ᠦᠪᠤᠷ ᠮᠤᠨᠭᠭᠤᠯ ᠤ᠋ᠨ ᠮᠦᠨᠭᠬᠦᠨ ᠬᠦᠢᠯᠬᠡᠬᠡᠨ ᠤ᠋ ᠪᠠᠢᠭᠤᠯᠤᠮᠵᠢ ᠢ᠋ᠢᠨ ᠡᠯ᠎ᠠ ᠵᠦᠢᠯ ᠤ᠋ᠨ ᠵᠢᠬᠡᠯᠡᠯᠬᠡ ᠢ᠋ᠢᠨ ᠦᠯᠡᠳᠡᠪᠤᠷᠢ 3.27 ᠲᠦᠮᠡᠨ ᠳ᠋ᠦᠨᠭᠰᠢᠭᠤᠷ ᠲᠦᠬᠦᠷᠢᠭ ᠲᠦ᠍ ᠬᠦᠷᠴᠠᠢ
2025-12-05 10:10:53
ᠵᠣᠬᠢᠶᠠᠭ᠍ᠴᠢ᠄
ᠰᠠᠷᠭᠠᠢ
ᠣᠩᠱᠢᠭ᠍ᠰᠠᠨ ᠣᠳᠠᠭ᠎ᠠ᠄
★★★☆☆

ᠣᠳᠣᠬᠠᠨ ᠪᠣᠯᠲᠠᠯ᠎ᠠ ᠦᠪᠤᠷ ᠮᠤᠨᠭᠭᠤᠯ ᠤ᠋ᠨ ᠪᠠᠩᠬᠢ᠎ᠶ᠋ᠢᠨ ᠦᠶ᠋ᠯᠡᠰ᠎ᠦᠨ ᠮᠥᠩᠭᠥᠨ ᠭᠦᠶ᠋ᠯᠭᠡᠭᠡᠨ᠎ᠦ ᠪᠠᠢᠭᠤᠯᠤᠮᠵᠢ᠎ᠶ᠋ᠢᠨ ᠡᠯ᠎ᠡ ᠵᠦᠶ᠋ᠯ᠎ᠦᠨ ᠵᠢᠭᠡᠯᠡᠯᠭᠡ᠎ᠶ᠋ᠢᠨ ᠦᠯᠡᠳᠡᠪᠦᠷᠢ 3.27 ᠲᠦᠮᠡᠨ ᠳ᠋ᠦᠩᠱᠢᠭᠤᠷ ᠲᠥᠭᠥᠷᠢᠭ ᠪᠠᠢᠵᠤ᠂ 《ᠠᠷᠪᠡᠨ ᠭᠤᠷᠪᠠᠳᠤᠭᠠᠷ ᠲᠠᠪᠤᠨ ᠵᠢᠯ》᠎ᠤ᠋ᠨ ᠰᠡᠭᠦᠯᠴᠢ᠎ᠶ᠋ᠢᠨ ᠬᠤᠭᠤᠴᠠᠭᠠᠨ᠎ᠤ᠎ᠬᠢ᠎ᠡᠴᠡ 40% ᠪᠠᠷ ᠨᠡᠮᠡᠭᠳᠡᠵᠤ᠂ ᠲᠠᠷᠢᠶᠠᠯᠠᠩ᠎ᠳᠤ ᠬᠣᠯᠪᠣᠭ᠍ᠳᠠᠭ᠍ᠰᠠᠨ ᠵᠢᠭᠡᠯᠡᠯᠭᠡ᠂ ᠵᠦᠶ ᠶᠣᠰᠣᠨ᠎ᠤ ᠵᠢᠭᠡᠯᠡᠯᠭᠡ᠂ ᠦᠶ᠋ᠯᠡᠳᠬᠦ᠌ ᠦᠶ᠋ᠯᠡᠰ᠎ᠦᠨ ᠲᠤᠮᠳᠠ ᠤᠷᠳᠤ ᠬᠤᠭᠤᠴᠠᠭᠠᠨ᠎ᠤ ᠵᠢᠭᠡᠯᠡᠯᠭᠡ᠂ ᠲᠦᠭᠡᠮᠡᠯ ᠬᠠᠷᠠᠭᠠᠯᠵᠠᠯᠲᠤ ᠪᠠᠭ᠎ᠠ ᠵᠢᠵᠢᠭ ᠵᠢᠭᠡᠯᠡᠯᠭᠡ᠎ᠶ᠋ᠢᠨ ᠦᠯᠡᠳᠡᠪᠦᠷᠢ ᠨᠢ ᠲᠣᠰ ᠲᠣᠰ 《ᠠᠷᠪᠡᠨ ᠭᠤᠷᠪᠠᠳᠤᠭᠠᠷ ᠲᠠᠪᠤᠨ ᠵᠢᠯ》 ᠤ᠋ᠨ ᠰᠡᠭᠦᠯᠴᠢ᠎ᠶ᠋ᠢᠨ ᠬᠤᠭᠤᠴᠠᠭᠠᠨ᠎ᠤ 1.3 ᠳᠠᠬᠢᠨ᠂ 2.7 ᠳᠠᠬᠢᠨ᠂ 2.3 ᠳᠠᠬᠢᠨ ᠪᠠ 1.8 ᠳᠠᠬᠢᠨ ᠪᠤᠯᠵᠤ᠂ ᠮᠥᠩᠭᠥᠨ ᠭᠦᠶ᠋ᠯᠭᠡᠭᠡᠨ᠎ᠦ ᠪᠣᠳᠠᠲᠤ ᠴᠣᠭ᠍ᠴᠠ᠎ᠶ᠋ᠢᠨ ᠠᠵᠤ ᠠᠬᠤᠶ᠎ᠳᠤ ᠦᠶ᠋ᠯᠡᠴᠢᠯᠡᠬᠦ᠌ ᠴᠢᠳᠠᠪᠤᠷᠢ ᠤᠯᠠᠮ ᠨᠢᠭᠡ ᠠᠯᠬᠤᠮ ᠴᠢᠩᠭᠠᠷᠠᠪᠠ᠃

ᠦᠪᠤᠷ ᠮᠤᠨᠭᠭᠤᠯ ᠮᠥᠩᠭᠥᠨ ᠭᠦᠶ᠋ᠯᠭᠡᠭᠡᠨ᠎ᠦ ᠪᠠᠢᠭᠤᠯᠤᠮᠵᠢ᠎ᠶ᠋ᠢᠨ ᠲᠦᠷᠦᠭᠦᠯᠡᠨ ᠵᠢᠱ᠌ᠢᠶ᠎ᠡ ᠦᠵᠡᠭᠦᠯᠬᠦ᠌᠂ ᠭᠤᠤᠯᠳᠠᠯᠭ᠎ᠠ᠎ᠲᠠᠶ ᠠᠵᠤ ᠠᠬᠤᠢᠯᠠᠯ᠎ᠤᠨ ᠭᠤᠤᠯᠯᠠᠨ ᠡᠷᠭᠢᠯᠡᠬᠦ᠌᠎ᠳᠦ ᠦᠶ᠋ᠯᠡᠴᠢᠯᠡᠬᠦ᠌᠂ ᠪᠠᠭ᠎ᠠ ᠵᠢᠵᠢᠭ ᠠᠵᠤ ᠠᠬᠤᠢᠯᠠᠯ᠎ᠤᠨ ᠪᠠᠯᠠ ᠬᠤᠷᠠᠮᠳᠤᠭᠤᠯᠭ᠎ᠠ ᠢ᠋ᠢᠨ ᠵᠣᠬᠢᠴᠠᠭᠤᠯᠭ᠎ᠠ᠎ᠶ᠋ᠢ ᠳᠡᠮᠵᠢᠬᠦ᠌᠂ ᠨᠢᠭᠡ ᠠᠵᠤ ᠠᠬᠤᠢᠯᠠᠯ᠎ᠳᠤ ᠨᠢᠭᠡ ᠠᠷᠭ᠎ᠠ ᠪᠣᠳᠣᠯᠭ᠎ᠠ᠎ᠪᠠᠷ ᠭᠤᠤᠯᠳᠠᠯᠭ᠎ᠠ᠎ᠲᠠᠶ ᠠᠵᠤ ᠠᠬᠤᠢᠯᠠᠯ᠎ᠤᠨ ᠬᠦᠴᠢᠷᠳᠡᠯ᠎ᠢ ᠱᠢᠶ᠋ᠳᠪᠦᠷᠢᠯᠡᠨ ᠬᠥᠭ᠌ᠵᠢᠭᠦᠯᠬᠦ᠌᠎ᠳᠦ ᠬᠦᠴᠦᠨ ᠨᠡᠮᠡᠷᠢᠯᠡᠬᠦ᠌ ᠵᠡᠷᠭᠡ ᠠᠵᠢᠯ᠎ᠤᠨ ᠲᠣᠭ᠍ᠲᠠᠴᠠ᠎ᠶ᠋ᠢ ᠭᠦᠨᠵᠡᠭᠡᠢᠷᠡᠭᠦᠯᠵᠦ᠍᠂ ᠵᠠᠰᠠᠭ᠎ᠤᠨ ᠣᠷᠳᠣᠨ ᠮᠥᠩᠭᠥᠨ ᠭᠦᠶ᠋ᠯᠭᠡᠭᠡᠨ ᠠᠵᠤ ᠠᠬᠤᠢᠯᠠᠯ᠎ᠢ ᠵᠣᠯᠭᠠᠭᠤᠯᠬᠤ ᠠᠵᠢᠯᠯᠠᠭ᠎ᠠ᠎ᠶ᠋ᠢ ᠪᠠᠢᠨᠭᠭᠤ ᠵᠣᠬᠢᠶᠠᠨ ᠪᠠᠢᠭᠤᠯᠤᠨ ᠥᠷᠨᠢᠭᠦᠯᠵᠦ᠍᠂ 《ᠮᠥᠩᠭᠥᠨ ᠭᠦᠶ᠋ᠯᠭᠡᠭᠡᠨ᠎ᠦ ᠲᠣᠰᠭᠣᠨ᠎ᠤ ᠳᠡᠳ᠋ ᠳᠠᠷᠤᠭ᠎ᠠ》 ᠎ᠶ᠋ᠢᠨ ᠦᠶ᠋ᠯᠡᠴᠢᠯᠡᠭᠡᠨ᠎ᠦ ᠵᠠᠭ᠍ᠪᠤᠷ ᠪᠠ ᠮᠥᠩᠭᠥᠨ ᠭᠦᠶ᠋ᠯᠭᠡᠭᠡᠨ᠎ᠦ ᠵᠥᠪᠯᠡᠭ᠌ᠴᠢ᠎ᠶ᠋ᠢᠨ ᠲᠦᠷᠢᠮ᠎ᠢ ᠭᠦᠨᠵᠡᠭᠡᠶ ᠳᠡᠯᠭᠡᠷᠡᠭᠦᠯᠦᠭᠰᠡᠨ ᠪᠠᠢᠨ᠎ᠡ᠃

ᠡᠬᠦᠨ ᠤ᠋ ᠬᠠᠮᠳᠤ ᠮᠥᠩᠭᠥᠨ ᠭᠦᠢᠯᠭᠡᠭᠡᠨ᠎ᠢᠶᠡᠷ ᠠᠵᠤ ᠠᠬᠤᠢᠯᠠᠯ᠎ᠢ ᠲᠡᠮᠵᠢᠬᠦ ᠠᠵᠢᠯᠯᠠᠭ᠎ᠠ᠎ᠶ᠋ᠢ ᠭᠦᠨᠵᠡᠭᠡᠶ ᠦᠷᠨᠢᠬᠦᠯᠵᠤ᠂ ᠮᠥᠩᠭᠥᠨ ᠭᠦᠶ᠋ᠯᠭᠡᠭᠡᠨ᠎ᠢᠶᠡᠷ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢᠯᠠᠯ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠳᠡᠮᠵᠢᠬᠦ᠌ ᠠᠵᠢᠯᠯᠠᠭᠠᠨ᠎ᠤ ᠲᠥᠰᠦᠯ᠎ᠢ ᠨᠡᠢᠲᠡᠯᠡᠵᠦ᠍᠂ ᠢᠲᠡᠭᠡᠮᠵᠢ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢ ᠠᠭᠤᠵᠢᠭᠤ ᠪᠣᠯᠭᠠᠬᠤ ᠠᠷᠭ᠎ᠠ ᠬᠡᠮᠵᠢᠶ᠎ᠡ᠎ᠨᠦᠭᠦᠳ᠎ᠢ ᠬᠡᠷᠡᠭ᠌ᠵᠢᠭᠦᠯᠵᠦ᠍᠂ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠶ᠎ᠶ᠋ᠢᠨ ᠭᠤᠤᠯ ᠴᠣᠭ᠍ᠴᠠ᠎ᠶ᠋ᠢᠨ ᠪᠠᠯᠠ ᠬᠤᠷᠠᠮᠳᠤᠭᠤᠯᠬᠤ ᠠᠶᠤᠯ ᠲᠦᠭ᠌ᠰᠢᠭᠦᠷᠢ᠎ᠶ᠋ᠢ ᠬᠤᠪᠢᠶᠠᠯᠴᠠᠨ ᠡᠭᠦᠷᠭᠡᠯᠡᠬᠦ᠌ ᠲᠣᠭ᠍ᠲᠠᠴᠠ᠎ᠶ᠋ᠢ ᠪᠦᠷᠢᠨᠱᠢᠬᠦᠯᠬᠦ᠌ ᠠᠷᠭ᠎ᠠ ᠬᠡᠮᠵᠢᠶ᠎ᠡ᠎ᠨᠦᠭᠦᠳ᠂ ᠡᠳ᠋᠎ᠦᠨ ᠵᠠᠰᠠᠭ ᠮᠥᠩᠭᠥᠨ ᠭᠦᠶ᠋ᠯᠭᠡᠭᠡᠨ᠎ᠦ ᠬᠠᠮᠵᠢᠯᠴᠠᠨ ᠦᠶ᠋ᠯᠡᠴᠢᠯᠡᠬᠦ᠌ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ 《ᠱᠢᠪᠲᠤᠯᠤᠯᠲᠠ》 ᠢ᠋ᠢᠨ ᠢᠨᠵᠧᠨᠧᠷᠢᠩ᠎ᠢ ᠴᠢᠩᠭᠠᠳᠭᠠᠬᠤ ᠰᠠᠨᠠᠯ ᠵᠡᠷᠭᠡ ᠠᠵᠤ ᠠᠬᠤᠢᠯᠠᠯ᠎ᠢ ᠲᠣᠭ᠍ᠲᠠᠪᠤᠷᠢᠵᠢᠭᠤᠯᠤᠨ ᠠᠵᠤ ᠠᠬᠤᠢᠯᠠᠯ᠎ᠳᠤ ᠠᠱᠢᠭ ᠬᠦᠷᠲᠡᠭᠡᠬᠦ᠌ ᠮᠥᠩᠭᠥᠨ ᠭᠦᠶ᠋ᠯᠭᠡᠭᠡᠨ᠎ᠦ ᠦᠶ᠋ᠯᠡᠴᠢᠯᠡᠭᠡᠨ᠎ᠦ ᠠᠷᠭ᠎ᠠ ᠬᠡᠮᠵᠢᠶ᠎ᠡ᠎ᠨᠦᠭᠦᠳ᠎ᠢ ᠬᠡᠷᠡᠭ᠌ᠵᠢᠭᠦᠯᠵᠦ᠍᠂ ᠮᠥᠩᠭᠥᠨ ᠭᠦᠶ᠋ᠯᠭᠡᠭᠡᠨ᠎ᠦ ᠪᠠᠢᠭᠤᠯᠤᠮᠵᠢ᠎ᠶ᠋ᠢᠨ ᠰᠦᠶ᠋ᠳᠭᠡᠯ᠎ᠢ ᠪᠠᠭᠠᠰᠭᠠᠨ ᠠᠱᠢᠭ ᠣᠯᠭᠣᠬᠤ᠎ᠶ᠋ᠢ ᠠᠬᠢᠭᠤᠯᠵᠤ᠂ ᠠᠵᠤ ᠠᠬᠤᠢᠯᠠᠯ᠎ᠤᠨ ᠶᠡᠷᠦᠩᠬᠡᠢᠯᠡᠭ᠌ᠰᠡᠨ ᠪᠠᠯᠠ ᠬᠤᠷᠠᠮᠳᠤᠭᠤᠯᠬᠤ ᠥᠪᠡᠷ᠎ᠦᠨ ᠥᠷᠲᠡᠭ᠎ᠢ ᠦᠨᠡᠨ ᠬᠦ᠌ ᠪᠠᠭᠤᠷᠠᠭᠤᠯᠪᠠ᠃ ᠣᠳᠣᠬᠠᠨ ᠪᠣᠯᠲᠠᠯ᠎ᠠ ᠦᠪᠤᠷ ᠮᠤᠨᠭᠭᠤᠯ ᠤ᠋ᠨ ᠠᠷᠠᠳ ᠤ᠋ᠨ ᠡᠵᠡᠨᠭᠨᠡᠯᠳᠡ ᠢ᠋ᠢᠨ ᠠᠵᠤ ᠠᠬᠤᠢᠯᠠᠯ᠎ᠤᠨ ᠵᠢᠭᠡᠯᠡᠯᠭᠡ᠎ᠶ᠋ᠢᠨ ᠦᠯᠡᠳᠡᠪᠦᠷᠢ 7960 ᠳ᠋ᠦᠩᠱᠢᠭᠤᠷ ᠲᠥᠭᠥᠷᠢᠭ ᠪᠠᠢᠵᠤ᠂ 《ᠠᠷᠪᠡᠨ ᠭᠤᠷᠪᠠᠳᠤᠭᠠᠷ ᠲᠠᠪᠤᠨ ᠵᠢᠯ》᠎ᠤ᠋ᠨ ᠰᠡᠭᠦᠯᠴᠢ᠎ᠶ᠋ᠢᠨ ᠬᠤᠭᠤᠴᠠᠭᠠᠨ᠎ᠤ᠎ᠬᠢ᠎ᠡᠴᠡ 37% ᠪᠠᠷ ᠨᠡᠮᠡᠭ᠌ᠳᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号