ᠤᠢᠷ᠎ᠠ᠎ᠳᠦ᠂ ᠬᠦᠷᠢᠶ᠎ᠡ ᠬᠣᠰᠢᠭᠤᠨ᠎ᠤ ᠯᠢᠦ ᠵᠢᠶᠠᠽᠢ ᠪᠠᠯᠭᠠᠰᠤᠨ᠎ᠤ ᠯᠢᠦ ᠵᠢᠶᠠᠽᠢ ᠲᠣᠰᠬᠣᠨ᠎ᠤ ᠲᠡᠵᠢᠭᠡᠪᠥᠷᠢ ᠵᠢᠨ ᠡᠷᠦᠬᠡ ᠶᠠᠩᠱᠸ᠋ ᠵᠢᠶᠦ᠋ᠨ᠎ᠦ ᠬᠠᠰᠢᠶᠠᠨ ᠳ᠋ᠤ᠂ ᠬᠢᠵᠢᠭ ᠰᠡᠷᠭᠡᠢᠯᠡᠭᠴᠢ ᠰᠡᠷᠭᠡᠢᠯᠡᠨ ᠬᠠᠮᠠᠭᠠᠯᠠᠬᠤ ᠬᠤᠪᠴᠠᠰᠥ ᠪᠠᠨ ᠡᠮᠥᠰᠴᠥ ᠦᠬᠡᠷ ᠬᠣᠨᠢᠨ᠎ᠳᠤ ᠸᠠᠺᠼᠢᠨ᠎ᠤ ᠲᠠᠷᠢᠯᠭ᠎ᠠ ᠬᠢᠬᠦ᠎ᠶᠢᠨ ᠬᠠᠮᠲᠤ ᠮᠠᠯᠴᠢᠨ ᠲᠠᠷᠢᠶᠠᠴᠢᠳ᠎ᠲᠦ ᠠᠷᠢᠭᠤᠳᠬᠠᠬᠤ ᠶᠠᠪᠤᠴᠠ᠎ᠶᠢ ᠲᠠᠢᠯᠪᠤᠷᠢᠯᠠᠨ ᠥᠭᠴᠦ᠂ ᠰᠢᠨᠵᠢᠯᠡᠬᠦ ᠤᠬᠠᠭᠠᠨᠴᠢ᠎ᠪᠠᠷ ᠰᠡᠷᠭᠡᠢᠯᠡᠨ ᠡᠵᠡᠮᠳᠡᠬᠦ ᠮᠡᠳᠡᠯᠭᠡ᠎ᠶᠢ ᠤᠯᠠᠮᠵᠢᠯᠠᠵᠤ ᠪᠠᠢᠪᠠ᠃ 《ᠡᠨᠡ ᠵᠢᠯ ᠬᠢᠵᠢᠭ ᠰᠡᠷᠭᠡᠢᠯᠡᠭᠴᠢ ᠴᠠᠭᠲᠤᠬᠠᠢ ᠳ᠋ᠤᠨᠢ ᠢᠷᠡᠵᠤ ᠬᠢᠵᠢᠭ᠎ᠢ ᠰᠡᠷᠭᠡᠢᠯᠡᠬᠥ ᠲᠠᠷᠢᠯᠭ᠎ᠠ ᠬᠢᠵᠤ ᠥᠭᠭᠥᠭᠰᠡᠨ ᠪᠤᠯᠬᠤᠷ ᠮᠠᠯ ᠤᠨᠤᠭ᠎ᠠ ᠶᠡᠷᠦ᠎ᠡᠴᠡ ᠰᠢᠯᠦᠬᠡᠢ ᠡᠪᠡᠳᠴᠢᠨ ᠮᠡᠲᠦ᠎ᠶᠢᠨ ᠬᠢᠵᠢᠭᠲᠦ ᠨᠡᠷᠪᠡᠭᠳᠡᠭᠡ ᠦᠭᠡᠢ᠂ ᠮᠠᠨᠠᠢᠬᠢᠨ 23 ᠦᠬᠡᠷ ᠲᠡᠵᠢᠭᠡᠵᠦ᠂ ᠵᠢᠯ ᠪᠥᠷᠢ ᠬᠢᠵᠢᠭ᠎ᠢ ᠰᠡᠷᠭᠡᠢᠯᠡᠬᠥ ᠠᠵᠢᠯ᠎ᠢ ᠬᠤᠢᠰᠢᠯᠠᠭᠤᠯᠤᠯ ᠥᠭᠡᠢ ᠬᠢᠵᠤ ᠪᠤᠢ》 ᠭᠡᠵᠦ ᠶᠠᠩ ᠱᠸ᠋ ᠵᠢᠶᠦ᠋ᠨ ᠬᠡᠯᠡᠨ᠎ᠡ᠃
ᠬᠢᠵᠢᠭ᠎ᠢ ᠰᠡᠷᠭᠡᠢᠯᠡᠬᠦ ᠠᠵᠢᠯ᠎ᠳᠤ ᠥᠨᠴᠥᠭ ᠪᠤᠯᠤᠩ ᠦᠯᠡᠳᠡᠭᠡᠬᠦ ᠦᠭᠡᠢ ᠪᠠᠢᠬᠤ᠎ᠶᠢ ᠪᠠᠲᠤᠯᠠᠬᠤ᠎ᠶᠢᠨ ᠲᠥᠯᠥᠭᠡ ᠯᠢᠦ ᠵᠢᠶᠠᠽᠢ ᠪᠠᠯᠭᠠᠰᠤ 11 ᠰᠠᠷ᠎ᠠ᠎ᠶᠢᠨ ᠡᠬᠢ᠎ᠪᠡᠷ ᠠᠮᠢᠲᠠᠨ᠎ᠤ ᠬᠢᠵᠢᠭ᠎ᠢ ᠰᠡᠷᠭᠡᠢᠯᠡᠬᠦ ᠪᠠᠢᠷᠢᠯᠠᠭᠤᠯᠤᠯᠲᠠ᠎ᠶᠢᠨ ᠬᠤᠷᠠᠯ ᠬᠢᠬᠦ᠎ᠶᠢᠨ ᠬᠠᠮᠲᠤ 26 ᠭᠠᠴᠠᠭ᠎ᠠ ᠲᠣᠰᠬᠣᠨ᠎ᠤ ᠠᠮᠢᠲᠠᠨ᠎ᠤ ᠬᠢᠵᠢᠭ᠎ᠢ ᠰᠡᠷᠭᠡᠢᠯᠡᠬᠦ ᠠᠵᠢᠯᠲᠠᠨ᠎ᠢ ᠵᠣᠬᠢᠶᠠᠨ ᠪᠠᠢᠭᠤᠯᠤᠨ ᠬᠢᠵᠢᠭ᠎ᠢ ᠲᠥᠪᠯᠡᠷᠡᠭᠦᠯᠦᠨ ᠰᠡᠷᠭᠡᠢᠯᠡᠬᠦ ᠠᠵᠢᠯ᠎ᠢ ᠥᠷᠨᠢᠭᠦᠯᠵᠦ᠂ 《ᠬᠡᠰᠡᠭ ᠬᠤᠪᠢᠶᠠᠨ ᠳᠠᠭᠠᠭᠠᠴᠢᠯᠠᠬᠤ᠂ ᠲᠥᠪᠯᠡᠷᠡᠭᠦᠯᠦᠨ ᠸᠠᠺᠼᠢᠨ᠎ᠤ ᠲᠠᠷᠢᠯᠭ᠎ᠠ ᠬᠢᠬᠦ᠂ ᠪᠥᠬᠥ ᠲᠣᠰᠬᠣᠨ᠎ᠢᠶᠠᠷ ᠠᠬᠢᠭᠤᠯᠬᠤ》 ᠵᠠᠭᠪᠤᠷ᠎ᠢ ᠬᠡᠷᠡᠭᠯᠡᠨ᠂ 《ᠪᠠᠯᠭᠠᠰᠤ ᠨᠢ ᠲᠣᠰᠬᠣᠨ᠎ᠢ ᠣᠷᠬᠢᠭ᠍ᠳᠠᠭᠤᠯᠬᠤ ᠦᠭᠡᠢ᠂ ᠲᠣᠰᠬᠣᠨ ᠨᠢ ᠡᠷᠦᠬᠡ᠎ᠶᠢ ᠣᠷᠬᠢᠭ᠍ᠳᠠᠭᠤᠯᠬᠤ ᠦᠭᠡᠢ᠂ ᠡᠷᠦᠬᠡ ᠨᠢ ᠮᠠᠯ᠎ᠢ ᠣᠷᠬᠢᠭ᠍ᠳᠠᠭᠤᠯᠬᠤ ᠦᠭᠡᠢ᠂ ᠮᠠᠯ ᠨᠢ ᠲᠠᠷᠢᠯᠭ᠎ᠠ᠎ᠶᠢ ᠣᠷᠬᠢᠭ᠍ᠳᠠᠭᠤᠯᠬᠤ ᠦᠭᠡᠢ》 ᠰᠡᠷᠭᠡᠢᠯᠡᠨ ᠡᠵᠡᠮᠳᠡᠬᠦ ᠱᠠᠭᠠᠷᠳᠠᠯᠭ᠎ᠠ᠎ᠶᠢ ᠪᠥᠬᠥ ᠬᠦᠴᠦᠨ᠎ᠢᠶᠡᠷ ᠨᠠᠢᠳᠠᠪᠤᠷᠢᠵᠢᠭᠤᠯᠤᠬᠰᠠᠨ ᠪᠠᠢᠨ᠎ᠠ᠃
《ᠨᠠᠮᠤᠷ ᠡᠪᠦᠯ᠎ᠦᠨ ᠤᠯᠠᠷᠢᠯ᠎ᠤᠨ ᠬᠢᠵᠢᠭ᠎ᠢ ᠰᠡᠷᠭᠡᠢᠯᠡᠬᠦ ᠠᠵᠢᠯ ᠪᠣᠯ ᠮᠠᠨ᠎ᠤ ᠪᠠᠯᠭᠠᠰᠤᠨ᠎ᠤ ᠮᠠᠯ ᠠᠵᠤ ᠠᠬᠤᠢ᠎ᠶᠢᠨ ᠡᠷᠡᠭᠦᠯ᠎ᠢᠶᠡᠷ ᠬᠥᠭᠵᠢᠬᠦ᠎ᠳᠦ ᠬᠣᠯᠪᠣᠭᠳᠠᠵᠤ᠂ ᠥᠷᠭᠡᠨ ᠣᠯᠠᠨ ᠲᠦᠮᠡᠨ᠎ᠦ ᠲᠤᠰ ᠪᠡᠶ᠎ᠡ᠎ᠶᠢᠨ ᠠᠰᠢᠭ᠋ ᠲᠤᠰᠠ᠎ᠳᠤ ᠬᠣᠯᠪᠣᠭᠳᠠᠵᠤ ᠪᠠᠢᠭ᠎ᠠ ᠪᠣᠯᠬᠣᠷ ᠪᠢᠳᠡ ᠲᠥᠢᠯ ᠵᠢᠨᠷ ᠴᠢᠬᠤᠯᠠᠴᠢᠯᠠᠨ᠂ ᠣᠳᠣᠬᠠᠨ᠎ᠳᠤ 16 ᠭᠠᠴᠠᠭ᠎ᠠ ᠲᠣᠰᠬᠣᠨ᠎ᠤ ᠲᠥᠪᠯᠡᠷᠡᠭᠦᠯᠦᠨ ᠡᠭᠡᠯᠢᠯᠡᠭᠡ ᠬᠢᠬᠥ ᠠᠵᠢᠯ᠎ᠢ ᠨᠢᠭᠡᠨᠲᠡ ᠪᠡᠶᠡᠯᠡᠭᠦᠯᠪᠠ᠂ ᠡᠭᠦᠨ ᠳ᠋ᠤ 33000 ᠦᠬᠡᠷ᠂ 42000 ᠬᠣᠨᠢ᠂ 40000 ᠭᠡᠷ᠎ᠦᠨ ᠵᠢᠭᠦᠷᠲᠡᠨ᠂ 7200 ᠭᠠᠬᠠᠢ ᠳ᠋ᠤ ᠲᠠᠷᠢᠯᠭ᠎ᠠ ᠬᠢᠬᠥ ᠵᠢ ᠪᠡᠶᠡᠯᠡᠭᠥᠯᠥᠭᠡᠳ ᠪᠤᠢ》 ᠭᠡᠵᠦ ᠯᠢᠦ ᠵᠢᠶᠠᠽᠢ ᠪᠠᠯᠭᠠᠰᠤ᠎ᠶᠢᠨ ᠶᠡᠷᠦᠩᠬᠡᠢᠯᠡᠭᠰᠡᠨ ᠪᠠᠲᠤᠯᠠᠭ᠎ᠠ ᠪᠣᠯᠣᠨ ᠮᠡᠷᠭᠡᠵᠢᠯ ᠳᠡᠯᠭᠡᠷᠡᠭᠦᠯᠬᠦ ᠲᠥᠪ᠎ᠦᠨ ᠡᠷᠬᠢᠯᠡᠭᠴᠢ ᠵᠢᠷᠭᠠᠯ ᠬᠡᠯᠡᠵᠤ ᠪᠠᠢᠯ᠎ᠠ᠃
ᠬᠢᠵᠢᠭ ᠰᠡᠷᠭᠡᠢᠯᠡᠯᠲᠡ᠎ᠶᠢᠨ ᠲᠤᠰᠬᠠᠢᠵᠢᠭ᠍ᠰᠠᠨ ᠲᠦᠪᠰᠢᠨ᠎ᠢ ᠤᠯᠠᠮ ᠨᠢᠭᠡ ᠠᠯᠬᠤᠮ ᠳᠡᠭᠡᠭᠰᠢᠯᠡᠭᠦᠯᠬᠦ᠎ᠶᠢᠨ ᠲᠥᠯᠥᠭᠡ ᠡᠨᠡ ᠵᠢᠯ ᠬᠦᠷᠢᠶ᠎ᠡ ᠬᠣᠰᠢᠭᠤ ᠪᠡᠯᠡ ᠣᠷᠣᠭᠤᠯᠤᠯᠲᠠ᠎ᠶᠢᠨ ᠡᠷᠴᠢᠮ᠎ᠢᠶᠡᠨ ᠴᠢᠩᠭᠠᠷᠠᠭᠤᠯᠵᠤ᠂ ᠨᠡᠶ᠋ᠢᠲᠡ 1134 ᠲᠦᠮᠡᠨ ᠲᠥᠭᠥᠷᠢᠭ᠎ᠦᠨ ᠪᠡᠯᠡ ᠮᠥᠩᠭᠥ ᠣᠷᠣᠭᠤᠯᠤᠨ᠂ ᠭᠤᠷᠪᠠᠳᠠᠭᠢ ᠡᠲᠡᠭᠡᠳ᠎ᠦᠨ ᠦᠢᠯᠡᠴᠢᠯᠡᠭᠡᠨ᠎ᠦ ᠵᠣᠬᠢᠶᠠᠨ ᠪᠠᠢᠭᠤᠯᠤᠯᠲᠠ᠎ᠶᠢ ᠤᠷᠢᠵᠤ᠂ ᠪᠥᠬᠥ ᠬᠣᠰᠢᠭᠤᠨ᠎ᠤ 2.3 ᠲᠦᠮᠡᠨ ᠲᠡᠵᠢᠭᠡᠪᠥᠷᠢ ᠵᠢᠨ ᠡᠷᠦᠬᠡ᠎ᠳᠦ ᠭᠡᠷ ᠲᠦ᠍ᠨᠢ ᠬᠦᠷᠴᠦ ᠬᠢᠵᠢᠭ ᠰᠡᠷᠭᠡᠢᠯᠡᠬᠦ ᠦᠢᠯᠡᠴᠢᠯᠡᠭᠡ ᠬᠠᠩᠭᠠᠵᠤ ᠪᠤᠢ᠃ ᠣᠲᠣᠬᠠᠨ ᠪᠣᠯᠲᠠᠯ᠎ᠠ ᠨᠠᠮᠤᠷ ᠡᠪᠦᠯ᠎ᠦᠨ ᠤᠯᠠᠷᠢᠯ᠎ᠤᠨ ᠠᠮᠢᠲᠠᠨ᠎ᠤ ᠡᠭᠡᠯᠢᠯᠡᠭᠡ᠎ᠶᠢᠨ ᠲᠠᠷᠢᠯᠭ᠎ᠠ᠎ᠶᠢᠨ ᠠᠵᠢᠯ ᠶᠠᠭ ᠡᠮᠬᠢ ᠵᠢᠷᠤᠮ᠎ᠲᠠᠢ ᠶᠠᠪᠤᠭᠳᠠᠵᠤ᠂ ᠵᠢᠱ᠌ᠢᠯᠲᠡ᠎ᠪᠡᠷ 12 ᠰᠠᠷ᠎ᠠ ᠪᠤᠯᠳᠠᠯ᠎ᠠ ᠪᠥᠬᠥ ᠬᠣᠰᠢᠭᠤᠨ᠎ᠤ 138 ᠲᠦᠮᠡᠨ ᠲᠣᠯᠣᠭᠠᠢ ᠮᠠᠯ ᠵᠢᠭᠦᠷᠲᠡᠨ᠎ᠦ ᠡᠭᠡᠯᠢᠯᠡᠭᠡ᠎ᠶᠢᠨ ᠡᠭᠦᠷᠭᠡ᠎ᠶᠢ ᠪᠡᠶᠡᠯᠡᠭᠦᠯᠥᠨ᠂ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠳᠡᠭᠦᠯᠬᠦ᠂ ᠮᠠᠯ ᠠᠵᠤ ᠠᠬᠤᠢ᠎ᠶᠢᠨ ᠶᠠᠰᠤ ᠴᠢᠨᠠᠷ᠎ᠢ ᠳᠡᠭᠡᠭᠰᠢᠯᠡᠭᠦᠯᠬᠦ᠎ᠳᠦ ᠠᠮᠤᠷ ᠲᠦᠪᠰᠢᠨ᠎ᠦ ᠪᠠᠳᠤᠯᠠᠭ᠎ᠠ ᠬᠠᠩᠭᠠᠵᠤ ᠪᠠᠢᠨ᠎ᠠ᠃