ᠪᠤᠯᠪᠠᠰᠤᠨ ᠰᠤᠷᠲᠠᠯ ᠪᠤᠮᠠᠨ ᠦᠢᠯᠡ ᠵᠢᠨ ᠠᠨᠢᠰᠤ
2025-12-05 10:57:19
ᠵᠣᠬᠢᠶᠠᠭ᠍ᠴᠢ᠄
ᠬᠠᠰ
ᠣᠩᠱᠢᠭ᠍ᠰᠠᠨ ᠣᠳᠠᠭ᠎ᠠ᠄
★★★☆☆

《ᠡᠨᠡ ᠭᠤᠷᠪᠠᠨ ᠰᠤᠷᠤᠬᠴᠢ ᠮᠠᠨ ᠤ᠋ ᠬᠤᠭᠤᠯᠠᠨ ᠭᠡᠷ ᠲᠤ᠌ ᠬᠡᠵᠢᠶ᠎ᠡ ᠢᠷᠡᠵᠥ ᠬᠤᠭᠤᠯᠠᠯᠠᠬᠰᠠᠨ ᠴᠤ᠌ ᠰᠦᠢᠳᠭᠡᠯ ᠬᠤᠷᠢᠶᠠᠬᠤ ᠦᠬᠡᠢ》 ᠭᠡᠵᠥ ᠬᠤᠭᠤᠯᠠᠨ ᠭᠡᠷ ᠤ᠋ᠨ ᠳᠠᠭᠠᠭᠠᠮᠠᠯ ᠮᠦᠩᠬᠡᠳᠦ᠋ᠬᠦᠷᠡᠩ ᠭᠤᠸᠠᠢ ᠲᠦᠷᠦᠬᠦᠬᠡᠨ ᠰᠦᠯᠵᠢᠶ᠎ᠡ ᠪᠡᠷ ᠳᠠᠮᠵᠢᠭᠤᠯᠤᠨ ᠠᠮᠠᠯᠠᠯᠳᠠ ᠬᠢᠵᠡᠢ᠃ ᠢᠩᠬᠢᠭᠡᠳ ᠨᠢᠭᠡᠨ ᠰᠤᠷᠭᠠᠭᠤᠯᠢ ᠵᠢᠨ ᠭᠤᠷᠪᠠᠨ ᠰᠤᠷᠤᠭᠴᠢ ᠵᠢᠨ ᠬᠤᠭᠤᠯᠠᠨ ᠎ᠤ ᠳᠠᠷᠠᠭ᠎ᠠ ᠬᠤᠭᠤᠯᠠᠨ ᠰᠢᠷᠡᠭᠡ ᠪᠠᠨ ᠦᠪᠠᠷ ᠵᠢᠠᠨ ᠴᠡᠪᠡᠷᠯᠡᠭᠰᠡᠨ᠂ ᠬᠤᠭᠤᠯᠠᠨ ᠭᠡᠷ᠎ᠤᠨ ᠳᠠᠭᠠᠭᠠᠮᠠᠯ᠎ᠤᠨ ᠲᠠᠯᠠᠷᠬᠠᠯ᠎ᠤᠨ ᠬᠠᠷᠢᠭᠤ᠎ᠳᠤ ᠤᠮᠳᠠᠭᠠᠨ᠎ᠤ ᠵᠤᠭᠤᠰ᠎ᠢ ᠨᠢ ᠳᠠᠯᠳᠠᠭᠤᠷ ᠦᠯᠡᠳᠡᠭᠡᠭᠰᠡᠨ ᠶᠤᠰᠤᠷᠬᠠᠭ ᠦᠢᠯᠡ ᠠᠵᠢᠯᠯᠠᠭ᠎ᠠ ᠴᠸ᠋ ᠤᠯᠠᠨ᠎ᠠ ᠳᠠᠮᠵᠢᠬᠳᠠᠵᠤ᠂ ᠦᠵᠡᠭᠰᠡᠨ ᠳᠤᠭᠤᠯᠤᠬᠰᠠᠨ ᠪᠦᠬᠦᠨ ᠪᠤᠯᠪᠠᠰᠤᠨ ᠰᠤᠷᠳᠠᠯ ᠤ᠋ᠨ ᠬᠢᠨᠢ ᠬᠠᠷᠢᠭᠤ ᠳ᠋ᠤᠨᠢ ᠡᠷᠡᠬᠡᠢ ᠭᠤᠵᠤᠢᠯᠭᠠᠪᠠ ᠁

《ᠮᠦᠰᠤ ᠰᠠᠢᠳᠤ ᠵᠢᠨ ᠮᠦᠷ ᠴᠠᠭᠠᠨ》 ᠶᠤᠮ᠃ ᠤᠳᠠᠭᠠᠨ ᠤᠨ᠎ᠤ ᠳᠡᠥᠬᠡ ᠳᠠᠢ ᠡᠷᠳᠡᠨ ᠤ᠋ ᠪᠤᠯᠪᠠᠰᠤᠨ ᠤᠯᠤᠰ ᠎ᠤᠨ ᠢᠷᠭᠡᠳ ᠪᠤᠯᠤᠬᠰᠠᠨ ᠤ᠋ ᠬᠤᠪᠢ ᠳ᠋ᠤ ᠳᠤᠮᠳᠠᠳᠤᠴᠤᠳ ᠪᠤᠯᠪᠠᠰᠤᠨ ᠬᠡᠪ ᠰᠤᠷᠳᠠᠯ ᠢ᠋ ᠴᠢᠬᠤᠯᠠᠴᠢᠯᠠᠬᠰᠠᠭᠠᠷ ᠢᠷᠡᠵᠥ᠂ ᠦᠷ᠎ᠡ ᠬᠤᠢᠴᠢᠰ ᠵᠢᠡᠨ ᠬᠦᠯ ᠳ᠋ᠤ ᠤᠷᠤᠵᠥ᠂ ᠬᠡᠯᠡ ᠳ᠋ᠤ ᠤᠷᠤᠬᠤ ᠡᠴᠡ ᠨᠢ ᠡᠬᠢᠯᠡᠨ ᠰᠤᠷᠭᠠᠯ ᠰᠤᠷᠳᠠᠯ ᠳᠠᠢ ᠬᠦᠮᠦᠵᠢᠬᠦᠯᠬᠦ ᠵᠢ ᠬᠢᠴᠢᠶᠡᠵᠥ᠂ ᠮᠤᠩᠭᠤᠯᠴᠤᠳ ᠴᠤ᠌ 《ᠶᠤᠰᠤ ᠳᠠᠢ ᠪᠤᠯ ᠶᠤᠷᠤ ᠬᠠᠯᠳᠠᠬᠤ ᠦᠬᠡᠢ》 ᠬᠡᠮᠡᠨ ᠦᠷ᠎ᠡ ᠬᠡᠥᠬᠡᠳ ᠳᠡᠬᠡᠨ《ᠪᠡᠶ᠎ᠡ ᠵᠢᠨ ᠴᠡᠬᠡᠷᠯᠠᠯ》᠂ 《ᠰᠡᠳᠬᠢᠯ ᠤ᠋ᠨ ᠴᠡᠬᠡᠷᠯᠡᠯ》᠂ 《ᠬᠡᠯᠡᠨ ᠤ᠋ ᠴᠡᠬᠡᠷᠯᠡᠯ》᠂ 《ᠦᠵᠡᠯ ᠤ᠋ᠨ ᠴᠡᠬᠡᠷᠯᠡᠯ》᠂ 《ᠶᠠᠪᠤᠳᠠᠯ ᠤ᠋ᠨ ᠴᠡᠬᠡᠷᠯᠡᠯ》᠂ 《ᠨᠦᠬᠦᠷ ᠤ᠋ᠨ ᠴᠡᠬᠡᠷᠯᠡᠯ》᠂ 《ᠢᠳᠡᠬᠡᠨ ᠤ᠋ ᠴᠡᠬᠡᠷᠯᠡᠯ》 ᠬᠡᠬᠦ ᠮᠡᠳᠤᠰ ᠤ᠋ᠨ ᠰᠤᠷᠭᠠᠯ ᠴᠡᠭᠡᠷ᠎ᠢ ᠤᠯᠠᠮᠵᠢᠯᠠᠬᠰᠠᠭᠠᠷ ᠢᠷᠡᠪᠡ᠃ ᠭᠡᠬᠦ ᠳ᠋ᠡᠭᠡᠨ ᠡᠷᠢᠶᠡᠨ ᠪᠠᠷᠠᠭᠠᠨ ᠶᠢᠷᠲᠢᠨᠴᠦ ᠵᠢᠨ ᠵᠠᠮ᠂ ᠥᠭᠰᠦᠵᠦ ᠤᠷᠤᠭᠤᠳᠠᠬᠤ ᠠᠮᠢᠳᠤᠷᠠᠯ᠎ᠤᠨ ᠠᠶᠠᠨ ᠳ᠋ᠤ᠌ ᠤᠬᠠᠭᠠᠯᠢᠭ ᠨᠢᠭᠡᠨ ᠨᠢ 《ᠵᠢᠷᠤᠮ᠎ᠢ ᠪᠠᠷᠢᠨ ᠳᠡᠭᠵᠢᠷᠡᠬᠦ》 ᠳ᠋ᠤ᠂ ᠤᠷᠪᠠᠭᠠᠷ ᠨᠢᠬᠡ ᠨᠢ 《ᠶᠤᠰᠤ ᠵᠢ ᠰᠦᠷᠤᠨ ᠳᠤᠷᠦᠢᠳᠠᠵᠥ》 ᠶᠠᠪᠤᠨ᠎ᠠ᠃

ᠢᠯᠠᠩᠭᠤᠶ᠎ᠠ ᠨᠡᠢᠭᠡᠮ ᠤ᠋ᠨ ᠬᠠᠷᠢᠯᠴᠠᠭᠠᠨ ᠤ᠋ ᠪᠠᠭᠠᠵᠢ ᠡᠳᠤᠷ ᠢᠷᠡᠬᠦᠶ᠎ᠡ ᠬᠦᠭᠵᠢᠨ ᠰᠢᠨᠡᠴᠢᠯᠡᠭᠳᠡᠬᠡ ᠦᠨᠦᠳᠤᠷ᠂ ᠬᠦᠮᠦᠰ ᠤ᠋ᠨ ᠰᠠᠢᠨ ᠲᠠᠢ ᠰᠠᠭᠠᠷ ᠲᠠᠢ ᠦᠢᠯᠡ ᠬᠢᠳᠡᠯ ᠨᠢ ᠢᠯᠡ ᠳᠠᠯᠠᠨ ᠦᠬᠡᠢ ᠤᠯᠠᠨ ᠤ᠋ ᠬᠠᠷᠠᠭᠠᠨ ᠳ᠋ᠤ ᠦᠷᠳᠦᠬᠦ ᠪᠤᠯᠵᠥ᠂ 《ᠶᠤᠰᠤ ᠵᠢᠷᠤᠮ》 ᠤ᠋ᠨ ᠦᠨ᠎ᠡ ᠴᠡᠨ᠎ᠡ ᠨᠢ ᠴᠤ᠌ ᠳᠦᠮᠡᠨ ᠤ᠋ ᠡᠮᠤᠨ᠎ᠡ ᠳᠤᠳᠤᠬᠠᠨ ᠳᠡᠯᠭᠡᠭᠳᠡᠬᠦ ᠪᠤᠯᠤᠯ᠎ᠠ᠃ ᠮᠦᠨ ᠬᠤᠭᠤᠯᠠᠨ ᠭᠡᠷ ᠲᠤ᠌ ᠭᠠᠷᠤᠬᠰᠠᠨ ᠶᠠᠪᠤᠳᠠᠯ ᠵᠢᠡᠷ ᠵᠢᠱ᠌ᠢᠶᠡᠯᠡᠬᠦ ᠳ᠋ᠤ᠂ ᠬᠤᠶᠠᠷ ᠪᠠᠭᠠᠴᠤᠤᠯ ᠤ᠋ᠨ ᠬᠤᠭᠤᠯᠠᠨ ᠰᠢᠷᠡᠬᠡᠨ ᠳ᠋ᠡᠬᠢ ᠶᠤᠰᠤ ᠪᠤᠰᠤ ᠦᠢᠯᠡ ᠡᠴᠡ ᠭᠡᠷ ᠤ᠋ᠨ ᠠᠬᠠᠮᠠᠳ ᠨᠢ ᠲᠡᠭᠷᠢ ᠵᠢᠨ ᠦᠨᠡᠳᠤ ᠲᠦᠯᠦᠪᠦᠷᠢ ᠪᠡᠷ ᠰᠢᠢᠳᠬᠡᠭᠳᠡᠭᠰᠡᠨ ᠨᠢ ᠪᠤᠢ; ᠨᠢᠬᠡᠨ ᠵᠠᠯᠠᠭᠤ ᠵᠢᠨ ᠱᠤᠷᠤᠯᠠᠭ ᠤ᠋ᠨ ᠭᠠᠵᠠᠷ ᠳᠡᠬᠢ ᠰᠤᠷᠳᠠᠯ ᠦᠬᠡᠢ ᠬᠢᠳᠡᠯ ᠡᠴᠡ ᠬᠠᠤᠯᠢ ᠵᠢᠨ ᠬᠠᠳᠠᠭᠤ ᠰᠢᠢᠳᠭᠡᠯ ᠳ᠋ᠤ ᠤᠨᠤᠭᠳᠠᠵᠥ᠂ ᠦᠪᠠᠷ᠎ᠤᠨ ᠨᠢᠬᠡ ᠨᠠᠰᠤ ᠪᠠᠨ ᠬᠠᠷᠠᠯᠠᠭᠤᠯᠤᠬᠰᠠᠨ ᠪᠦᠬᠡᠳ ᠨᠡᠩ ᠴᠤ᠌ ᠮᠢᠩᠭᠠᠨ ᠲᠦᠮᠡᠨ ᠬᠦᠮᠦᠨ ᠠᠮᠠ ᠲᠠᠢ ᠳᠤᠮᠤ ᠬᠤᠲᠠ ᠵᠢᠡ ᠵᠢᠡᠨ ᠪᠤᠯᠪᠠᠰᠤᠨ ᠬᠤᠳᠠ ᠪᠡᠷ ᠦᠨᠡᠯᠡᠭᠳᠡᠬᠦ ᠬᠢᠷᠢ ᠬᠡᠮ ᠢ᠋ ᠨᠢ ᠠᠯᠳᠠᠭᠤᠯᠤᠬᠰᠠᠨ ᠨᠢ ᠴᠤ᠌ ᠪᠤᠢ᠃

ᠨᠠᠰᠤ ᠪᠠᠭ᠎ᠠ ᠬᠡᠮᠡᠨ ᠬᠠᠤᠯᠢ ᠵᠢᠨ ᠲᠠᠩᠨᠠᠭᠦᠷ 《ᠨᠢᠭᠤᠷ ᠬᠠᠢᠷᠠᠯᠠᠳᠠᠭ》 ᠴᠤ᠌᠂ ᠴᠢᠰᠤ ᠰᠢᠩᠬᠡᠨ ᠬᠡᠮᠡᠨ ᠶᠤᠰᠤ ᠵᠢᠷᠤᠮ ᠤ᠋ᠨ ᠵᠠᠯᠬᠠᠭᠠᠯ ᠬᠠᠷᠢᠨ ᠬᠦᠮᠦᠰ ᠲᠤ᠌ 《ᠢᠯᠳᠠᠷ ᠬᠠᠶᠠᠳᠠᠭ》ᠦᠬᠡᠢ᠃ 《ᠠᠯᠳᠠᠭ᠎ᠠ ᠤᠬᠠᠭᠠᠨ ᠬᠠᠢᠷᠠᠯᠠᠳᠠᠭ》 ᠬᠡᠵᠥ ᠬᠡᠷᠡᠭ ᠤ᠋ᠨ ᠳᠠᠷᠠᠭ᠎ᠠ ᠤᠬᠠᠭᠠᠷᠠᠬᠤ ᠡᠴᠡ 《ᠶᠤᠰᠤ ᠵᠢᠷᠤᠮ ᠢ᠋ ᠡᠰᠡ ᠰᠤᠷᠪᠠᠰᠤ ᠨᠡᠢᠬᠡᠮ ᠳ᠋ᠤᠷ ᠬᠦᠯ ᠳᠤᠬᠳᠠᠬᠤᠶ᠎ᠠ ᠪᠡᠷᠬᠡ》 ᠭᠡᠰᠡᠨ ᠮᠡᠷᠬᠡᠳ ᠤ᠋ᠨ ᠰᠤᠷᠭᠠᠯ ᠢ᠋ ᠬᠢᠴᠢᠶᠡᠨ ᠵᠢᠷᠤᠮᠯᠠᠬᠤ ᠨᠢ ᠶᠠᠭᠤᠨ ᠡᠴᠡ ᠴᠸ᠋ ᠡᠷᠬᠢᠮ᠃ ᠡᠳᠦᠬᠡ ᠬᠡᠷ ᠪᠦᠯᠢ᠂ ᠰᠤᠷᠭᠠᠭᠤᠯᠢ᠂ ᠪᠠᠢᠭᠤᠯᠭ᠎ᠠ ᠨᠢᠭᠡᠴᠢ ᠡᠴᠡ ᠴᠢᠨᠠᠬᠰᠢᠯᠠᠨ ᠨᠡᠢᠭᠡᠮ᠂ ᠤᠯᠤᠰ ᠤᠷᠤᠨ ᠭᠡᠰᠡᠨ ᠦᠬᠡᠢ ᠴᠦᠮ ᠶᠤᠰᠤ ᠵᠢᠷᠤᠮ ᠢ᠋ ᠳᠡᠬᠡᠳᠦᠯᠡᠨ᠂ ᠪᠤᠯᠪᠠᠰᠤᠨ ᠰᠤᠷᠳᠠᠯ ᠢ᠋ ᠡᠷᠬᠢᠮᠯᠡᠵᠥ᠂《ᠪᠤᠯᠪᠠᠰᠤᠨ ᠰᠤᠷᠤᠬᠴᠢ》᠂ 《ᠪᠤᠯᠪᠠᠰᠤᠨ ᠠᠩᠬᠢ》᠂ 《ᠪᠤᠯᠪᠠᠰᠤᠨ ᠨᠢᠬᠡᠴᠢ》᠂ 《ᠪᠤᠯᠪᠠᠰᠤᠨ ᠬᠤᠳᠠ》᠂ 《ᠪᠤᠯᠪᠠᠰᠤᠨ ᠤᠯᠤᠰ》 ᠤ᠋ᠨ ᠢᠷᠠᠭᠤ ᠠᠯᠳᠠᠷ ᠢ᠋ ᠬᠥᠭᠡᠭᠡᠴᠡᠯᠳᠦᠳᠡᠭ ᠪᠤᠯᠤᠬᠰᠠᠨ ᠨᠢ ᠬᠦᠮᠦᠨ ᠳᠡᠷᠢᠬᠦᠳᠡᠨ ᠤ᠋ ᠵᠦᠪ ᠦᠢᠯᠡ ᠤᠬᠠᠮᠰᠠᠷᠳᠤ ᠠᠵᠢᠯᠯᠠᠭ᠎ᠠ᠃

ᠬᠦᠮᠦᠨ ᠤ᠋ ᠬᠤᠪᠢ ᠵᠠᠶᠠᠭ᠎ᠠ᠂ ᠳᠡᠷᠡᠴᠢᠯᠡᠨ ᠤᠯᠤᠰ ᠬᠦᠷᠦᠨ ᠤ᠋ ᠠᠯᠤᠰ ᠢᠷᠡᠬᠡᠳᠤᠢ ᠵᠢ ᠶᠠᠷᠢᠬᠤ ᠳ᠋ᠤ ᠤᠯᠠᠩᠬᠢ ᠬᠦᠮᠦᠨ ᠠᠵᠠ ᠳᠤᠬᠢᠶᠠᠯ᠂ ᠠᠷᠤ ᠦᠵᠡᠭᠳᠡᠯ ᠵᠡᠷᠭᠡ ᠭᠠᠳᠠᠭᠠᠳᠤ ᠬᠤᠪᠢᠰᠬᠤᠨ ᠡᠴᠡ ᠭᠠᠳᠠᠷᠯᠠᠵᠥ᠂ 《ᠶᠤᠰᠤ ᠵᠢᠷᠤᠮ》 ᠬᠡᠬᠦ ᠡᠨᠡ ᠬᠦ᠌ ᠳᠤᠳᠤᠭᠠᠳᠤ ᠠᠨᠢᠰᠤ ᠵᠢ ᠠᠮᠠᠷᠬᠠᠨ ᠤᠮᠳᠤᠭᠠᠢᠯᠠᠳᠠᠭ᠃ ᠬᠦᠮᠦᠰ ᠤ᠋ᠨ ᠡᠳᠤᠷ ᠳᠤᠳᠤᠮ ᠤ᠋ᠨ ᠠᠮᠢᠳᠤᠷᠠᠯ ᠤ᠋ᠨ ᠡᠯ᠎ᠡ ᠲᠠᠯ᠎ᠠ ᠳ᠋ᠤ ᠬᠤᠯᠪᠤᠬᠳᠠᠳᠠᠭ ᠪᠤᠯᠬᠤᠷ ᠶᠤᠰᠤ ᠵᠢᠷᠤᠮ ᠨᠢ ᠦᠨᠡᠨᠳᠡᠬᠡᠨ ᠬᠡᠵᠢᠶ᠎ᠡ ᠴᠤ᠌ ᠭᠡᠰᠡᠨ ᠬᠦᠮᠦᠨ ᠤ᠋ ᠬᠡᠪ ᠰᠤᠷᠳᠠᠯ᠂ ᠨᠡᠢᠬᠡᠮ ᠤ᠋ᠨ ᠪᠤᠯᠪᠠᠰᠤᠨ ᠤ᠋ ᠳᠤᠯᠢᠳᠠᠯ ᠪᠤᠯᠵᠥ᠂ 《ᠬᠤᠪᠢ ᠵᠠᠶᠠᠭ᠎ᠠ》᠂ 《ᠠᠯᠤᠰ ᠢᠷᠡᠬᠡᠳᠤᠢ》 ᠵᠢ ᠦᠬᠡ ᠳᠠᠭᠤᠨ ᠦᠬᠡᠢ ᠡᠷᠬᠡᠰᠢᠶᠡᠭᠰᠡᠬᠡᠷ  ᠶᠤᠮ᠃

 ᠪᠤᠯᠪᠠᠰᠤᠨ ᠰᠠᠢᠬᠠᠨ ᠬᠡᠪ ᠰᠤᠷᠳᠠᠯ᠂ ᠶᠤᠰᠤᠷᠬᠠᠭ ᠳᠤᠰᠠᠷᠬᠠᠭ ᠦᠢᠯᠡ ᠬᠢᠳᠡᠯ ᠨᠢ ᠲᠠ ᠪᠢᠳᠡᠨ ᠢ᠋ ᠳᠠᠩᠳᠠ ᠳᠡᠳᠬᠦᠵᠦ ᠶᠠᠪᠤᠳᠠᠭ ᠡ ᠁


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号