ᠪᠢᠴᠢᠯ ᠱᠢᠭᠦᠮᠵᠢ
2025-12-08 15:45:11
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠦᠷᠦᠭᠦᠬᠡᠨ ᠾᠧᠨᠠᠨ᠎ᠤ ᠨᠠᠨᠶᠠᠩ᠎ᠤᠨ 《ᠪᠠᠷᠰ᠎ᠤᠨ ᠲᠣᠯᠣᠭᠠᠢ ᠵᠢᠨ ᠬᠣᠩᠰᠢᠶᠠᠷ ᠲᠠᠢ》 ᠭᠤᠲᠤᠯ ᠣᠶᠣᠳᠠᠭ ᠡᠮᠡᠭᠡ ᠭᠠᠷ᠎ᠤᠨ ᠠᠶ᠎ᠠ᠎ᠪᠠᠷ  ᠸᠢᠳᠢᠤ᠋᠎ᠬᠤᠪᠢᠶᠠᠯᠴᠠᠬᠰᠠᠨ ᠡᠴᠡ ᠪᠣᠯᠵᠦ ᠰᠦᠯᠵᠢᠶᠡᠨ ᠳᠡᠭᠡᠷ᠎ᠡ ᠨᠡᠷ᠎ᠡ ᠭᠠᠷᠴᠠᠢ᠃ ᠣᠬᠣᠷᠬᠠᠨ ᠬᠡᠳᠦᠨ ᠡᠳᠦᠷ᠎ᠲᠦ 85 ᠨᠠᠰᠤᠲᠠᠢ ᠵᠠᠩ ᠡᠮᠡᠭᠡ᠎ᠶᠢᠨ ᠳᠠᠷᠤᠭᠳᠠᠵᠦ ᠪᠠᠢᠬᠰᠠᠨ 70 ᠭᠠᠷᠤᠢ ᠵᠦᠢᠷᠡᠢ ᠪᠠᠷᠰ᠎ᠤᠨ ᠲᠣᠯᠣᠭᠠᠢᠲᠤ ᠭᠤᠲᠤᠯ᠎ᠢ ᠪᠤᠯᠢᠶᠠᠯᠳᠤᠨ ᠬᠤᠳᠠᠯᠳᠤᠨ ᠠᠪᠴᠠᠭᠠᠵᠠᠢ᠂ ᠣᠳᠣ ᠵᠢᠨ ᠵᠠᠬᠢᠶᠠᠯᠠᠭ᠎ᠠ᠎ᠶᠢᠨ ᠬᠠᠭᠤᠳᠠᠰᠤ ᠵᠢ ᠨᠢᠭᠡ ᠰᠠᠷ᠎ᠠ᠎ᠶᠢᠨ ᠳᠠᠷᠠᠭ᠎ᠠ ᠰᠠᠶᠢ ᠣᠶᠣᠵᠦ ᠲᠠᠭᠤᠰᠬᠠᠨ ᠬᠦᠷᠭᠡᠵᠦ ᠲᠡᠢᠯᠬᠦ ᠪᠠᠢᠳᠠᠯ ᠭᠠᠷᠴᠠᠢ᠃ ᠡᠨᠡ ᠨᠢ ᠦᠵᠡᠬᠦ᠎ᠳᠦ ᠬᠡᠨᠡᠳᠳᠡ ᠵᠢᠨ ᠬᠤᠳᠠᠯᠳᠣᠭᠠᠨ᠎ᠦ ᠬᠠᠯᠠᠭᠣᠷᠠᠯ ᠪᠤᠯᠬᠤ ᠪᠣᠯᠪᠠᠴᠤ  ᠦᠨᠡᠨ᠎ᠳᠡᠭᠡᠨ ᠣᠳᠣᠬᠠᠨ᠎ᠦ ᠬᠦᠮᠦᠰ᠎ᠦᠨ ᠣᠯᠠᠮᠵᠢᠯᠠᠯᠳᠣ ᠣᠷ᠎ᠠ ᠮᠡᠷᠭᠡᠵᠢᠯ᠎ᠢ ᠲᠠᠭᠠᠰᠢᠶᠠᠨ ᠪᠠᠬᠠᠷᠬᠠᠵᠦ ᠪᠠᠢᠬᠣ ᠦᠵᠡᠭᠳᠡᠯ ᠪᠣᠯᠬᠣ ᠶᠣᠮ ᠃

          — 《ᠪᠡᠭᠡᠵᠢᠩ᠎ᠦᠨ ᠵᠠᠯᠠᠭᠤᠴᠤᠳ ᠰᠣᠨᠢᠨ》 ᠡᠴᠡ


ᠦᠨᠡᠯᠡᠯᠳᠡ᠄ ᠲᠣᠰ ᠰᠣᠨᠢᠨ ᠮᠡᠳᠡᠭᠡᠨ᠎ᠳᠡᠬᠢ ᠱᠠᠬᠠᠢ ᠪᠣᠯᠢᠶᠠᠯᠳᠣᠨ ᠬᠣᠳᠠᠯᠳᠣᠨ ᠠᠪᠴᠤ ᠪᠠᠢᠬᠣ ᠵᠢ ᠨᠢᠭᠡ ᠵᠦᠢᠯ᠎ᠦᠨ ᠤᠯᠠᠮᠵᠢᠯᠠᠯᠲᠤ ᠠᠮᠢᠳᠤᠷᠠᠯ᠎ᠤᠨ ᠠᠷᠭ᠎ᠠ ᠮᠠᠶᠢᠭ᠋᠎ᠢ ᠪᠠᠬᠠᠷᠬᠠᠵᠦ ᠡᠷᠭᠢᠴᠡᠭᠦᠯᠵᠦ ᠪᠠᠢᠨ᠎ᠠ ᠭᠡᠵᠦ ᠦᠵᠡᠪᠡᠯ ᠲᠠᠭᠠᠷᠠᠨ᠎ᠠ᠃ ᠬᠡᠯᠡᠯᠭᠡᠨ ᠦᠭᠡᠢ ᠬᠠᠭᠤᠴᠢᠨ ᠤᠷ᠎ᠠ ᠮᠡᠷᠭᠡᠵᠢᠯ᠎ᠰᠢᠨ᠎ᠡ ᠴᠠᠭ ᠦᠶ᠎ᠡ᠎ᠳᠦ  ᠭᠡᠷᠡᠯ ᠭᠢᠯᠪᠠᠭ᠎ᠠ ᠪᠠᠠ ᠰᠠᠴᠤᠷᠠᠭᠤᠯᠬᠤ᠎ᠳᠤ᠂ ᠲᠦᠷ ᠴᠠᠭ᠎ᠤᠨ ᠤᠷᠤᠰᠴᠠ ᠬᠡᠷᠡᠭᠰᠡᠬᠦ᠎ᠪᠡᠷ ᠪᠠᠷᠠᠬᠤ ᠦᠭᠡᠢ  ᠪᠠᠰᠠ ᠳᠦᠷᠢᠮ᠎ᠦᠨ ᠬᠠᠮᠠᠭᠠᠯᠠᠯᠲᠠ ᠪᠠᠢᠬᠤ ᠴᠢᠬᠤᠯᠠᠳᠠᠢ᠃ ᠢᠩᠭᠢᠪᠡᠯ ᠲᠠᠷᠠᠭᠠᠴᠢ᠎ᠪᠡᠷ ᠪᠠᠷᠰ᠎ᠤᠨ ᠲᠣᠯᠣᠭᠠᠢᠲᠤ ᠭᠤᠲᠤᠯ᠎ᠢ ᠦᠷᠭᠦᠯᠵᠢᠯᠡᠨ ᠣᠶᠣᠵᠤ ᠪᠤᠷᠤᠯᠠᠭᠤᠯᠵᠦ ᠴᠢᠳᠠᠨ᠎ᠠ᠂ ᠣᠯᠠᠮᠵᠢᠯᠠᠯᠳᠣ ᠰᠣᠶᠣᠯ ᠵᠢᠡᠨ ᠣᠯᠠᠮᠵᠢᠯᠠᠵᠦ ᠴᠢᠳᠠᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号