ᠠᠯᠠᠭ ᠲᠠᠷᠯᠠᠨ ᠲᠠᠯᠠᠨ ᠬᠠᠷ᠎ᠠ
2025-12-08 15:12:41
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠨᠠᠮᠤᠷ ᠰᠡᠭᠦᠯ ᠰᠢᠪᠳᠤᠷᠠᠬᠤ᠎ᠳᠤ ᠬᠦᠭᠡ ᠲᠡᠭᠷᠢ᠂ ᠰᠢᠷᠭᠠᠯ ᠤᠢ᠂ ᠴᠡᠭᠡᠨ ᠴᠢᠯᠠᠭᠤ᠂ ᠴᠡᠩᠭᠡᠷ ᠤᠰᠤ᠂ ᠴᠠᠭᠠᠨ ᠬᠤᠰᠤ᠂ ᠴᠠᠢᠪᠤᠷ ᠡᠪᠡᠰᠦ ᠲᠠᠢ ᠪᠠᠨ ᠨᠡᠢᠯᠡᠭᠡᠳ ᠲᠠᠯᠠᠨ ᠬᠠᠷ᠎ᠠ ᠠᠯᠠᠬᠯᠠᠨ ᠰᠤᠯᠤᠩᠭᠠᠷᠠᠵᠦ᠂ ᠤᠭᠤᠭᠠᠳᠠ ᠡᠷᠬᠢᠮᠰᠦᠭ ᠦᠩᠭᠡ ᠪᠡᠷ ᠵᠢᠡᠨ ᠨᠠᠮᠵᠤᠷᠬᠠᠨ᠎ᠠ᠃ ᠠᠮᠢ ᠠᠬᠤᠢ ᠰᠠᠢᠵᠢᠷᠠᠭᠰᠠᠨ᠎ᠤ ᠨᠢᠭᠡᠨ ᠦᠭᠬᠦᠭᠡᠵᠢ᠃ ᠵᠢᠭᠤᠯᠴᠢᠯᠠᠭᠰᠠᠨ ᠬᠦᠮᠦᠰ ᠰᠡᠳᠬᠢᠯ ᠳᠠᠩᠳᠠ ᠴᠠᠯᠬᠢᠨ᠂ ᠨᠠᠭᠠᠳᠤᠨ ᠪᠠᠶᠠᠰᠴᠦ᠂ ᠭᠤᠤᠷᠰᠤᠯᠠᠭᠰᠠᠨ ᠮᠠᠯ ᠶᠤᠯᠬᠤᠢᠳᠠᠯ᠎ᠠ ᠲᠠᠷᠭᠤᠯᠠᠵᠦ᠂ ᠢᠷᠠᠭᠯᠠᠨ ᠭᠡᠪᠢᠨ᠎ᠠ᠃ ᠨᠡᠬᠦᠳᠡᠯ᠎ᠤᠨ ᠰᠢᠪᠠᠭᠤᠳ ᠡᠮᠦᠨᠡᠰᠢᠯᠡᠬᠦ ᠪᠡᠨ ᠤᠮᠠᠷᠳᠠᠨ᠂ ᠰᠢᠷᠭᠠᠯ ᠠᠭᠤᠯᠠᠰ᠎ᠤᠨ ᠤᠷᠤᠢ ᠪᠡᠷ ᠭᠠᠩᠭᠠᠨᠠᠨ ᠡᠷᠬᠢᠯᠳᠦᠨ᠎ᠡ᠃


QQ截图20251117161443.png


ᠲᠠᠷᠢᠮᠠᠯ ᠤᠢ


QQ截图20251001104448.png


ᠶᠤᠯᠬᠤᠢᠳᠠᠯ᠎ᠠ ᠲᠠᠷᠭᠤᠯᠠᠭᠰᠠᠨ ᠦᠭᠡᠷ


ᠲᠠᠯᠠᠨ ᠬᠠᠷ᠎ᠠ ᠠᠭᠤᠯᠠ ᠵᠢᠨ ᠤᠯᠤᠰ᠎ᠤᠨ ᠲᠡᠰ᠎ᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ᠎ᠤ ᠶᠡᠷᠦᠩᠬᠡᠢ ᠲᠠᠯᠠᠪᠠᠢ ᠨᠢ 388577 ᠾᠸᠺᠲ᠋ᠠᠷ᠃ ᠤᠷᠤᠮᠳᠠᠬᠤ ᠪᠤᠭᠤ᠂ ᠤᠯᠢᠬᠤ ᠴᠢᠨ᠋ᠸ᠎ᠠ᠂ ᠡᠷᠡᠯᠭᠡᠭ ᠪᠦᠷᠬᠦᠳ ᠡᠴᠡ ᠡᠬᠢᠯᠡᠭᠡᠳ ᠵᠡᠷᠯᠢᠭ ᠲᠠᠬᠢ᠂ ᠵᠡᠭᠡᠷ᠎ᠡ ᠭᠦᠷᠦᠭᠡᠰᠦ ᠬᠦᠷᠳᠡᠯ᠎ᠡ 852 ᠲᠦᠷᠦᠯ᠎ᠤᠨ ᠲᠡᠭᠡᠳᠤ ᠲᠡᠰ᠎ᠤᠨ ᠤᠷᠭᠤᠮᠠᠯ᠂ 218 ᠵᠦᠢᠯ᠎ᠤᠨ ᠰᠡᠭᠡᠷᠳᠡᠨ ᠠᠮᠢᠳᠠᠨ ᠲᠠᠢ᠃ ᠤᠯᠠᠨ ᠲᠦᠷᠦᠯ᠎ᠤᠨ ᠠᠮᠢᠳᠤ ᠪᠤᠳᠠᠰ ᠡᠩᠭᠡ ᠰᠠᠢᠬᠠᠨ ᠪᠠᠢᠭᠠᠯᠢ᠎ᠳᠠᠭᠠᠨ ᠡᠰᠡᠨᠢᠬᠦᠨ ᠲᠠᠢᠪᠤᠩ ᠤᠷᠤᠰᠢᠨ ᠤᠷᠤᠩᠨᠠᠨ ᠦᠷᠡᠵᠢᠨ ᠲᠦᠯᠵᠢᠵᠦ ᠪᠠᠢᠬᠤ ᠪᠦᠭᠡᠳ 129 ᠵᠢᠭᠤᠯᠴᠢᠯᠠᠯ᠎ᠤᠨ ᠦᠵᠡᠮᠵᠢ ᠵᠢᠨ ᠲᠤᠭᠤᠷᠢᠭ ᠲᠠᠢ᠃ ᠦᠪᠦᠷ ᠮᠤᠩᠭᠤᠯ᠎ᠤᠨ ᠲᠠᠯᠠᠪᠠᠢ ᠪᠠᠷ ᠬᠠᠮᠤᠭ᠎ᠤᠨ ᠶᠡᠭᠡ ᠤᠯᠤᠰ᠎ᠤᠨ ᠲᠡᠰ᠎ᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠤᠯᠤᠨ᠎ᠠ᠃


QQ截图20251001113555.png


ᠴᠡᠩᠭᠡᠯᠳᠦᠨ ᠵᠢᠷᠭᠠᠭ᠎ᠠ ᠵᠢᠭᠤᠯᠴᠢᠯᠠᠭᠰᠠᠳ

( ᠭᠡᠷᠡᠯ ᠵᠢᠷᠤᠭ᠎ᠦᠳ ᠢ᠋ ᠰᠤᠷᠪᠤᠯᠵᠢᠯᠠᠬᠴᠢ   ᠪᠢᠯᠢᠭᠲᠦ   ᠰᠡᠬᠦᠳᠡᠷᠯᠡᠪᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号