ᠲᠦᠷᠦᠬᠦᠬᠡᠨ᠂ 2025 ᠤᠨᠦ ᠣᠷᠳᠣᠰ ᠬᠤᠳᠠ ᠵᠢᠨ ᠰᠣᠳᠣᠨ ᠪᠦᠳᠦᠬᠡᠯ ᠤ᠋ᠨ ᠦᠵᠡᠬᠦᠯᠭᠡ ᠶ᠋ᠢᠨ ᠲᠣᠭᠯᠠᠯᠲᠠ ᠣᠷᠳᠣᠰ ᠤ᠋ᠨ ᠵᠦᠴᠦᠭᠡ ᠵᠢᠨ ᠲᠢᠶᠠᠲᠷ ᠲᠤ᠌ ᠶᠠᠪᠤᠬᠳᠠᠵᠠᠢ᠃
ᠲᠤᠰ ᠤᠳᠠᠭ᠎ᠠ ᠵᠢᠨ ᠠᠵᠢᠯᠯᠠᠭ᠎ᠠ ᠵᠢ ᠣᠷᠳᠣᠰ ᠬᠤᠳᠠ ᠵᠢᠨ ᠨᠠᠮ ᠤ᠋ᠨ ᠬᠣᠷᠢᠶ᠎ᠠ ᠵᠢᠨ ᠤᠬᠠᠭᠤᠯᠬᠤ ᠬᠡᠯᠲᠡᠰ ᠡᠴᠡ ᠭᠣᠣᠯᠯᠠᠨ ᠡᠷᠬᠢᠯᠡᠵᠦ᠂ ᠣᠷᠳᠣᠰ ᠬᠤᠳᠠ ᠵᠢᠨ ᠰᠣᠶᠣᠯ ᠪᠠ ᠵᠢᠭᠤᠯᠴᠢᠯᠠᠯ ᠤ᠋ᠨ ᠲᠣᠪᠴᠢᠶ᠎ᠠ᠂ ᠡᠵᠡᠨ ᠬᠣᠷᠣᠭ᠎ᠠ ᠬᠣᠰᠢᠭᠤᠨ ᠤ᠋ ᠨᠠᠮ ᠤ᠋ᠨ ᠬᠣᠷᠢᠶ᠎ᠠ ᠡᠴᠠ ᠳᠠᠭᠠᠭᠠᠴᠢᠯᠠᠨ ᠡᠷᠬᠢᠯᠡᠵᠡᠢ᠃ ᠡᠨᠡ ᠬᠦ᠌ ᠠᠵᠢᠯᠯᠠᠭ᠎ᠠ ᠨᠢ ᠤᠷᠳᠤᠰ ᠬᠤᠳᠠ ᠵᠢᠨ ᠤᠮᠠᠷᠠᠲᠤ ᠬᠢᠯᠢ ᠵᠢᠨ ᠰᠣᠶᠣᠯ ᠤ᠋ᠨ ᠪᠠᠢᠭᠤᠯᠤᠯᠲᠠ ᠵᠢ ᠳᠡᠰ ᠳᠡᠪᠰᠢᠭᠦᠯᠬᠦ ᠠᠵᠢᠯᠯᠠᠭ᠎ᠠ ᠵᠢ ᠭᠦᠨᠵᠡᠭᠡᠢᠷᠡᠬᠦᠯᠬᠦ ᠦᠢᠯᠡᠳᠦᠯᠭᠡ ᠪᠠᠢᠵᠤ᠂ ᠰᠢᠨ᠎ᠡ ᠴᠠᠭ ᠦᠶ᠎ᠡ ᠵᠢᠨ ᠣᠷᠳᠣᠰ ᠬᠤᠳᠠ ᠵᠢᠨ ᠤᠳᠬ᠎ᠠ ᠤᠷᠠᠯᠢᠭ᠋ ᠤ᠋ᠨ ᠵᠣᠬᠢᠶᠠᠨ ᠪᠦᠲᠦᠭᠡᠯᠭᠡ ᠵᠢᠨ ᠡᠯᠪᠡᠭ ᠪᠠᠶᠠᠯᠢᠭ᠋ ᠦᠷ᠎ᠡ ᠪᠦᠲᠦᠭᠡᠯ ᠢ᠋ ᠲᠥᠪᠯᠡᠷᠡᠩᠭᠦᠢ ᠳᠡᠯᠭᠡᠨ ᠦᠵᠡᠭᠦᠯᠦᠭᠰᠡᠨ ᠪᠠᠢᠨ᠎ᠠ᠃
ᠲᠤᠰ ᠤᠳᠠᠭ᠎ᠠ ᠵᠢᠨ ᠲᠣᠭᠯᠠᠯᠲᠠ ᠳ᠋ᠤ ᠲᠤᠰᠬᠠᠢ ᠮᠡᠷᠭᠡᠵᠢᠯ ᠤ᠋ᠨ ᠲᠠᠢᠰᠠᠨ ᠤ᠋ ᠤᠷᠠᠯᠢᠭ᠋ ᠤ᠋ᠨ ᠰᠣᠳᠣᠨ ᠪᠦᠲᠦᠭᠡᠯ ᠪᠠᠢᠬᠤ ᠪᠡᠷ ᠪᠠᠷᠠᠬᠤ ᠦᠭᠡᠢ ᠪᠠᠰᠠ ᠤᠯᠠᠨ ᠲᠦᠮᠡᠨ ᠤ᠋ ᠰᠣᠶᠣᠯ ᠤ᠋ᠨ ᠰᠣᠳᠣᠨ ᠪᠦᠲᠦᠭᠡᠯ ᠢ᠋ ᠬᠠᠮᠤᠷᠴᠤ᠂ ᠲᠤᠬᠠᠢ ᠵᠢᠨ ᠲᠠᠯᠠᠪᠠᠢ ᠳ᠋ᠤ 1000 ᠭᠠᠷᠤᠢ ᠬᠤᠳᠠ ᠵᠢᠨ ᠠᠷᠠᠳ ᠪᠠᠬᠠᠷᠬᠠᠨ ᠰᠣᠨᠢᠷᠬᠠᠵᠤ᠂ ᠪᠧᠨ ᠲᠧᠩ ᠬᠠᠮ ᠵᠠᠭᠤᠴᠢᠯᠠᠭᠤᠷ ᠤ᠋ᠨ ᠸᠢᠳᠢᠣ᠋ ᠨᠣᠮᠧᠷ᠂ ᠥᠪᠥᠷ ᠮᠣᠩᠭᠣᠯ ᠤ᠋ᠨ ᠰᠣᠶᠣᠯ ᠵᠢᠭᠤᠯᠴᠢᠯᠠᠯ ᠵᠡᠷᠭᠡ ᠤᠯᠠᠨ ᠲᠠᠪᠴᠠᠩ ᠶ᠋ᠢᠡᠷ ᠰᠢᠭᠤᠳ ᠨᠠᠪᠲᠠᠷᠡᠭᠦᠯᠵᠦ᠂ ᠰᠦᠯᠵᠢᠶᠡᠨ ᠳᠡᠭᠡᠷ᠎ᠡ ᠬᠦᠯᠢᠶᠡᠨ ᠦᠵᠡᠭᠰᠡᠨ ᠬᠥᠮᠥᠨ ᠤ᠋ ᠲᠣᠭ᠎ᠠ 28.8 ᠲᠦᠮᠡ ᠳ᠋ᠤ ᠬᠦᠷᠴᠦ᠂ ᠤᠮᠠᠷᠠᠲᠤ ᠬᠢᠯᠢ ᠵᠢᠨ ᠰᠣᠶᠣᠯ ᠤ᠋ᠨ ᠷᠢᠳᠢ ᠰᠢᠳᠢ ᠵᠢ ᠰᠢᠭᠤᠳ ᠨᠡᠪᠲᠡᠷᠡᠬᠦᠯᠭᠡ ᠪᠡᠷ ᠨᠡᠩ ᠤᠯᠠᠨ ᠭᠦᠮᠦᠨᠳᠤ ᠬᠠᠷᠠᠭᠤᠯᠤᠭᠰᠠᠨ ᠪᠠᠢᠨ᠎ᠠ᠃ ᠦᠵᠡᠭᠦᠯᠭᠡ ᠵᠢᠨ ᠲᠣᠭᠯᠠᠯᠲᠠ ᠨᠢ ᠤᠯᠤᠰ ᠤ᠋ᠨ ᠳᠡᠰ ᠤ᠋ᠨ ᠡᠷᠬᠡ ᠰᠦᠷᠲᠦ ᠱᠠᠩᠨᠠᠯ ᠭᠥᠷᠳᠡᠭᠰᠡᠨ ᠪᠦᠲᠦᠭᠡᠯ ᠶ᠋ᠢᠡᠷ ᠡᠬᠢᠯᠡᠬᠦᠯᠵᠦ᠂ ᠰᠣᠶᠣᠯ ᠪᠠ ᠵᠢᠭᠤᠯᠴᠢᠯᠠᠯ ᠤ᠋ᠨ ᠶᠠᠮᠤᠨ ᠤ᠋ 《ᠸᠸᠨ ᠬᠤᠸᠠ ᠱᠠᠩᠨᠠᠯ》 ᠢ᠋ ᠱᠠᠩᠨᠠᠯ ᠭᠥᠷᠳᠡᠭᠰᠡᠨ ᠪᠦᠲᠦᠭᠡᠯ 《ᠠᠮᠢ ᠨᠠᠰᠤᠨ ᠤ᠋ ᠬᠡᠷᠡᠯ ᠭᠢᠯᠪᠠᠭ᠎ᠠ》 ᠨᠢ ᠠᠮᠢ ᠨᠠᠰᠤᠨ ᠤ᠋ ᠦᠨ᠎ᠡ ᠥᠷᠲᠡᠭ ᠢ᠋ ᠬᠠᠢᠨ ᠰᠦᠪᠡᠭᠴᠢᠯᠡᠵᠡᠢ᠃ 《ᠤᠳᠤᠳ ᠤ᠋ᠨ ᠱᠠᠩᠨᠠᠯ》 ᠭᠥᠷᠳᠡᠭᠰᠡᠨ ᠪᠦᠲᠦᠭᠡᠯ 《ᠪᠠᠶᠠᠰᠬᠤᠯᠠᠩᠳᠤ ᠣᠷᠳᠣᠰ》 ᠪᠣᠯᠣᠨ ᠳᠠᠭᠤᠤ 《ᠪᠠᠶᠠᠰᠤᠯᠳᠤ ᠨᠠᠭᠠᠳᠤᠮ》 ᠨᠢ ᠲᠣᠰ ᠲᠣᠰ ᠰᠢᠨ᠎ᠡ ᠰᠣᠷᠭᠣᠭ ᠪᠥᠵᠢᠭ ᠤ᠋ᠨ ᠳᠦᠷᠢ ᠪᠠᠢᠳᠠᠯ ᠪᠠ ᠢᠷᠠᠭᠤ ᠠᠶᠠᠰ ᠶ᠋ᠢᠡᠷ ᠶ᠋ᠢᠡᠨ ᠤᠮᠠᠷᠠᠲᠤ ᠬᠢᠯᠢ ᠵᠢᠨ ᠬᠥᠪᠡᠭᠦᠳ ᠥᠬᠢᠳ ᠤ᠋ᠨ ᠵᠣᠯ ᠵᠢᠷᠭᠠᠯᠲᠤ ᠠᠮᠢᠳᠤᠷᠠᠯ ᠪᠠ ᠰᠣᠶᠣᠯ ᠤ᠋ᠨ ᠢᠲᠡᠭᠡᠯ ᠢ᠋ ᠢᠯᠡᠷᠡᠭᠦᠯᠵᠡᠢ᠃ ᠭᠤᠷᠪᠠᠨ ᠲᠣᠮᠣ᠌ ᠪᠦᠲᠦᠭᠡᠯ ᠨᠢ ᠦᠵᠡᠯ ᠰᠠᠨᠠᠭᠠᠨ ᠤ᠋ ᠠᠭᠤᠯᠬᠤᠨ ᠪᠠ ᠤᠷᠠᠯᠢᠭ᠋ ᠤ᠋ᠨ ᠢᠯᠡᠳᠬᠡᠯᠲᠡ ᠵᠢ ᠭᠦᠨᠵᠡᠭᠡᠢ ᠠᠭᠤᠰᠬᠠᠨ ᠨᠡᠢᠯᠡᠭᠦᠯᠵᠦ᠂ ᠦᠵᠡᠭᠴᠢᠳ ᠲᠤ᠌ ᠣᠶᠤᠨ ᠰᠠᠨᠠᠭᠠᠨ ᠤ᠋ ᠲᠠᠯ᠎ᠠ ᠪᠠᠷ ᠬᠢ ᠭᠤᠸ᠎ᠠ ᠲᠠᠭᠠᠰᠢᠶᠠᠯ ᠢ᠋ ᠣᠯᠭᠣᠵᠤ᠂ ᠰᠢᠨ᠎ᠡ ᠠᠶᠠᠨ ᠳ᠋ᠤ ᠡᠷᠡᠯᠬᠡᠭᠯᠡᠨ ᠤᠷᠤᠭᠰᠢᠯᠠᠬᠤ ᠣᠶᠤᠨ ᠰᠠᠨᠠᠭᠠᠨ ᠤ᠋ ᠬᠦᠴᠦᠨ ᠢ᠋ ᠨᠢᠭ᠍ᠲᠠᠷᠠᠭᠤᠯᠤᠭᠰᠠᠨ ᠪᠠᠢᠨ᠎ᠠ᠃ ᠳᠤᠮᠳᠠᠳᠤ ᠤᠯᠤᠰ ᠤ᠋ᠨ ᠪᠥᠵᠢᠭ ᠤ᠋ᠨ 《ᠯᠢᠩᠬᠤ᠎ᠠ ᠱᠠᠩᠨᠠᠯ》 ᠭᠥᠷᠳᠡᠭᠰᠡᠨ ᠪᠦᠲᠦᠭᠡᠯ 《ᠱᠠᠭᠱᠠᠭᠠ ᠬᠤᠩᠭᠤᠨ ᠡᠴᠡ ᠵᠢᠷᠭᠠᠯᠳᠤ ᠠᠮᠢᠳᠤᠷᠠᠯ ᠴᠤᠤᠷᠢᠶᠠᠳᠤᠨ᠎ᠠ》 ᠭᠡᠬᠦ ᠪᠦᠵᠢᠭ ᠨᠢ ᠤᠯᠠᠮᠵᠢᠯᠠᠯᠲᠤ ᠪᠥᠵᠢᠭ ᠪᠣᠯᠣᠨ ᠵᠢᠷᠣᠭ᠎ᠠ ᠮᠣᠷᠢᠨ ᠤ᠋ ᠰᠣᠶᠣᠯ ᠢ᠋ ᠤᠷᠠᠯᠢᠭ ᠤ᠋ᠨ ᠬᠡᠯᠪᠡᠷᠢ ᠪᠡᠷ ᠠᠭᠤᠰᠤᠯᠴᠠᠭᠤᠯᠵᠤ᠂ ᠦᠨᠳᠦᠰᠦᠲᠡᠨ ᠨᠦᠭᠦᠳ ᠤ᠋ᠨ ᠬᠠᠷᠢᠯᠴᠠᠨ ᠬᠠᠪᠰᠤᠷᠤᠯᠴᠠᠭᠰᠠᠨ ᠭᠦᠨ ᠵᠤᠵᠠᠭᠠᠨ ᠨᠥᠬᠥᠷᠯᠡᠯ ᠢ᠋ ᠠᠮᠢᠳᠤᠯᠢᠭ᠋ ᠶ᠋ᠢᠡᠷ ᠢᠯᠡᠷᠡᠭᠦᠯᠵᠡᠢ; 《ᠤᠳᠠ ᠮᠤᠳᠤᠨ ᠤ᠋ ᠨᠠᠮᠢᠷᠠᠭᠠᠨ》 ᠪᠥᠵᠢᠭ ᠨᠢ ᠤᠷᠠᠯᠢᠭ᠍ᠴᠢᠯᠠᠭᠰᠠᠨ ᠠᠷᠭ᠎ᠠ ᠪᠠᠷᠢᠯ ᠶ᠋ᠢᠡᠷ ᠣᠷᠳᠣᠰ ᠬᠤᠳᠠ ᠶ᠋ᠢᠨ ᠪᠣᠬᠢᠷᠲᠤᠯ ᠦᠭᠡᠢ ᠬᠤᠪᠢᠷᠠᠯᠲᠠ ᠵᠢ ᠢᠯᠡᠷᠡᠭᠦᠯᠵᠦ᠂ ᠴᠠᠭ ᠦᠶ᠎ᠡ ᠵᠢᠨ ᠭᠣᠣᠯ ᠰᠡᠳᠦᠪ ᠲᠠᠢ ᠨᠢᠭ᠍ᠲᠠ ᠤᠶᠠᠯᠳᠤᠭᠤᠯᠤᠨ᠂ ᠦᠵᠡᠭᠴᠢᠳ ᠤ᠋ᠨ ᠬᠦᠷᠢᠶᠡᠯᠡᠯ ᠢ᠋ ᠣᠯᠣᠭᠰᠠᠨ ᠪᠠᠢᠨ᠎ᠠ᠃ ᠡᠬᠦᠨ ᠤ᠋ ᠬᠠᠮᠳᠤ᠂ ᠪᠣᠳᠠᠰ ᠤ᠋ᠨ ᠪᠤᠰᠤ ᠰᠣᠶᠣᠯ ᠤ᠋ᠨ ᠥᠪ ᠪᠤᠯᠬᠤ ᠣᠷᠳᠣᠰ ᠬᠤᠷᠢᠮ ᠤ᠋ᠨ ᠶᠣᠰᠣᠯᠠᠯ ᠤ᠋ᠨ ᠵᠠᠩ ᠦᠢᠯᠡ ᠵᠢ ᠠᠮᠢᠳᠤᠯᠢᠭ᠋ ᠶ᠋ᠢᠡᠷ ᠰᠡᠷᠭᠦᠭᠡᠭᠰᠡᠨ ᠣᠬᠣᠷ ᠠᠶᠠᠯᠭᠤᠲᠤ ᠠᠷᠠᠳ ᠤ᠋ᠨ ᠳᠠᠭᠤᠤ 《ᠤᠯᠠᠭᠠᠨ ᠽᠠᠨᠳᠠᠨ ᠰᠢᠷᠡᠭᠡ》 ᠨᠢ ᠰᠢᠨ᠎ᠡ ᠴᠠᠭ ᠦᠶ᠎ᠡ ᠵᠢᠨ ᠮᠠᠯᠴᠢᠳ ᠤ᠋ᠨ ᠰᠠᠢᠨ ᠰᠠᠢᠬᠠᠨ ᠠᠮᠢᠳᠤᠷᠠᠯ ᠤ᠋ᠨ ᠵᠢᠷᠤᠭ ᠳᠦᠷᠰᠦ ᠵᠢ ᠵᠢᠷᠤᠭᠯᠠᠵᠤ᠂ ᠤᠷᠳᠤ ᠵᠢᠨ ᠠᠶᠠᠯᠭᠤ 《ᠵᠢᠷᠠᠨ ᠬᠠᠢᠯᠠᠰᠤ》 ᠪᠤᠯᠤᠨ ᠰᠣᠩᠭᠣᠳᠠᠭ ᠳᠠᠭᠤᠤ 《ᠮᠢᠨᠤ ᠣᠷᠳᠣᠰ》 ᠨᠢ ᠡᠬᠡ ᠨᠤᠲᠤᠭ ᠶ᠋ᠢᠡᠨ ᠮᠥᠷᠥᠭᠡᠳᠦᠨ ᠰᠠᠨᠠᠭᠠᠯᠵᠠᠭᠰᠠᠨ ᠰᠡᠳᠬᠢᠯᠭᠡ ᠵᠢ ᠢᠯᠡᠷᠡᠬᠦᠯᠵᠡᠢ᠃ ᠪᠦᠬᠦᠶ᠋ᠢᠯᠡ ᠲᠣᠭᠯᠠᠯᠲᠠ ᠨᠢ 85 ᠮᠢᠨᠦ᠋ᠲ ᠦᠷᠬᠦᠯᠵᠢᠯᠡᠵᠦ᠂ ᠪᠥᠵᠢᠭ᠂ ᠳᠠᠭᠤᠤ᠂ ᠱᠣᠭ ᠵᠦᠴᠦᠭᠡ ᠵᠡᠷᠭᠡ ᠣᠯᠠᠨ ᠵᠦᠢᠯ ᠤ᠋ᠨ ᠤᠷᠠᠯᠢᠭ᠋ ᠤ᠋ᠨ ᠬᠡᠯᠪᠡᠷᠢ ᠵᠢ ᠬᠠᠮᠤᠷᠴᠤ᠂ ᠦᠵᠡᠯ ᠰᠠᠨᠠᠭᠠᠴᠢ ᠱᠢᠨᠵᠢ᠂ ᠤᠷᠠᠯᠢᠭ ᠤ᠋ᠨ ᠰᠢᠨᠵᠢ᠂ ᠰᠣᠨᠢᠷᠬᠠᠯᠲᠤ ᠰᠢᠨᠵᠢ ᠵᠢ ᠨᠢᠭᠡᠳᠬᠡᠭᠰᠡᠨ ᠦᠪᠡᠳᠡᠭᠰᠢ ᠨᠠᠢᠷ ᠪᠤᠯᠤᠭᠰᠠᠨ ᠪᠠᠢᠨ᠎ᠠ᠃
ᠤᠢᠷ᠎ᠠ ᠶ᠋ᠢᠨ ᠵᠢᠯ ᠡᠴᠡ ᠨᠠᠭᠠᠰᠢ᠂ ᠣᠷᠳᠣᠰ ᠬᠤᠳᠠ 《ᠤᠮᠠᠷᠠᠲᠤ ᠬᠢᠯᠢ ᠵᠢᠨ ᠰᠣᠶᠣᠯ ᠤ᠋ᠨ ᠪᠠᠢᠭᠤᠯᠤᠯᠲᠠ ᠵᠢ ᠳᠡᠰ ᠳᠡᠪᠰᠢᠬᠦᠯᠬᠦ ᠠᠵᠢᠯᠯᠠᠭ᠎ᠠ》 ᠪᠡᠷ ᠭᠠᠷᠳᠠᠴᠠ ᠪᠣᠯᠭᠠᠵᠤ᠂ ᠨᠢᠭᠡ ᠪᠦᠯᠦᠭ ᠣᠷᠣᠨ ᠪᠦᠰᠡ ᠵᠢᠨ ᠣᠨᠴᠠᠯᠢᠭ᠋ ᠪᠣᠯᠣᠨ ᠰᠢᠨ᠎ᠡ ᠴᠠᠭ ᠦᠶ᠎ᠡ ᠵᠢᠨ ᠵᠣᠷᠢᠭ᠋ ᠰᠠᠨᠠᠭ᠎ᠠ ᠵᠢ ᠬᠠᠪᠰᠤᠷᠭᠠᠭᠰᠠᠨ ᠤᠳᠬ᠎ᠠ ᠤᠷᠠᠯᠢᠭ᠋ ᠤ᠋ᠨ ᠰᠣᠳᠣᠨ ᠪᠦᠲᠦᠭᠡᠯ ᠢ᠋ ᠡᠭᠦᠳᠴᠦ᠂ 《ᠰᠤᠳᠤᠨ ᠪᠦᠳᠦᠬᠡᠯ ᠢ᠋ ᠦᠨᠳᠦᠰᠦᠨ ᠱᠠᠲᠤᠨ ᠳ᠋ᠤ ᠬᠦᠷᠬᠡᠬᠦ》᠂ 《ᠰᠣᠶᠣᠯ ᠤ᠋ᠨ ᠭᠠᠯ ᠠᠶᠠᠨ》 ᠵᠡᠷᠭᠡ ᠠᠵᠢᠯᠯᠠᠭ᠎ᠠ ᠪᠠᠷ ᠳᠠᠮᠵᠢᠭᠤᠯᠵᠤ᠂ ᠰᠢᠯᠢᠳᠡᠭ ᠰᠣᠶᠣᠯ ᠤ᠋ᠨ ᠡᠬᠢ ᠪᠠᠶᠠᠯᠢᠭ᠋ ᠶ᠋ᠢᠡᠨ ᠤᠯᠠᠨ ᠲᠦᠮᠡᠨ ᠳ᠋ᠤ ᠬᠠᠷᠠᠭᠤᠯᠪᠠ᠃ ᠲᠣᠰ ᠦᠵᠡᠭᠦᠯᠭᠡ ᠨᠢ ᠤᠳᠬ᠎ᠠ ᠤᠷᠠᠯᠢᠭ᠋ ᠤ᠋ᠨ ᠵᠣᠬᠢᠶᠠᠨ ᠪᠦᠲᠦᠭᠡᠯᠭᠡ ᠵᠢᠨ ᠦᠷ᠎ᠡ ᠪᠦᠲᠦᠭᠡᠯ ᠤ᠋ᠨ ᠲᠥᠪᠯᠡᠷᠡᠩᠭᠦᠢ ᠦᠵᠡᠭᠦᠯᠭᠡ ᠪᠣᠯᠬᠤ ᠪᠠᠷ ᠪᠠᠷᠠᠬᠤ ᠦᠭᠡᠢ᠂ ᠨᠠᠩ ᠴᠤ᠌ ᠰᠣᠶᠣᠯ ᠶ᠋ᠢᠡᠷ ᠠᠷᠠᠳ ᠲᠤ᠌ ᠠᠰᠢᠭ᠋ ᠬᠦᠷᠲᠡᠭᠡᠬᠦ ᠠᠮᠢᠳᠤᠯᠢᠭ᠋ ᠦᠢᠯᠡᠳᠦᠯᠭᠡ ᠪᠠᠢᠵᠤ᠂ ᠤᠮᠠᠷᠠᠲᠤ ᠬᠢᠯᠢ ᠵᠢᠨ ᠰᠣᠶᠣᠯ ᠤ᠋ᠨ ᠴᠡᠴᠡᠭᠯᠡᠯ ᠬᠥᠭᠵᠢᠯ ᠳ᠋ᠤ ᠰᠢᠨ᠎ᠡ ᠠᠮᠢᠵᠢᠷᠠᠯ ᠤ᠋ᠨ ᠬᠦᠴᠦᠨ ᠨᠡᠮᠡᠷᠢᠯᠡᠭᠰᠡᠨ ᠪᠠᠢᠨ᠎ᠠ᠃