ᠬᠦᠵᠡᠯᠵᠡᠭᠡᠨ᠎ᠠ ᠶ᠋ᠢᠨ ᠦᠢᠯᠡᠳᠪᠤᠷᠢ ᠶ᠋ᠢᠨ ᠰᠢᠨ᠎ᠠ ᠲᠧᠭᠨᠢᠭ ᠮᠡᠷᠭᠡᠵᠢᠯ
2025-12-05 11:14:57
ᠵᠣᠬᠢᠶᠠᠭ᠍ᠴᠢ᠄
ᠸ·ᠭᠡᠷᠡᠯᠳᠤ
ᠣᠩᠱᠢᠭ᠍ᠰᠠᠨ ᠣᠳᠠᠭ᠎ᠠ᠄
★★★☆☆

ᠬᠦᠵᠡᠯᠵᠡᠭᠡᠨ᠎ᠠ ᠴᠤᠬᠤᠮ ᠬᠡᠷᠬᠢᠨ ᠤᠷᠭᠤᠵᠤ ᠵᠢᠮᠢᠰᠯᠡᠳᠡᠭ ᠪᠤᠢ? ᠰᠤᠷᠪᠤᠯᠵᠢᠯᠠᠭᠴᠢ ᠪᠤᠭᠤᠳᠤ ᠬᠤᠳᠠ ᠶ᠋ᠢᠨ ᠲᠦᠮᠡᠳ ᠪᠠᠷᠠᠭᠤᠨ ᠬᠤᠰᠢᠭᠤᠨ ᠤ᠋ ᠰᠧ ᠸᠧᠢ ᠬᠦᠵᠡᠯᠵᠡᠭᠡᠨ᠎ᠠ ᠶ᠋ᠢᠨ ᠦᠢᠯᠡᠳᠪᠤᠷᠢ ᠡᠴᠡ ᠰᠢᠨ᠎ᠠ ᠲᠧᠭᠨᠢᠭ ᠮᠡᠷᠭᠡᠵᠢᠯ ᠤ᠋ᠨ ᠬᠦᠴᠦᠨ ᠳ᠋ᠤ ᠤᠷᠭᠤᠨ ᠵᠢᠮᠢᠰᠯᠡᠬᠦ ᠬᠦᠵᠡᠯᠵᠡᠭᠡᠨ᠎ᠠ ᠶ᠋ᠢ ᠤᠯᠵᠤ ᠬᠠᠷᠠᠯ᠎ᠠ᠃


c2f5a95b-beea-4286-9c6a-b41ae77d5702.png


ᠤᠯᠠᠮᠵᠢᠯᠠᠯᠳᠤ ᠲᠠᠷᠢᠵᠤ ᠤᠷᠭᠤᠭᠤᠯᠬᠤ ᠠᠷᠭ᠎ᠠ ᠬᠡᠯᠪᠡᠷᠢ ᠲᠠᠢ ᠬᠠᠷᠢᠴᠠᠭᠤᠯᠪᠠᠯ᠂ ᠡᠨᠳᠡᠬᠢ ᠬᠦᠵᠡᠯᠵᠡᠭᠡᠨ᠎ᠠ ᠶᠡᠷᠦ ᠪᠤᠰᠤ ᠶ᠋ᠢᠨ 《ᠠᠮᠢᠳᠤᠷᠠᠯ》 ᠢ᠋ ᠦᠩᠭᠡᠷᠡᠭᠦᠯᠵᠦ ᠪᠠᠢᠨ᠎ᠠ᠄ ᠡᠨᠳᠡ ᠨᠠᠷᠢᠯᠢᠭ ᠲᠦᠰᠦᠪᠯᠡᠭᠰᠡᠨ ᠰᠢᠨ᠎ᠠ ᠲᠧᠭᠨᠢᠭ ᠮᠡᠷᠭᠡᠵᠢᠯ ᠤ᠋ᠨ ᠲᠠᠩᠰᠤᠭ ᠦᠷᠦᠭᠡ 14 ᠪᠤᠢ᠃ ᠦᠷᠦᠭᠡ ᠳ᠋ᠤᠨᠢ ᠨᠠᠷᠠᠨ ᠤ᠋ ᠭᠡᠷᠡᠯ ᠦᠭᠡᠢ᠂ ᠰᠢᠪᠠᠷ ᠰᠢᠷᠤᠢ ᠦᠭᠡᠢ᠂ 4 ᠮᠦᠷ 8 ᠳᠠᠪᠬᠤᠷ ᠤᠷᠤ ᠲᠠᠢ᠃ ᠡᠨᠳᠡ LED ᠳ᠋ᠧᠩ ᠶ᠋ᠢᠡᠷ ᠬᠦᠵᠡᠯᠵᠡᠭᠡᠨ᠎ᠠ ᠶ᠋ᠢᠨ ᠤᠷᠭᠤᠯᠳᠠ ᠳ᠋ᠤ ᠬᠠᠮᠤᠭ ᠤ᠋ᠨ ᠳᠤᠬᠢᠷᠠᠮᠵᠢᠳᠠᠢ ᠭᠡᠷᠡᠯ ᠤ᠋ᠨ ᠤᠷᠴᠢᠨ ᠢ᠋ ᠪᠦᠷᠢᠯᠳᠦᠭᠦᠯᠤᠨ ᠦᠭᠴᠦ᠂ ᠤᠶᠤᠨᠳᠤ ᠵᠤᠬᠢᠴᠠᠭᠤᠯᠭ᠎ᠠ ᠶ᠋ᠢᠨ ᠰᠢᠰᠲ᠋ᠧᠮ ᠶ᠋ᠢᠡᠷ 24 ᠴᠠᠭ ᠶ᠋ᠢᠡᠷ ᠦᠷᠦᠭᠡᠨ ᠳ᠋ᠡᠬᠢ ᠠᠭᠠᠷ ᠤ᠋ᠨ ᠳᠤᠯᠠᠭᠠᠨ ᠪᠠ ᠴᠢᠬᠢᠭ ᠤ᠋ᠨ ᠬᠡᠮᠵᠢᠶ᠎ᠠ ᠶ᠋ᠢ ᠬᠦᠳᠡᠯᠦᠩᠭᠦᠢ ᠪᠡᠷ ᠳᠤᠬᠢᠷᠠᠭᠤᠯᠵᠤ᠂ ᠲᠤᠰᠤᠯᠠᠭᠠᠨ ᠤᠰᠤᠯᠠᠬᠤ ᠰᠢᠰᠲ᠋ᠧᠮ ᠶ᠋ᠢᠡᠷ ᠰᠢᠮ᠎ᠠ ᠲᠡᠵᠢᠭᠡᠯ ᠤ᠋ᠨ ᠪᠤᠳᠠᠰ ᠪᠠ ᠤᠰᠤ ᠶ᠋ᠢ ᠬᠦᠵᠡᠯᠵᠡᠭᠡᠨ᠎ᠠ ᠪᠦᠷᠢ ᠶ᠋ᠢᠨ ᠦᠨᠳᠦᠰᠦᠨ ᠳ᠋ᠤ ᠨᠠᠷᠢᠯᠢᠭ ᠤᠨᠤᠪᠴᠢᠳᠠᠢ ᠪᠡᠷ ᠲᠤᠰᠤᠭᠠᠨ᠎ᠠ᠃ ᠡᠨᠳᠡ ᠬᠦᠵᠡᠯᠵᠡᠭᠡᠨ᠎ᠠ ᠵᠢᠯ ᠤ᠋ᠨ ᠳᠦᠷᠪᠡᠨ ᠤᠯᠠᠷᠢᠯ ᠶ᠋ᠢᠡᠷ ᠤᠷᠭᠤᠨ ᠲᠦᠯᠵᠢᠨ᠎ᠠ᠃


9836fa0c-a3f1-4149-b5e9-1d863b2016ce.png


《ᠪᠢᠳᠡ ᠭᠡᠭᠡ ᠲᠠᠢ ᠬᠤᠭᠤᠴᠠᠭ᠎ᠠ ᠶ᠋ᠢᠨ ᠦᠷᠦᠭᠡ ᠶ᠋ᠢᠨ ᠲᠤᠯᠠᠭᠠᠨ ᠢ᠋ 20 ᠼᠧᠯᠰ ᠭᠷᠠᠳᠦ᠋ᠰ ᠤᠷᠴᠢᠮ᠂ ᠪᠦᠷᠦᠢ ᠬᠤᠭᠤᠴᠠᠭ᠎ᠠ ᠶ᠋ᠢᠨ ᠦᠷᠦᠭᠡ ᠶ᠋ᠢᠨ ᠲᠤᠯᠠᠭᠠᠨ ᠢ᠋ 8 ᠼᠧᠯᠰ ᠭᠷᠠᠳᠦ᠋ᠰ ᠤᠷᠴᠢᠮ ᠶ᠋ᠢᠡᠷ ᠳᠤᠬᠢᠷᠠᠭᠤᠯᠤᠨ᠂ ᠡᠳᠦᠷ ᠰᠦᠨᠢ ᠶ᠋ᠢᠨ ᠠᠭᠠᠷ ᠤ᠋ᠨ ᠳᠤᠯᠠᠭᠠᠨ ᠤ᠋ ᠵᠦᠷᠢᠶ᠎ᠠ ᠭᠠᠷᠭᠠᠵᠤ᠂ ᠬᠦᠵᠡᠯᠵᠡᠭᠡᠨ᠎ᠠ ᠶ᠋ᠢᠨ ᠰᠢᠬᠢᠷᠯᠢᠭ ᠬᠡᠮᠵᠢᠶ᠎ᠠ ᠶ᠋ᠢ ᠨᠡᠮᠡᠭᠳᠡᠭᠦᠯᠳᠡᠭ》 ᠭᠡᠵᠦ ᠦᠢᠯᠡᠳᠪᠤᠷᠢ ᠶ᠋ᠢᠨ ᠬᠠᠷᠢᠭᠤᠴᠠᠯᠭᠠᠳᠠᠨ ᠸᠠᠩ ᠬᠤᠤ ᠮᠢᠩ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号