ᠬᠡᠢᠪᠤᠩ ᠭᠤᠤᠯ᠂ ᠱᠠᠨᠭᠳᠤ ᠵᠢᠨ ᠤᠰᠤᠨ᠎ᠠ ᠬᠡᠬᠡᠨ ᠳᠡᠦᠬᠡ ᠵᠢᠨ ᠤᠷᠤᠰᠬᠠᠯ ᠳᠠᠢ
ᠰᠢᠷ᠎ᠠ ᠳᠠᠯ᠎ᠠ᠂ ᠬᠤᠷᠠᠬᠤ ᠵᠢᠨ ᠠᠭᠤᠯᠡᠨᠠ ᠬᠠᠭᠤᠴᠢᠨ ᠦᠦᠬᠡ ᠵᠢᠨ ᠮᠦᠷ ᠳᠡᠢ
ᠪᠦᠯᠢᠶᠡᠨ ᠳᠠᠨᠭᠰᠤᠭ ᠦᠯᠦᠬᠡᠢ ᠶᠤᠮ᠂ ᠰᠡᠷᠢᠬᠦᠬᠡᠨ ᠪᠠᠰᠠ ᠳᠤᠯᠠᠭᠠᠬᠠᠨ ᠪᠢᠯᠡ
ᠪᠠᠢᠴᠠ ᠳᠠᠨᠭᠰᠤᠭ ᠨᠤᠳᠤᠭ ᠶᠤᠮ᠂ ᠡᠯᠡᠰᠦ ᠳᠠᠢ ᠪᠠᠰᠠ ᠱᠠᠨᠭᠳᠠ ᠳᠠᠢ ᠪᠢᠯᠡ
ᠰᠢᠯᠤᠭᠤᠨ ᠬᠦᠬᠡ ᠬᠤᠰᠢᠭᠤ
◆ ᠰᠢᠯᠢ ᠶ᠋ᠢᠨ ᠭᠣᠤᠯ ᠠᠢᠮᠠᠭ ᠤ᠋ᠨ ᠡᠮᠦᠨ᠎ᠠ ᠬᠡᠰᠡᠭ ᠲᠦ᠍ ᠪᠠᠢᠷᠢᠯᠠᠵᠤ᠂ ᠶᠡᠷᠦᠨᠭᠭᠡᠢ ᠳᠠᠯᠠᠪᠠᠢ ᠨᠢ 10182 ᠲᠡᠭᠰᠢ ᠳᠥᠷᠪᠡᠯᠵᠢᠨ ᠺᠢᠯᠣᠮᠧᠲᠷ᠃ 4 ᠰᠤᠮᠤ᠂ 3 ᠪᠠᠯᠭᠠᠰᠤ᠂ 2 ᠤᠯᠤᠰ ᠤ᠋ᠨ ᠥᠮᠴᠢᠯᠡᠯᠲᠦ ᠲᠠᠷᠢᠶᠠᠯᠠᠩ ᠮᠠᠯᠵᠢᠯ ᠤ᠋ᠨ ᠲᠠᠯᠠᠪᠠᠶ ᠲᠠᠶ᠂ ᠪᠠᠢᠩᠭᠤ ᠰᠠᠭᠤᠭ᠎ᠠ ᠬᠥᠮᠦᠨ ᠠᠮᠠ 7.03 ᠲᠦᠮᠡ᠃
◆ ᠳᠤᠮᠳᠠᠳᠤ ᠤᠯᠤᠰ ᠤ᠋ᠨ ᠴᠠᠭᠠᠨ ᠢᠳᠡᠭᠡᠨ ᠦ᠌ ᠰᠣᠶᠣᠯ ᠤ᠋ᠨ ᠦᠯᠦᠭᠡᠢ᠂ ᠳᠤᠮᠳᠠᠳᠤ ᠤᠯᠤᠰ ᠤ᠋ᠨ ᠴᠠᠭᠠᠨ ᠢᠳᠡᠭᠡᠨ ᠦ᠌ ᠰᠣᠶᠣᠯ ᠢ᠋ ᠤᠯᠠᠮᠵᠢᠯᠠᠬᠤ ᠰᠠᠭᠤᠷᠢᠨ ᠭᠠᠵᠠᠷ᠃ ᠳᠡᠯᠡᠬᠡᠶ ᠶ᠋ᠢᠨ ᠰᠣᠶᠣᠯ ᠤ᠋ᠨ ᠥᠪ ᠪᠤᠯᠬᠤ ᠶᠤᠸᠠᠨ ᠤ᠋ ᠳᠡᠭᠡᠳᠦ ᠨᠡᠢᠰᠯᠡᠯ ᠦ᠋ᠨ ᠪᠠᠭᠤᠷᠢ ᠳᠠᠢ᠂ ᠪᠡᠭᠡᠵᠢᠡᠭ ᠠ᠋ᠴᠠ ᠬᠠᠮᠤᠭ ᠣᠢᠷ᠎ᠠ ᠪᠠᠢᠷᠢᠯᠠᠵᠤ ᠪᠠᠢᠭ᠎ᠠ ᠲᠠᠯ᠎ᠠ ᠨᠤᠳᠤᠭ ᠤ᠋ᠨ ᠨᠡᠢᠳᠡᠯᠢᠭ ᠮᠠᠯᠵᠢᠬᠤ ᠤᠷᠤᠨ᠃
◆ 《ᠠᠭᠤᠯᠠ ᠤᠰᠤ ᠣᠶ ᠮᠣᠳᠣ᠌ ᠭᠠᠵᠠᠷ ᠲᠠᠷᠢᠶ᠎ᠠ ᠨᠠᠭᠤᠷ ᠪᠦᠷᠢᠳᠦ ᠲᠠᠯ᠎ᠠ ᠨᠤᠲᠤᠭ ᠡᠯᠡᠰᠦ ᠮᠠᠩᠬ᠎ᠠ》 ᠵᠡᠷᠭᠡ ᠤᠯᠠᠨ ᠶᠠᠩᠵᠤᠳᠤ ᠪᠠᠢᠭᠠᠯᠢ ᠶ᠋ᠢᠨ ᠰᠢᠨᠵᠢ ᠶ᠋ᠢ ᠪᠦᠷᠢᠳᠦᠬᠦᠯᠵᠤ᠂ ᠶᠡᠬᠡ ᠪᠠᠭ᠎ᠠ ᠤᠷᠤᠰᠬᠠᠯ ᠭᠤᠤᠯ 21᠂ ᠨᠠᠭᠤᠷ 47 ᠪᠠᠢᠵᠤ᠂ ᠪᠡᠯᠴᠢᠭᠡᠷ ᠦ᠋ᠨ ᠲᠠᠯᠠᠪᠠᠶ 1356.68 ᠲᠦᠮᠡᠨ ᠮᠤ᠌᠂ ᠣᠢᠲᠤ ᠭᠠᠵᠠᠷ ᠤ᠋ᠨ ᠲᠠᠯᠠᠪᠠᠶ 377.27 ᠲᠦᠮᠡᠨ ᠮᠤ᠌᠂ ᠣᠶ ᠰᠢᠭᠤᠶ ᠶ᠋ᠢᠨ ᠪᠦᠷᠬᠦᠴᠡ 20.5% ᠳ᠋ᠤ᠌ ᠬᠦᠷᠴᠠᠢ᠃
(ᠰᠢᠯᠤᠭᠤᠨ ᠬᠦᠬᠡ ᠬᠤᠰᠢᠭᠤᠨᠤ ᠬᠠᠮ ᠵᠠᠭᠤᠴᠢᠯᠠᠭᠤᠷᠤᠨ ᠳᠦᠪ ᠳᠠᠢ ᠬᠠᠮᠳᠤᠷᠡᠨ ᠤᠬᠠᠭᠠᠯᠠᠪᠠ)