ᠬᠣᠶᠠᠷ ᠰᠠᠯᠠᠭ᠎ᠠ ᠮᠥᠴᠢᠷ ᠠᠵᠢᠯᠯᠠᠭᠠᠨ᠎ᠤ ᠲᠥᠰᠦᠯ ᠳᠠᠷᠤᠮᠠᠯᠯᠠᠨ ᠲᠠᠷᠬᠠᠭᠠᠵᠤ ᠰᠣᠶᠣᠯ ᠵᠢᠭᠤᠯᠴᠢᠯᠠᠯ ᠪᠠ ᠠᠷᠠᠳ᠎ᠤᠨ ᠠᠭᠠᠷ᠎ᠤᠨ ᠲᠡᠭᠡᠭᠡᠪᠦᠷᠢ᠎ᠶ᠋ᠢᠨ ᠦᠢᠯᠡᠰ᠎ᠦᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠵᠠᠢ
2025-12-05 11:21:05
ᠵᠣᠬᠢᠶᠠᠭ᠍ᠴᠢ᠄
​ᠱᠢᠤᠢ ᠵᠤᠸᠠᠩ
ᠣᠩᠱᠢᠭ᠍ᠰᠠᠨ ᠣᠳᠠᠭ᠎ᠠ᠄
★★★☆☆

ᠰᠣᠶᠣᠯ ᠵᠢᠭᠤᠯᠴᠢᠯᠠᠯ᠎ᠪᠠ ᠠᠷᠠᠳ᠎ᠤᠨ ᠠᠭᠠᠷ᠎ᠤᠨ ᠲᠡᠭᠡᠭᠡᠪᠦᠷᠢ᠎ᠶ᠋ᠢᠨ ᠦᠶ᠋ᠯᠡᠰ᠎ᠤᠨ ᠨᠠᠩ ᠭᠦᠨ ᠲᠠᠰ ᠳᠠᠪᠬᠤᠷᠭ᠎ᠠ᠂ ᠨᠠᠩ ᠶᠡᠬᠡ ᠬᠡᠪᠴᠢᠶ᠎ᠡ᠂ ᠨᠠᠩ ᠴᠢᠨᠠᠷ ᠰᠠᠢᠲᠠᠶ ᠠᠭᠤᠰᠤᠯᠴᠠᠯ᠎ᠢ ᠪᠡᠶᠡᠯᠡᠭᠦᠯᠤᠨ᠎ᠠ᠄ 2027 ᠣᠨ ᠪᠣᠯᠬᠤ᠎ᠳᠤ᠂ ᠵᠢᠭᠤᠯᠴᠢᠯᠠᠯ᠎ᠤᠨ ᠦᠶ᠋ᠯᠡᠴᠢᠯᠡᠭᠡᠨ᠎ᠦ ᠲᠦᠪᠱᠢᠨ᠎ᠢ ᠢᠯᠡᠳᠲᠡ ᠳᠡᠭᠡᠭ᠌ᠰᠢᠯᠡᠭᠦᠯᠵᠦ᠍᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠵᠢᠭᠤᠯᠴᠢᠯᠠᠯ᠎ᠤᠨ ᠠᠶᠠᠯᠠᠯ᠎ᠤᠨ ᠱᠤᠭᠤᠮ᠎ᠤᠨ ᠪᠦᠷᠬᠦᠴᠡ᠎ᠶ᠋ᠢ ᠨᠠᠩ ᠥᠷᠭᠡᠨ ᠪᠣᠯᠭᠠᠵᠤ᠂ ᠠᠭᠤᠰᠤᠯᠴᠠᠭ᠍ᠰᠠᠨ ᠦᠶ᠋ᠯᠡᠳᠬᠦᠨ ᠪᠠ ᠠᠬᠤᠶ ᠪᠠᠢᠳᠠᠯ᠎ᠢ ᠨᠠᠩ ᠡᠯᠪᠡᠭ ᠪᠠᠶᠠᠯᠢᠭ ᠪᠣᠯᠭᠠᠵᠤ᠂ ᠬᠡᠷᠡᠭ᠌ᠴᠡᠭᠡ᠎ᠪᠡᠷ ᠬᠠᠩᠭᠠᠯᠭ᠎ᠠ᠎ᠶ᠋ᠢ ᠳᠠᠢᠴᠢᠯᠠᠬᠤ᠂ ᠬᠠᠩᠭᠠᠯᠭ᠎ᠠ᠎ᠪᠠᠷ ᠬᠡᠷᠡᠭ᠌ᠴᠡᠭᠡ᠎ᠶ᠋ᠢ ᠡᠭᠦᠳᠬᠦ᠌ ᠰᠠᠢᠨ ᠰᠠᠢᠬᠠᠨ ᠬᠥᠭ᠌ᠵᠢᠯᠲᠡ᠎ᠶ᠋ᠢᠨ ᠪᠠᠢᠷᠢᠱᠢᠯ᠎ᠢ ᠪᠦᠷᠢᠯᠳᠦᠭᠦᠯᠦᠨ᠎ᠡ᠃

ᠰᠤᠷᠪᠤᠯᠵᠢᠯᠠᠭ᠍ᠴᠢ 3᠎ᠤ᠋ ᠡᠳᠦᠷ ᠣᠢᠯᠠᠭᠠᠭ᠍ᠰᠠᠨ᠎ᠢᠶᠠᠷ᠂ ᠰᠣᠶᠣᠯ ᠪᠠ ᠵᠢᠭᠤᠯᠴᠢᠯᠠᠯ᠎ᠤᠨ ᠶᠠᠮᠤᠨ᠂ ᠳᠤᠮᠳᠠᠳᠤ ᠤᠯᠤᠰ᠎ᠤᠨ ᠠᠷᠠᠳ᠎ᠤᠨ ᠠᠭᠠᠷ᠎ᠤᠨ ᠲᠡᠭᠡᠭᠡᠪᠦᠷᠢ᠎ᠶ᠋ᠢᠨ ᠲᠣᠪᠴᠢᠶ᠎ᠠ ᠣᠢᠷ᠎ᠠ᠎ᠳᠤ 《ᠰᠣᠶᠣᠯ ᠵᠢᠭᠤᠯᠴᠢᠯᠠᠯ ᠢ᠋ ᠠᠷᠠᠳ᠎ᠤᠨ ᠠᠭᠠᠷ᠎ᠤᠨ ᠲᠡᠭᠡᠭᠡᠪᠦᠷᠢ᠎ᠶ᠋ᠢᠨ ᠦᠶ᠋ᠯᠡᠰ᠎ᠯᠤᠬᠡ ᠠᠭᠤᠰᠤᠯᠴᠠᠭᠤᠯᠤᠨ ᠬᠥᠭ᠌ᠵᠢᠭᠦᠯᠬᠦ᠌ ᠠᠵᠢᠯᠯᠠᠭᠠᠨ᠎ᠤ ᠲᠥᠰᠦᠯ》 ᠢ᠋ ᠳᠠᠷᠤᠮᠠᠯᠯᠠᠨ ᠲᠠᠷᠬᠠᠭᠠᠵᠤ᠂ ᠳᠡᠭᠡᠷ᠎ᠡ ᠳᠤᠷᠠᠳᠤᠭ᠍ᠰᠠᠨ ᠬᠠᠷᠠᠯᠲᠠ᠎ᠶ᠋ᠢ ᠳᠤᠷᠠᠳᠪᠠ᠃

ᠠᠵᠢᠯᠯᠠᠭ᠎ᠠ᠎ᠶ᠋ᠢᠨ ᠲᠥᠰᠦᠯ᠎ᠢ ᠪᠠᠢᠷᠢᠯᠠᠭᠤᠯᠵᠤ᠂ ᠤᠯᠤᠰ᠎ᠤᠨ ᠳᠣᠲᠣᠭᠠᠳᠤ᠎ᠶ᠋ᠢᠨ ᠵᠢᠭᠤᠯᠴᠢᠯᠠᠯ᠎ᠤᠨ ᠠᠶᠠᠯᠠᠯ ᠤ᠋ᠨ ᠨᠡᠪᠲᠡᠷᠡᠬᠦ᠌ ᠴᠢᠨᠠᠷ᠎ᠢ ᠳᠡᠭᠡᠭ᠌ᠰᠢᠯᠡᠭᠦᠯᠦᠨ᠎ᠡ᠃ ᠨᠠᠩ ᠣᠯᠠᠨ ᠵᠢᠭᠤᠯᠴᠢᠯᠠᠯ᠎ᠤᠨ ᠬᠣᠲᠠ᠎ᠶ᠋ᠢ 《ᠭᠤᠤᠯ ᠱᠤᠭᠤᠮ ᠪᠠ ᠰᠠᠯᠪᠤᠷᠢ ᠱᠤᠭᠤᠮ᠂ ᠪᠥᠬᠥ᠌ ᠲᠤᠤᠷ᠎ᠢ ᠬᠣᠯᠪᠣᠬᠤ》 ᠠᠭᠠᠷ᠎ᠤᠨ ᠲᠡᠭᠡᠭᠡᠪᠦᠷᠢ᠎ᠶ᠋ᠢᠨ ᠦᠶ᠋ᠯᠡᠴᠢᠯᠡᠭᠡᠨ᠎ᠦ ᠲᠤᠤᠷ ᠲᠦ᠍ ᠣᠷᠣᠭᠤᠯᠬᠤ᠎ᠶ᠋ᠢ ᠠᠬᠢᠭᠤᠯᠵᠤ᠂ ᠬᠠᠯᠠᠮᠱᠢᠯᠳᠤ ᠵᠢᠭᠤᠯᠴᠢᠯᠠᠯ᠎ᠤᠨ ᠭᠠᠵᠠᠷ᠎ᠤᠨ ᠰᠠᠯᠪᠤᠷᠢ ᠱᠤᠭᠤᠮ᠎ᠤᠨ ᠨᠢᠰᠭᠡᠯ᠎ᠦᠨ ᠪᠠᠭᠤᠳᠠᠯ᠎ᠤᠨ ᠬᠠᠷᠢᠯᠴᠠᠨ ᠨᠢᠰᠭᠦ᠂ ᠲᠣᠭᠣᠷᠢᠨ ᠨᠢᠰᠬᠦ ᠠᠶᠠᠯᠠᠯ᠎ᠤᠨ ᠱᠤᠭᠤᠮ ᠭᠠᠷᠭᠠᠬᠤ᠂《ᠠᠭᠠᠷ᠎ᠤᠨ ᠲᠦᠷᠭᠡᠨ ᠱᠤᠭᠤᠮ》 ᠪᠠ ᠬᠢᠯᠢ᠎ᠶ᠋ᠢᠨ ᠵᠢᠭᠤᠯᠴᠢᠯᠠᠯ᠎ᠤᠨ ᠠᠶᠠᠯᠠᠯ᠎ᠤᠨ ᠱᠤᠭᠤᠮ᠎ᠢ ᠨᠡᠪᠲᠡᠷᠡᠭᠦᠯᠬᠦ᠌᠎ᠶ᠋ᠢ ᠵᠣᠷᠢᠭ᠍ᠵᠢᠭᠤᠯᠤᠨ᠎ᠠ᠃ ᠠᠭᠠᠷ᠎ᠤᠨ ᠠᠶᠠᠯᠠᠯ᠎ᠤᠨ ᠺᠣᠮᠫᠠᠨᠢ᠎ᠶ᠋ᠢᠨ ᠬᠢᠨ ᠵᠢᠭᠤᠯᠴᠢᠯᠠᠯ᠎ᠤᠨ ᠬᠥᠭ᠌ᠵᠢᠶᠡᠨᠲᠦ ᠤᠯᠠᠷᠢᠯ ᠪᠠ ᠰᠤᠳᠤᠯᠤᠨ ᠰᠤᠷᠤᠯᠴᠠᠬᠤ ᠵᠢᠭᠤᠯᠴᠢᠯᠠᠯ᠂ ᠡᠴᠢᠭᠡ ᠡᠬᠡ ᠦᠷ᠎ᠡ ᠬᠡᠦᠬᠡᠳ᠎ᠦᠨ ᠵᠢᠭᠤᠯᠴᠢᠯᠠᠯ᠂ ᠮᠥᠰᠥ᠍ ᠴᠠᠰᠤᠨ᠎ᠤ ᠵᠢᠭᠤᠯᠴᠢᠯᠠᠯ ᠵᠡᠷᠭᠡ ᠤᠯᠠᠷᠢᠯ᠎ᠤᠨ ᠴᠢᠨᠠᠷᠲᠠᠶ ᠵᠢᠭᠤᠯᠴᠢᠯᠠᠯ᠎ᠤᠨ ᠶᠠᠪᠤᠵᠤ ᠰᠠᠭᠤᠬᠤ ᠬᠡᠷᠡᠭ᠌ᠴᠡᠭᠡ ᠱᠠᠭᠠᠷᠳᠠᠯᠭ᠎ᠠ᠎ᠶ᠋ᠢ ᠦᠨᠳᠦᠰᠦᠯᠡᠨ ᠵᠢᠱᠢᠶᠠᠨ ᠤ᠋ ᠨᠢᠰᠭᠡᠯ᠎ᠢᠶᠡᠨ ᠨᠡᠮᠡᠭ᠌ᠳᠡᠭᠦᠯᠬᠦ᠌᠎ᠶ᠋ᠢ ᠳᠡᠮᠵᠢᠵᠦ᠍᠂ ᠴᠢᠬᠤᠯᠠ ᠶᠡᠬᠡ ᠰᠣᠶᠣᠯ ᠪᠠ ᠵᠢᠭᠤᠯᠴᠢᠯᠠᠯ᠎ᠤᠨ ᠪᠠᠶᠠᠷ ᠳᠤᠷᠠᠰᠭᠠᠯ᠎ᠤᠨ ᠦᠵᠡᠰᠭᠦᠯᠡᠩ᠎ᠦᠨ ᠠᠵᠢᠯᠯᠠᠭ᠎ᠠ᠎ᠳᠤ ᠵᠤᠬᠢᠴᠠᠭᠤᠯᠤᠨ ᠭᠤᠤᠯ ᠰᠡᠳᠦᠪᠲᠦ ᠵᠢᠱᠢᠶᠠᠨ ᠤ᠋  ᠨᠢᠰᠭᠡᠯ ᠭᠠᠷᠭᠠᠨ᠎ᠠ᠃

ᠡᠭᠦᠨ᠎ᠡᠴᠡ ᠭᠠᠳᠠᠨ᠎ᠠ᠂ ᠬᠡᠷᠡᠭ᠌ᠴᠡᠭᠡ ᠶᠣᠰᠣᠭᠠᠷ᠎ᠨᠠᠰᠤᠳᠠᠢᠴᠤᠤᠯ ᠤ᠋ᠨ ᠵᠢᠭᠤᠯᠴᠢᠯᠠᠯ᠎ᠤᠨ ᠵᠢᠰᠢᠶᠠᠨ ᠤ᠋  ᠨᠢᠰᠭᠡᠯ ᠭᠠᠷᠭᠠᠵᠤ᠂ ᠨᠠᠰᠤ ᠠᠬᠢᠬᠰᠠᠨ ᠵᠢᠭᠤᠯᠴᠢᠯᠠᠭ᠍ᠰᠠᠳ᠎ᠤᠨ ᠬᠥᠭ᠌ᠵᠢᠶᠡᠨ ᠥᠬᠡᠶ ᠤᠯᠠᠷᠢᠯ᠎ᠳᠤ ᠭᠠᠳᠠᠭ᠍ᠰᠢ ᠭᠠᠷᠬᠤ ᠬᠠᠷᠠᠭᠠᠯᠵᠠᠯᠲᠤ ᠢᠵᠢ ᠦᠶ᠋ᠯᠡᠴᠢᠯᠡᠭᠡ᠎ᠶ᠋ᠢ ᠬᠠᠩᠭᠠᠨ᠋᠎ᠠ᠃ ᠬᠤᠪᠢᠰᠭᠠᠯ᠎ᠤᠨ ᠵᠢᠭᠤᠯᠴᠢᠯᠠᠯ᠎ᠤᠨ ᠭᠠᠵᠠᠷ ᠣᠷᠣᠨ᠎ᠤ ᠨᠢᠰᠭᠡᠯ᠎ᠦᠨ ᠪᠠᠭᠤᠳᠠᠯ᠎ᠤᠨ ᠪᠠᠢᠷᠢᠱᠢᠭᠤᠯᠤᠯ᠎ᠢ ᠲᠡᠭᠦᠯᠳᠡᠷᠵᠢᠭᠦᠯᠵᠦ᠍᠂ ᠠᠭᠠᠷ᠎ᠤᠨ ᠲᠡᠭᠡᠭᠡᠪᠦᠷᠢ᠎ᠶ᠋ᠢᠨ ᠺᠣᠮᠫᠠᠨᠢ᠎ᠶ᠋ᠢᠨ ᠬᠤᠪᠢᠰᠭᠠᠯ᠎ᠤᠨ ᠵᠢᠭᠤᠯᠴᠢᠯᠠᠯ᠎ᠤᠨ ᠵᠠᠬ᠎ᠠ ᠳᠡᠯᠭᠡᠭᠦᠷ᠎ᠢ ᠨᠡᠭᠡᠭᠡᠬᠦ᠌᠂ ᠬᠤᠪᠢᠰᠭᠠᠯ᠎ᠤᠨ ᠵᠢᠭᠤᠯᠴᠢᠯᠠᠯ᠎ᠤᠨ ᠠᠶᠠᠯᠠᠯ᠎ᠤᠨ ᠱᠤᠭᠤᠮ᠎ᠢ ᠨᠢᠰᠭᠦ᠎ᠶ᠋ᠢ ᠵᠣᠷᠢᠭ᠍ᠵᠢᠭᠤᠯᠵᠤ᠂ ᠨᠥᠬᠥᠴᠡᠯ᠎ᠳᠦ ᠨᠡᠢᠴᠡᠬᠦ᠌ ᠨᠢᠰᠭᠡᠯ᠎ᠦᠨ ᠪᠠᠭᠤᠳᠠᠯ᠎ᠤᠨ ᠲᠥᠷᠥᠯ ᠵᠦᠶ᠋ᠯ᠎ᠢ 《ᠠᠷᠪᠠᠨ ᠲᠠᠪᠤᠳᠤᠭᠠᠷ ᠲᠠᠪᠤᠨ ᠵᠢᠯ》 ᠤ᠋ᠨ ᠠᠷᠠᠳ᠎ᠤᠨ ᠠᠭᠠᠷ᠎ᠤᠨ ᠲᠡᠭᠡᠭᠡᠪᠦᠷᠢ᠎ᠶ᠋ᠢᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢᠨ ᠭᠤᠤᠯᠳᠠᠯᠭ᠎ᠠ᠎ᠲᠠᠶ ᠲᠥᠷᠥᠯ ᠵᠦᠶ᠋ᠯ᠎ᠳᠦ ᠣᠷᠣᠭᠤᠯᠬᠤ᠎ᠶ᠋ᠢ ᠳᠡᠮᠵᠢᠨ᠎ᠡ᠃

ᠠᠵᠢᠯᠯᠠᠭᠠᠨ᠎ᠤ ᠲᠥᠰᠦᠯ᠎ᠳᠦ ᠪᠠᠰᠠ ᠬᠢᠯᠢ᠎ᠪᠡᠷ ᠣᠷᠣᠬᠤ ᠵᠢᠭᠤᠯᠴᠢᠯᠠᠯ᠎ᠤᠨ ᠠᠭᠠᠷ ᠤ᠋ᠨ ᠠᠶᠠᠯᠠᠯ᠎ᠤᠨ ᠱᠤᠭᠤᠮ᠎ᠢ ᠨᠢᠬᠳᠠᠷᠠᠭᠤᠯᠬᠤ᠎ᠶ᠋ᠢ ᠱᠠᠭᠠᠷᠳᠠᠵᠠᠶ᠃ ᠠᠭᠠᠷ᠎ᠤᠨ ᠠᠶᠠᠯᠠᠯ᠎ᠤᠨ ᠡᠷᠬᠡ᠎ᠶ᠋ᠢᠨ ᠲᠣᠬᠢᠷᠠᠭᠤᠯᠤᠯᠲᠠ᠎ᠶ᠋ᠢ ᠱᠢᠯᠢᠳᠡᠭ᠌ᠵᠢᠭᠦᠯᠵᠦ᠍᠂ ᠳᠤᠮᠳᠠᠳᠤ ᠭᠠᠳᠠᠭᠠᠳᠤ᠎ᠶ᠋ᠢᠨ ᠠᠭᠠᠷ᠎ᠤᠨ ᠠᠶᠠᠯᠠᠯ᠎ᠤᠨ ᠺᠣᠮᠫᠠᠨᠢ᠎ᠶ᠋ᠢ ᠬᠥᠲᠥᠯᠥᠨ ᠵᠢᠯᠣᠭᠣᠳᠴᠤ᠌ ᠪᠠᠢᠭᠠᠳ ᠭᠤᠤᠯ ᠪᠣᠯᠬᠤ ᠠᠶᠠᠨᠴᠢᠳ᠎ᠤᠨ ᠢᠷᠡᠯᠲᠡ᠎ᠶ᠋ᠢᠨ ᠤᠯᠤᠰ ᠪᠠ ᠱᠢᠨ᠎ᠡ᠎ᠪᠡᠷ ᠮᠠᠨᠳᠤᠭ᠍ᠰᠠᠨ ᠠᠶᠠᠨᠴᠢᠳ᠎ᠤᠨ ᠢᠷᠡᠯᠲᠡ᠎ᠶ᠋ᠢᠨ ᠤᠯᠤᠰ᠂ ᠢᠯᠠᠩᠭᠤᠶ᠎ᠠ 《ᠨᠢᠭᠡ ᠪᠦᠰᠡ ᠨᠢᠭᠡ ᠵᠠᠮ》 ᠢ᠋ ᠬᠠᠮᠳᠤ ᠪᠡᠷ ᠪᠦᠳᠤᠬᠡᠨ ᠪᠠᠢᠭᠤᠯᠬᠤ ᠤᠯᠤᠰ ᠲᠤ᠌ ᠴᠢᠭᠯᠡᠬᠦᠯᠤᠨ ᠱᠢᠭᠤᠳ ᠨᠢᠰᠭᠦ ᠠᠭᠠᠷ᠎ᠤᠨ ᠠᠶᠠᠯᠠᠯ᠎ᠤᠨ ᠵᠢᠱᠢᠶᠠᠨ ᠤ᠋ ᠨᠢᠰᠭᠡᠯ᠎ᠢ ᠨᠠᠮᠠᠨ ᠨᠡᠭᠡᠭᠡᠵᠦ᠍᠂ ᠬᠢᠯᠢ ᠪᠡᠷ ᠣᠷᠣᠬᠤ ᠵᠢᠭᠤᠯᠴᠢᠯᠠᠯ᠎ᠤᠨ ᠠᠭᠠᠷ ᠤ᠋ᠨ ᠠᠶᠠᠯᠠᠯ᠎ᠤᠨ ᠱᠤᠭᠤᠮ᠎ᠤᠨ ᠲᠤᠤᠷ᠎ᠢ ᠲᠡᠭᠦᠯᠳᠡᠷᠵᠢᠭᠦᠯᠦᠨ᠎ᠡ᠃ ᠬᠢᠯᠢ᠎ᠪᠡᠷ ᠣᠷᠣᠬᠤ ᠵᠢᠭᠤᠯᠴᠢᠯᠠᠯ᠎ᠤᠨ  ᠠᠭᠠᠷ ᠤ᠋ᠨ ᠠᠶᠠᠯᠠᠯ᠎ᠤᠨ ᠱᠤᠭᠤᠮ᠎ᠢ ᠲᠠᠨᠢᠯᠴᠠᠭᠤᠯᠤᠨ ᠳᠡᠯᠭᠡᠷᠡᠭᠦᠯᠬᠦ᠌ ᠲᠥᠯᠥᠪᠯᠡᠭᠡ᠎ᠶ᠋ᠢ ᠬᠡᠷᠡᠭ᠌ᠵᠢᠭᠦᠯᠵᠦ᠍᠂ ᠵᠢᠯ ᠪᠦᠷᠢ ᠬᠢᠯᠢ᠎ᠪᠡᠷ ᠣᠷᠣᠬᠤ ᠭᠤᠤᠯ ᠪᠣᠯᠬᠤ ᠠᠶᠠᠨᠴᠢᠳ᠎ᠤᠨ ᠢᠷᠡᠯᠲᠡ᠎ᠶ᠋ᠢᠨ ᠤᠯᠤᠰ᠂ ᠱᠢᠨ᠎ᠡ᠎ᠪᠡᠷ ᠬᠥᠭ᠌ᠵᠢᠭ᠌ᠰᠡᠨ ᠠᠶᠠᠨᠴᠢᠳ᠎ᠤᠨ ᠢᠷᠡᠯᠲᠡ᠎ᠶ᠋ᠢᠨ ᠤᠯᠤᠰ ᠪᠠ ᠬᠢᠯᠢ᠎ᠪᠡᠷ ᠣᠷᠣᠵᠤ ᠵᠢᠭᠤᠯᠴᠢᠯᠠᠬᠤ ᠭᠤᠤᠯ ᠵᠣᠷᠢᠯᠳᠠᠳᠤ ᠭᠠᠵᠠᠷ᠎ᠤᠨ ᠬᠣᠲᠠ᠎ᠳᠤ ᠴᠢᠭ᠌ᠯᠡᠭᠦᠯᠦᠨ ᠨᠢᠭᠡ ᠪᠦᠯᠦᠭ ᠬᠢᠯᠢ᠎ᠪᠡᠷ ᠣᠷᠣᠬᠤ ᠵᠢᠭᠤᠯᠴᠢᠯᠠᠯ᠎ᠤᠨ ᠰᠣᠳᠣᠨ ᠠᠭᠠᠷ ᠤ᠋ᠨ ᠠᠶᠠᠯᠠᠯ᠎ᠤᠨ ᠱᠤᠭᠤᠮ᠎ᠢ ᠭᠤᠤᠯᠳᠠᠯᠭ᠎ᠠ᠎ᠲᠠᠶ ᠪᠣᠢᠵᠢᠭᠤᠯᠤᠨ ᠪᠣᠶ ᠪᠣᠯᠭᠠᠨ᠎ᠠ᠃

ᠱᠢᠨᠬᠤᠸᠠ ᠬᠣᠷᠢᠶ᠎ᠠ ᠵᠢᠨ ᠪᠡᠭᠡᠵᠢᠩ᠎ᠦᠨ 12 ᠰᠠᠷ᠎ᠠ᠎ᠶ᠋ᠢᠨ 3 ᠎ᠤ᠋ ᠴᠠᠬᠢᠯᠭᠠᠨ ᠮᠡᠳᠡᠭᠡ ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号