ᠥᠪᠥᠷ ᠮᠣᠩᠭᠣᠯ ᠤ᠋ᠨ ᠦᠪᠡᠷᠳᠡᠬᠡᠨ ᠵᠠᠰᠠᠬᠤ ᠤᠷᠤᠨ ᠤ᠋ ᠰᠤᠶᠤᠯ ᠤ᠋ᠨ ᠤᠷᠳᠤᠨ ᠡᠴᠡ ᠤᠢᠯᠠᠭᠠᠭᠰᠠᠨ ᠢ᠋ᠶ᠋ᠡᠷ᠂ ᠮᠠᠨ ᠤ᠋ ᠤᠷᠤᠨ ᠤ᠋ 《ᠳᠠᠭᠤᠤ ᠶ᠋ᠢᠨ ᠡᠮᠴᠢᠯᠡᠬᠡ ᠰᠡᠳᠬᠢᠯ ᠤ᠋ᠨ ᠠᠶᠠᠯᠠᠯ》᠂ 《ᠳᠡᠷᠭᠡᠳᠡᠬᠢ ᠳᠠᠭᠤᠤ ᠬᠥᠭ᠌ᠵᠢᠮ ᠤ᠋ᠨ ᠦᠳᠡᠱᠢᠯᠡᠭᠡ》᠂ 《ᠭᠤᠤ᠎ᠠ ᠰᠠᠢᠬᠠᠨ ᠢ᠋ᠶ᠋ᠠᠷ ᠰᠡᠳᠭᠢᠯ ᠢ᠋ ᠤᠮᠳᠠᠯᠠᠵᠤ ᠲᠠᠭᠤᠤ ᠤᠷᠠᠯᠢᠭ ᠢ᠋ᠶ᠋ᠠᠷ ᠡᠮᠴᠢᠯᠡᠬᠦ》 ᠵᠡᠷᠬᠡ 3 ᠲᠦᠷᠦᠯ ᠵᠦᠢᠯ 《2025 ᠣᠨ ᠤ᠋ ᠪᠦᠬᠦ ᠤᠯᠤᠰ ᠤ᠋ᠨ ᠰᠣᠶᠣᠯ ᠤ᠋ᠨ ᠣᠷᠳᠣᠨ ᠤ᠋ ᠲᠠᠭᠤᠤ ᠤᠷᠠᠯᠢᠭ ᠤ᠋ᠨ ᠡᠮᠴᠢᠯᠡᠬᠡᠨ ᠤ᠋ ᠱᠢᠨ᠎ᠡ ᠵᠢ ᠡᠭᠦᠳᠦᠭ᠌ᠰᠡᠨ ᠵᠢᠱ᠌ᠢᠶ᠎ᠡ》 ᠪᠡᠷ ᠰᠣᠩᠭᠣᠭ᠍ᠳᠠᠵᠤ᠂ ᠥᠪᠥᠷ ᠮᠣᠩᠭᠣᠯ ᠤ᠋ᠨ ᠲᠠᠭᠤᠤ ᠤᠷᠠᠯᠢᠭ ᠤ᠋ᠨ ᠡᠮᠴᠢᠯᠡᠬᠡᠨ ᠤ᠋ ᠬᠦᠷᠢᠶᠡᠨ ᠳ᠋ᠡᠬᠢ ᠢᠳᠡᠪᠬᠢᠲᠡᠶ ᠰᠦᠪᠡᠭ᠌ᠴᠢᠯᠡᠯ ᠪᠠ ᠯᠠᠪᠳᠠᠭᠤᠨ ᠪᠠᠲᠤᠲᠠᠶ ᠦᠷ᠎ᠡ ᠪᠦᠲᠦᠮᠵᠢ ᠵᠢ ᠢᠯᠡᠷᠡᠭᠦᠯᠦᠭᠰᠡᠨ ᠪᠠᠢᠨ᠎ᠠ᠃
ᠥᠪᠥᠷ ᠮᠣᠩᠭᠣᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢ 《ᠳᠠᠭᠤᠤ ᠶ᠋ᠢᠨ ᠡᠮᠴᠢᠯᠡᠬᠡ ᠰᠡᠳᠬᠢᠯ ᠤ᠋ᠨ ᠠᠶᠠᠯᠠᠯ》 ᠳᠠᠭᠤᠤ ᠬᠥᠭ᠌ᠵᠢᠮ ᠤ᠋ᠨ ᠡᠮᠴᠢᠯᠡᠬᠡᠨ ᠤ᠋ ᠲᠥᠷᠥᠯ ᠵᠦᠶ᠋ᠯ ᠳ᠋ᠡᠭᠡᠨ 《ᠤᠷᠠᠯᠢᠭ ᠢ᠋ᠶ᠋ᠡᠷ ᠰᠡᠳᠬᠢᠯ ᠢ᠋ ᠴᠢᠮᠡᠬᠦ》 ᠭᠤᠤᠯ ᠪᠠᠢᠷᠢ ᠲᠣᠭ᠍ᠲᠠᠭᠠᠯᠲᠠ ᠵᠢ ᠠᠳᠬᠤᠨ᠂ ᠳᠠᠭᠤᠤ ᠬᠥᠭ᠌ᠵᠢᠮ ᠤ᠋ᠨ ᠡᠮᠴᠢᠯᠡᠬᠡ ᠵᠢᠨ ᠥᠪᠡᠷᠮᠢᠴᠡ ᠦᠨ᠎ᠡ ᠥᠷᠲᠡᠭ ᠢ᠋ ᠭᠦᠨᠵᠡᠭᠡᠶ ᠠᠭᠤᠳᠠᠯᠵᠤ᠂ ᠥᠪᠡᠷᠮᠢᠴᠡ ᠣᠨᠴᠠᠯᠢᠭ ᠲᠠᠶ ᠲᠥᠷᠥᠯ ᠲᠡᠮᠳᠡᠭᠳᠦ ᠠᠵᠢᠯᠯᠠᠭ᠎ᠠ ᠦᠷᠨᠢᠬᠦᠯᠦᠨ᠂ ᠳᠠᠭᠤᠤ ᠬᠥᠭ᠌ᠵᠢᠮ ᠤ᠋ᠨ ᠡᠮᠴᠢᠯᠡᠬᠡ ᠵᠢ ᠰᠤᠷᠤᠭ᠍ᠴᠢᠳ ᠤ᠋ᠨ ᠭᠤᠤ᠎ᠠ ᠰᠠᠢᠬᠠᠨ ᠤ᠋ ᠲᠠᠭᠠᠱᠢᠶᠠᠯ ᠤ᠋ᠨ ᠬᠡᠪ ᠪᠣᠯᠪᠠᠰᠤᠷᠠᠯ ᠪᠣᠯᠤᠨ ᠰᠡᠳᠭᠢᠴᠡ ᠵᠢᠨ ᠬᠡᠪ ᠪᠤᠯᠪᠠᠰᠤᠷᠠᠯ ᠢ᠋ ᠬᠥᠮᠦᠵᠢᠭᠦᠯᠬᠦ᠌ ᠴᠢᠬᠤᠯᠠ ᠠᠴᠢᠶᠠᠯᠠᠪᠤᠷᠢ ᠪᠣᠯᠭᠠᠨ ᠬᠤᠪᠢᠷᠠᠭᠤᠯᠵᠤ᠂ ᠱᠢᠨ᠎ᠡ ᠴᠠᠭ ᠦᠶ᠎ᠡ ᠵᠢᠨ ᠶᠡᠬᠡ ᠳᠡᠭᠡᠳᠦ ᠰᠤᠷᠭᠠᠭᠤᠯᠢ ᠵᠢᠨ ᠭᠤᠤ᠎ᠠ ᠰᠠᠢᠬᠠᠨ ᠤ᠋ ᠬᠥᠮᠦᠵᠢᠯ ᠪᠠ ᠰᠡᠳᠭᠢᠴᠡ ᠶ᠋ᠢᠨ ᠬᠥᠮᠦᠵᠢᠯ ᠢ᠋ ᠠᠭᠤᠰᠤᠯᠴᠠᠭᠤᠯᠤᠨ ᠬᠥᠭ᠌ᠵᠢᠭᠦᠯᠬᠦ᠌ ᠳ᠋ᠦ ᠲᠣᠯᠢᠳᠠᠯ ᠪᠣᠯᠬᠤᠢᠴᠠ ᠦᠶ᠋ᠯᠡᠳᠦᠯᠭᠡ ᠵᠢᠨ ᠲᠥᠰᠦᠯ ᠬᠠᠩᠭᠠᠪᠠ᠃ ᠣᠷᠳᠣᠰ ᠬᠣᠲᠠ ᠵᠢᠨ ᠰᠣᠶᠣᠯ ᠤ᠋ᠨ ᠣᠷᠳᠣᠨ ᠤ᠋ ᠬᠢᠨ ᠨᠢᠳᠤᠨᠤᠨ ᠤ᠋ 3 ᠰᠠᠷ᠎ᠠ ᠳ᠋ᠤ ᠡᠬᠢᠯᠡᠬᠦᠯᠦᠭᠰᠡᠨ 《ᠳᠡᠷᠭᠡᠳᠡᠬᠢ ᠳᠠᠭᠤᠤ ᠬᠥᠭ᠌ᠵᠢᠮ ᠤ᠋ᠨ ᠦᠳᠡᠱᠢᠯᠡᠭᠡ》 ᠳᠠᠭᠤᠤ ᠬᠥᠭ᠌ᠵᠢᠮ ᠤ᠋ᠨ ᠡᠮᠴᠢᠯᠡᠭᠡᠨ ᠤ᠋ ᠦᠶ᠋ᠯᠡᠳᠦᠯᠭᠡ ᠵᠢᠨ ᠲᠥᠷᠥᠯ ᠵᠦᠶ᠋ᠯ ᠳ᠋ᠡᠭᠡᠨ 《ᠣᠯᠠᠨ ᠲᠦᠮᠡᠨ ᠤ᠋ ᠳᠤᠮᠳᠠ ᠦᠨᠳᠦᠰᠦᠯᠡᠵᠦ᠍ ᠣᠯᠠᠨ ᠲᠦᠮᠡᠨ ᠳ᠋ᠦ ᠦᠶ᠋ᠯᠡᠴᠢᠯᠡᠬᠦ᠌》 ᠭᠤᠤᠯ ᠡᠭᠦᠷᠭᠡ ᠴᠢᠳᠠᠪᠬᠢ ᠵᠢ ᠪᠠᠲᠤ ᠰᠠᠬᠢᠵᠤ᠂ ᠣᠲᠣ ᠦᠶ᠎ᠡ ᠵᠢᠨ ᠣᠯᠠᠨ ᠲᠦᠮᠡᠨ ᠤ᠋ ᠣᠶᠤᠨ ᠰᠠᠨᠠᠭᠠᠨ ᠤ᠋ ᠲᠠᠢᠳᠭᠤᠷᠠᠭᠤᠯᠤᠯ ᠪᠤᠯᠤᠨ ᠤᠷᠮ᠎ᠠ ᠰᠡᠳᠭᠢᠯᠭᠡ ᠵᠢᠨ ᠵᠢᠯᠣᠭᠣᠳᠣᠯᠭ᠎ᠠ ᠵᠢᠨ ᠪᠣᠳᠠᠲᠤ ᠬᠡᠷᠡᠭ᠌ᠴᠡᠭᠡ ᠱᠠᠭᠠᠷᠳᠠᠯᠭ᠎ᠠ ᠲᠠᠶ ᠣᠨᠣᠴᠠᠲᠠᠶ ᠵᠣᠯᠭᠠᠭᠤᠯᠵᠠᠢ᠃ ᠲᠤᠰ ᠲᠥᠷᠥᠯ ᠵᠦᠶ᠋ᠯ ᠨᠢ ᠵᠠᠷᠤᠳᠠᠯ ᠪᠠᠭ᠎ᠠ ᠪᠦᠬᠦᠢ ᠲᠣᠬᠢᠷᠠᠮᠵᠢᠲᠠᠶ ᠰᠣᠶᠣᠯ ᠤ᠋ᠨ ᠠᠵᠢᠯᠯᠠᠭ᠎ᠠ ᠪᠠᠷ ᠣᠯᠠᠨ ᠲᠦᠮᠡᠨ ᠤ᠋ ᠭᠠᠩᠰᠠᠷᠠᠬᠤ᠂ ᠪᠤᠬᠢᠨᠢᠳᠤᠬᠤ᠂ ᠭᠠᠭ᠍ᠴᠠᠭᠠᠷᠳᠠᠬᠤ ᠵᠡᠷᠭᠡ ᠨᠠᠵᠠᠭᠠᠶ ᠰᠡᠳᠭᠢᠯᠭᠡ ᠵᠢ ᠪᠦᠲᠦᠮᠵᠢᠲᠡᠶ ᠨᠠᠮᠳᠠᠭᠤᠯᠵᠤ᠂ ᠦᠨᠳᠦᠰᠦᠨ ᠱᠠᠲᠤᠨ ᠤ᠋ ᠰᠣᠶᠣᠯ ᠤ᠋ᠨ ᠠᠮᠢᠳᠤᠷᠠᠯ ᠢ᠋ ᠪᠠᠶᠠᠯᠢᠭ᠍ᠵᠢᠭᠤᠯᠤᠨ᠂ ᠲᠠᠭᠤᠤ ᠬᠥᠭ᠌ᠵᠢᠮ ᠢ᠋ ᠡᠳᠦᠷ ᠲᠤᠲᠤᠮ ᠤ᠋ᠨ ᠠᠮᠢᠳᠤᠷᠠᠯ ᠳ᠋ᠤ ᠠᠭᠤᠰᠭᠠᠵᠤ᠂ ᠦᠨᠳᠦᠰᠦᠨ ᠱᠠᠲᠤᠨ ᠤ᠋ ᠣᠯᠠᠨ ᠨᠡᠢᠲᠡ ᠵᠢᠨ ᠰᠣᠶᠣᠯ ᠤ᠋ᠨ ᠦᠶ᠋ᠯᠡᠴᠢᠯᠡᠭᠡᠨ ᠤ᠋ ᠲᠦᠭᠡᠮᠡᠯ ᠬᠠᠷᠠᠭᠠᠯᠵᠠᠯᠲᠦ ᠰᠢᠨᠵᠢ ᠪᠠ ᠠᠮᠢᠳᠤᠯᠢᠭ ᠴᠢᠨᠠᠷ ᠢ᠋ ᠭᠦᠶ᠋ᠴᠡᠳ ᠢᠯᠡᠷᠡᠭᠦᠯᠪᠡ᠃ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠣᠷᠳᠣᠨᠦ ᠬᠢᠨ 《ᠭᠤᠤ᠎ᠠ ᠰᠠᠢᠬᠠᠨ ᠢ᠋ᠶ᠋ᠠᠷ ᠰᠡᠳᠭᠢᠯ ᠢ᠋ ᠤᠮᠳᠠᠯᠠᠵᠤ ᠲᠠᠭᠤᠤ ᠤᠷᠠᠯᠢᠭ ᠢ᠋ᠶ᠋ᠠᠷ ᠡᠮᠴᠢᠯᠡᠬᠦ》 ᠲᠥᠷᠥᠯ ᠵᠦᠶ᠋ᠯ ᠢ᠋ ᠬᠡᠷᠡᠭ᠌ᠵᠢᠭᠦᠯᠵᠦ᠂ ᠠᠳᠠᠯᠢ ᠪᠤᠰᠤ ᠨᠠᠰᠤᠨ ᠤ᠋ ᠬᠥᠮᠦᠰ ᠲᠦ᠍ ᠬᠠᠨᠳᠤᠭᠤᠯᠤᠭ᠍ᠰᠠᠨ ᠵᠢᠷᠤᠭ᠂ ᠭᠠᠷ ᠤᠷᠠᠯᠠᠯ᠂ ᠳᠠᠭᠤᠯᠠᠬᠤᠶ ᠪᠠ ᠪᠥᠵᠢᠭ ᠵᠡᠷᠭᠡ ᠣᠯᠠᠨ ᠲᠥᠷᠥᠯ ᠤ᠋ᠨ ᠡᠮᠴᠢᠯᠡᠬᠡᠨ ᠤ᠋ ᠬᠢᠴᠢᠶᠡᠯ ᠨᠡᠬᠡᠬᠡᠵᠤ᠂ ᠣᠷᠣᠯᠴᠠᠭ᠍ᠴᠢ ᠵᠢ ᠬᠥᠲᠥᠯᠥᠨ ᠲᠠᠭᠠᠭᠤᠯᠵᠤ ᠲᠠᠭᠤᠤ ᠤᠷᠠᠯᠢᠭ ᠢ᠋ᠶ᠋ᠠᠷ ᠳᠠᠮᠵᠢᠨ ᠬᠠᠢᠷ᠎ᠠ ᠰᠡᠳᠭᠢᠯᠭᠡ ᠪᠡᠨ ᠢᠯᠡᠷᠡᠭᠦᠯᠵᠤ᠂ ᠣᠶᠤᠨ ᠰᠠᠨᠠᠭᠠᠨ ᠤ᠋ ᠲᠠᠢᠳᠭᠤᠷᠠᠭᠤᠯᠤᠯ ᠤᠯᠭᠤᠪᠠ᠃
ᠡᠨᠡ ᠬᠦ᠌ 3 ᠱᠢᠯᠢᠳᠡᠭ ᠵᠢᠱ᠌ᠢᠶ᠎ᠡ ᠨᠢ ᠲᠠᠭᠤᠤ ᠤᠷᠠᠯᠢᠭ ᠤ᠋ᠨ ᠡᠮᠴᠢᠯᠡᠬᠡᠨ ᠤ᠋ ᠬᠦᠷᠢᠶᠡᠨ ᠳ᠋ᠡᠬᠢ ᠦᠶ᠋ᠯᠡᠳᠦᠯᠭᠡ ᠵᠢᠨ ᠬᠡᠪ ᠳᠠᠭᠤᠷᠢᠶᠠᠯ ᠪᠣᠯᠤᠭᠰᠠᠨ ᠢ᠋ᠶ᠋ᠡᠷ ᠪᠠᠷᠠᠬᠤ ᠥᠬᠡᠶ᠂ ᠨᠠᠩ ᠴᠤ᠌ ᠮᠠᠨ ᠤ᠋ ᠣᠷᠣᠨ ᠤ᠋ ᠰᠣᠶᠣᠯ ᠤ᠋ᠨ ᠣᠷᠳᠣᠨ ᠤ᠋ ᠱᠢᠰᠲ᠋ᠧᠮ ᠤ᠋ᠨ ᠣᠯᠠᠨ ᠨᠡᠢᠲᠡ ᠵᠢᠨ ᠰᠣᠶᠣᠯ ᠤ᠋ᠨ ᠦᠶ᠋ᠯᠡᠴᠢᠯᠡᠭᠡᠨ ᠤ᠋ ᠠᠭᠤᠯᠤᠭ᠍ᠳᠠᠬᠤᠨ ᠢ᠋ ᠰᠠᠨᠠᠭᠠᠴᠢᠯᠠᠭ᠎ᠠ ᠡᠴᠡ ᠪᠠᠨ ᠥᠷᠭᠡᠳᠭᠡᠨ᠂ ᠤᠷᠠᠯᠢᠭ ᠤ᠋ᠨ ᠬᠡᠯᠪᠡᠷᠢ ᠵᠢ ᠱᠢᠨᠡᠴᠢᠯᠡᠨ ᠬᠡᠷᠡᠭ᠌ᠯᠡᠵᠦ᠍᠂ ᠣᠯᠠᠨ ᠲᠦᠮᠡᠨ ᠤ᠋ ᠰᠡᠳᠭᠢᠴᠡ ᠵᠢᠨ ᠡᠷᠡᠭᠦᠯ ᠮᠡᠨᠳᠦ᠍ ᠳ᠋ᠦ ᠦᠶ᠋ᠯᠡᠴᠢᠯᠡᠬᠦ᠌ ᠱᠢᠰᠲ᠋ᠧᠮᠲᠦ ᠴᠢᠨᠠᠷᠲᠠᠶ ᠰᠥᠪᠡᠭ᠌ᠴᠢᠯᠡᠯᠲᠡ ᠪᠠ ᠠᠮᠢᠳᠤᠯᠢᠭ ᠦᠶ᠋ᠯᠡᠳᠦᠯᠭᠡ ᠪᠣᠯᠵᠠᠢ᠃