— ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠵᠢ ᠠᠬᠢᠭᠤᠯᠤᠭᠰᠠᠨ ᠦᠪᠦᠷ ᠮᠤᠩᠭᠤᠯ ᠤ᠋ᠨ ᠰᠢᠨ᠎ᠠ ᠦᠢᠯᠡᠳᠦᠯᠬᠡ ③
ᠨᠠᠷᠠᠨ ᠤ᠋ ᠲᠤᠶᠠᠭᠠᠨ ᠳ᠋ᠤ ᠰᠣᠯᠣᠩᠭᠠᠷᠠᠭᠰᠠᠨ
ᠨᠣᠮᠢᠨ ᠨᠣᠭᠣᠭᠠᠨ ᠲᠠᠯ᠎ᠠ ᠳ᠋ᠠᠭᠠᠨ
ᠰᠢᠨᠡᠬᠡᠨ ᠭᠡᠷ ᠤ᠋ᠳ ᠢᠷᠠᠢᠭᠠᠳ
ᠰᠦ ᠴᠠᠭ᠎ᠠ ᠬᠠᠩᠬᠤᠯᠤᠭᠰᠠᠨ
ᠴᠡᠴᠡᠭᠳᠤ ᠬᠦᠳᠡᠬᠡ ᠨᠤᠳᠤᠭ ᠮᠢᠨᠢ ᠁
ᠪᠠᠢᠭᠠᠯᠢ ᠤᠷᠴᠢᠨ ᠤ᠋ ᠬᠤᠪᠢᠷᠠᠯᠳᠠ᠂ ᠠᠯᠤᠰ ᠬᠦᠭᠵᠢᠯᠳᠡ ᠵᠢᠨ ᠱᠠᠭᠠᠷᠳᠠᠯᠭ᠎ᠠ ᠵᠢᠨ ᠡᠮᠤᠨ᠎ᠠ᠂ ᠮᠠᠯᠴᠢᠳ ᠮᠢᠨᠢ 《ᠴᠡᠴᠡᠭᠲᠤ ᠬᠦᠳᠡᠭᠡ ᠨᠤᠲᠤᠭ》 ᠵᠢᠡᠨ ᠦᠶ᠎ᠠ ᠲᠠᠮᠵᠢᠨ ᠰᠡᠳᠬᠢᠯ ᠬᠠᠩᠬᠤᠯᠤᠭᠤᠨ ᠲᠠᠭᠤᠯᠠᠬᠤ ᠵᠢᠨ ᠲᠦᠯᠦᠬᠡ᠂ ᠲᠠᠯ᠎ᠠ ᠨᠤᠳᠤᠭ ᠵᠢᠡᠨ ᠮᠦᠩᠬᠡ ᠨᠤᠭᠤᠭᠠᠨ ᠪᠠᠢᠯᠭᠠᠵᠤ᠂ ᠲᠠᠪᠤᠨ ᠬᠤᠰᠢᠭᠤ ᠪᠠᠨ ᠵᠦᠢ ᠵᠤᠬᠢᠰᠳᠠᠢ ᠮᠠᠯᠵᠢᠵᠤ᠂ ᠲᠠᠩᠰᠤᠭ ᠠᠮᠢᠳᠤᠷᠠᠯ ᠵᠢᠡᠨ ᠡᠷᠴᠢ ᠬᠦᠪᠴᠢᠯᠡᠨ ᠴᠤᠭᠴᠠᠯᠠᠬᠤ ᠪᠡᠷ ᠰᠢᠨ᠎ᠡ ᠮᠠᠯᠵᠢᠯ ᠤ᠋ᠨ ᠵᠠᠮ ᠢ᠋ ᠬᠠᠢᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠦᠢᠯᠡᠳᠪᠦᠷᠢᠯᠡᠯ ᠤ᠋ᠨ ᠠᠷᠭ᠎ᠠ ᠭᠡᠯᠪᠡᠷᠢ ᠪᠠᠨ ᠬᠤᠪᠢᠷᠠᠭᠤᠯᠬᠤ ᠪᠡᠷ ᠵᠤᠷᠢᠭ ᠰᠢᠭᠤᠳᠤᠨ ᠵᠢᠳᠬᠦᠵᠤ ᠪᠠᠢᠨ᠎ᠠ᠃ ᠬᠡᠶ᠎ᠠ ᠬᠡᠪᠰᠢᠯ ᠪᠤᠯᠤᠭᠰᠠᠨ ᠤᠯᠠᠮᠵᠢᠯᠠᠯᠳᠤ ᠠᠷᠭ᠎ᠠ ᠬᠡᠯᠪᠡᠷᠢ ᠪᠠᠨ ᠬᠤᠪᠢᠷᠠᠭᠤᠯᠵᠤ ᠰᠢᠨᠡᠴᠢᠯᠡᠬᠦ ᠬᠡᠭᠴᠢ ᠨᠢᠬᠡᠨ ᠬᠦᠴᠢᠷ ᠰᠡᠳᠤᠪ ᠪᠠᠢᠵᠤ᠂ ᠭᠠᠷ ᠤᠷᠤᠵᠤ ᠲᠠᠢᠯᠬᠦ ᠦᠬᠡᠢ ᠭᠠᠴᠢᠭᠳᠠᠬᠤ ᠨᠢ ᠴᠦ᠍ ᠬᠡᠪ ᠤ᠋ᠨ ᠦᠵᠡᠭᠳᠡᠯ ᠶᠤᠮ᠃ 《ᠠᠷᠭ᠎ᠠ ᠵᠢ ᠨᠢ ᠤᠯᠪᠠᠯ ᠪᠡᠷᠬᠡ ᠵᠢ ᠲᠠᠪᠠᠨ᠎ᠠ᠂ ᠠᠶ᠎ᠠ ᠵᠢ ᠨᠢ ᠤᠯᠪᠠᠯ ᠠᠷᠳᠠᠭ ᠢ᠋ ᠲᠡᠢᠯᠦᠨ᠎ᠠ》ᠬᠡᠳᠡᠭ᠂ ᠴᠤᠬᠤᠮ ᠪᠡᠯᠴᠢᠭᠡᠷ ᠤ᠋ᠨ ᠮᠠᠯ ᠠᠵᠤ ᠠᠬᠤᠢ ᠵᠢᠨ ᠭᠡᠯᠪᠡᠷᠢ ᠶ᠋ᠢ ᠶᠠᠭᠠᠬᠢᠵᠤ ᠬᠤᠪᠢᠷᠠᠭᠤᠯᠵᠤ ᠶᠠᠭᠠᠬᠢᠵᠤ ᠲᠡᠰ ᠳᠡᠪᠰᠢᠭᠦᠯᠬᠦ 《ᠠᠷᠭ᠎ᠠ》 ᠵᠢᠨ ᠠᠰᠠᠭᠤᠳᠠᠯ ᠢ᠋ ᠬᠡᠷᠬᠢᠨ ᠰᠢᠢᠳᠪᠦᠷᠢᠯᠡᠬᠦ ᠪᠤᠢ?
ᠡᠪᠡᠰᠦᠨ ᠤ᠋ ᠲᠣᠯᠣᠭᠠᠢ ᠳ᠋ᠤ ᠬᠢᠷᠠᠭᠤ ᠤᠨᠠᠵᠤ ᠦᠷ ᠤ᠋ᠨ ᠵᠢᠩ ᠴᠢᠩᠭᠠᠷᠠᠭᠰᠠᠨ 11 ᠰᠠᠷ᠎ᠠ ᠵᠢᠨ ᠡᠬᠢ ᠪᠡᠷ ᠮᠠᠨ ᠤ᠋ ᠰᠣᠷᠪᠤᠯᠵᠢᠯᠠᠭ᠎ᠠ ᠵᠢᠨ ᠳᠤᠭᠤᠢᠯᠠᠩ ᠥᠪᠡᠷᠲᠡᠭᠡᠨ ᠵᠠᠰᠠᠬᠤ ᠣᠷᠣᠨ ᠤ᠋ ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠲᠡᠯ᠎ᠡ ᠪᠡᠯᠴᠢᠭᠡᠷᠯᠡᠭᠦᠯᠬᠦ ᠠᠰᠠᠭᠤᠳᠠᠯ ᠢ᠋ ᠰᠢᠢᠳᠪᠦᠷᠢᠯᠡᠬᠦ ᠲᠤᠷᠰᠢᠯᠲᠠ ᠵᠢᠨ ᠴᠡᠭ ᠤ᠋ᠨ ᠬᠣᠰᠢᠭᠤ ᠰᠢᠶᠠᠨ ᠪᠣᠯᠬᠤ ᠤᠷᠳᠤᠰ ᠬᠤᠳᠠ ᠵᠢᠨ ᠤᠲᠤᠭ ᠤ᠋ᠨ ᠡᠮᠦᠨᠡᠲᠦ ᠬᠣᠰᠢᠭᠤ᠂ ᠪᠠᠶᠠᠨᠨᠠᠭᠤᠷ ᠬᠤᠳᠠ ᠵᠢᠨ ᠤᠷᠠᠳ ᠤ᠋ᠨ ᠳᠤᠮᠳᠠᠳᠤ ᠬᠣᠰᠢᠭᠤ᠂ ᠪᠤᠭᠤᠲᠤ ᠬᠤᠳᠠ ᠵᠢᠨ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ ᠪᠠᠷ ᠰᠤᠷᠪᠤᠯᠵᠢᠯᠠᠵᠤ ᠶᠠᠪᠤᠬᠤ ᠳ᠋ᠠᠭᠠᠨ᠂ ᠤᠷᠤᠨ ᠨᠤᠳᠤᠭ ᠪᠠ ᠮᠠᠯᠴᠢᠨ ᠲᠦᠮᠡᠨ ᠤ᠋ ᠰᠢᠨ᠎ᠠ ᠵᠢ ᠡᠬᠦᠳᠦᠭᠰᠡᠨ ᠰᠢᠨᠵᠢᠯᠡᠬᠦ ᠤᠬᠠᠭᠠᠨᠴᠢ ᠬᠡᠪ ᠵᠠᠭᠪᠤᠷ ᠪᠤᠯᠤᠨ ᠠᠷᠭ᠎ᠠ ᠬᠢᠳᠠᠯ ᠵᠢᠡᠷ ᠤᠯᠠᠮᠵᠢᠯᠠᠯᠳᠤ ᠮᠠᠯᠵᠢᠯ ᠤ᠋ᠨ ᠠᠷᠭ᠎ᠠ ᠬᠡᠯᠪᠡᠷᠢ ᠪᠠᠨ ᠬᠤᠪᠢᠷᠠᠭᠤᠯᠵᠤ ᠪᠠᠢᠬᠤ ᠲᠠᠢ ᠨᠡᠯᠢᠶᠡᠳ ᠤᠯᠠᠨ ᠬᠠᠷᠭᠤᠵᠤ᠂ ᠪᠢᠰᠢᠷᠠᠨ ᠪᠠᠬᠠᠳᠤᠵᠦ ᠶᠠᠪᠤᠯ᠎ᠠ᠃
ᠵᠠᠩᠬᠢᠯᠠᠭ᠎ᠠ ᠵᠢᠨ ᠦᠬᠡ᠄ ᠤᠶᠤᠨᠴᠢ ᠮᠠᠯᠵᠢᠯ ᠤ᠋ᠨ ᠲᠠᠯᠠᠪᠠᠢ
ᠬᠠᠷᠭᠠᠨ᠎ᠠ ᠪᠢᠲᠡᠬᠦᠷᠡᠭᠰᠡᠨ ᠮᠠᠩᠬᠠᠨ ᠪᠠᠯᠠᠷ ᠲᠸ᠋ ᠬᠤᠯᠠ ᠤᠢᠷ᠎ᠠ ᠳ᠋ᠠᠭᠠᠨ ᠱᠠᠭᠰᠢᠭᠳᠠᠭᠰᠠᠨ ᠨᠢᠭᠡᠨ ᠮᠠᠯᠴᠢᠨ ᠠᠢᠯ ᠰᠠᠭᠤᠷᠢᠰᠢᠵᠦ᠂ ᠡᠳᠡᠨ ᠤ᠋ ᠳ᠋ᠤ ᠢᠷᠡᠬᠦ ᠨᠤᠲᠤᠭ ᠨᠤᠲᠤᠭ ᠤ᠋ᠨ ᠬᠦᠮᠦᠨ ᠤ᠋ ᠮᠦᠷ ᠲᠠᠰᠤᠷᠠᠳᠠᠭ ᠦᠬᠡᠢ ᠭᠡᠯᠴᠡᠨ᠎ᠡ᠃
ᠡᠨᠡ ᠠᠢᠯ ᠤ᠋ᠨ ᠡᠵᠡᠨ ᠢ᠋ ᠵᠠᠶᠠᠭ᠎ᠠ ᠭᠡᠳᠡᠭ᠂ ᠤᠳᠤᠭ ᠤ᠋ᠨ ᠡᠮᠤᠨᠡᠳᠤ ᠬᠤᠰᠢᠭᠤᠨ ᠤ᠋ ᠨᠠᠩᠰᠤ ᠪᠠᠯᠭᠠᠰᠤ ᠵᠢᠨ ᠰᠦᠯᠳᠡ ᠭᠠᠴᠠᠭᠠᠨ ᠤ᠋ ᠮᠠᠯᠴᠢᠨ᠃ ᠵᠢᠷᠠᠨ ᠨᠠᠰᠤᠨ ᠤ᠋ ᠲᠦᠷᠦᠭᠡ ᠰᠢᠬᠦᠷᠴᠦ ᠶᠠᠪᠤᠭ᠎ᠠ ᠲᠡᠷᠡ ᠪᠡᠷ ᠬᠦᠩᠬᠡᠨ ᠬᠦᠩᠬᠡᠨ ᠠᠯᠬᠤᠵᠦ ᠡᠨᠳᠡ ᠲᠡᠨᠳᠡ ᠬᠡᠳᠦᠨ ᠳᠠᠷᠤᠭᠤᠯ ᠢ᠋ ᠳᠠᠷᠤᠮᠠᠭᠴᠠ ᠮᠠᠰᠢᠨ ᠲᠤᠨᠤᠭᠯᠠᠯ ᠨᠢ ᠬᠦᠳᠡᠯᠦᠬᠡᠳ ᠡᠪᠡᠰᠤ ᠪᠤᠷᠳᠤᠭ᠎ᠠ ᠦᠪᠡᠷ ᠵᠢᠡᠨ ᠤᠩᠭᠤᠴᠠᠨ ᠳ᠋ᠤ ᠪᠠᠭᠤᠵᠤ᠂ ᠦᠬᠡᠷ ᠤ᠋ᠳ ᠨᠢ ᠲᠤᠭᠤᠢᠯᠠᠵᠤ ᠢᠷᠡᠬᠡᠳ ᠲᠠᠪᠠᠳᠠᠢᠬᠠᠨ ᠢᠳᠡᠰᠢᠯᠡᠨ᠎ᠠ᠃ ᠲᠡᠳᠡᠨ ᠤ᠋ ᠤᠶᠤᠨᠴᠢ ᠮᠠᠯᠵᠢᠯ ᠤ᠋ᠨ ᠲᠠᠯᠠᠪᠠᠢ ᠨᠢ ᠡᠪᠡᠰᠦ ᠪᠤᠷᠳᠤᠭ᠎ᠠ ᠨᠠᠢᠷᠠᠭᠤᠯᠬᠤ ᠲᠦᠬᠦᠭᠡᠷᠦᠮᠵᠢ᠂ ᠠᠦ᠋ᠲ᠋ᠦ᠌ ᠡᠪᠡᠰᠦ ᠪᠤᠷᠳᠤᠭ᠎ᠠ ᠳᠠᠮᠵᠢᠭᠤᠯᠬᠤ ᠪᠦᠰᠡ᠂ ᠲᠤᠭᠳᠠᠮᠠᠯ ᠲᠤᠯᠠᠭᠠᠨᠳᠤ ᠤᠰᠤᠯᠠᠯᠲᠠ ᠶ᠋ᠢᠨ ᠲᠦᠬᠦᠭᠡᠷᠦᠮᠵᠢ᠂ ᠮᠠᠯ ᠤ᠋ᠨ ᠢᠯᠭᠠᠳᠠᠰᠤ ᠵᠢ ᠬᠤᠤᠷ ᠦᠭᠡᠢᠳᠡᠭᠦᠯᠦᠨ ᠰᠢᠢᠳᠪᠦᠷᠢᠯᠡᠬᠦ ᠰᠢᠰᠲᠸᠮ᠂ ᠲᠡᠵᠢᠭᠡᠨ ᠦᠷᠡᠵᠢᠭᠦᠯᠬᠦ ᠤᠷᠴᠢᠨ ᠨᠦᠬᠦᠴᠡᠯ ᠢ᠋ ᠪᠠᠢᠴᠠᠭᠠᠨ ᠬᠡᠮᠵᠢᠬᠦ ᠰᠢᠰᠲᠸᠮ᠂ ᠦᠨᠳᠦᠷ ᠳᠤᠳᠤᠷᠠᠴᠠ ᠲᠠᠢ ᠬᠢᠨᠠᠨ ᠡᠵᠡᠮᠳᠡᠬᠦ ᠳᠤᠷᠠᠨᠳᠠᠭᠤᠷ ᠵᠡᠷᠭᠡ ᠵᠢ ᠤᠭᠰᠠᠷᠠᠭᠰᠠᠨ 3000 ᠲᠡᠭᠰᠢ ᠳᠦᠷᠪᠡᠯᠵᠢᠨ ᠮᠸᠲᠷ ᠪᠦᠬᠦᠢ ᠦᠬᠡᠷ ᠬᠤᠨᠢᠨ ᠤ᠋ ᠲᠤᠯᠠᠭᠠᠨ ᠫᠸᠩ ᠪᠤᠯᠤᠨ ᠡᠪᠡᠰᠦᠨ ᠰᠠᠷᠠᠪᠴᠢ ᠪᠡᠷ ᠪᠦᠷᠢᠯᠳᠦᠵᠠᠢ᠃

《ᠮᠠᠨ ᠤ᠋ ᠬᠢᠨ 2019 ᠤᠨ ᠤ᠋ ᠰᠡᠬᠦᠯᠴᠢ ᠡᠴᠡ ᠡᠬᠢᠯᠡᠨ ᠤᠶᠤᠨᠴᠢ ᠮᠠᠯᠵᠢᠯ ᠤ᠋ᠨ ᠲᠠᠯᠠᠪᠠᠢ ᠪᠠᠨ ᠪᠦᠲᠦᠭᠡᠨ ᠪᠠᠢᠭᠤᠯᠵᠦ 2020 ᠤᠨ ᠳ᠋ᠤ ᠠᠰᠢᠬᠯᠠᠯᠳᠠ ᠳ᠋ᠤ ᠤᠷᠤᠭᠤᠯᠪᠠ᠃ ᠪᠢᠳᠠ ᠤᠤᠯ ᠨᠢ ᠴᠠᠭ ᠵᠢᠡᠨ ᠬᠠᠷᠠᠭᠠᠳ ᠮᠠᠯ ᠵᠢᠡᠨ ᠲᠡᠵᠢᠭᠡᠵᠦ ᠪᠤᠷᠳᠤᠳᠠᠭ ᠪᠠᠢᠭᠰᠠᠨ᠂ ᠤᠳᠤ ᠤᠶᠤᠨᠴᠢ ᠮᠠᠯᠵᠢᠯ ᠤ᠋ᠨ ᠰᠢᠰᠲᠸᠮ ᠴᠠᠭ ᠨᠢ ᠪᠤᠯᠤᠮᠠᠭᠴᠠ ᠦᠪᠡᠷ ᠵᠢᠡᠨ ᠬᠦᠳᠡᠯᠵᠤ᠂ ᠬᠡᠳᠦᠨ ᠴᠠᠭ ᠲᠸ᠋ ᠤᠰᠤ ᠭᠠᠷᠭᠠᠬᠤ᠂ ᠬᠡᠳᠦᠨ ᠴᠠᠭ ᠲᠸ᠋ ᠪᠤᠷᠳᠤᠭᠤᠷ ᠥᠭᠬᠦ᠂ ᠬᠡᠳᠦᠨ ᠴᠠᠭ ᠲᠸ᠋ ᠠᠷᠢᠭᠤᠳᠬᠠᠯ ᠬᠢᠬᠦ ᠭᠡᠳ ᠲᠡᠷᠡ ᠪᠦᠬᠦᠳᠡ ᠨᠢ ᠲᠤᠲᠤᠷᠬᠠᠢ ᠴᠠᠭ ᠤ᠋ᠨ ᠬᠤᠪᠢᠶᠠᠷᠢ ᠪᠠᠷ ᠶᠠᠪᠤᠭᠳᠠᠬᠤ ᠪᠤᠯᠤᠭᠰᠠᠨ᠃ ᠮᠠᠯ ᠤ᠋ᠨ ᠫᠸᠩ ᠤ᠋ᠨ ᠲᠤᠯᠠᠭᠠᠨ ᠢ᠋ ᠴᠸ᠋ ᠤᠶᠤᠨᠴᠢ ᠪᠠᠷ ᠡᠵᠡᠮᠳᠡᠵᠦ᠂ 17 ᠭᠷᠠᠳᠦ᠋ᠰ ᠤ᠋ᠨ ᠬᠡᠪ ᠤ᠋ᠨ ᠲᠤᠯᠠᠭᠠᠨ ᠲᠠᠢ ᠪᠠᠢᠯᠭᠠᠳᠠᠭ ᠪᠤᠯᠬᠤᠷ ᠲᠦᠯ ᠤ᠋ᠨ ᠪᠤᠢᠵᠢᠯᠳᠠ ᠵᠢ ᠪᠠᠲᠤᠯᠠᠵᠡᠢ᠃ ᠤᠳᠤ ᠠᠵᠢᠯ ᠬᠤᠢ ᠪᠡᠷ ᠭᠠᠳᠠᠭᠰᠢ ᠭᠠᠷᠪᠠᠯ ᠭᠠᠷ ᠤᠳᠠᠰᠤᠨ ᠳᠡᠭᠡᠷ᠎ᠡ ᠪᠠᠨ ᠤᠶᠤᠨᠴᠢ ᠮᠠᠯᠵᠢᠯ ᠤ᠋ᠨ ᠰᠢᠰᠲᠸᠮ ᠵᠢᠡᠨ ᠲᠤᠬᠢᠨ ᠠᠵᠢᠯᠯᠠᠭᠤᠯᠵᠤ ᠰᠡᠳᠬᠢᠯ ᠠᠮᠤᠷ ᠶᠠᠪᠤᠬᠤ ᠪᠤᠯᠤᠭᠰᠠᠨ ᠶᠤᠮ》 ᠭᠡᠵᠦ ᠵᠠᠶᠠᠭ᠎ᠠ ᠤᠶᠤᠨᠴᠢ ᠮᠠᠯᠵᠢᠯ ᠤ᠋ᠨ ᠲᠠᠯᠠᠪᠠᠢ ᠪᠠᠨ ᠲᠠᠨᠢᠯᠴᠠᠭᠤᠯᠪᠠ᠃
ᠤᠲᠤᠭ ᠤ᠋ᠨ ᠡᠮᠦᠨᠡᠲᠤ ᠬᠤᠰᠢᠭᠤ ᠤᠳᠤᠬᠠᠨ ᠪᠤᠯᠳᠠᠯ᠎ᠠ ᠨᠡᠢᠳᠡ 120 ᠣᠶᠤᠨᠴᠢ ᠮᠠᠯᠵᠢᠯ ᠤ᠋ᠨ ᠲᠠᠯᠠᠪᠠᠶ ᠵᠢ ᠪᠠᠢᠭᠤᠯᠪᠠ᠃ ᠲᠤᠰ ᠬᠤᠰᠢᠭᠤᠨ ᠤ᠋ ᠲᠠᠷᠢᠶᠠᠯᠠᠩ ᠮᠠᠯ ᠠᠵᠤ ᠠᠬᠤᠢ ᠵᠢᠨ ᠮᠡᠷᠬᠡᠵᠢᠯ ᠢ᠋ ᠲᠠᠯᠬᠡᠷᠡᠬᠦᠯᠬᠦ ᠲᠦᠪ ᠤ᠋ᠨ ᠡᠷᠬᠢᠯᠡᠭᠴᠢ ᠮᠦᠩᠬᠡᠪᠠᠶᠠᠷ᠄ 《ᠮᠠᠨ ᠤ᠋ ᠬᠣᠰᠢᠭᠤ ᠤᠷᠢᠳ ᠬᠤᠵᠢᠳ 5200 ᠲᠦᠮᠡᠨ ᠲᠥᠭᠥᠷᠢᠭ ᠤ᠋ᠨ ᠪᠡᠯᠡ ᠣᠷᠣᠭᠤᠯᠵᠤ᠂1 ᠲᠣᠭᠠᠴᠢᠯᠠᠭᠰᠠᠨ ᠬᠥᠳᠡᠭᠡ ᠲᠣᠰᠬᠣᠨ ᠤ᠋ ᠰᠤᠳᠤᠯᠭᠠᠨ ᠤ᠋ ᠬᠦᠷᠢᠶᠡᠯᠡᠩ᠂ 1 ᠣᠲᠣ᠌ ᠦᠶ᠎ᠡ ᠵᠢᠨ ᠮᠠᠯ ᠠᠵᠤ ᠠᠬᠤᠢ ᠲᠠᠷᠢᠶᠠᠯᠠᠩ ᠤ᠋ᠨ ᠠᠵᠤ ᠦᠢᠯᠡᠰ ᠤ᠋ᠨ ᠬᠦᠷᠢᠶᠡᠯᠡᠩ ᠪᠤᠯᠤᠨ ᠲᠣᠭᠠᠴᠢᠯᠠᠭᠰᠠᠨ ᠬᠥᠳᠡᠭᠡ ᠲᠣᠰᠬᠣᠨ ᠤ᠋ ᠠᠵᠤ ᠦᠢᠯᠡᠰ ᠤ᠋ᠨ ᠵᠢᠱ᠌ᠢᠶ᠎ᠡ ᠦᠵᠡᠭᠦᠯᠬᠦ ᠲᠣᠰᠬᠣᠨ᠂ ᠤᠶᠤᠨᠴᠢ ᠮᠠᠯᠵᠢᠯ ᠤ᠋ᠨ ᠲᠠᠯᠠᠪᠠᠢ᠂ ᠲᠣᠭᠠᠴᠢᠯᠠᠭᠰᠠᠨ ᠬᠥᠳᠡᠭᠡ ᠲᠣᠰᠬᠣᠨ ᠤ᠋ ᠵᠢᠱ᠌ᠢᠶ᠎ᠡ ᠦᠵᠡᠭᠦᠯᠬᠦ ᠵᠡᠭᠡᠯᠢ ᠵᠢᠴᠢ〈N〉 ᠵᠤᠢᠯ ᠤ᠋ᠨ ᠲᠣᠭᠠᠴᠢᠯᠠᠯᠲᠠ ᠵᠢ ᠳᠡᠭᠡᠭᠰᠢᠯᠡᠭᠦᠯᠬᠦ ᠢᠨᠵᠧᠨᠧᠷᠢᠩ ᠵᠢᠡᠷ ᠪᠦᠷᠢᠯᠳᠦᠭᠰᠡᠨ 〈1 +1+3+N〉 ᠤ᠋ ᠲᠣᠭᠠᠴᠢᠯᠠᠭᠰᠠᠨ ᠬᠥᠳᠡᠭᠡ ᠲᠣᠰᠬᠣᠨ ᠤ᠋ ᠪᠦᠲᠦᠭᠡᠨ ᠪᠠᠢᠭᠤᠯᠤᠯᠲᠠ ᠵᠢ ᠠᠬᠢᠭᠤᠯᠵᠤ ᠪᠠᠢᠨ᠎ᠠ》 ᠬᠡᠵᠤ ᠶᠠᠷᠢᠵᠤ ᠪᠠᠢᠯ᠎ᠠ᠃
ᠮᠠᠯᠴᠢᠨ ᠵᠠᠶᠠᠭ᠎ᠠ ᠤᠶᠤᠨᠴᠢ ᠮᠠᠯᠵᠢᠯ ᠤ᠋ᠨ ᠲᠠᠯᠠᠪᠠᠢ ᠵᠢ ᠪᠠᠢᠭᠤᠯᠤᠭᠰᠠᠨ ᠡᠴᠡ ᠰᠠᠭᠤᠷᠢ ᠲᠦᠬᠦᠭᠡᠷᠦᠮᠵᠢ ᠨᠢ ᠪᠦᠷᠢᠨ ᠲᠡᠬᠦᠯᠳᠡᠷ ᠪᠤᠯᠵᠦ᠂ ᠮᠠᠯ ᠤ᠋ᠨ ᠡᠬᠦᠯᠳᠡᠷ ᠵᠢᠡᠨ ᠰᠠᠢᠵᠢᠷᠠᠭᠤᠯᠵᠦ᠂ ᠠᠮᠢ ᠠᠬᠤᠢ ᠲᠠᠢ ᠵᠤᠬᠢᠴᠠᠭᠤᠯᠤᠨ ᠴᠦᠭᠡᠨ ᠮᠠᠯᠵᠢᠵᠦ ᠢᠯᠡᠬᠦᠦ ᠠᠰᠢᠬ ᠬᠦᠷᠳᠡᠬᠦ ᠵᠠᠮ ᠢ᠋ ᠡᠯᠬᠦᠵᠠᠢ᠃ ᠤᠳᠤ ᠲᠡᠳᠡᠨ ᠤ᠋ ᠬᠢ 130 ᠭᠠᠷᠤᠢ ᠠᠩᠬᠢᠰ ᠦᠬᠡᠷ ᠪᠠ ᠰᠢᠮᠸᠨ᠋ᠲᠠᠷ ᠦᠬᠡᠷ᠂ 200 ᠭᠠᠷᠤᠢ ᠰᠠᠹᠦ᠋ᠺ ᠬᠤᠨᠢ ᠮᠠᠯᠵᠢᠵᠤ᠂ ᠪᠡᠯᠴᠢᠭᠡᠷ ᠤ᠋ᠨ ᠲᠠᠭᠠᠭᠠᠴᠠ ᠵᠢ ᠦᠨᠳᠤᠰᠤᠯᠡᠨ 130 ᠮᠠᠯ ᠢ᠋ ᠪᠡᠯᠴᠢᠬᠡᠷ ᠲᠸ᠋ ᠭᠠᠷᠭᠠᠨ᠂ ᠦᠯᠡᠳᠡᠭᠰᠡᠨ ᠢ᠋ ᠨᠢ ᠪᠦᠷ ᠬᠠᠰᠢᠶᠠᠯᠠᠨ ᠲᠡᠵᠢᠭᠡᠵᠦ ᠪᠠᠢᠨ᠎ᠠ᠃ ᠤᠶᠤᠨᠴᠢ ᠮᠠᠯᠵᠢᠯ ᠤ᠋ᠨ ᠲᠠᠯᠠᠪᠠᠢ ᠲᠠᠢ ᠪᠤᠯᠤᠭᠰᠠᠨ ᠡᠴᠡ ᠬᠦᠮᠦᠨ ᠤ᠋ ᠬᠦᠴᠦ ᠵᠢ ᠶᠡᠬᠡ ᠪᠡᠷ ᠠᠷᠪᠢᠯᠠᠵᠤ᠂ ᠤᠤᠯ ᠳ᠋ᠠᠭᠠᠨ ᠮᠠᠯ ᠤ᠋ᠨ ᠬᠦᠮᠦᠨ ᠵᠠᠷᠤᠬᠤ ᠳ᠋ᠤ ᠵᠢᠯ ᠪᠦᠷᠢ ᠳᠤᠮᠳᠠᠴᠢ ᠪᠠᠷ 8 ᠲᠦᠮᠡᠨ ᠲᠦᠭᠦᠷᠢᠭ ᠤ᠋ᠨ ᠬᠦᠯᠦᠰᠦ ᠥᠭᠳᠡᠭ᠂ ᠤᠳᠤ ᠡᠨᠡ ᠬᠦ᠌ ᠵᠠᠷᠤᠳᠠᠯ ᠵᠢᠡᠨ ᠪᠠᠰᠠ ᠠᠷᠪᠢᠯᠠᠴᠢᠬᠠᠵᠠᠢ᠃
ᠵᠠᠶᠠᠭ᠎ᠠ ᠭᠤᠸᠠᠢ ᠪᠢᠳᠠᠠ ᠤ᠋ ᠰᠤᠷᠪᠤᠯᠵᠢᠯᠠᠭ᠎ᠠ ᠵᠢ ᠬᠦᠯᠢᠶᠡᠬᠦ ᠵᠠᠭᠤᠷ᠎ᠠ ᠪᠠᠨ ᠺᠤᠮᠫᠢᠦᠢ᠍ᠲᠸᠷ ᠵᠢᠡᠨ ᠳᠡᠯᠭᠡᠵᠦ ᠬᠢᠨᠠᠨ ᠡᠵᠡᠮᠳᠡᠬᠦ ᠳᠤᠷᠠᠨᠳᠠᠭᠤᠷ ᠵᠢᠡᠷᠮᠠᠯ ᠤ᠋ᠨ ᠪᠡᠯᠴᠢᠭᠡᠷ᠂ ᠬᠠᠰᠢᠶ᠎ᠠ ᠰᠠᠷᠠᠪᠴᠢ᠂ ᠲᠠᠷᠢᠶᠠᠨ ᠭᠠᠵᠠᠷ ᠵᠢᠡᠨ ᠬᠠᠷᠠᠯ᠎ᠠ᠃ ᠲᠡᠳᠡᠨ ᠤ᠋ ᠬᠢ 3000 ᠭᠠᠷᠤᠢ ᠮᠸ᠋ ᠪᠡᠯᠴᠢᠭᠡᠷ ᠲᠠᠢ᠂ 1997 ᠤᠨ ᠡᠴᠡ ᠡᠬᠢᠯᠡᠨ ᠲᠠᠴᠢᠷ ᠪᠠᠯᠠᠷ ᠪᠠᠢᠭᠰᠠᠨ ᠪᠡᠯᠴᠢᠭᠡᠷ ᠲᠡᠬᠡᠨ ᠬᠠᠷᠭᠠᠨ᠎ᠠ ᠲᠠᠷᠢᠵᠦ᠂ ᠤᠳᠤ ᠪᠦᠬᠦ ᠪᠡᠯᠴᠢᠭᠡᠷ ᠨᠢ ᠬᠠᠷᠭᠠᠨ᠎ᠠ ᠳ᠋ᠤ ᠪᠦᠷᠬᠦᠭᠳᠡᠨ᠂ ᠢᠳᠠᠭᠤ ᠭᠤᠷᠭᠤᠤᠯ ᠲᠡᠪᠳᠡᠷᠢᠨ ᠲᠠᠤᠯᠠᠢ ᠬᠦᠶᠦᠯᠳᠦᠬᠦ ᠪᠤᠯᠤᠭᠰᠠᠨ ᠶᠤᠮ᠃
《ᠮᠠᠨ ᠤ᠋ ᠬᠢᠨ ᠤᠳᠤ 3000 ᠭᠠᠷᠤᠢ ᠮᠸ᠋ ᠬᠠᠷᠭᠠᠨ᠎ᠠ᠂ 230 ᠮᠸ᠋ ᠴᠠᠷᠭᠠᠰᠤ᠂ 70 ᠮᠸ᠋ ᠡᠷᠳᠡᠨᠢ ᠰᠢᠰᠢ ᠲᠠᠷᠢᠵᠤ᠂ ᠮᠠᠯ ᠤ᠋ᠨ ᠲᠡᠵᠢᠭᠡᠯ ᠪᠤᠷᠳᠤᠭ᠎ᠠ ᠪᠠᠨ ᠪᠠᠳᠤᠯᠠᠵᠤ ᠪᠠᠢᠨ᠎ᠠ᠃ ᠤᠶᠤᠨᠴᠢ ᠰᠢᠰᠲᠸᠮ ᠨᠢ ᠮᠠᠯ ᠤ᠋ᠨ ᠰᠢᠭᠡᠭ ᠢ᠋ 3 ᠴᠠᠭ ᠲᠸ᠋ ᠨᠢᠭᠡ ᠤᠳᠠᠭ᠎ᠠ ᠴᠡᠪᠡᠷᠯᠡᠵᠦ ᠭᠠᠷᠭᠠᠭᠠᠳ ᠲᠤᠭᠲᠠᠭᠰᠠᠨ ᠭᠠᠵᠠᠷ ᠲᠸ᠋ ᠬᠤᠷᠢᠶᠠᠳᠠᠭ᠂ ᠪᠢᠳᠠ ᠡᠬᠦᠨ ᠢ᠋ ᠲᠠᠷᠢᠶᠠᠨ ᠭᠠᠵᠠᠷ ᠲᠠᠭᠠᠨ ᠤᠷᠤᠭᠤᠯᠵᠦ ᠪᠤᠷᠳᠤᠭᠤᠷ ᠪᠤᠯᠭᠠᠨ ᠠᠰᠢᠭᠯᠠᠵᠦ ᠪᠠᠢᠨ᠎ᠠ》 ᠭᠡᠵᠦ ᠵᠠᠶᠠᠭ᠎ᠠ ᠬᠡᠯᠡᠨ᠎ᠠ᠃
《ᠣᠶᠤᠨᠴᠢ ᠮᠠᠯᠵᠢᠯ ᠤ᠋ᠨ ᠲᠠᠯᠠᠪᠠᠶ ᠪᠤᠯ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠳᠡᠰ ᠳᠡᠪᠰᠢᠬᠦᠯᠬᠦ ᠨᠢᠬᠡᠨ ᠪᠦᠳᠦᠮᠵᠢᠳᠠᠢ ᠵᠠᠭᠪᠤᠷ ᠪᠠᠢᠵᠤ᠂ ᠮᠠᠯ ᠠᠵᠤ ᠠᠬᠤᠢ ᠵᠢᠨ ᠤᠳᠤᠬᠢᠴᠢᠯᠠᠯᠳᠠ ᠵᠢᠨ ᠠᠬᠢᠴᠠ ᠵᠢ ᠲᠦᠷᠬᠡᠳᠬᠡᠨ ᠦᠷ᠎ᠠ ᠠᠰᠢᠭ ᠢ᠋ ᠲᠠᠬᠡᠭᠰᠢᠯᠡᠬᠦᠯᠬᠦ ᠠᠰᠢᠳᠠᠢ ᠠᠷᠭ᠎ᠠ ᠵᠠᠮ ᠮᠦᠨ》ᠬᠡᠵᠤ ᠮᠦᠩᠬᠡᠪᠡᠶᠠᠷ ᠶᠠᠷᠢᠨ᠎ᠠ᠃《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠤᠶᠤᠨᠴᠢ ᠮᠠᠯ ᠠᠵᠤ ᠠᠬᠤᠶ ᠲᠠᠷᠢᠶᠠᠯᠠᠩ ᠤ᠋ᠨ ᠪᠥᠲᠥᠭᠡᠨ ᠪᠠᠢᠭᠤᠯᠤᠯᠲᠠ ᠵᠢ ᠠᠬᠢᠭᠤᠯᠬᠤ ᠬᠡᠷᠡᠭ᠌ᠵᠢᠭᠦᠯᠬᠦ᠌ ᠲᠥᠰᠦᠯ (2025 — 2027 ᠣᠨ)》 ᠢ᠋ ᠦᠨᠳᠤᠰᠤᠯᠡᠪᠡᠯ᠂ ᠮᠠᠨ ᠤ᠋ ᠤᠷᠤᠨ 2027 ᠣᠨ ᠤ᠋ ᠰᠡᠬᠦᠯᠴᠢ ᠪᠤᠯᠳᠠᠯ᠎ᠠ 1000 ᠣᠶᠤᠨᠴᠢ ᠮᠠᠯᠵᠢᠯ ᠤ᠋ᠨ ᠲᠠᠯᠠᠪᠠᠶ ᠵᠢ ᠪᠦᠳᠦᠬᠡᠨ ᠪᠠᠢᠭᠤᠯᠬᠤ ᠪᠡᠷ ᠪᠤᠢ᠃
ᠰᠤᠷᠪᠤᠯᠵᠢᠯᠠᠭ᠎ᠠ ᠦᠨᠳᠦᠷᠯᠡᠬᠦ ᠳ᠋ᠤ ᠵᠠᠶᠠᠭ᠎ᠠ ᠰᠢᠨ᠎ᠠ ᠦᠷᠦᠮ᠎ᠠ ᠭᠠᠷᠭᠠᠵᠦ ᠪᠢᠳᠠᠨ ᠳ᠋ᠤ ᠠᠮᠰᠠᠭᠤᠯᠪᠠ᠃ ᠤᠶᠤᠨᠴᠢ ᠪᠠᠷ ᠮᠠᠯ ᠮᠠᠯᠵᠢᠵᠦ ᠪᠠᠢᠭ᠎ᠠ ᠪᠤᠯᠪᠠᠴᠤ ᠤᠯᠠᠮᠵᠢᠯᠠᠯᠲᠤ ᠴᠠᠭᠠᠨ ᠢᠳᠡᠭᠡᠨ ᠬᠢᠵᠤ ᠪᠠᠢᠬᠤ ᠨᠢ ᠶᠠᠭᠤ ᠨᠢᠭᠡ ᠵᠢ ᠤᠴᠢᠷᠯᠨᠨᠠ᠃ 《ᠵᠠᠶᠠᠭ᠎ᠠ ᠠᠬ᠎ᠠ ᠴᠠᠭᠠᠨ ᠢᠳᠡᠭᠡᠨ ᠵᠢᠡᠨ ᠬᠤᠳᠠᠯᠳᠤᠬᠤ ᠪᠢᠰᠢ᠂ ᠬᠠᠷᠢᠨ ᠤᠶᠤᠨᠴᠢ ᠮᠠᠯᠵᠢᠯ ᠤ᠋ᠨ ᠲᠠᠯᠠᠪᠠᠢ ᠵᠢ ᠨᠢ ᠦᠵᠡᠵᠦ ᠨᠤᠮ ᠵᠠᠯᠠᠬᠤ ᠪᠠᠷ ᠢᠷᠡᠭᠰᠡᠨ ᠬᠦᠮᠦᠨ ᠳ᠋ᠤ ᠠᠮᠰᠠᠭᠤᠯᠬᠤ ᠪᠡᠷ ᠪᠡᠯᠡᠳᠬᠡᠭᠰᠡᠨ ᠶᠤᠮ》 ᠭᠡᠵᠦ ᠤᠲᠤᠭ ᠤ᠋ᠨ ᠡᠮᠦᠨᠠᠲᠤ ᠬᠤᠰᠢᠭᠤᠨ ᠤ᠋ ᠬᠠᠮ ᠵᠠᠭᠤᠴᠢᠯᠠᠭᠤᠷ ᠤ᠋ᠨ ᠲᠦᠪ ᠤ᠋ᠨ ᠰᠠᠷᠠᠨᠴᠡᠴᠡᠭ ᠤ᠋ᠨ ᠲᠤᠭᠯᠠᠭᠠᠮ ᠤ᠋ᠨ ᠦᠬᠡ ᠡᠴᠡ ᠨᠤᠲᠤᠭ ᠨᠤᠲᠤᠭ ᠡᠴᠡ ᠡᠨᠡ ᠠᠢᠯ ᠳ᠋ᠤ ᠢᠷᠡᠬᠦ ᠬᠦᠮᠦᠨ ᠤ᠋ ᠮᠦᠷ ᠲᠠᠰᠤᠷᠠᠳᠠᠭ ᠦᠬᠡᠢ ᠵᠢ ᠮᠡᠳᠡᠯ᠎ᠠ᠃
ᠵᠠᠩᠬᠢᠯᠠᠭ᠎ᠠ ᠵᠢᠨ ᠦᠬᠡ᠄ ᠨᠠᠢᠳᠠᠨ ᠲᠡᠵᠢᠭᠡᠬᠦ ᠰᠠᠭᠤᠷᠢᠨ
ᠨᠠᠮᠤᠷ ᠤ᠋ᠨ ᠰᠡᠬᠦᠯᠴᠢ ᠵᠢᠨ ᠤᠷᠠᠳ ᠨᠤᠲᠤᠭ ᠲᠦ᠍ ᠡᠪᠡᠰᠦ ᠬᠠᠯᠢᠭᠤᠷᠠᠵᠦ᠂ ᠨᠡᠭᠦᠳᠡᠯ ᠤ᠋ᠨ ᠰᠢᠪᠠᠭᠤᠳ ᠡᠷᠬᠢᠨ ᠬᠤᠷᠭᠤᠳᠠᠨ᠎ᠠ᠃ ᠪᠢᠳᠠ ᠤᠷᠠᠳ ᠤ᠋ᠨ ᠳᠤᠮᠳᠠᠳᠤ ᠬᠤᠰᠢᠭᠤᠨ ᠤ᠋ ᠤᠩᠭᠤᠨ ᠪᠠᠯᠭᠠᠰᠤ ᠵᠢᠨ ᠴᠢᠩ ᠵᠢᠶᠠᠨ ᠲᠢᠶᠠᠨ ᠺᠤᠮᠫᠠᠨᠢ ᠵᠢᠨ ᠵᠢᠱ᠌ᠢᠶᠠ ᠦᠵᠡᠬᠦᠯᠬᠦ ᠦᠬᠡᠷ ᠲᠠᠵᠢᠬᠡᠬᠦ ᠲᠠᠯᠠᠪᠠᠢ ᠳ᠋ᠤ ᠪᠠᠭᠤᠯ᠎ᠠ᠃ ᠡᠨᠡ ᠪᠤᠯ ᠲᠤᠰ ᠬᠤᠰᠢᠭᠤᠨ ᠤ᠋ ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠲᠡᠯ᠎ᠡ ᠪᠡᠯᠴᠢᠭᠡᠷᠯᠡᠬᠦᠯᠬᠦ ᠠᠰᠠᠭᠤᠳᠠᠯ ᠢ᠋ ᠱᠢᠶ᠋ᠳᠪᠦᠷᠢᠯᠡᠵᠤ ᠂ ᠪᠡᠯᠴᠢᠭᠡᠷ ᠤ᠋ᠨ ᠮᠠᠯ ᠠᠵᠤ ᠠᠬᠤᠶ ᠵᠢᠨ ᠬᠡᠯᠪᠡᠷᠢ ᠵᠢ ᠬᠤᠪᠢᠷᠠᠭᠤᠯᠤᠨ ᠲᠠᠰ ᠳᠡᠪᠱᠢᠭᠦᠯᠵᠦ ᠪᠠᠢᠭ᠎ᠠ ᠨᠡᠢᠳᠡᠯᠢᠭ ᠵᠠᠭᠪᠤᠷ ᠤ᠋ᠨ ᠨᠢᠭᠡ ᠪᠤᠯᠤᠨ᠎ᠠ᠃
ᠪᠢᠳᠠᠨ ᠢ᠋ ᠬᠦᠷᠬᠦ ᠳ᠋ᠤ ᠰᠡᠴᠨᠨᠲᠤ ᠬᠡᠭᠴᠢ ᠬᠦᠳᠡᠷ ᠪᠠᠶ᠎ᠠ ᠲᠠᠢ ᠡᠷ᠎ᠠ ᠬᠦᠷᠳᠦᠳᠦ ᠳᠡᠷᠭᠡᠨ ᠳ᠋ᠡᠬᠡᠨ ᠪᠤᠷᠳᠤᠭ᠎ᠠ ᠪᠠᠨ ᠲᠡᠭᠡᠭᠡᠵᠦ ᠡᠪᠡᠰᠦᠨ ᠤᠩᠭᠤᠴᠠᠨ ᠳ᠋ᠤ ᠬᠢᠵᠦ ᠪᠠᠢᠯ᠎ᠠ᠃ 《ᠲᠦᠷᠦᠬᠦᠬᠡᠨ ᠪᠤᠯᠳᠠᠯ᠎ᠠ 1700 ᠭᠠᠷᠤᠢ ᠦᠬᠡᠷ ᠪᠤᠷᠳᠤᠨ ᠲᠠᠷᠭᠤᠯᠠᠭᠤᠯᠵᠦ ᠪᠠᠢᠭᠰᠠᠨ᠂ ᠤᠳᠤ 100 ᠭᠠᠷᠤᠢ ᠦᠬᠡᠷ ᠪᠤᠷᠳᠤᠨ ᠲᠠᠷᠭᠤᠯᠠᠭᠤᠯᠵᠦ ᠪᠠᠢᠨ᠎ᠠ》 ᠭᠡᠭᠰᠡᠬᠡᠷ ᠰᠡᠴᠡᠨᠲᠤ ᠬᠠᠭᠠᠰ ᠴᠠᠭ ᠪᠤᠯᠤᠯ ᠦᠬᠡᠢ ᠪᠡᠷ ᠦᠬᠡᠷ ᠵᠢᠡᠨ ᠲᠡᠵᠢᠭᠡᠴᠢᠭᠡᠪᠡ᠃ ᠲᠡᠷᠡ ᠪᠤᠯ ᠤᠩᠭᠤᠨ ᠪᠠᠯᠭᠠᠰᠤ ᠵᠢᠨ ᠰᠢᠷᠠᠴᠢᠯᠠᠭᠤ ᠭᠠᠴᠠᠭᠠᠨ ᠤ᠋ ᠮᠠᠯᠴᠢᠨ᠂ ᠮᠦᠨ ᠴᠦ᠍ ᠲᠤᠰ ᠲᠠᠯᠠᠪᠠᠢ ᠵᠢᠨ ᠦᠭᠡᠷ ᠲᠡᠵᠢᠭᠡᠬᠦ ᠠᠵᠢᠯᠴᠢᠨ ᠶᠤᠮ᠃ ᠲᠡᠷᠡ ᠪᠠᠷ ᠴᠢᠩ ᠵᠢᠶᠠᠨ ᠲᠢᠶᠠᠨ ᠺᠤᠮᠫᠠᠨᠢ ᠳ᠋ᠤ ᠦᠪᠡᠷ ᠤ᠋ᠨ 16 ᠦᠬᠡᠷ ᠪᠤᠯᠤᠨ 130 ᠢᠮᠠᠭ᠎ᠠ ᠪᠠᠨ ᠨᠠᠢᠳᠠᠨ ᠲᠡᠵᠢᠭᠡᠯᠭᠡᠬᠦ ᠵᠢᠨ ᠬᠠᠮᠲᠤ ᠬᠦᠯᠦᠰᠦᠨ ᠠᠵᠢᠯ ᠬᠢᠵᠦ ᠤᠷᠤᠯᠭ᠎ᠠ ᠪᠠᠨ ᠨᠡᠮᠡᠭᠳᠡᠬᠦᠯᠵᠦ ᠶᠠᠪᠤᠨ᠎ᠠ᠃
《ᠡᠮᠦᠨ᠎ᠡ ᠬᠡᠳᠦᠨ ᠵᠢᠯ ᠰᠦᠷᠡᠬᠡᠢ ᠭᠠᠩᠳᠠᠵᠦ ᠪᠡᠯᠴᠢᠭᠡᠷ ᠨᠤᠳᠤᠭ ᠲᠠᠴᠢᠷ ᠪᠠᠢᠭᠰᠠᠨ ᠪᠤᠯᠬᠤᠷ ᠮᠠᠯ ᠮᠠᠯᠵᠢᠬᠤ ᠳ᠋ᠤ ᠵᠠᠷᠤᠯᠭ᠎ᠠ ᠤᠷᠤᠯᠭ᠎ᠠ ᠨᠢ ᠲᠠᠩᠴᠡᠬᠦ ᠰᠢᠭ ᠪᠤᠯᠵᠤ᠂ ᠮᠦᠨ ᠪᠡᠯᠴᠢᠭᠡᠷᠯᠡᠭᠦᠯᠬᠦ᠌ ᠶ᠋ᠢ ᠴᠠᠭᠠᠵᠠᠯᠠᠵᠤ ᠪᠡᠯᠴᠢᠭᠡᠷ ᠢ᠋ ᠠᠮᠠᠷᠠᠭᠤᠯᠵᠦ ᠪᠠᠢᠭ᠎ᠠ ᠪᠤᠯᠬᠤᠷ ᠪᠢ ᠦᠪᠡᠷ ᠤ᠋ᠨ ᠦᠬᠡᠷ ᠢᠮᠠᠭ᠎ᠠ ᠪᠠᠨ ᠺᠤᠮᠫᠠᠨᠢ ᠳ᠋ᠤ ᠨᠡᠢᠳᠠᠨ ᠲᠡᠵᠢᠭᠡᠯᠭᠡᠪᠠ᠃ ᠨᠠᠢᠳᠠᠨ ᠲᠡᠵᠢᠭᠡᠯᠭᠡᠴᠢᠬᠡᠪᠡᠯ ᠡᠪᠡᠰᠦ ᠪᠤᠷᠳᠤᠭ᠎ᠠ ᠭᠡᠵᠦ ᠵᠤᠪᠠᠬᠤ ᠦᠬᠡᠢ᠂ ᠨᠤᠲᠤᠭ ᠪᠡᠯᠴᠢᠭᠡᠷ ᠵᠢᠡᠨ ᠴᠸ᠋ ᠰᠡᠷᠭᠦᠭᠡᠴᠢᠬᠡᠨᠡ᠃ ᠦᠪᠡᠷ ᠵᠢᠡᠨ ᠲᠡᠵᠢᠭᠡᠪᠡᠯ ᠰᠠᠢᠨ ᠲᠠᠷᠭᠤᠯᠠᠭᠤᠯᠵᠦ ᠴᠢᠳᠠᠬᠤ ᠦᠬᠡᠢ᠂ ᠡᠨᠳᠡ ᠦᠨᠳᠦᠷ ᠤᠭᠤᠷᠠᠭ ᠲᠠᠢ ᠲᠡᠵᠢᠭᠡᠯ ᠡᠪᠡᠰᠦ ᠪᠠᠷ ᠲᠡᠵᠢᠭᠡᠵᠦ ᠪᠠᠢᠭ᠎ᠠ ᠪᠤᠯᠬᠤᠷ ᠲᠠᠷᠭᠤᠯᠠᠬᠤ ᠨᠢ ᠰᠠᠢᠨ》ᠭᠡᠵᠦ ᠰᠡᠴᠡᠨᠲᠤ ᠨᠠᠢᠳᠠᠨ ᠲᠡᠵᠢᠭᠡᠯᠬᠡᠬᠦ ᠵᠢᠨ ᠠᠴᠢ ᠲᠤᠰᠠ ᠵᠢ ᠶᠠᠷᠢᠯ᠎ᠠ᠃
ᠤᠷᠠᠳ ᠤ᠋ᠨ ᠲᠤᠮᠳᠠᠳᠤ ᠬᠤᠰᠢᠭᠤᠨ ᠤ᠋ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤ᠋ᠨ ᠲᠤᠪᠴᠢᠶ᠎ᠠ ᠵᠢᠨ ᠲᠠᠷᠤᠭ᠎ᠠ ᠤᠷᠤᠭᠰᠢᠯᠠᠯᠳᠤ᠄ 《ᠮᠠᠨ ᠤ᠋ ᠬᠤᠰᠢᠭᠤ ᠨᠠᠢᠳᠠᠨ ᠲᠡᠵᠢᠭᠡᠯᠭᠡᠬᠦ ᠵᠠᠭᠪᠤᠷ ᠵᠢᠡᠷ ᠪᠡᠯᠴᠢᠬᠡᠷ ᠤ᠋ᠨ ᠳᠠᠭᠠᠭᠠᠴᠠ ᠡᠴᠡ ᠬᠡᠲᠦᠷᠡᠲᠡᠯ᠎ᠡ ᠪᠡᠯᠴᠢᠭᠡᠷᠯᠡᠬᠦᠯᠬᠦ ᠠᠰᠠᠭᠤᠳᠠᠯ ᠢ᠋ ᠪᠦᠳᠦᠮᠵᠢᠳᠠᠢ ᠱᠢᠶ᠋ᠳᠪᠦᠷᠢᠯᠡᠬᠦ ᠵᠢ ᠠᠬᠢᠭᠤᠯᠬᠤ ᠵᠢᠨ ᠬᠠᠮᠳᠤ〈ᠪᠡᠯᠴᠢᠭᠡᠷᠯᠡᠭᠦᠯᠬᠦ᠌ ᠶ᠋ᠢ ᠴᠠᠭᠠᠵᠠᠯᠠᠭᠰᠠᠨ ᠴᠤ᠌ ᠮᠠᠯᠵᠢᠬᠤ ᠶ᠋ᠢ ᠴᠠᠭᠠᠵᠠᠯᠠᠬᠤ ᠦᠬᠡᠢ〉 ᠪᠡᠷ ᠮᠠᠯᠴᠢᠳ ᠤ᠋ᠨ ᠣᠷᠣᠯᠭ᠎ᠠ ᠵᠢ ᠨᠡᠮᠡᠭ᠌ᠳᠡᠭᠦᠯᠵᠦ ᠪᠤᠢ᠃ ᠤᠳᠤ〈ᠨᠠᠢᠳᠠᠨ ᠲᠡᠵᠢᠭᠡᠯᠭᠡᠵᠦ ᠨᠠᠢᠳᠠᠨ ᠬᠠᠮᠢᠶᠠᠷᠤᠭᠤᠯᠬᠤ〉᠂ 〈ᠮᠠᠯᠵᠢᠬᠤ ᠡᠷᠦᠬᠡ ᠳ᠋ᠤ ᠪᠤᠢᠵᠢᠭᠤᠯᠵᠤ ᠠᠵᠤ ᠠᠬᠤᠢᠯᠠᠯ ᠳ᠋ᠤ ᠲᠠᠵᠢᠬᠡᠬᠦ〉ᠵᠡᠷᠭᠡ ᠠᠰᠢᠭ ᠲᠤᠰᠠ ᠵᠢᠨ ᠬᠤᠯᠪᠤᠭ᠎ᠠ ᠪᠡᠷ ᠵᠢᠯ ᠳ᠋ᠤ 10 ᠲᠦᠮᠡ ᠭᠠᠷᠤᠢ ᠮᠠᠯ ᠢ᠋ ᠨᠠᠢᠳᠠᠨ ᠲᠡᠵᠢᠭᠡᠯᠭᠡᠵᠦ ᠪᠠᠢᠭ᠎ᠠ ᠶᠤᠮ》 ᠬᠡᠵᠤ ᠲᠠᠨᠢᠯᠴᠠᠭᠤᠯᠤᠨ᠎ᠠ᠃

2024 ᠣᠨ ᠳ᠋ᠤ᠂ ᠤᠩᠭᠤᠨ ᠪᠠᠯᠭᠠᠰᠤ ᠠᠷᠠᠯᠵᠢᠶᠡᠴᠢᠨ ᠤᠷᠢᠬᠤ ᠪᠠᠷ ᠳᠠᠮᠵᠢᠨ ᠬᠠᠢᠨᠠᠨ ᠤ᠋ ᠵᠢᠶᠠ ᠱᠢ ᠪᠦᠯᠦᠭᠯᠡᠯ ᠢ᠋ ᠣᠷᠣᠭᠤᠯᠤᠨ ᠠᠪᠴᠢᠷᠠᠭᠠᠳ ᠤᠷᠠᠳ ᠤ᠋ᠨ ᠳᠤᠮᠳᠠᠳᠤ ᠬᠣᠰᠢᠭᠤᠨ ᠤ᠋ ᠴᠢᠩ ᠵᠢᠶᠠᠨ ᠲᠢᠶᠠᠨ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠵᠢ ᠪᠠᠢᠭᠤᠯᠵᠤ᠂ ᠰᠢᠷᠠᠴᠢᠯᠠᠭᠤ ᠭᠠᠴᠠᠭ᠎ᠠ ᠪᠠᠷ ᠲᠤᠷᠰᠢᠯᠲᠠ ᠵᠢᠨ ᠴᠡᠭ ᠪᠣᠯᠭᠠᠨ ᠪᠡᠯᠴᠢᠭᠡᠷ ᠤ᠋ᠨ ᠳᠠᠭᠠᠭᠠᠴᠠ ᠠ᠋ᠴᠠ ᠬᠡᠲᠦᠷᠡᠭᠰᠡᠨ ᠲᠤᠭ᠎ᠠ ᠬᠡᠮᠵᠢᠶᠡᠨ ᠤ᠋ ᠦᠬᠡᠷ ᠮᠠᠯ ᠢ᠋ ᠨᠠᠢᠳᠠᠨ ᠲᠡᠵᠢᠭᠡᠯᠭᠡᠵᠦ᠂ ᠨᠤᠲᠤᠭ ᠪᠡᠯᠴᠢᠭᠡᠷ ᠤ᠋ᠨ ᠠᠮᠢ ᠠᠬᠤᠢ ᠵᠢᠨ ᠬᠠᠮᠠᠭᠠᠯᠠᠯᠲᠠ ᠪᠠ ᠮᠠᠯ ᠠᠵᠤ ᠠᠬᠤᠢ ᠵᠢᠨ ᠦᠷᠭᠦᠯᠵᠢᠯᠡᠬᠦ ᠬᠥᠭᠵᠢᠯᠲᠡ ᠵᠢ ᠪᠠᠳᠤᠯᠠᠵᠤ ᠪᠠᠢᠨ᠎ᠠ᠃ ᠲᠤᠰ ᠺᠤᠮᠫᠠᠨᠢ ᠵᠢᠨ ᠦᠬᠡᠷᠲᠡᠵᠢᠭᠡᠬᠦ ᠲᠠᠯᠠᠪᠠᠢ ᠨᠢ 500 ᠮᠸ᠋ ᠭᠠᠵᠠᠷ ᠡᠵᠡᠯᠡᠨ᠂ ᠨᠡᠢᠳᠡ 4750 ᠲᠦᠮᠡᠨ ᠲᠦᠭᠦᠷᠢᠭ ᠤ᠋ᠨ ᠪᠡᠯᠡ ᠤᠷᠤᠭᠤᠯᠵᠤ᠂ 3000 ᠲᠡᠭᠰᠢ ᠳᠦᠷᠪᠡᠯᠵᠢᠨ ᠮᠸᠲᠷ ᠤ᠋ᠨ ᠦᠬᠡᠷ ᠤ᠋ᠨ ᠫᠸᠩ ᠪᠤᠯᠤᠨ 2000 ᠲᠡᠭᠰᠢ ᠳᠦᠷᠪᠡᠯᠵᠢᠨ ᠮᠸᠲᠷ ᠤ᠋ᠨ ᠡᠪᠡᠰᠦ ᠪᠤᠷᠳᠤᠭᠠᠨ ᠤ᠋ ᠰᠠᠷᠠᠪᠴᠢ ᠵᠡᠷᠭᠡ ᠵᠢ ᠪᠠᠢᠭᠤᠯᠵᠦ᠂ ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠳᠡᠯ᠎ᠠ ᠪᠡᠯᠴᠢᠬᠡᠷᠯᠡᠬᠦᠯᠵᠤ ᠪᠠᠢᠭᠰᠠᠨ ᠲᠦᠮᠡ ᠭᠠᠷᠤᠢ ᠮᠠᠯ ᠤ᠋ᠨ ᠠᠰᠠᠭᠤᠳᠠᠯ ᠢ᠋ ᠲᠤᠬᠢᠳᠠᠢ ᠰᠢᠢᠳᠪᠦᠷᠢᠯᠡᠪᠠ᠃ ᠪᠠᠰᠠ 1500 ᠲᠦᠮᠡᠨ ᠲᠦᠭᠦᠷᠢᠭ ᠤ᠋ᠨ ᠪᠡᠯᠡ ᠤᠷᠤᠭᠤᠯᠤᠯᠳᠠ ᠪᠦᠬᠦᠢ ᠬᠤᠨᠢ ᠢᠮᠠᠭ᠎ᠠ ᠲᠡᠵᠢᠭᠡᠬᠦ ᠲᠠᠯᠠᠪᠠᠢ ᠪᠠᠢᠭᠤᠯᠵᠦ᠂ ᠮᠠᠯᠴᠢᠳ ᠤ᠋ᠨ ᠤᠷᠤᠯᠭ᠎ᠠ ᠵᠢ ᠨᠡᠮᠡᠭᠳᠡᠬᠦᠯᠤᠨ ᠬᠠᠮᠲᠤ ᠪᠠᠷ ᠪᠠᠶᠠᠵᠢᠬᠤ ᠵᠠᠮ ᠵᠢᠡᠷ ᠵᠠᠮᠨᠠᠵᠦ ᠪᠠᠢᠭ᠎ᠠ ᠶᠤᠮ᠃
《ᠮᠠᠨ ᠤ᠋ ᠺᠤᠮᠫᠠᠨᠢ ᠳ᠋ᠤ ᠡᠩ ᠤ᠋ᠨ ᠦᠶᠡᠰ 1700 ᠦᠭᠡᠷ ᠪᠠ 2000 ᠢᠮᠠᠭ᠎ᠠ ᠪᠤᠷᠳᠤᠨ ᠲᠡᠵᠢᠭᠡᠵᠦ ᠪᠤᠢ᠃ ᠡᠭᠦᠨ ᠳ᠋ᠤ ᠤᠩᠭᠤᠨ ᠪᠠᠯᠭᠠᠰᠤ᠂ ᠭᠠᠭᠴᠠᠮᠤᠳᠤ ᠪᠠᠯᠭᠠᠰᠤ ᠵᠢᠨ ᠬᠡᠳᠦᠨ ᠭᠠᠴᠠᠭᠠᠨ ᠤ᠋ ᠬᠠᠮᠲᠤ ᠨᠡᠢᠳᠡ ᠵᠢᠨ ᠮᠠᠯ ᠪᠤᠯᠤᠨ 50 ᠭᠠᠷᠤᠢ ᠮᠠᠯᠵᠢᠬᠤ ᠡᠷᠦᠭᠡ ᠵᠢᠨ 1400 ᠢᠮᠠᠭ᠎ᠠ ᠪᠠ 80 ᠭᠠᠷᠤᠢ ᠦᠬᠡᠷ ᠢ᠋ ᠨᠠᠢᠳᠠᠨ ᠲᠡᠵᠢᠭᠡᠵᠦ ᠪᠠᠢᠭ᠎ᠠ ᠶᠤᠮ᠃ ᠮᠠᠨ ᠤ᠋ ᠺᠤᠮᠫᠠᠨᠢ ᠵᠢᠯ ᠳ᠋ᠤ 1 ᠢᠮᠠᠭ᠎ᠠ ᠵᠢ 60 ᠲᠦᠭᠦᠷᠢᠭ᠂ 1 ᠦᠭᠡᠷ ᠢ᠋ 800 ᠲᠦᠭᠦᠷᠢᠭ ᠵᠢᠡᠷ ᠨᠠᠢᠳᠠᠨ ᠲᠡᠵᠢᠭᠡᠵᠦ᠂ ᠮᠠᠯᠴᠢᠳ 3 ᠵᠢᠯ ᠵᠠᠯᠭᠠᠨ ᠨᠠᠢᠳᠠᠨ ᠲᠡᠵᠢᠭᠡᠯᠭᠡᠭᠰᠡᠨ ᠤ᠋ ᠲᠠᠷᠠᠭ᠎ᠠ ᠮᠠᠯ ᠵᠢᠡᠨ ᠪᠤᠴᠠᠭᠠᠨ ᠠᠪᠴᠤ ᠪᠤᠯᠤᠨ᠎ᠠ᠃ ᠮᠠᠯᠴᠢᠳ ᠬᠡᠷᠪᠡ ᠲᠠᠵᠢᠬᠡᠯ ᠪᠤᠷᠳᠤᠭ᠎ᠠ ᠲᠤᠲᠠᠬᠳᠠᠪᠠᠯ ᠪᠠᠰᠠ ᠦᠬᠡᠷ ᠢᠮᠠᠭ᠎ᠠ ᠪᠠᠷ ᠵᠢᠡᠨ ᠡᠪᠡᠰᠦ ᠰᠤᠯᠢᠵᠦ ᠪᠤᠯᠤᠨ᠎ᠠ》 ᠭᠡᠵᠦ ᠴᠢᠩ ᠵᠢᠶᠠᠨ ᠲᠢᠶᠠᠨ ᠺᠤᠮᠫᠠᠨᠢ ᠵᠢᠨ ᠲᠠᠭᠠᠭᠠᠮᠠᠯ ᠰᠢᠦᠸᠠᠢ ᠵᠢᠨ ᠭᠦᠢ ᠲᠠᠢᠯᠪᠤᠷᠢᠯᠠᠨ ᠶᠠᠷᠢᠨ᠎ᠠ᠃
ᠴᠢᠩ ᠵᠢᠶᠠᠨ ᠲᠢᠶᠠᠨ ᠺᠤᠮᠫᠠᠨᠢ ᠦᠨᠳᠦᠷ ᠤᠭᠤᠷᠠᠭᠲᠤ ᠲᠡᠵᠢᠭᠡᠯ ᠡᠪᠡᠰᠦ ᠲᠠᠢ ᠪᠠᠢᠵᠦ᠂ ᠪᠦᠬᠦ ᠤᠯᠤᠰ ᠤ᠋ᠨ ᠡᠯ᠎ᠡ ᠭᠠᠵᠠᠷ ᠤ᠋ᠨ ᠲᠤᠮᠤ ᠬᠡᠪᠴᠢᠶᠡᠨ ᠤ᠋ ᠪᠤᠷᠳᠤᠨ ᠲᠠᠷᠭᠤᠯᠠᠭᠤᠯᠬᠤ ᠭᠠᠵᠠᠷ ᠲᠸ᠋ ᠬᠤᠳᠠᠯᠳᠤᠵᠦ ᠪᠠᠢᠭ᠎ᠠ ᠶᠤᠮ᠃ ᠡᠢᠮᠤ ᠪᠤᠯᠬᠤᠷ ᠡᠷᠬᠢᠨ ᠲᠤᠭᠤᠷᠢᠨ ᠤ᠋ ᠮᠠᠯᠴᠢᠳ ᠮᠠᠯ ᠵᠢᠡᠨ ᠵᠠᠬ᠎ᠠ ᠳᠡᠯᠭᠡᠭᠦᠷ ᠤ᠋ᠨ ᠦᠨ᠎ᠠ ᠡᠴᠡ ᠦᠨᠡᠳᠠᠢ ᠪᠠᠷ ᠺᠤᠮᠫᠠᠨᠢ ᠳ᠋ᠤ ᠬᠤᠳᠠᠯᠳᠤᠵᠦ᠂ ᠵᠠᠬ᠎ᠠ ᠲᠠᠯᠬᠡᠬᠦᠷ ᠤ᠋ᠨ ᠦᠨ᠎ᠠ ᠡᠴᠡ ᠬᠢᠮᠳᠠᠬᠠᠨ ᠵᠢᠡᠷ ᠰᠦᠯ ᠰᠠᠢᠳᠠᠢ ᠲᠠᠵᠢᠬᠡᠯ ᠡᠪᠡᠰᠦ ᠬᠤᠳᠠᠯᠳᠤᠨ ᠠᠪᠴᠦ᠂ 《ᠨᠡᠮᠡᠵᠤ ᠬᠠᠰᠤᠬᠤ》 ᠬᠤᠶᠠᠷ ᠵᠠᠮ ᠵᠢᠡᠷ ᠤᠷᠤᠯᠭ᠎ᠠ ᠪᠠᠨ ᠨᠡᠮᠡᠭᠳᠡᠬᠦᠯᠳᠡᠭ ᠠᠵᠢ᠃
ᠤᠷᠠᠳ ᠤ᠋ᠨ ᠳᠤᠮᠳᠠᠳᠤ ᠬᠣᠱᠢᠭᠤ ᠨᠠᠢᠳᠠᠨ ᠲᠡᠵᠢᠬᠡᠯᠬᠡᠬᠦ ᠵᠠᠭᠪᠤᠷ ᠡᠴᠡ ᠭᠠᠳᠠᠨ᠎ᠠ᠂ 2023 ᠣᠨ ᠡᠴᠡ ᠨᠠᠭᠠᠰᠢ ᠪᠠᠰᠠ ᠮᠠᠯᠵᠢᠬᠤ ᠣᠷᠣᠨ ᠤ᠋ ᠮᠠᠯ ᠤᠨᠤᠭ᠎ᠠ ᠪᠤᠢᠵᠢᠭᠤᠯᠤᠨ ᠦᠰᠬᠡᠬᠦ ᠳᠠᠪᠠᠭᠤᠯᠢᠭ ᠪᠣᠯᠤᠨ ᠲᠠᠷᠢᠶᠠᠯᠠᠬᠤ ᠣᠷᠣᠨ ᠤ᠋ ᠪᠣᠷᠳᠣᠨ ᠲᠠᠷᠭᠤᠯᠠᠭᠤᠯᠬᠤ ᠳᠠᠪᠠᠭᠤᠯᠢᠭ ᠢ᠋ ᠨᠢᠭᠡᠳᠦᠯᠲᠡᠶ ᠲᠥᠯᠥᠪᠵᠢᠭᠦᠯᠵᠤ᠂ 《ᠪᠡᠯᠴᠢᠭᠡᠷᠯᠡᠬᠦᠯᠤᠨ ᠮᠠᠯᠵᠢᠬᠤ + ᠬᠠᠰᠢᠶᠠᠯᠠᠨ ᠲᠡᠵᠢᠭᠡᠬᠦ + ᠲᠠᠷᠢᠶᠠᠯᠠᠬᠤ ᠤᠷᠤᠨ ᠳ᠋ᠤ ᠤᠳᠤᠷᠯᠠᠨ ᠡᠪᠤᠯᠵᠢᠬᠦ》 ᠵᠢ ᠬᠠᠷᠢᠯᠴᠠᠨ ᠤᠶᠠᠯᠳᠤᠭᠤᠯᠤᠭᠰᠠᠨ ᠰᠢᠨ᠎ᠡ ᠵᠠᠭᠪᠤᠷ ᠢ᠋ ᠬᠠᠢᠨ ᠰᠦᠪᠡᠭᠴᠢᠯᠡᠭᠰᠡᠨ ᠪᠠᠢᠨ᠎ᠠ᠃ ᠡᠨᠡ ᠬᠦ᠌ ᠵᠠᠭᠪᠤᠷ ᠵᠢᠡᠷ ᠲᠠᠮᠵᠢᠨ ᠲᠤᠰ ᠵᠢᠯ ᠤ᠋ᠨ 10 ᠰᠠᠷ᠎ᠠ ᠡᠴᠡ ᠢᠷᠡᠬᠦ ᠵᠢᠯ ᠤ᠋ᠨ 4 ᠰᠠᠷ᠎ᠠ ᠪᠣᠯᠲᠠᠯ᠎ᠠ ᠵᠢᠯ ᠪᠦᠷᠢ ᠮᠠᠯᠵᠢᠬᠤ ᠣᠷᠣᠨ ᠤ᠋ 28 ᠲᠦᠮᠡᠨ ᠮᠠᠯ ᠤᠨᠤᠭ᠎ᠠ ᠵᠢ ᠲᠠᠷᠢᠶᠠᠯᠠᠬᠤ ᠣᠷᠣᠨ ᠳ᠋ᠤ ᠤᠳᠤᠷᠯᠠᠨ ᠡᠪᠤᠯᠵᠢᠬᠦᠯᠵᠤ᠂ ᠮᠠᠯᠵᠢᠬᠤ ᠣᠷᠣᠨ ᠤ᠋ ᠨᠤᠲᠤᠭ ᠪᠡᠯᠴᠢᠭᠡᠷ ᠲᠦ᠍ 6 ᠰᠠᠷ᠎ᠠ ᠢ᠋ᠢᠨ 《ᠠᠮᠠᠷᠠᠯᠳᠠ ᠵᠢᠨ ᠬᠤᠭᠤᠴᠠᠭ᠎ᠠ》 ᠤᠯᠭᠤᠵᠠᠢ᠃
《ᠮᠠᠨ ᠤ᠋ ᠬᠤᠰᠢᠭᠤᠨ ᠤ᠋ ᠪᠡᠯᠴᠢᠭᠡᠷ ᠤ᠋ᠨ ᠳᠠᠭᠠᠭᠠᠴᠠ ᠡᠴᠡ ᠬᠡᠲᠦᠷᠡᠳᠡᠯ᠎ᠠ ᠮᠠᠯᠵᠢᠬᠤ ᠨᠤᠷᠮ᠎ᠠ 61.5% ᠪᠡᠷ ᠪᠠᠭᠠᠰᠴᠤ᠂ ᠤᠳᠤ ᠪᠠᠢᠭᠠᠯᠢ ᠵᠢᠨ ᠨᠤᠲᠤᠭ ᠪᠡᠯᠴᠢᠭᠡᠷ ᠲᠡᠬᠢ ᠮᠠᠯ ᠪᠡᠯᠴᠢᠭᠡᠷ ᠤ᠋ᠨ ᠲᠡᠩᠴᠡᠭᠦᠷᠢ ᠵᠢᠨ ᠵᠢᠭᠠᠯᠳᠠ ᠲᠤᠭ᠎ᠠ ᠪᠦᠷ 10% ᠡᠴᠡ ᠳᠤᠷᠤᠭᠰᠢ ᠪᠤᠯᠵᠤ᠂ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠠᠵᠢᠯ ᠲᠦᠷᠬᠡᠳᠤᠨ ᠠᠬᠢᠵᠤ ᠪᠠᠢᠨ᠎ᠠ》 ᠬᠡᠵᠤ ᠤᠷᠤᠭᠰᠢᠯᠠᠯᠳᠤ ᠬᠡᠯᠡᠨ᠎ᠠ᠃
ᠵᠠᠩᠬᠢᠯᠠᠭ᠎ᠠ ᠵᠢᠨ ᠦᠬᠡ᠄ ᠡᠪᠡᠰᠦᠨ ᠤ᠋ ᠪᠢᠯᠸᠲ
ᠤᠯᠠᠨ ᠵᠢᠡᠷ ᠵᠢᠡᠨ 《ᠲᠡᠷᠭᠡᠨ ᠤ᠋ ᠪᠢᠯᠧᠲ》᠂ 《ᠺᠢᠨᠣ᠋ ᠵᠢᠨ ᠪᠢᠯᠧᠲ》᠂ 《ᠬᠤᠭᠤᠯᠠᠨ ᠤ᠋ ᠪᠢᠯᠧᠲ》 ᠢ᠋ ᠬᠡᠷᠡᠭᠯᠡᠵᠦ ᠪᠠᠢᠭᠰᠠᠨ ᠳᠠ᠂ ᠤᠳᠤ ᠬᠠᠷᠢᠨ 《ᠡᠪᠡᠰᠤᠨ ᠤ᠋ ᠪᠢᠯᠧᠲ》 ᠢ᠋ ᠬᠡᠷᠡᠭᠯᠡᠬᠦ ᠪᠤᠯᠤᠭᠰᠠᠨ ᠬᠡᠨ᠎ᠠ᠂ ᠰᠤᠨᠤᠰᠴᠤ ᠪᠠᠢᠭᠰᠠᠨ ᠬᠦᠮᠦᠨ ᠴᠸ᠋ ᠴᠦᠬᠡᠨ ᠪᠠᠢᠬ᠎ᠠ᠃
11 ᠰᠠᠷ᠎ᠠ ᠵᠢᠨ 3 ᠤ᠋ ᠡᠳᠤᠷ᠂ ᠪᠢᠳᠡ ᠪᠥᠬᠥ ᠤᠯᠤᠰ ᠤ᠋ᠨ ᠠᠩᠬᠠᠳᠠᠭ᠍ᠴᠢ 《ᠡᠪᠡᠰᠦᠨ ᠤ᠋ ᠪᠢᠯᠧᠲ》 ᠢ᠋ ᠭᠠᠷᠳᠠᠭᠰᠠᠨ ᠳᠠᠷᠬᠠᠨ ᠰᠤᠮᠤ ᠵᠢᠨ ᠠᠯᠲᠠᠠᠲᠤᠭ ᠭᠠᠴᠠᠭᠠᠨ ᠤ᠋ ᠮᠠᠯᠴᠢᠨ ᠬᠦᠬᠡ ᠵᠢᠨ ᠬᠢ ᠵᠢ ᠵᠤᠷᠢᠯ᠎ᠠ᠃ ᠲᠡᠳᠡᠨ ᠤ᠋ ᠬᠢ ᠪᠤᠯ 4888.8 ᠮᠦ᠍ ᠨᠤᠲᠤᠭ ᠪᠡᠯᠴᠢᠭᠡᠷ ᠵᠢᠡᠨ ᠪᠢᠯᠸᠲᠴᠢᠯᠡᠭᠰᠡᠨ ᠡᠷᠦᠭᠡ ᠶᠤᠮ᠃
《〈ᠡᠪᠡᠰᠦᠨ ᠤ᠋ ᠪᠢᠯᠧᠲ〉 ᠵᠢ ᠪᠣᠳᠠᠲᠠᠢ ᠪᠠᠷ ᠬᠡᠯᠡᠪᠡᠯ ᠰᠠᠢᠨ ᠳᠤᠷ᠎ᠠ ᠡᠴᠡ ᠪᠠᠨ ᠪᠡᠯᠡ ᠣᠷᠣᠭᠤᠯᠬᠤ ᠪᠠ ᠡᠷᠬᠡ ᠲᠡᠭᠰᠢ ᠪᠡᠷ ᠵᠥᠪᠳᠡᠯᠴᠡᠬᠦ ᠵᠠᠷᠴᠢᠮ ᠳᠣᠣᠷ᠎ᠠ᠂ ᠬᠣᠯᠪᠣᠭᠳᠠᠯ ᠪᠦᠬᠦᠢ ᠲᠣᠮᠣ᠌ ᠬᠡᠯᠪᠡᠷᠢ ᠵᠢᠨ ᠳᠠᠭᠠᠭᠤᠯᠤᠭ᠍ᠴᠢ ᠠᠵᠤ ᠠᠬᠤᠢᠯᠠᠯ ᠨᠢ ᠲᠣᠰᠬᠣᠨ ᠤ᠋ ᠬᠠᠮᠲᠤ ᠨᠡᠢ᠍ᠢᠳᠡ᠂ ᠮᠠᠯᠵᠢᠬᠤ ᠡᠷᠦᠭᠡ ᠲᠠᠢ ᠬᠠᠮᠲᠤ ᠪᠠᠷ ᠡᠵᠡᠩᠨᠡᠬᠦ᠂ ᠡᠵᠡᠩᠨᠡᠯᠳᠡ ᠵᠢᠨ ᠡᠷᠬᠡ ᠪᠡᠨ ᠬᠦᠢᠯᠬᠡᠬᠡᠯᠡᠬᠦ ᠵᠡᠷᠭᠡ ᠠᠷᠭ᠎ᠠ ᠬᠡᠯᠪᠡᠷᠢ ᠪᠡᠷ ᠨᠤᠲᠤᠭ ᠪᠡᠯᠴᠢᠭᠡᠷ ᠤ᠋ᠨ ᠠᠮᠢ ᠠᠬᠤᠢ ᠵᠢ ᠬᠠᠮᠠᠭᠠᠯᠠᠵᠤ ᠰᠡᠷᠭᠦᠭᠡᠬᠦ ᠵᠢᠨ ᠬᠠᠮᠳᠤ ᠡᠪᠡᠰᠦᠨ ᠤ᠋ ᠦᠢᠯᠡᠰ ᠬᠢᠬᠡᠳ ᠮᠠᠯ ᠠᠵᠤ ᠠᠬᠤᠢ ᠵᠢ ᠦᠷᠬᠦᠯᠵᠢᠯᠡᠨ ᠡᠵᠡᠩᠨᠡᠵᠦ᠂ ᠠᠵᠤ ᠠᠬᠤᠢ ᠵᠢᠨ ᠠᠰᠢᠭ᠋ ᠤᠷᠤᠯᠭ᠎ᠠ ᠪᠣᠯᠣᠨ ᠠᠮᠢ ᠠᠬᠤᠢ ᠵᠢᠨ ᠦᠷ᠎ᠡ ᠠᠰᠢᠭ ᠲᠦ᠍ ᠲᠦᠰᠢᠭᠯᠡᠨ ᠲᠣᠰᠬᠣᠨ ᠤ᠋ ᠬᠠᠮᠲᠤ ᠨᠡᠢᠳᠡ᠂ ᠮᠠᠯᠵᠢᠬᠤ ᠡᠷᠦᠭᠡ ᠵᠢᠴᠢ ᠨᠡᠢᠭᠡᠮ ᠤ᠋ᠨ ᠬᠥᠷᠥᠩᠭᠡ ᠳ᠋ᠤ ᠬᠠᠨᠳᠤᠭᠤᠯᠵᠤ ᠲᠠᠷᠬᠠᠭᠠᠭᠰᠠᠨ ᠠᠵᠤ ᠠᠬᠤᠢ ᠵᠢᠨ ᠡᠷᠬᠡ ᠠᠰᠢᠭ᠋ ᠤ᠋ᠨ ᠭᠡᠷᠡᠴᠢ ᠪᠠᠷᠢᠮᠲᠠ ᠪᠤᠯᠬᠤ ᠶᠤᠮ》 ᠭᠡᠵᠦ ᠲᠠᠷᠬᠠᠨ ᠮᠤᠤᠮᠢᠡᠭᠭᠠᠨ ᠬᠤᠯᠪᠤᠭᠠᠳᠤ ᠬᠤᠰᠢᠭᠤᠨ ᠤ᠋ ᠤᠢ ᠰᠢᠭᠤᠢ ᠪᠠ ᠨᠤᠳᠤᠭ ᠪᠡᠯᠴᠢᠭᠡᠷ ᠤ᠋ᠨ ᠲᠤᠪᠴᠢᠶ᠎ᠠ ᠵᠢᠨ ᠡᠪᠡᠰᠤᠨ ᠤ᠋ ᠪᠢᠯᠸᠲ ᠤ᠋ᠨ ᠠᠯᠪᠠᠨ ᠭᠡᠷ ᠤ᠋ᠨ ᠸᠠᠡᠭ ᠺᠠᠡᠭ ᠲᠠᠢᠯᠪᠦᠷᠢᠯᠠᠵᠤ ᠭᠠᠷᠤᠯ᠎ᠠ᠃
ᠳᠠᠷᠬᠠᠨ ᠮᠤᠤᠮᠢᠩᠭᠠᠨ ᠬᠣᠯᠪᠣᠭᠠᠲᠤ ᠬᠤᠰᠢᠭᠤᠨ ᠤ᠋ ᠳᠠᠷᠬᠠᠨ ᠰᠤᠮᠤ ᠵᠢᠨ ᠠᠯᠲᠠᠠᠲᠤᠭ ᠭᠠᠴᠠᠭ᠎ᠠ 32.9 ᠲᠦᠮᠡᠨ ᠮᠦ᠍ ᠪᠡᠯᠴᠢᠭᠡᠷ᠂ 50 ᠡᠷᠦᠬᠡ ᠲᠠᠢ ᠪᠠᠢᠵᠤ᠂ ᠨᠢᠳᠤᠨᠤᠨ ᠬᠠᠪᠤᠷ ᠪᠦᠬᠦ ᠬᠤᠰᠢᠭᠤᠨ ᠤ᠋ ᠪᠠᠨ ᠪᠡᠯᠴᠢᠭᠡᠷ ᠤ᠋ᠨ ᠲᠠᠭᠠᠭᠠᠴᠠ ᠪᠡᠷ ᠮᠠᠯ ᠮᠠᠯᠵᠢᠭᠰᠠᠨ ᠵᠢᠱ᠌ᠢᠶ᠎ᠡ ᠦᠵᠡᠭᠦᠯᠬᠦ ᠭᠠᠴᠠᠭ᠎ᠠ ᠪᠤᠯᠵᠠᠢ᠃ ᠨᠢᠳᠤᠨᠤᠨ ᠤ᠋ 12 ᠰᠠᠷ᠎ᠠ ᠳ᠋ᠤ ᠲᠡᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ᠋ 《ᠡᠪᠡᠰᠤᠨ ᠤ᠋ ᠪᠢᠯᠧᠲ》 ᠲᠸ᠋ ᠭᠠᠷ ᠤ᠋ᠨ ᠦᠰᠦᠭ ᠵᠢᠷᠤᠬᠤ ᠵᠢᠴᠢ ᠲᠠᠷᠬᠠᠭᠠᠯᠳᠠ ᠵᠢᠨ ᠶᠤᠰᠤᠯᠠᠯ ᠶᠠᠪᠤᠬᠳᠠᠵᠦ᠂ ᠳᠠᠷᠬᠠᠨ ᠰᠤᠮᠤ ᠵᠢᠨ ᠠᠯᠲᠠᠠᠲᠤᠭ ᠭᠠᠴᠠᠭᠠᠨ ᠤ᠋ 4 ᠮᠠᠯᠵᠢᠬᠤ ᠡᠷᠦᠭᠡ ᠵᠢᠨ 1.6 ᠲᠦᠮᠡᠨ ᠮᠸ᠋ ᠪᠡᠯᠴᠢᠭᠡᠷ ᠲᠦᠷᠦᠬᠦᠤ ᠪᠦᠯᠦᠭ ᠤ᠋ᠨ ᠲᠤᠷᠰᠢᠯᠳᠠ ᠵᠢᠨ ᠤᠷᠤᠨ ᠪᠦᠰᠨ ᠪᠤᠯᠵᠦ᠂ ᠲᠡᠳᠡ 《ᠡᠪᠡᠰᠦᠨ ᠤ᠋ ᠪᠢᠯᠸᠲ》 ᠵᠢᠡᠨ ᠭᠠᠷᠳᠠᠨ ᠠᠪᠴᠠᠢ᠃
《ᠨᠢᠳᠤᠨᠤᠨ ᠮᠠᠨ ᠤ᠋ ᠭᠠᠴᠠᠭ᠎ᠠ ᠵᠢᠨ 4 ᠡᠷᠦᠭᠡ ᠪᠦᠬᠦ ᠤᠯᠤᠰ ᠤ᠋ᠨ ᠠᠩᠬᠠᠨ ᠤ᠋〈ᠡᠪᠡᠰᠦᠨ ᠤ᠋ ᠪᠢᠯᠧᠲ〉 ᠢ᠋ ᠲᠤᠰᠤᠭᠰᠠᠨ ᠶᠤᠮ᠃ 1 ᠮᠸ᠋ ᠪᠡᠯᠴᠢᠬᠡᠷ ᠲᠸ᠋ 10 ᠲᠦᠭᠦᠷᠢᠭ ᠤ᠋ᠨ ᠨᠦᠬᠦᠪᠦᠷᠢ ᠥᠭᠴᠦ᠂ 5 ᠲᠦᠭᠦᠷᠢᠭ ᠢ᠋ ᠨᠢ ᠪᠡᠯᠡᠨ ᠵᠤᠭᠤᠰ ᠵᠢᠡᠷ ᠥᠭᠴᠦ᠂ ᠦᠯᠡᠳᠡᠭᠰᠡᠨ 5 ᠲᠦᠭᠦᠷᠢᠭ ᠢ᠋ ᠨᠢ 〈ᠡᠪᠡᠰᠦᠨ ᠤ᠋ ᠪᠢᠯᠸᠲ〉 ᠪᠤᠯᠭᠠᠪᠠ᠃ ᠡᠨᠡ ᠵᠢᠯ ᠪᠢ 〈ᠡᠪᠡᠰᠦᠨ ᠤ᠋ ᠪᠢᠯᠧᠲ〉ᠵᠢᠡᠨ ᠪᠠᠷᠢᠴᠠᠭᠠᠯᠠᠨ ᠵᠢᠭᠡᠯᠡᠯᠭᠡ ᠠᠪᠴᠦ ᠵᠠᠭᠤᠭᠠᠳ ᠬᠤᠨᠢ ᠬᠤᠳᠠᠯᠳᠤᠵᠦ ᠠᠪᠤᠯ᠎ᠠ᠃ ᠬᠤᠰᠢᠭᠤᠨ ᠡᠴᠡ ᠮᠠᠯ ᠤ᠋ᠨ ᠡᠭᠦᠯᠳᠡᠷ ᠢ᠋ ᠰᠠᠢᠵᠢᠷᠠᠭᠤᠯᠬᠤ ᠪᠡᠷ ᠭᠠᠷ ᠭᠡᠭᠡᠯᠲᠦᠬᠦᠯᠭᠡ ᠬᠢᠵᠦ ᠥᠭᠬᠦᠭᠰᠡᠨ᠂ ᠦᠩᠬᠡᠷᠡᠭᠰᠡᠨ ᠳ᠋ᠤ 1 ᠮᠠᠯ ᠤ᠋ᠨ ᠭᠠᠷ ᠭᠡᠭᠡᠯᠲᠦᠬᠦᠯᠭᠡ ᠬᠢᠬᠦ ᠳ᠋ᠤ 40 ᠲᠦᠭᠦᠷᠢᠭ ᠤᠷᠤᠵᠤ᠂〈ᠡᠪᠡᠰᠤᠨ ᠤ᠋ ᠪᠢᠯᠧᠲ〉ᠤ᠋ᠨ ᠡᠷᠦᠭᠡ ᠪᠤᠯᠤᠭᠰᠠᠨ ᠡᠴᠡ ᠮᠠᠯᠴᠢᠳ ᠦᠪᠡᠰᠤᠪᠠᠨ 10 ᠲᠦᠭᠦᠷᠢᠭ ᠢ᠋ ᠯᠠ ᠭᠠᠷᠭᠠᠵᠦ᠂ 30 ᠲᠦᠬᠦᠷᠢᠭ ᠢ᠋ ᠨᠢ ᠬᠠᠷᠠᠭᠠᠯᠵᠠᠯ ᠵᠢᠡᠷ ᠦᠭᠳᠡᠭ ᠪᠤᠯᠵᠡᠢ᠃ ᠶᠡᠷᠦ ᠨᠢ ᠬᠡᠯᠡᠬᠦ ᠳ᠋ᠤ 〈ᠡᠪᠡᠰᠤᠨ ᠤ᠋ ᠪᠢᠯᠧᠲ〉 ᠤ᠋ᠨ ᠡᠯ᠎ᠡ ᠵᠦᠢᠯ ᠤ᠋ᠨ ᠬᠠᠷᠠᠭᠠᠯᠵᠠᠯ ᠤᠯᠠᠨ ᠪᠠᠢᠵᠦ᠂ ᠪᠢᠳᠠ ᠪᠡᠯᠴᠢᠭᠡᠷ ᠤ᠋ᠨ ᠲᠠᠭᠠᠭᠠᠴᠠ ᠪᠡᠷ ᠮᠠᠯ ᠮᠠᠯᠵᠢᠬᠤ ᠵᠢ ᠵᠢᠷᠤᠮᠯᠠᠨ ᠠᠮᠢ ᠠᠬᠤᠢ ᠪᠠᠨ ᠰᠠᠢᠲᠤᠷ ᠬᠠᠮᠠᠭᠠᠯᠠᠵᠤ᠂ ᠨᠤᠲᠤᠭ ᠪᠡᠯᠴᠢᠭᠡᠷ ᠤ᠋ᠨ ᠦᠷᠳᠡᠭ ᠢ᠋ ᠤᠯᠠᠮ ᠨᠡᠮᠡᠭᠳᠡᠬᠦᠯᠬᠦ ᠪᠠᠷ ᠴᠢᠷᠮᠠᠢᠨ᠎ᠠ》 ᠭᠡᠵᠦ ᠠᠯᠲᠠᠠᠲᠤᠭ ᠭᠠᠴᠠᠭ᠎ᠠ ᠵᠢᠨ ᠨᠠᠮ ᠤ᠋ᠨ ᠡᠭᠦᠷ ᠤ᠋ᠨ ᠱᠦᠵᠢ ᠬᠦᠬᠡ ᠶᠠᠷᠢᠨ᠎ᠠ᠃
ᠲᠥᠷᠥᠬᠥᠬᠡᠨ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠲᠠᠴᠢᠷᠳᠠᠬᠰᠠᠨ ᠨᠤᠳᠤᠭ ᠪᠡᠯᠴᠢᠬᠡᠷ ᠤ᠋ᠨ ᠲᠦᠷᠦᠬᠦᠤ ᠪᠦᠯᠦᠭ ᠤ᠋ᠨ 10 ᠲᠦᠮᠡᠨ ᠲᠤᠨ ᠨᠡᠭᠦᠷᠡᠰᠦᠳᠦ᠋ᠷᠦᠭᠴᠢ ᠬᠤᠷᠠᠮᠳᠤᠭᠤᠯᠬᠤ ᠠᠷᠠᠯᠵᠢᠶ᠎ᠠ ᠳ᠋ᠤ ᠭᠠᠷ ᠤ᠋ᠨ ᠦᠰᠦᠭ ᠵᠢᠷᠤᠵᠤ᠂ ᠠᠷᠠᠯᠵᠢᠶᠡᠨ ᠤ᠋ ᠵᠤᠭᠤᠰ ᠨᠢ 70 ᠲᠦᠮᠡᠨ ᠲᠦᠬᠦᠷᠢᠭ ᠲᠦ᠍ ᠬᠦᠷᠴᠠᠢ᠃ ᠢᠩᠬᠢᠬᠡᠳ《ᠡᠪᠡᠰᠦᠨ ᠤ᠋ ᠪᠢᠯᠧᠲ》ᠤ᠋ᠨ ᠲᠤᠬᠳᠠᠴᠠ ᠳ᠋ᠤ ᠰᠢᠨ᠎ᠠ ᠰᠢᠪᠳᠤᠯᠤᠯᠳᠠ ᠭᠠᠷᠭᠠᠨ᠂ ᠲᠠᠴᠢᠷᠳᠠᠬᠰᠠᠨ ᠨᠤᠳᠤᠭ ᠪᠡᠯᠴᠢᠬᠡᠷ ᠤ᠋ᠨ ᠠᠮᠢ ᠠᠬᠤᠢ ᠵᠢᠨ ᠦᠷᠳᠡᠭ ᠢ᠋ ᠪᠡᠶᠡᠯᠡᠬᠦᠯᠬᠦ ᠰᠢᠨ᠎ᠠ ᠵᠠᠮ ᠢ᠋ ᠨᠡᠭᠡᠭᠡᠵᠤ᠂ 《ᠡᠪᠡᠰᠦᠨ ᠤ᠋ ᠪᠢᠯᠧᠲ 2.0》 ᠤ᠋ᠨ ᠦᠭᠡᠷᠡᠴᠢᠯᠡᠯᠳᠡ ᠵᠢᠨ ᠬᠠᠭᠤᠳᠠᠰᠤ ᠵᠢ ᠰᠡᠬᠦᠯ᠎ᠠ᠃
ᠸᠠᠡᠭ ᠺᠠᠡᠭ ᠤ᠋ᠨ ᠬᠡᠯᠡᠬᠦ ᠪᠡᠷ᠂ 《ᠡᠪᠡᠰᠦᠨ ᠤ᠋ ᠪᠢᠯᠧᠲ》 ᠢ᠋ ᠲᠠᠷᠬᠠᠭᠠᠬᠤ ᠪᠡᠷ ᠲᠠᠮᠵᠢᠨ ᠨᠤᠳᠤᠭ ᠪᠡᠯᠴᠢᠬᠡᠷ ᠤ᠋ᠨ ᠦᠷᠳᠡᠭ ᠲᠦ᠍ ᠨᠠᠷᠢᠯᠢᠭ ᠲᠤᠭᠠᠴᠠᠭ᠎ᠠ ᠬᠢᠵᠠᠢ᠃ ᠡᠨᠡ ᠨᠢ ᠨᠢᠬᠡ ᠲᠠᠯ᠎ᠠ ᠪᠡᠷ ᠮᠠᠯᠴᠢᠳ ᠤ᠋ᠨ ᠨᠤᠳᠤᠭ ᠪᠡᠯᠴᠢᠬᠡᠷ ᠤ᠋ᠨ ᠦᠷᠳᠡᠭ ᠤ᠋ᠨ ᠲᠤᠬᠠᠢ ᠲᠠᠨᠢᠯᠳᠠ ᠵᠢ ᠬᠦᠨᠵᠡᠬᠡᠢᠷᠡᠬᠦᠯᠬᠦ ᠵᠢᠨ ᠤᠯᠠᠮ ᠵᠢᠡᠷ ᠨᠤᠳᠤᠭ ᠪᠡᠯᠴᠢᠬᠡᠷ ᠢ᠋ ᠬᠠᠮᠠᠭᠠᠯᠠᠬᠤ ᠤᠬᠠᠮᠰᠠᠷ ᠢ᠋ ᠨᠢ ᠤᠯᠠᠮ ᠲᠠᠬᠡᠭᠰᠢᠯᠡᠬᠦᠯᠵᠤ᠂ ᠪᠠᠰᠠ 《ᠡᠪᠡᠰᠦᠨ ᠤ᠋ ᠪᠢᠯᠧᠲ》 ᠤ᠋ᠨ ᠦᠷᠳᠡᠭ ᠨᠡᠮᠡᠭᠳᠡᠯ ᠤ᠋ᠨ ᠠᠰᠢᠭ ᠢ᠋ ᠬᠤᠪᠢᠶᠠᠨ ᠦᠭᠴᠤ ᠤᠷᠤᠯᠭ᠎ᠠ ᠵᠢ ᠨᠢ ᠨᠡᠮᠡᠭᠳᠡᠬᠦᠯᠳᠡᠭ; ᠨᠦᠬᠦᠬᠡ ᠲᠠᠯ᠎ᠠ ᠪᠡᠷ ᠠᠵᠤ ᠠᠬᠤᠢᠯᠠᠯ 《ᠡᠪᠡᠰᠦᠨ ᠤ᠋ ᠪᠢᠯᠧᠲ》 ᠵᠢᠡᠷ ᠲᠠᠮᠵᠢᠨ ᠡᠪᠡᠰᠤᠨ ᠤ᠋ ᠦᠢᠯᠡᠰ ᠬᠢᠬᠡᠳ ᠮᠠᠯ ᠠᠵᠤ ᠠᠬᠤᠢ ᠵᠢ ᠬᠠᠮᠵᠢᠯᠴᠠᠨ ᠬᠦᠭᠵᠢᠬᠦᠯᠵᠤ᠂ ᠡᠷᠴᠢᠮᠵᠢᠭᠰᠡᠨ ᠬᠡᠪᠴᠢᠶᠡᠵᠢᠭᠰᠡᠨ ᠡᠵᠡᠩᠨᠡᠯᠳᠡ ᠪᠡᠷ ᠦᠢᠯᠡᠳᠪᠤᠷᠢᠯᠡᠯ ᠤ᠋ᠨ ᠦᠷ᠎ᠠ ᠠᠰᠢᠭ ᠵᠢᠡᠨ ᠨᠡᠮᠡᠭᠳᠡᠬᠦᠯᠵᠤ ᠪᠤᠯᠳᠠᠭ᠃ ᠡᠢᠮᠤ ᠪᠤᠯᠬᠤᠷ《ᠡᠪᠡᠰᠦᠨ ᠤ᠋ ᠪᠢᠯᠧᠲ》 ᠤ᠋ᠨ ᠲᠤᠭᠳᠠᠴᠠ ᠨᠢ ᠵᠠᠬ᠎ᠠ ᠲᠠᠯᠬᠡᠬᠦᠷᠴᠢᠯᠡᠭᠰᠡᠨ ᠠᠷᠭ᠎ᠠ ᠪᠠᠷᠢᠯ ᠵᠢᠡᠷ ᠨᠤᠳᠤᠭ ᠪᠡᠯᠴᠢᠬᠡᠷ ᠢ᠋ ᠬᠦᠷᠦᠩᠬᠡᠵᠢᠬᠦᠯᠵᠤ᠂ ᠨᠤᠳᠤᠭ ᠪᠡᠯᠴᠢᠬᠡᠷ ᠤ᠋ᠨ ᠠᠮᠢ ᠠᠬᠤᠢ ᠵᠢ ᠬᠠᠮᠠᠭᠠᠯᠠᠬᠤ ᠪᠠ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠳ᠋ᠤ ᠰᠢᠨ᠎ᠠ ᠵᠠᠭᠪᠤᠷ ᠬᠠᠩᠭᠠᠭᠰᠠᠨ ᠪᠠᠢᠨ᠎ᠠ᠃
᠁
ᠡᠬᠦᠯᠡᠨ ᠴᠡᠩᠬᠡᠷ ᠨᠤᠲᠤᠭ ᠦᠳᠡ ᠵᠢᠨ ᠨᠠᠷᠠᠨ ᠳ᠋ᠤ ᠵᠡᠭᠦᠷᠮᠡᠭᠯᠡᠨ᠎ᠡ᠃
ᠦᠷᠬᠦᠭᠡ ᠴᠠᠭᠠᠨ ᠭᠡᠷ ᠡᠴᠡ ᠮᠠᠯᠴᠢᠳ ᠤ᠋ᠨ ᠪᠠᠶᠠᠰᠤᠯ ᠴᠤᠤᠷᠢᠶᠠᠳᠤᠨ᠎ᠠ᠃
ᠪᠢᠳᠡᠨ ᠤ᠋ ᠰᠤᠷᠪᠤᠯᠵᠢᠯᠠᠭ᠎ᠠ ᠠᠪᠤᠭᠰᠠᠨ ᠡᠯ᠎ᠠ ᠭᠠᠵᠠᠷ ᠤ᠋ᠨ ᠬᠢᠨ ᠬᠠᠰᠢᠶᠠᠯᠠᠨ ᠲᠠᠵᠢᠬᠡᠵᠤ ᠬᠠᠭᠠᠰ ᠬᠠᠰᠢᠶᠠᠯᠠᠨ ᠲᠠᠵᠢᠬᠡᠬᠦ ᠵᠠᠭᠪᠤᠷ᠂ ᠤᠶᠤᠨᠴᠢ ᠮᠠᠯᠵᠢᠯ ᠤ᠋ᠨ ᠲᠠᠯᠠᠪᠠᠢ ᠵᠢᠨ ᠵᠠᠭᠪᠤᠷ᠂ 《ᠬᠠᠮᠳᠤ ᠵᠢᠨ ᠠᠵᠤ ᠠᠬᠤᠢ ᠵᠢᠨ ᠵᠤᠬᠢᠶᠠᠨ ᠪᠠᠢᠭᠤᠯᠤᠯᠳᠠ + ᠲᠤᠰᠬᠠᠢ ᠬᠤᠷᠰᠢᠶ᠎ᠠ》 ᠵᠢᠨ ᠵᠠᠭᠪᠤᠷ᠂ ᠨᠡᠢᠳᠡᠨ ᠲᠠᠵᠢᠬᠡᠯᠬᠡᠬᠦ ᠠᠰᠢᠭ ᠲᠤᠰᠠ ᠵᠢᠨ ᠬᠤᠯᠪᠤᠭᠠᠨ ᠤ᠋ ᠵᠠᠭᠪᠤᠷ᠂ ᠲᠠᠷᠢᠶᠠᠯᠠᠬᠤ ᠤᠷᠤᠨ ᠳ᠋ᠤ ᠤᠳᠤᠷᠯᠠᠨ ᠡᠪᠤᠯᠵᠢᠬᠦ ᠵᠠᠭᠪᠤᠷ᠂ ᠮᠠᠯ ᠠᠵᠤ ᠠᠬᠤᠢ ᠰᠤᠶᠤᠯ ᠵᠢᠭᠤᠯᠴᠢᠯᠠᠯ ᠢ᠋ ᠠᠭᠤᠰᠤᠯᠴᠠᠭᠤᠯᠤᠭᠰᠠᠨ ᠵᠠᠭᠪᠤᠷ ᠵᠡᠷᠬᠡ ᠦᠪᠡᠷᠳᠡᠬᠡᠨ ᠵᠠᠰᠠᠬᠤ ᠤᠷᠤᠨ ᠤ᠋ ᠪᠡᠯᠴᠢᠬᠡᠷ ᠤ᠋ᠨ ᠲᠠᠭᠠᠭᠠᠴᠠ ᠡᠴᠡ ᠬᠡᠳᠤᠷᠠᠳᠡᠯᠠ ᠪᠡᠯᠴᠢᠬᠡᠷᠯᠡᠬᠦᠯᠬᠦ ᠠᠰᠠᠭᠤᠳᠠᠯ ᠢ᠋ ᠰᠢᠢᠳᠪᠤᠷᠢᠯᠡᠬᠦ ᠵᠠᠭᠪᠤᠷ ᠤ᠋ᠳ ᠢ᠋ ᠤᠷᠤᠨ ᠨᠤᠳᠤᠭ ᠤ᠋ᠨ ᠪᠤᠳᠠᠳᠤ ᠪᠠᠢᠳᠠᠯ ᠲᠠᠢ ᠪᠠᠨ ᠤᠶᠠᠯᠳᠤᠭᠤᠯᠤᠨ ᠰᠢᠨᠡᠴᠢᠯᠡᠨ ᠬᠦᠭᠵᠢᠬᠦᠯᠬᠦ ᠵᠢᠨ ᠬᠠᠮᠳᠤ ᠬᠦᠴᠦᠯᠡᠨ ᠲᠦᠬᠡᠮᠡᠯᠵᠢᠬᠦᠯᠵᠤ᠂ ᠪᠠᠰᠠ 《ᠡᠪᠡᠰᠦᠨ ᠤ᠋ ᠪᠢᠯᠧᠲ》 ᠮᠡᠳᠤ ᠵᠢᠨ ᠦᠪᠡᠷᠮᠢᠴᠡ ᠵᠠᠭᠪᠤᠷ ᠢ᠋ ᠬᠠᠢᠨ ᠰᠦᠪᠡᠭᠴᠢᠯᠡᠵᠤ᠂ ᠰᠢᠨ᠎ᠠ ᠵᠠᠭᠪᠤᠷ ᠵᠢᠡᠷ ᠵᠢᠱ᠌ᠢᠶᠠ ᠦᠵᠡᠬᠦᠯᠵᠤ ᠬᠦᠳᠤᠯᠤᠨ ᠲᠠᠭᠠᠭᠤᠯᠵᠤ ᠮᠠᠯᠴᠢᠨ ᠲᠦᠮᠡᠨ ᠳ᠋ᠤ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠪᠠᠨ ᠶᠠᠭᠠᠬᠢᠵᠤ ᠬᠤᠪᠢᠷᠠᠭᠤᠯᠵᠤ ᠶᠠᠭᠠᠬᠢᠵᠤ ᠲᠡᠰ ᠲᠡᠪᠰᠢᠬᠦᠯᠬᠦ ᠠᠷᠭ᠎ᠠ ᠵᠠᠮ ᠢ᠋ ᠬᠠᠩᠭᠠᠵᠤ ᠪᠠᠢᠨ᠎ᠠ᠃ ᠵᠢᠷᠠᠨ ᠨᠠᠰᠤᠨ ᠤ᠋ ᠳᠦᠷᠦᠭᠡ ᠰᠢᠬᠦᠷᠡᠭᠰᠡᠨ ᠴᠸ᠋ ᠤᠶᠤᠨᠴᠢ ᠪᠡᠷ ᠮᠠᠯ ᠮᠠᠯᠵᠢᠵᠦ ᠶᠠᠪᠤᠭ᠎ᠠ ᠵᠠᠶᠠᠭ᠎ᠠ ᠵᠢᠨ ᠭᠡᠭᠡᠨ ᠤᠬᠠᠭᠠᠨ᠂ ᠦᠭᠡᠷ ᠢᠮᠠᠭ᠎ᠠ ᠪᠠᠨ ᠨᠠᠢᠳᠠᠨ ᠲᠡᠵᠢᠭᠡᠯᠭᠡᠵᠦ ᠨᠤᠲᠤᠭ ᠪᠡᠯᠴᠢᠭᠡᠷ ᠵᠢᠡᠨ ᠰᠡᠷᠭᠦᠭᠡᠵᠦ ᠶᠠᠪᠤᠭ᠎ᠠ ᠰᠡᠴᠡᠨᠲᠤ ᠵᠢᠨ ᠮᠡᠷᠭᠡᠨ ᠰᠠᠨᠠᠭ᠎ᠠ᠂ 《ᠡᠪᠡᠰᠦᠨ ᠤ᠋ ᠪᠢᠯᠸᠲ》 ᠲᠦ᠍ ᠲᠦᠰᠢᠭᠯᠡᠨ ᠨᠤᠳᠤᠭ ᠪᠡᠯᠴᠢᠭᠡᠷ ᠤ᠋ᠨ ᠦᠷᠳᠡᠭ ᠵᠢᠡᠨ ᠨᠡᠮᠡᠭᠳᠡᠭᠦᠯᠵᠦ ᠶᠠᠪᠤᠭ᠎ᠠ ᠬᠦᠬᠡ ᠵᠢᠨ ᠬᠤᠯᠠᠴᠢ ᠪᠤᠳᠤᠯ᠃ ᠡᠨᠡ ᠪᠦᠬᠦᠨ ᠪᠤᠯ ᠮᠠᠯ ᠠᠵᠤ ᠠᠬᠤᠢ ᠵᠢᠨ ᠦᠢᠯᠡᠳᠪᠦᠷᠢᠯᠡᠯ ᠤ᠋ᠨ ᠠᠷᠭ᠎ᠠ ᠭᠡᠯᠪᠡᠷᠢ ᠪᠠᠨ ᠬᠤᠪᠢᠷᠠᠭᠤᠯᠬᠤ ᠬᠡᠰᠡᠨ ᠮᠠᠯᠴᠢᠨ ᠲᠦᠮᠡᠨ ᠤ᠋ ᠬᠦᠬᠡᠬᠡᠴᠡᠯᠳᠦᠯ᠂ ᠮᠠᠷᠭᠠᠰᠢ ᠳ᠋ᠠᠭᠠᠨ ᠲᠡᠮᠡᠤᠯᠬᠦ ᠵᠤᠷᠢᠯᠭ᠎ᠠ ᠶᠤᠮᠰᠠᠨ᠃