᠤᠤᠷᠰᠤ ᠬᠤᠭᠤᠯᠠᠢ ᠵᠢᠨ ᠨᠠᠯᠠᠤ ᠵᠢᠨ ᠬᠡᠮᠵᠢᠶ᠎ᠠ ᠨᠢ ᠬᠦᠷᠦᠯᠴᠠᠬᠦ ᠦᠭᠡᠢ᠂ ᠤᠰᠤ ᠭᠠᠳᠠᠬᠰᠢᠯᠠᠭᠤᠯᠬᠤ ᠬᠡᠮᠵᠢᠶ᠎ᠠ ᠨᠢ ᠬᠢᠵᠠᠭᠠᠷ ᠲᠠᠢ᠂ ᠲᠡᠷᠡᠴᠢᠯᠡᠨ ᠬᠠᠭᠤᠴᠢᠨ ᠭᠤᠤᠷᠰᠤ ᠬᠤᠭᠤᠯᠠᠢ ᠵᠢᠨ ᠠᠮᠠᠰᠠᠷ ᠤ᠋ᠨ ᠬᠢᠨᠢ ᠳ᠋ᠢᠶᠠᠮᠧᠲᠷ ᠨᠢ ᠨᠠᠷᠢᠨ ᠪᠦᠭᠡᠳ ᠭᠤᠤᠷᠰᠤ ᠬᠤᠭᠤᠯᠠᠢ ᠨᠢ ᠬᠠᠭᠤᠴᠢᠷᠠᠵᠦ ᠮᠠᠭᠤᠳᠠᠬᠰᠠᠠ ᠵᠡᠷᠭᠡ ᠡᠴᠡ ᠰᠢᠯᠳᠠᠭᠠᠯᠠᠵᠦ᠂ ᠪᠤᠬᠢᠷ ᠤᠰᠤ ᠵᠢ ᠬᠤᠷᠢᠶᠠᠨ ᠰᠢᠢᠳᠪᠦᠷᠢᠯᠡᠬᠦ ᠴᠢᠳᠠᠮᠵᠢ ᠨᠢ ᠲᠤᠤᠷ᠎ᠠ ᠪᠠᠢᠨ᠎ᠠ᠃ ᠡᠢᠨ ᠬᠦ᠌᠂ ᠲᠤᠰᠬᠤᠨ ᠤ᠋ ᠠᠷᠠᠳ ᠪᠤᠬᠢᠷ ᠤᠰᠤ ᠵᠢ ᠭᠠᠳᠠᠬᠰᠢᠯᠠᠭᠤᠯᠬᠤ ᠠᠰᠠᠭᠤᠳᠠᠯ ᠢ᠋ ᠲᠦᠷᠭᠡᠨ ᠰᠢᠢᠳᠪᠦᠷᠢᠯᠡᠬᠦ ᠵᠢ ᠲᠤᠯᠭᠠᠮ ᠱᠠᠭᠠᠷᠳᠠᠵᠦ᠂ ᠡᠨᠡ ᠲᠠᠯ᠎ᠠ ᠵᠢᠨ ᠠᠵᠢᠯ ᠴᠤ᠌ ᠬᠤᠢᠰᠢᠯᠠᠭᠤᠯᠵᠦ ᠪᠤᠯᠤᠰᠢ ᠦᠭᠡᠢ ᠪᠠᠴᠢᠮ ᠪᠤᠯᠤᠯ᠎ᠠ》 ᠬᠡᠵᠦ ᠪᠤᠭᠤᠲᠤ ᠬᠤᠳᠠ ᠵᠢᠨ ᠠᠮᠢ ᠠᠬᠤᠢ ᠤᠷᠴᠢᠨ ᠲᠤᠭᠤᠷᠢᠨ ᠤ᠋ ᠲᠤᠪᠴᠢᠶ᠎ᠠ ᠵᠢᠨ ᠵᠢᠤᠶᠤᠸᠠᠨ ᠲᠤᠭᠤᠷᠢᠭ ᠤ᠋ᠨ ᠬᠤᠪᠢᠶᠠᠷᠢ ᠲᠤᠪᠴᠢᠶ᠎ᠠ ᠵᠢᠨ ᠲᠠᠷᠤᠭ᠎ᠠ ᠱ᠌ᠢ ᠯᠧᠢ ᠳᠠᠨᠢᠯᠴᠠᠭᠤᠯᠤᠨ᠎ᠠ᠃
ᠦᠨᠳᠤᠰᠤᠨ ᠱᠠᠳᠤᠨ ᠤ᠋ ᠠᠷᠠᠳ ᠢ᠋ ᠲᠦᠪᠡᠭᠳᠡᠭᠦᠯᠦᠭᠰᠡᠨ ᠡᠨᠡ ᠬᠦ᠌ ᠪᠤᠬᠢᠷ ᠤᠰᠤᠨ ᠤ᠋ ᠪᠤᠳᠤᠯᠢᠶᠠᠨᠳᠠᠢ ᠠᠰᠠᠭᠤᠳᠠᠯ ᠢ᠋ ᠪᠦᠳᠦᠮᠵᠢᠳᠠᠢ ᠰᠢᠢᠳᠪᠦᠷᠢᠯᠡᠬᠦ ᠵᠢᠨ ᠲᠦᠯᠦᠭᠡ᠂ ᠪᠤᠭᠤᠲᠤ ᠬᠤᠳᠠ ᠵᠢᠨ ᠠᠮᠢ ᠠᠬᠤᠢ ᠤᠷᠴᠢᠨ ᠲᠤᠭᠤᠷᠢᠨ ᠤ᠋ ᠲᠤᠪᠴᠢᠶ᠎ᠠ ᠵᠢᠨ ᠵᠢᠤᠶᠤᠸᠠᠨ ᠲᠤᠭᠤᠷᠢᠭ ᠤ᠋ᠨ ᠬᠤᠪᠢᠶᠠᠷᠢ ᠲᠤᠪᠴᠢᠶ᠎ᠠ ᠵᠢᠨ ᠬᠢᠨ ᠲᠤᠰᠬᠠᠢ ᠮᠡᠷᠭᠡᠵᠢᠯᠳᠡᠨ ᠤ᠋ ᠲᠤᠭᠤᠢᠯᠠᠩ ᠢ᠋ ᠵᠤᠬᠢᠶᠠᠨ ᠪᠠᠢᠭᠤᠯᠵᠦ᠂ ᠬᠦᠳᠡᠭᠡ ᠲᠤᠰᠬᠤᠨ ᠵᠢᠡᠷ ᠬᠦᠨᠵᠡᠭᠡᠢᠷᠡᠨ ᠪᠠᠢᠴᠠᠭᠠᠨ ᠰᠤᠳᠤᠯᠤᠯᠳᠠ ᠬᠢᠵᠦ᠂ ᠠᠷᠠᠳ ᠤᠯᠠᠨ ᠤ᠋ ᠬᠦᠰᠡᠯ ᠰᠠᠨᠠᠭᠤᠯᠭ᠎ᠠ ᠵᠢ ᠰᠤᠨᠤᠰᠤᠨ᠂ ᠰᠢᠨᠵᠢᠯᠡᠬᠦ ᠤᠬᠠᠭᠠᠨᠴᠢ ᠪᠡᠷ ᠵᠠᠰᠠᠯᠳᠠ ᠬᠢᠬᠦ ᠲᠦᠰᠤᠯ ᠢ᠋ ᠲᠤᠬᠳᠠᠭᠠᠬᠤ ᠪᠤᠷᠤ ᠮᠠᠲᠧᠷᠢᠶᠠᠯ ᠢ᠋ ᠬᠤᠷᠢᠶᠠᠨ ᠴᠤᠬᠯᠠᠭᠤᠯᠵᠠᠢ᠃
ᠪᠠᠢᠴᠠᠭᠠᠯᠳᠠ ᠪᠡᠷ ᠲᠠᠮᠵᠢᠵᠤ ᠤᠢᠯᠠᠭᠠᠬᠰᠠᠨ ᠵᠢᠡᠷ᠂ ᠡᠳᠡᠭᠡᠷ ᠠᠰᠠᠭᠤᠳᠠᠯ ᠢ᠋ ᠰᠢᠢᠳᠪᠦᠷᠢᠯᠡᠬᠦ ᠳ᠋ᠤ ᠬᠦᠴᠢᠷ ᠲᠦᠪᠡᠭ ᠪᠠᠭ᠎ᠠ ᠪᠤᠰᠤ ᠪᠠᠢᠯ᠎ᠠ᠃ ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠵᠢᠡᠷ ᠵᠢᠱ᠌ᠢᠶᠡᠯᠡᠬᠦ ᠳ᠋ᠤ᠂ ᠬᠤᠯᠪᠤᠬᠳᠠᠬᠤ ᠡᠷᠦᠭᠡ ᠤᠯᠠᠨ ᠮᠦᠷᠳᠡᠭᠡᠨ ᠰᠠᠭᠤᠷᠢᠰᠢᠯ ᠨᠢ ᠲᠠᠷᠠᠬᠠᠢ ᠪᠤᠳᠠᠷᠬᠠᠢ᠂ ᠭᠠᠵᠠᠷ ᠤ᠋ᠨ ᠪᠠᠢᠴᠠ ᠵᠢᠨ ᠨᠦᠬᠦᠴᠡᠯ ᠴᠤ᠌ ᠵᠦᠷᠢᠶ᠎ᠠ ᠲᠠᠢ᠃ ᠲᠤᠰᠬᠤᠨ ᠤ᠋ ᠬᠠᠮᠳᠤ ᠵᠢᠨ ᠠᠵᠤ ᠠᠬᠤᠢ ᠪᠠᠭᠤᠷᠠᠢ᠂ ᠬᠡᠷᠪᠡ ᠲᠤᠰᠬᠠᠢ ᠮᠦᠩᠬᠦ ᠵᠢᠨ ᠲᠡᠮᠵᠢᠯᠭᠡ ᠦᠭᠡᠢ ᠪᠤᠯ ᠳᠠᠩ ᠭᠠᠬᠴᠨ ᠲᠤᠭᠤᠷᠢᠭ ᠤ᠋ᠨ ᠲᠡᠰ ᠤ᠋ᠨ ᠡᠳ᠋ ᠤ᠋ᠨ ᠵᠠᠰᠠᠭ ᠪᠤᠯᠤᠨ ᠲᠤᠰᠬᠤᠨ ᠪᠠᠯᠭᠠᠰᠤᠨ ᠤ᠋ ᠬᠦᠴᠦᠨ ᠳ᠋ᠤ ᠲᠦᠰᠢᠭᠯᠡᠭᠡᠳ ᠪᠦᠳᠦᠭᠡᠵᠦ ᠲᠡᠢᠯᠬᠦ ᠠᠵᠤ ᠪᠢᠰᠢ ᠪᠠᠢᠯ᠎ᠠ᠃ ᠲᠦᠰᠦᠭᠡᠯᠡᠭᠰᠡᠨ ᠵᠢᠡᠷ᠂ ᠵᠦᠪᠭᠡᠨ ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠤ᠋ᠨ ᠲᠦᠷᠤᠯ ᠵᠦᠢᠯ ᠨᠢ ᠴᠤ᠌ ᠮᠢᠩᠭᠠᠨ ᠲᠦᠮᠡᠨ ᠲᠦᠭᠦᠷᠢᠭ ᠬᠡᠷᠡᠭᠰᠡᠨ᠎ᠡ᠃ ᠡᠭᠦᠨ ᠡᠴᠡ ᠭᠠᠳᠠᠨ᠎ᠠ᠂ ᠬᠤᠳᠠ ᠵᠢᠨ ᠳᠡᠭᠦᠷᠭᠡ ᠵᠢᠨ ᠬᠦᠳᠡᠭᠡ ᠲᠤᠰᠬᠤᠨ ᠤ᠋ ᠤᠤᠯ ᠤ᠋ᠨ ᠰᠠᠭᠤᠷᠢ ᠲᠦᠭᠦᠭᠡᠷᠦᠮᠵᠢ ᠨᠢ ᠪᠠᠭᠤᠷᠠᠢ᠂ ᠵᠠᠷᠢᠮ ᠭᠠᠵᠠᠷ ᠲᠤ᠌ ᠪᠤᠬᠢᠷ ᠤᠰᠤ ᠵᠢ ᠭᠠᠳᠠᠬᠰᠢᠯᠠᠭᠤᠯᠬᠤ ᠭᠤᠤᠷᠰᠤ ᠬᠤᠭᠤᠯᠠᠢ ᠦᠭᠡᠢ᠂ ᠪᠠᠢᠯ᠎ᠠ ᠴᠦ᠍ ᠭᠡᠳ ᠭᠤᠤᠷᠰᠤ ᠬᠤᠭᠤᠯᠠᠢ ᠵᠢᠨ ᠬᠢᠨᠢ ᠠᠮᠠᠰᠠᠷ ᠤ᠋ᠨ ᠳ᠋ᠢᠶᠠᠮᠧᠲᠷ ᠨᠢ ᠨᠠᠷᠢᠨ ᠮᠦᠷᠳᠡᠭᠡᠨ ᠬᠠᠭᠤᠴᠢᠷᠠᠵᠦ ᠮᠠᠭᠤᠳᠠᠬᠰᠠᠨ ᠵᠡᠷᠭᠡ ᠡᠴᠡ ᠪᠤᠯᠵᠦ ᠰᠢᠨ᠎ᠠ ᠭᠤᠤᠷᠰᠤ ᠬᠤᠭᠤᠯᠠᠢ ᠲᠠᠢ ᠵᠠᠯᠭᠠᠬᠤ ᠵᠢᠨ ᠠᠷᠭ᠎ᠠ ᠦᠭᠡᠢ ᠵᠡᠷᠭᠡ ᠤᠯᠠᠨ ᠬᠦᠴᠢᠷ ᠠᠰᠠᠭᠤᠳᠠᠯ ᠤᠷᠤᠰᠢᠵᠦ ᠪᠠᠢᠯ᠎ᠠ᠃
ᠳᠤᠰ ᠬᠤᠪᠢᠶᠠᠷᠢ ᠲᠤᠪᠴᠢᠶ᠎ᠠ ᠵᠢᠨ ᠬᠢᠨ ᠠᠰᠠᠭᠤᠳᠠᠯ ᠢ᠋ ᠪᠦᠬᠦ ᠲᠠᠯ᠎ᠠ ᠪᠡᠷ ᠤᠢᠯᠠᠭᠠᠬᠰᠨᠨᠤ ᠰᠠᠭᠤᠷᠢᠨ ᠲᠡᠭᠡᠷ᠎ᠠ ᠲᠡᠭᠡᠳᠤ ᠱᠠᠳᠤᠨ ᠤ᠋ ᠰᠠᠯᠠᠭ᠎ᠠ ᠮᠦᠴᠢᠷ ᠲᠤ᠌ ᠤᠯᠠᠨ ᠤᠳᠠᠭ᠎ᠠ ᠬᠠᠷᠢᠭᠤ ᠮᠡᠳᠡᠭᠦᠯᠦᠯᠳᠡ ᠬᠢᠬᠦ ᠵᠢᠨ ᠬᠠᠮᠳᠤ ᠲᠦᠷᠤᠯ ᠵᠦᠢᠯ ᠤ᠋ᠨ ᠡᠷᠡᠮᠡᠯᠵᠡᠯ ᠤ᠋ᠨ ᠮᠠᠲᠧᠷᠢᠶᠠᠯ ᠢ᠋ ᠨᠠᠷᠢᠯᠢᠭ ᠪᠡᠯᠡᠳᠬᠡᠵᠦ᠂ ᠦᠪᠡᠷᠳᠡᠭᠡᠨ ᠵᠠᠰᠠᠬᠤ ᠤᠷᠤᠨ ᠤ᠋ ᠲᠤᠰᠬᠠᠢ ᠨᠦᠬᠦᠪᠦᠷᠢ ᠵᠢ ᠪᠦᠬᠦ ᠬᠦᠴᠦᠨ ᠵᠢᠡᠷ ᠳᠡᠮᠡᠴᠡᠨ ᠤᠯᠵᠤ᠂ ᠠᠰᠠᠭᠤᠳᠠᠯ ᠢ᠋ ᠦᠨᠳᠤᠰᠤᠨ ᠡᠴᠡ ᠨᠢ ᠰᠢᠢᠳᠪᠦᠷᠢᠯᠡᠬᠦ ᠪᠡᠷ ᠬᠦᠴᠤᠯᠠᠨ ᠴᠢᠷᠮᠠᠢᠵᠠᠢ᠃
ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠤ᠋ᠨ ᠪᠤᠬᠢᠷ ᠤᠰᠤᠨ ᠤ᠋ ᠭᠤᠤᠷᠰᠤ ᠬᠤᠭᠤᠯᠠᠢ ᠵᠢᠨ ᠲᠤᠤᠷ ᠵᠢ ᠰᠢᠨ᠎ᠠ ᠪᠡᠷ ᠪᠦᠳᠦᠭᠡᠨ ᠪᠠᠢᠭᠤᠯᠵᠤ ᠪᠠᠢᠭ᠎ᠠ ᠲᠦᠷᠤᠯ ᠵᠦᠢᠯ ᠤ᠋ᠨ ᠶᠡᠷᠦᠩᠬᠡᠢ ᠪᠡᠯᠡ ᠤᠷᠤᠭᠤᠯᠤᠯᠳᠠ ᠨᠢ 970 ᠲᠦᠮᠡᠨ ᠲᠦᠭᠦᠷᠢᠭ ᠲᠦ᠍ ᠬᠦᠷᠴᠦ᠂ ᠡᠭᠦᠨ ᠳ᠋ᠤ ᠦᠪᠡᠷᠳᠡᠭᠡᠨ ᠵᠠᠰᠠᠬᠤ ᠤᠷᠤᠨ ᠤ᠋ ᠲᠤᠰᠬᠠᠢ ᠨᠦᠬᠦᠪᠦᠷᠢ ᠵᠢ 485 ᠲᠦᠮᠡᠨ ᠲᠦᠭᠦᠷᠢᠭ ᠤᠯᠵᠦ᠂ ᠲᠦᠷᠤᠯ ᠵᠦᠢᠯ ᠨᠢ ᠬᠤᠶᠠᠷ ᠬᠤᠭᠤᠴᠠᠭ᠎ᠠ ᠬᠤᠪᠢᠶᠠᠨ ᠶᠠᠪᠤᠬᠳᠠᠵᠦ᠂ ᠪᠦᠳᠦᠭᠡᠨ ᠪᠠᠢᠭᠤᠯᠵᠦ ᠲᠠᠭᠤᠰᠤᠭᠰᠠᠨ ᠤ᠋ ᠲᠠᠷᠠᠭ᠎ᠠ ᠡᠯ ᠳ᠋ᠤᠤ ᠱᠨ ᠡᠾᠧ ᠬᠤᠢᠳᠤ ᠲᠤᠰᠬᠤᠨ ᠪᠤᠯᠤᠨ ᠪᠠᠷᠠᠭᠤᠨ ᠲᠤᠰᠬᠤᠨ ᠢ᠋ ᠪᠦᠷᠬᠦᠵᠦ᠂ ᠤᠷᠤᠨ ᠪᠦᠰᠡ ᠵᠢᠨ ᠪᠤᠬᠢᠷ ᠤᠰᠤ ᠵᠢ ᠬᠤᠷᠢᠶᠠᠨ ᠴᠤᠬᠯᠠᠭᠤᠯᠬᠤ ᠲᠤᠤᠷ ᠢ᠋ ᠪᠦᠬᠦᠨ ᠢ᠋ ᠪᠦᠷᠬᠦᠬᠦᠯᠬᠦ ᠪᠤᠯᠤᠨ᠎ᠠ᠃ ᠮᠠ ᠤ᠋ᠤᠢ ᠪᠠᠯᠭᠠᠰᠤᠨ ᠤ᠋ ᠶᠦ᠋ᠩ ᠮᠤᠤ ᠴᠢᠤᠸᠠᠨ ᠳᠤᠰᠬᠤᠨ᠂ ᠬᠦ ᠴᠧᠩ ᠲᠤᠰᠬᠤᠨ ᠤ᠋ ᠪᠤᠬᠢᠷ ᠤᠰᠤ ᠵᠢ ᠴᠡᠭᠴᠡᠯᠡᠨ ᠵᠠᠰᠠᠬᠤ ᠲᠦᠷᠤᠯ ᠵᠦᠢᠯ ᠤ᠋ᠨ ᠶᠡᠷᠦᠩᠬᠡᠢ ᠪᠡᠯᠡ ᠤᠷᠤᠭᠤᠯᠤᠯᠳᠠ ᠨᠢ 1620 ᠲᠦᠮᠡᠨ ᠲᠦᠭᠦᠷᠢᠭ ᠲᠦ᠍ ᠬᠦᠷᠴᠦ ᠂ ᠦᠪᠡᠷᠳᠡᠭᠡᠨ ᠵᠠᠰᠠᠬᠤ ᠤᠷᠤᠨ ᠤ᠋ ᠲᠤᠰᠬᠠᠢ ᠨᠦᠬᠦᠪᠦᠷᠢ ᠵᠢ 800 ᠲᠦᠮᠡᠨ ᠲᠦᠭᠦᠷᠢᠭ ᠤᠯᠪᠠ᠃ ᠡᠨᠡ ᠬᠤᠶᠡᠷ ᠲᠦᠷᠤᠯ ᠵᠦᠢᠯ ᠤ᠋ᠨ ᠪᠠᠷᠢᠯᠭ᠎ᠠ ᠵᠢᠨ ᠠᠵᠢᠯ ᠨᠢᠭᠡᠨᠳᠡ ᠡᠬᠢᠯᠡᠵᠠᠢ᠃ 《ᠡᠳᠡᠭᠡᠷ ᠲᠦᠷᠤᠯ ᠵᠦᠢᠯ ᠤ᠋ᠨ ᠪᠠᠷᠢᠯᠭ᠎ᠠ ᠵᠢᠨ ᠠᠵᠢᠯ ᠡᠬᠢᠯᠡᠭᠰᠡᠨ ᠨᠢ ᠲᠤᠰᠬᠤᠨ ᠤ᠋ ᠠᠷᠠᠳ ᠢ᠋ ᠤᠷᠳᠤ ᠬᠤᠭᠤᠴᠠᠭ᠎ᠠ ᠪᠡᠷ ᠰᠢᠨᠠᠯᠭᠠᠵᠤ ᠪᠠᠢᠭᠰᠠᠨ ᠪᠤᠬᠢᠷ ᠤᠰᠤᠨ ᠤ᠋ ᠠᠰᠠᠭᠤᠳᠠᠯ ᠢ᠋ ᠦᠨᠳᠤᠰᠤᠨ ᠡᠴᠡ ᠨᠢ ᠰᠢᠢᠳᠪᠦᠷᠢᠯᠡᠵᠦ᠂ ᠤᠷᠤᠰᠢᠨ ᠠᠮᠢᠳᠤᠷᠠᠬᠤ ᠤᠷᠴᠢᠨ ᠲᠤᠭᠤᠷᠢᠨ ᠪᠤᠯᠤᠨ ᠬᠦᠳᠡᠭᠡ ᠲᠤᠰᠬᠤᠨ ᠤ᠋ ᠦᠩᠬᠡ ᠦᠵᠡᠮᠵᠢ ᠵᠢ ᠪᠦᠳᠦᠮᠵᠢᠳᠠᠢ ᠰᠠᠢᠵᠢᠷᠠᠭᠤᠯᠵᠦ ᠲᠡᠢᠯᠬᠦ ᠡᠴᠡ ᠭᠠᠳᠠᠨ᠎ᠠ ᠪᠠᠰᠠ ᠬᠦᠳᠡᠭᠡ ᠲᠤᠰᠬᠤᠨ ᠢ᠋ ᠭᠦᠭᠵᠢᠬᠦᠯᠦᠨ ᠮᠠᠨᠳᠤᠭᠤᠯᠬᠤ ᠳ᠋ᠤ ᠬᠦᠴᠤᠳᠤ ᠲᠡᠮᠵᠢᠯᠭᠡ ᠬᠠᠩᠭᠠᠵᠦ᠂ ᠲᠤᠰᠬᠤᠨ ᠤ᠋ ᠠᠷᠠᠳ ᠤ᠋ᠨ ᠬᠦᠷᠳᠡᠮᠵᠢ ᠵᠢᠨ ᠲᠦᠷᠦᠭᠳᠡᠯ᠂ ᠵᠢᠷᠭᠠᠯᠳᠤ ᠲᠦᠷᠦᠭᠳᠡᠯ ᠢ᠋ ᠦᠨᠡᠨ ᠬᠦ᠌ ᠲᠡᠭᠡᠭᠰᠢᠯᠡᠬᠦᠯᠵᠦ ᠴᠢᠳᠠᠨ᠎ᠠ》 ᠬᠡᠵᠦ ᠱ᠌ᠢ ᠯᠧᠢ ᠤᠷᠮᠠᠳᠠᠢᠬᠠᠨ ᠶᠠᠷᠢᠯ᠎ᠠ᠃
ᠡᠯ ᠳ᠋ᠤᠤ ᠱᠨ ᠡᠾᠧ ᠲᠡᠵᠢᠭᠡᠨ ᠦᠷᠡᠵᠢᠭᠦᠯᠬᠦ ᠰᠠᠭᠤᠭᠠᠯᠢ ᠠᠷᠠᠳ ᠤ᠋ᠨ ᠲᠤᠭᠤᠷᠢᠭ ᠤ᠋ᠨ ᠪᠤᠬᠢᠷ ᠤᠰᠤᠨ ᠤ᠋ ᠭᠤᠤᠷᠰᠤ ᠬᠤᠭᠤᠯᠠᠢ ᠵᠢᠨ ᠲᠤᠤᠷ ᠤ᠋ᠨ ᠰᠢᠨ᠎ᠠ ᠪᠡᠷ ᠪᠦᠳᠦᠭᠡᠨ ᠪᠠᠢᠭᠤᠯᠵᠤ ᠪᠠᠢᠭ᠎ᠠ ᠲᠦᠷᠤᠯ ᠵᠦᠢᠯ ᠤ᠋ᠨ ᠨᠢᠭᠡᠳᠦᠭᠡᠷ ᠬᠤᠭᠤᠴᠠᠭᠠᠨ ᠤ᠋ ᠪᠠᠷᠢᠯᠭ᠎ᠠ ᠡᠬᠢᠯᠡᠭᠰᠡᠨ ᠡᠴᠡ ᠠᠪᠤᠭᠠᠳ ᠤᠳᠤ ᠪᠤᠯᠳᠠᠯ᠎ᠠ ᠪᠤᠬᠢᠷ ᠤᠰᠤᠨ ᠤ᠋ ᠬᠤᠳᠳᠤᠭ ᠢ᠋ 342 ᠰᠠᠭᠤᠷᠢ ᠪᠦᠳᠦᠭᠡᠨ ᠪᠠᠢᠭᠤᠯᠵᠦ᠂ 1 ᠲᠦᠮᠡᠨ ᠮᠧᠲᠷ ᠭᠠᠷᠤᠢ ᠤᠷᠳᠤ ᠭᠤᠤᠷᠰᠤ ᠬᠤᠭᠤᠯᠠᠢ ᠵᠢ ᠲᠡᠪᠢᠰᠴᠦ᠂ ᠭᠤᠤᠯ ᠪᠦᠳᠦᠭᠡᠨ ᠪᠠᠢᠭᠤᠯᠤᠯᠳᠠ ᠨᠢ ᠨᠢᠭᠡᠨᠳᠡ ᠰᠢᠪᠳᠤᠷᠠᠭᠠᠨ ᠳ᠋ᠠᠭᠠᠨ ᠤᠷᠤᠬᠰᠠᠨ ᠪᠠᠢᠨ᠎ᠠ᠃ ᠮᠠ ᠤ᠋ᠤᠢ ᠪᠠᠯᠭᠠᠰᠤᠨ ᠤ᠋ ᠶᠦ᠋ᠩ ᠮᠤᠤ ᠴᠢᠤᠸᠠᠨ᠂ ᠬᠦ ᠴᠧᠩ ᠲᠤᠰᠬᠤᠨ ᠤ᠋ ᠪᠤᠬᠢᠷ ᠤᠰᠤ ᠵᠢ ᠴᠡᠭᠴᠡᠯᠡᠨ ᠵᠠᠰᠠᠬᠤ ᠲᠦᠷᠤᠯ ᠵᠦᠢᠯ ᠤ᠋ᠨ ᠪᠦᠳᠦᠭᠡᠨ ᠪᠠᠢᠭᠤᠯᠤᠯᠳᠠ ᠵᠢᠨ ᠠᠬᠢᠴᠠ ᠴᠤ᠌ ᠲᠦᠷᠭᠡᠨ ᠪᠠᠢᠵᠦ᠂ ᠬᠦ ᠴᠧᠩ ᠲᠤᠰᠬᠤᠨ ᠨᠢ ᠨᠢᠭᠡᠨᠳᠡ ᠱᠠᠳᠤᠴᠢ ᠴᠢᠨᠠᠷᠳᠠᠢ ᠠᠮᠵᠢᠯᠳᠠ ᠤᠯᠵᠦ᠂ ᠠᠮᠢᠳᠤᠷᠠᠯ ᠤ᠋ᠨ ᠪᠤᠬᠢᠷ ᠤᠰᠤ ᠵᠢ ᠰᠢᠨ᠎ᠠ ᠪᠡᠷ ᠪᠦᠳᠦᠭᠡᠨ ᠪᠠᠢᠭᠤᠯᠤᠬᠰᠠᠨ ᠭᠤᠤᠷᠰᠤ ᠬᠤᠭᠤᠯᠠᠢ ᠪᠡᠷ ᠲᠡᠮᠵᠢᠨ ᠰᠢᠢᠳᠪᠦᠷᠢᠯᠡᠬᠦ ᠲᠦᠭᠦᠭᠡᠷᠦᠮᠵᠢ ᠳ᠋ᠤ ᠬᠦᠷᠭᠡᠨ ᠲᠦᠪᠯᠡᠷᠡᠭᠦᠯᠦᠨ ᠰᠢᠢᠳᠪᠦᠷᠢᠯᠡᠬᠦ ᠵᠢ ᠪᠡᠶᠡᠯᠡᠬᠦᠯᠵᠦ᠂ ᠵᠢᠷᠤᠮᠵᠢᠭᠤᠯᠤᠨ ᠬᠤᠷᠢᠶᠠᠨ ᠴᠤᠬᠯᠠᠭᠤᠯᠬᠤ ᠪᠤᠶᠤ ᠲᠦᠪᠯᠡᠷᠡᠭᠦᠯᠦᠨ ᠰᠢᠢᠳᠪᠦᠷᠢᠯᠡᠬᠦ ᠬᠠᠷᠠᠯᠳᠠ ᠵᠢ ᠪᠡᠶᠡᠯᠡᠬᠦᠯᠦᠭᠰᠡᠨ ᠪᠠᠢᠨ᠎ᠠ᠃ ᠤᠳᠤ᠂ ᠦᠩᠬᠡᠷᠡᠭᠰᠡᠨ ᠤ᠋ ᠪᠤᠬᠢᠷ ᠤᠰᠤ ᠲᠤᠰᠬᠤᠨ ᠤ᠋ ᠵᠠᠮ ᠲᠠᠭᠠᠤ ᠵᠢᠨ ᠬᠠᠮᠠᠷ ᠴᠤᠷᠬᠢᠭᠰᠡᠨ ᠦᠮᠡᠭᠡᠢ ᠦᠨᠦᠷ ᠴᠤ᠌ ᠬᠤᠭ ᠦᠭᠡᠢ ᠠᠷᠢᠯᠵᠦ᠂ ᠲᠤᠰᠬᠤᠨ ᠤ᠋ ᠦᠩᠬᠡ ᠲᠦᠷᠰᠤ ᠰᠢᠨᠡᠳᠤᠨ ᠬᠤᠪᠢᠷᠠᠯ᠎ᠠ᠃