《ᠳᠡᠰ᠎ᠠᠴᠠ ᠳᠠᠪᠠᠭᠰᠠᠨ ᠰᠠᠷᠠ》 ᠵᠢ ᠠᠮᠵᠢᠵᠤ ᠰᠤᠨᠢᠷᠬᠠᠭᠠᠷᠠᠢ!
2025-12-05 09:43:41
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

12 ᠰᠠᠷ᠎ᠠ᠎ᠶᠢᠨ 5᠎ᠤ ᠡᠳᠦᠷ᠎ᠤᠨ ᠦᠷ ᠵᠢᠡᠷ᠂ ᠡᠨᠡ ᠵᠢᠯ᠎ᠦᠨ ᠬᠣᠶᠠᠳᠡᠬᠢ ᠳᠤᠮᠤ ᠲᠡᠷᠭᠡᠯ ᠰᠠᠷᠠ ᠰᠥᠨᠢ᠎ᠶᠢᠨ ᠣᠭᠲᠠᠷᠭᠤᠢ᠎ᠳᠤ ᠢᠯᠡᠷᠡᠨ᠎ᠡ᠃ ᠡᠨᠡ ᠨᠢ ᠮᠥᠨ ᠴᠦ᠍ 2025 ᠣᠨ᠎ᠤ ᠬᠠᠮᠤᠭ᠎ᠤᠨ ᠰᠡᠭᠦᠯᠴᠢ᠎ᠶᠢᠨ ᠨᠢᠭᠡ ᠤᠳᠠᠭᠠᠨ᠎ᠤ 《ᠲᠠᠰ ᠠ᠋ᠴᠠ ᠳᠠᠪᠠᠭᠰᠠᠨ ᠰᠠᠷᠠ》 ᠪᠣᠯᠣᠨ᠎ᠠ᠃

 

ᠰᠣᠨᠢᠷᠬᠠᠯ᠎ᠲᠠᠢ ᠬᠦᠮᠦᠰ ᠡᠨᠡ ᠤᠳᠠᠭ᠎ᠠ ᠵᠠᠪᠰᠢᠶᠠᠨ᠎ᠢ ᠠᠯᠳᠠᠵᠤ ᠪᠣᠯᠬᠤ ᠦᠭᠡᠢ ᠰᠢᠤ!

 QQ20251205-094414.png


ᠡᠨᠡ ᠵᠢᠯ ᠳ᠋ᠤ ᠨᠡᠶ᠋ᠢᠲᠡ ᠭᠤᠷᠪᠠ ᠤᠳᠠᠭ᠎ᠠ ᠵᠢᠨ《ᠳᠡᠰ᠎ᠠᠴᠠ ᠳᠠᠪᠠᠭᠰᠠᠨ ᠰᠠᠷᠠ》ᠪᠤᠢ᠂ ᠲᠤᠰ ᠪᠦᠷᠢ 10 ᠰᠠᠷ᠎ᠠ᠎ᠶᠢᠨ 7᠎ᠤ ᠡᠳᠦᠷ᠂ 11 ᠰᠠᠷ᠎ᠠ᠎ᠶᠢᠨ 5᠎ᠤ ᠡᠳᠦᠷ  ᠪᠤᠯᠤᠨ 12 ᠰᠠᠷ᠎ᠠ᠎ᠶᠢᠨ 5᠎ᠤ ᠡᠳᠦᠷ ᠪᠤᠯᠤᠨ᠎ᠠ᠃

ᠬᠡᠷᠪᠡ ᠶᠡᠭᠡ ᠪᠠᠭ᠎ᠠ ᠪᠡᠷ ᠨᠢ ᠵᠢᠭ᠍ᠰᠠᠭᠠᠪᠠᠯ᠄

11 ᠰᠠᠷ᠎ᠠ᠎ᠶᠢᠨ 5᠎ᠤ ᠡᠳᠦᠷ᠎ᠤᠨ ᠬᠢ ᠨᠢ ᠬᠠᠮᠤᠭ᠎ᠤᠨ ᠳᠤᠮᠤ

12 ᠰᠠᠷ᠎ᠠ᠎ᠶᠢᠨ 5᠎ᠤ ᠡᠳᠦᠷ᠎ᠤᠨ ᠬᠢ ᠨᠢ ᠬᠣᠶᠠᠳᠤᠭᠠᠷ

10 ᠰᠠᠷ᠎ᠠ᠎ᠶᠢᠨ 7᠎ᠤ ᠡᠳᠦᠷ᠎ᠤᠨ ᠬᠢ ᠨᠢ ᠭᠤᠷᠪᠠᠳᠤᠭᠠᠷ ᠪᠣᠯᠣᠨ᠎ᠠ


QQ20251205-094424.png



ᠪᠡᠭᠡᠵᠢᠩ᠎ᠦᠨ ᠣᠳᠣᠨ ᠣᠷᠣᠨ᠎ᠤ ᠰᠤᠳᠤᠯᠤᠯ᠎ᠤᠨ ᠣᠷᠳᠣᠨ᠎ᠤ ᠳᠡᠭᠡᠳᠦ ᠵᠡᠷᠭᠡ  ᠶ᠋ᠢᠨ ᠢᠨᠵᠧᠨᠧᠷ  ᠺᠧᠥ ᠸᠸᠨ᠎ᠤ ᠳᠠᠨᠢᠯᠴᠠᠭᠤᠯᠤᠭᠰᠠᠨ ᠵᠢᠡᠷ᠂ 《ᠲᠠᠰ  ᠠ᠋ᠴᠠ ᠳᠠᠪᠠᠭᠰᠠᠨ ᠰᠠᠷᠠ》ᠵᠢ ᠣᠳᠣᠨ ᠣᠷᠣᠨ᠎ᠤ ᠰᠤᠳᠤᠯᠤᠯ ᠳ᠋ᠤ ᠭᠠᠵᠠᠷ᠎ᠠᠴᠠ ᠣᠶ᠋ᠢᠷᠠᠯᠴᠠᠭ᠎ᠠ ᠲᠡᠷᠭᠡᠯ ᠰᠠᠷᠠ ᠬᠡᠪᠡᠯ ᠨᠡᠩ ᠣᠨᠣᠪᠴᠢᠲᠠᠢ᠃

ᠰᠠᠷᠠ ᠨᠢᠭᠡᠨ ᠵᠤᠤᠪᠠᠩ ᠳᠤᠭᠤᠷᠢᠯ ᠵᠠᠮ ᠳᠡᠭᠡᠷ᠎ᠡ ᠳᠡᠯᠡᠬᠡᠢ᠎ᠶᠢᠨ ᠪᠥᠮᠪᠥᠷᠴᠡᠭ᠎ᠢ ᠲᠣᠭᠣᠷᠢᠨ ᠡᠷᠭᠢᠵᠤ᠂ ᠲᠣᠭᠣᠷᠢᠯᠲᠠ᠎ᠶᠢᠨ ᠵᠠᠮ ᠳᠡᠭᠡᠷᠡᠬᠢ ᠳᠡᠯᠡᠬᠡᠢ᠎ᠶᠢᠨ ᠪᠥᠮᠪᠥᠷᠴᠡᠭ᠎ᠡᠴᠡ ᠬᠠᠮᠤᠭ᠎ᠤᠨ ᠣᠢᠷ᠎ᠠ ᠴᠡᠭ᠎ᠢ ᠭᠠᠵᠠᠷ ᠡᠴᠡ ᠣᠢᠷ᠎ᠠ ᠴᠡᠭ ᠭᠡᠵᠤ᠂ ᠬᠠᠮᠤᠭ᠎ᠤᠨ ᠬᠣᠯᠠ ᠴᠡᠭ᠎ᠢ ᠭᠠᠵᠠᠷ ᠡᠴᠡ ᠬᠣᠯᠠ ᠴᠡᠭ ᠭᠡᠨ᠎ᠡ᠃

ᠰᠠᠷᠠ ᠭᠠᠵᠠᠷ᠎ᠠᠴᠠ ᠣᠢᠷ᠎ᠠ ᠪᠤᠯᠬᠤ ᠦᠶᠡᠰ ᠪᠢᠳᠡᠨ᠎ᠡᠴᠡ ᠬᠠᠮᠤᠭ᠎ᠤᠨ ᠣᠢᠷ᠎ᠠ᠂ ᠦᠵᠡᠬᠦ᠎ᠳᠦ ᠪᠠᠰᠠ ᠬᠠᠮᠤᠭ᠎ᠤᠨ ᠳᠤᠮᠤ ᠪᠠᠢᠵᠤ᠂ ᠭᠠᠵᠠᠷ ᠡᠴᠡ ᠬᠣᠯᠠ ᠪᠤᠯᠬᠤ ᠦᠶᠡᠰ ᠪᠢᠳᠡᠨ᠎ᠡᠴᠡ ᠬᠠᠮᠤᠭ᠎ᠤᠨ ᠬᠣᠯᠠ᠂ ᠦᠵᠡᠬᠦ᠎ᠳᠦ ᠴᠸ᠋ ᠬᠠᠮᠤᠭ᠎ᠤᠨ ᠪᠠᠭ᠎ᠠ ᠪᠠᠢᠳᠠᠭ᠃


QQ20251205-094437.png


ᠬᠡᠷᠪᠡ ᠲᠡᠷᠭᠡᠯ ᠰᠠᠷᠠ ᠶᠠᠭ ᠭᠠᠵᠠᠷ ᠡᠴᠡ ᠤᠢᠷ᠎ᠠ ᠴᠡᠭ᠎ᠲᠤ ᠪᠠᠢᠪᠠᠯ ᠲᠣᠮᠣ᠌ ᠮᠥᠷᠲᠡᠭᠡᠨ ᠲᠣᠭᠣᠷᠢᠭ᠋ ᠬᠠᠷᠠᠭᠳᠠᠨ᠎ᠠ᠂ ᠳᠠᠷᠤᠢ 《ᠳᠡᠰ᠎ᠠᠴᠠ ᠳᠠᠪᠠᠭᠰᠠᠨ ᠰᠠᠷᠠ》 ᠪᠣᠯᠣᠨ᠎ᠠ᠃

ᠰᠠᠷᠠ ᠵᠢ ᠰᠣᠨᠢᠷᠬᠠᠬᠤ ᠳᠤᠷᠠᠲᠠᠢ ᠬᠦᠮᠦᠰ 12 ᠰᠠᠷ᠎ᠠ᠎ᠶᠢᠨ 4᠎ᠦ ᠣᠷᠣᠢ᠎ᠠᠴᠠ ᠡᠬᠢᠯᠡᠨ ᠰᠣᠨᠢᠷᠬᠠᠵᠤ ᠪᠣᠯᠣᠨ᠎ᠠ᠂ 12 ᠰᠠᠷ᠎ᠠ᠎ᠶᠢᠨ 5᠎ᠤ ᠡᠳᠦᠷ᠎ᠦᠨ 7 ᠴᠠᠭ 14 ᠮᠢᠨᠦ᠋ᠲ ᠎ᠲᠦ ᠰᠠᠷᠠᠨ ᠪᠥᠮᠪᠥᠷᠴᠡᠭ ᠬᠠᠮᠤᠭ᠎ᠤᠨ ᠰᠠᠢᠬᠠᠨ ᠲᠣᠭᠣᠷᠢᠭ᠋ ᠬᠡᠯᠪᠡᠷᠢ᠎ᠲᠠᠢ ᠪᠣᠯᠣᠨ᠎ᠠ᠃ ᠭᠡᠲᠡᠯ᠎ᠡ ᠡᠨᠡ ᠦᠶ᠎ᠡ ᠎ᠳᠦ ᠲᠡᠭᠷᠢ ᠨᠢᠭᠡᠨᠳᠡ ᠭᠡᠭᠡᠷᠡᠬᠦ ᠪᠤᠯᠬᠤᠷ᠂ ᠲᠤᠰᠬᠠᠢ ᠮᠡᠷᠭᠡᠵᠢᠯ ᠎ᠦᠨ ᠲᠥᠬᠦᠭᠡᠷᠦᠮᠵᠢ᠎ᠶᠢᠨ ᠲᠤᠰᠠᠯᠠᠮᠵᠢ᠎ᠪᠠᠷ ᠯᠠ ᠰᠣᠨᠢᠷᠬᠠᠬᠤ ᠴᠢᠬᠤᠯᠠᠲᠠᠢ᠃

2025 ᠣᠨ ᠤᠳᠠᠯ ᠦᠭᠡᠢ ᠥᠩᠭᠡᠷᠡᠬᠦ ᠪᠤᠯᠤᠯ᠎ᠡ᠂ ᠴᠣ ᠰᠢᠨ᠎ᠡ 2026 ᠣᠨ ᠤᠳᠠᠯ ᠦᠭᠡᠢ ᠬᠦᠷᠴᠦ ᠢᠷᠡᠨ᠎ᠡ᠂ ᠳᠦᠭᠦᠷᠢᠭ ᠳᠤᠮᠤ ᠳᠡᠷᠭᠡᠯ ᠰᠠᠷᠨ ᠲᠠᠨ᠎ᠤ ᠠᠯᠢᠪᠠ ᠬᠦᠰᠡᠯ᠎ᠢ ᠲᠡᠭᠦᠰ ᠠᠮᠵᠢᠯᠲᠠ᠎ᠲᠠᠢ ᠭᠡᠷᠡᠯᠲᠦᠭᠦᠯᠬᠦ᠎ᠶᠢ ᠬᠦᠰᠡᠵᠦ ᠪᠠᠢᠨ᠎ᠠ᠃


ᠢᠷᠡᠯᠲᠡ ᠄  ᠲᠥᠪ ᠲᠧᠯᠸᠢᠰ᠎ᠦᠨ ᠰᠣᠨᠢᠨ ᠮᠡᠳᠡᠭᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号