— 《ᠲᠦᠨᠭᠯᠢᠶᠤᠤ ᠬᠤᠲᠠ ᠵᠢᠨ
ᠦᠨᠳᠦᠰᠦᠲᠡᠨ ᠤ ᠪᠦᠯᠬᠦᠮᠳᠡᠯ ᠳᠠᠪᠰᠢᠯᠲᠠ ᠵᠢᠨ ᠵᠢᠱ᠌ᠢᠶᠡᠴᠢ ᠬᠤᠪᠢ ᠬᠦᠮᠦᠨ》 ᠡᠦ ᠴᠢᠡᠭ ᠱᠠᠨᠢ
ᠲᠡᠮᠲᠡᠭᠯᠡᠪᠡ
ᠡᠮᠦᠨᠡᠬᠡᠨ᠂ ᠲᠦᠨᠭᠯᠢᠶᠤᠤ ᠬᠤᠲᠠ
ᠦᠨᠳᠦᠰᠦᠲᠡᠨ ᠤ ᠪᠦᠯᠬᠦᠮᠳᠡᠯ ᠳᠠᠪᠰᠢᠯᠳᠠ ᠵᠢᠨ ᠬᠦᠬᠢᠬᠦᠯᠦᠨ ᠰᠠᠢᠰᠢᠶᠠᠬᠤ ᠶᠡᠬᠡ ᠬᠤᠷᠠᠯ
ᠬᠤᠷᠠᠯᠳᠤᠭᠤᠯᠵᠦ᠂ ᠪᠦᠬᠦ ᠬᠤᠲᠠ ᠵᠢᠨ ᠬᠡᠪᠴᠢᠶᠡᠨ ᠡᠴᠡ ᠨᠢᠬᠡ ᠪᠦᠯᠦᠭ ᠵᠢᠱ᠌ᠢᠶᠡᠴᠢ ᠬᠠᠮᠲᠤ ᠨᠡᠢᠲᠡ ᠪᠤᠯᠤᠨ ᠬᠤᠪᠢ ᠬᠦᠮᠦᠨ ᠢ ᠬᠦᠬᠢᠬᠦᠯᠦᠨ
ᠱᠠᠨᠭᠨᠠᠪᠠ᠃ ᠡᠬᠦᠨ ᠳᠤ ᠨᠠᠢ᠍ᠮᠠᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠤᠨ ᠰᠤᠷᠪᠤᠯᠵᠢᠯᠠᠭᠴᠢ
ᠡᠦ ᠴᠢᠡᠭ ᠱᠠᠨ ᠲᠦᠨᠭᠯᠢᠶᠤᠤ
ᠬᠤᠲᠠ ᠵᠢᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠵᠢᠨ ᠵᠢᠱ᠌ᠢᠶᠡᠴᠢ ᠬᠤᠪᠢ ᠬᠦᠮᠦᠨ ᠵᠢᠡᠷ
ᠬᠦᠬᠢᠬᠦᠯᠦᠭᠳᠡᠵᠡᠢ᠃ ᠲᠡᠬᠦᠨ ᠡᠴᠡ《ᠱᠠᠨᠭᠨᠠᠯ ᠤᠯᠤᠭᠰᠠᠨ ᠲᠦᠷᠦᠭᠳᠡᠯ ᠵᠢᠨᠨ ᠬᠤᠪᠢᠶᠠᠯᠴᠠᠨ᠎ᠠ ᠤᠤ?》 ᠭᠡᠬᠦ
ᠳᠤ 《ᠡᠨᠡ ᠪᠤᠯ ᠨᠠᠳᠠ ᠵᠢ 20 ᠰᠢᠬᠠᠮ ᠵᠢᠯ ᠤᠨ ᠲᠤᠷᠰᠢ ᠤᠯᠠᠨ ᠦᠨᠳᠦᠰᠦᠲᠡᠨ ᠤ ᠠᠬ᠎ᠠ ᠳᠡᠬᠦᠦ ᠨᠠᠷ
ᠲᠠᠭᠠᠨ ᠦᠢᠯᠡᠴᠢᠯᠡᠯ᠎ᠡ ᠬᠡᠮᠡᠨ ᠨᠠᠮ ᠵᠠᠰᠠᠭ ᠡᠴᠡ ᠤᠯᠭᠤᠭᠰᠠᠨ ᠮᠠᠰᠢ
ᠶᠡᠬᠡ ᠦᠨᠭᠭᠡ ᠭᠡᠷᠡᠯ ᠪᠦᠬᠡᠳ ᠢᠷᠠᠭᠤ
ᠠᠯᠳᠠᠷ ᠶᠤᠮ》 ᠭᠡᠵᠦ ᠲᠦᠬᠦᠮᠬᠡᠨ ᠪᠦᠬᠡᠳ ᠳᠠᠷᠤᠤᠬᠠᠨ ᠶᠠᠷᠢᠵᠦ ᠪᠠᠢᠯ᠎ᠠ᠃ ᠦᠨᠡᠨ ᠳᠡᠭᠡᠨ ᠡᠦ ᠴᠢᠡᠭ ᠱᠠᠨ
ᠤ ᠡᠳᠡᠭᠡᠷ ᠵᠢᠯ ᠤᠨ ᠲᠤᠷᠰᠢᠲᠠ ᠵᠢᠨ ᠠᠵᠢᠯ ᠦᠢᠯᠡᠰ ᠵᠢᠨᠨ ᠭᠡᠵᠦ ᠵᠢᠳᠬᠦᠨ ᠲᠡᠮᠡᠦᠯᠵᠦ ᠢᠷᠡᠭᠰᠡᠨ
ᠦᠯᠢᠬᠡᠷ ᠤᠴᠠᠷᠠᠯ ᠤᠳ ᠢ ᠬᠡᠳᠦᠬᠡᠨ ᠦᠬᠡ ᠪᠡᠷ ᠲᠤᠪᠴᠢᠯᠠᠬᠤᠳᠤ ᠪᠡᠷᠬᠡ ᠶᠤᠮ᠃

ᠡᠦ ᠴᠢᠡᠭ ᠱᠠᠨ᠂ 1978 ᠤᠨ ᠳᠤ ᠨᠠᠢ᠍ᠮᠠᠨ ᠬᠤᠰᠢᠭᠤᠨ ᠤ ᠭᠤᠷᠪᠠᠨᠬᠤᠸᠠ ᠰᠤᠮᠤ ᠵᠢᠨ ᠬᠠᠷᠠᠨᠨᠠᠭᠤᠷ
ᠭᠠᠴᠠᠭ᠎ᠠ ᠳᠤ ᠮᠠᠯᠴᠢᠨ ᠠᠪᠤ ᠡᠵᠢ ᠵᠢᠨ ᠵᠢᠨᠨ ᠲᠠᠪᠤᠨ ᠬᠡᠦᠬᠡᠳ ᠤᠨ ᠬᠢᠨᠢ ᠬᠤᠶᠠᠳᠤᠭᠠᠷ ᠨᠢ ᠪᠤᠯᠵᠦ ᠵᠠᠶᠠᠭᠠᠵᠦ᠂
2008 ᠤᠨ ᠳᠤ ᠨᠠᠢ᠍ᠮᠠᠨ ᠬᠤᠰᠢᠭᠤᠨ ᠤ ᠪᠠᠢᠰᠢᠨᠭᠲᠦ ᠪᠠᠯᠭᠠᠰᠤ ᠳᠤ ᠴᠢᠮᠡᠭᠡᠯᠡᠭᠴᠢ ᠪᠡᠷ ᠠᠵᠢᠯᠯᠠᠵᠦ᠂
2010 ᠤᠨ ᠡᠴᠡ ᠤᠳᠤ ᠪᠤᠯᠳᠠᠯ᠎ᠠ ᠨᠠᠢ᠍ᠮᠠᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ (ᠤᠤᠯ ᠤᠨ
ᠨᠠᠢ᠍ᠮᠠᠨ ᠬᠤᠰᠢᠭᠤᠨ ᠤ ᠲᠧᠯᠸᠢᠰ ᠬᠤᠷᠢᠶ᠎ᠠ) ᠲᠤ᠌ ᠠᠵᠢᠯᠯᠠᠵᠦ ᠪᠤᠢ᠃ ᠲᠡᠬᠦᠨ ᠤ ᠨᠠᠮᠳᠠᠷᠢ ᠳᠦᠬᠦᠮᠴᠢᠯᠡᠪᠠᠯ ᠡᠢᠮᠦ ᠯᠠ ᠲᠤᠪᠴᠢ
ᠠᠪᠰᠠᠷᠬᠠᠨ᠃ ᠭᠡᠬᠦ ᠳᠡᠭᠡᠨ ᠲᠡᠬᠦᠨ ᠤ ᠡᠨᠡ
ᠬᠦ 20 ᠰᠢᠬᠠᠮ ᠵᠢᠯ ᠤᠨ ᠲᠤᠷᠰᠢ ᠮᠤᠨᠭᠭᠤᠯ ᠬᠢᠲᠠᠳ
ᠵᠢᠡᠷ ᠭᠤᠤᠯᠳᠠᠭᠤᠯᠤᠭᠰᠠᠨ ᠨᠠᠢ᠍ᠮᠠᠨ ᠬᠤᠰᠢᠭᠤᠨ ᠤ ᠡᠯ᠎ᠡ ᠦᠨᠳᠦᠰᠦᠲᠡᠨᠤ ᠤᠯᠠᠨ ᠲᠦᠮᠡᠨᠳᠡᠭᠡᠨ
ᠦᠢᠯᠡᠴᠢᠯᠡᠵᠦ ᠶᠠᠪᠤᠭᠰᠠᠨ ᠵᠢᠳᠬᠦᠯ ᠴᠢᠷᠮᠠᠢᠯᠭ᠎ᠠ ᠵᠢ ᠢᠯᠡᠳᠭᠡᠬᠦ ᠳᠤ ᠬᠡᠳᠦᠨ ᠨᠢᠭᠤᠷ ᠰᠤᠨᠢᠨ ᠴᠤ᠌
ᠮᠡᠬᠦᠰᠲᠡᠨᠡ᠃
ᠡᠦ ᠴᠢᠡᠭ ᠱᠠᠨ ᠨᠠᠢ᠍ᠮᠠᠨ ᠬᠤᠰᠢᠭᠤᠨ ᠤ ᠲᠧᠯᠸᠢᠰ ᠬᠤᠷᠢᠶ᠎ᠠ ᠳᠤ ᠰᠤᠷᠪᠤᠯᠵᠢᠯᠠᠭᠴᠢ
ᠪᠤᠯᠤᠭᠰᠠᠨ ᠲᠡᠷᠡ ᠡᠳᠦᠷ ᠡᠴᠡ ᠪᠠᠨ ᠡᠬᠢᠯᠡᠵᠦ ᠲᠤᠬᠠᠢᠯᠠᠭᠰᠠᠨ ᠠᠵᠢᠯ ᠵᠢᠨᠨ ᠰᠠᠢᠨ ᠬᠢᠬᠦ ᠵᠢ ᠲᠡᠷᠢᠬᠦᠨ
ᠪᠠᠢᠷᠢᠨ ᠳᠤ ᠲᠠᠯᠪᠢᠭᠰᠠᠭᠠᠷ ᠢᠷᠡᠵᠡᠢ᠃ ᠰᠤᠨᠢᠨ ᠮᠡᠳᠡᠭᠡᠨ ᠤ ᠠᠵᠢᠯᠲᠠᠨ ᠪᠤᠯᠤᠭᠰᠠᠳ ᠰᠤᠷᠠᠭ ᠮᠠᠨᠠᠵᠦ
ᠬᠤᠨᠤᠳᠠᠭ ᠭᠡᠳᠡᠭ ᠢ ᠡᠮᠦᠨ᠎ᠡ ᠨᠢ ᠬᠡᠳᠦᠨ ᠵᠢᠯ ᠴᠢᠮᠡᠭᠡᠯᠡᠭᠴᠢ ᠵᠢᠨ ᠠᠵᠢᠯ ᠬᠢᠭᠰᠡᠨ ᠲᠤᠷᠰᠢᠯᠭ᠎ᠠ ᠲᠠᠢ
ᠲᠡᠷᠡ ᠰᠠᠢᠨ ᠮᠡᠳᠡᠳᠡᠭ ᠪᠤᠯᠬᠤᠷ ᠲᠡᠷᠡ ᠪᠡᠷ ᠨᠠᠮ ᠲᠦᠷᠦ ᠵᠢᠨ ᠳᠠᠭᠤᠨ ᠬᠤᠭᠤᠯᠠᠢ᠂ ᠮᠠᠯᠴᠢᠨ ᠲᠠᠷᠢᠶᠡᠴᠢᠳ
ᠤᠨ ᠲᠤᠳᠤᠨᠤ ᠬᠠᠨᠢ ᠪᠤᠯᠬᠤ ᠪᠡᠷ ᠪᠡᠶ᠎ᠡ ᠪᠠᠨ ᠴᠢᠨᠭᠭ᠎ᠠ ᠱᠠᠭᠠᠷᠲᠠᠨ ᠦᠷᠯᠦᠬᠡ ᠦᠳᠡᠰᠢ ᠲᠠᠢ ᠤᠷᠤᠯᠳᠤᠨ
ᠠᠵᠢᠯᠯᠠᠪᠠ᠃ ᠲᠡᠷᠡ ᠬᠦᠳᠡᠭᠡ ᠲᠤᠰᠬᠤᠨ ᠮᠠᠯᠵᠢᠵᠦ
ᠲᠠᠷᠢᠶᠠᠯᠠᠬᠤ ᠤᠷᠤᠨ ᠵᠢᠡᠷ ᠨᠡᠢᠳᠡᠮ ᠬᠦᠨᠵᠡᠬᠡᠢᠷᠡᠵᠦ ᠬᠦᠳᠡᠭᠡ ᠪᠠᠭᠤᠨ ᠰᠤᠷᠪᠤᠯᠵᠢᠯᠠᠵᠦ᠂ ᠬᠤᠶᠠᠷ ᠭᠤᠷᠪᠠ
ᠪᠡᠷ ᠬᠤᠨᠤᠵᠦ ᠪᠠᠢᠭᠠᠳ ᠤᠳᠠᠭ᠎ᠠ ᠪᠦᠷᠢ ᠠᠷᠪᠠᠭᠠᠳ ᠵᠤᠷᠪᠤᠰ ᠰᠤᠨᠢᠨ ᠮᠡᠳᠡᠭᠡ ᠤᠯᠤᠭᠠᠳ ᠢᠷᠡᠨ᠎ᠡ᠃
ᠲᠡᠳᠡᠭᠡᠷ ᠰᠤᠨᠢᠨ ᠮᠡᠳᠡᠭᠡ ᠪᠠᠨ ᠡᠳᠦᠷ ᠰᠦᠨᠢ ᠢᠯᠭᠠᠯ ᠦᠬᠡᠢ ᠪᠢᠴᠢᠨ ᠨᠠᠢᠷᠠᠭᠤᠯᠵᠦ ᠡᠰᠭᠡᠵᠦ ᠦᠢᠯᠡᠳᠬᠦ
ᠵᠢᠨ ᠬᠠᠮᠲᠤ ᠪᠠᠰᠠ ᠰᠤᠨᠢᠨ ᠪᠤᠯᠤᠨ ᠷᠠᠳᠢᠣ᠋ ᠳᠤ ᠲᠤᠬᠢᠷᠠᠬᠤ ᠬᠡᠯᠪᠡᠷᠢ ᠪᠤᠯᠭᠠᠵᠦ᠂ ᠬᠤᠲᠠ ᠪᠠ
ᠦᠪᠡᠷᠲᠡᠭᠡᠨ ᠵᠠᠰᠠᠬᠤ ᠤᠷᠤᠨ ᠤ ᠡᠯ᠎ᠡ ᠵᠠᠭᠤᠴᠢᠯᠠᠭᠤᠷ ᠤᠳ ᠵᠢᠡᠷ ᠶᠠᠪᠤᠭᠤᠯᠤᠨ᠎ᠠ᠃ ᠲᠡᠷᠡ ᠪᠤᠯᠤᠮᠠᠷ
ᠰᠢᠬ ᠰᠠᠨᠠᠭᠳᠠᠭᠰᠠᠨ ᠡᠬᠡ ᠪᠢᠴᠢᠭ ᠤᠳ ᠵᠢᠨᠨ ᠪᠠᠰᠠ ᠬᠢᠲᠠᠳ ᠵᠢᠡᠷ ᠤᠷᠴᠢᠭᠤᠯᠴᠢᠬᠠᠭᠠᠳ ᠬᠠᠮᠢᠶ᠎ᠠ ᠪᠦᠬᠦᠢ
ᠵᠠᠭᠤᠴᠢᠯᠠᠭᠤᠷ ᠤᠳ ᠵᠢᠡᠷ ᠢᠯᠡᠭᠡᠨ᠎ᠡ᠃ ᠡᠨᠡ ᠮᠡᠲᠦ ᠪᠡᠷ ᠭᠠᠷ ᠲᠡᠬᠢ ᠰᠤᠨᠢᠨ ᠮᠡᠳᠡᠭᠡ ᠪᠠᠨ ᠤᠷᠤ ᠤᠷᠤᠨ
ᠳᠤ ᠨᠢ ᠤᠷᠤᠭᠤᠯᠵᠦ ᠵᠦᠭ ᠵᠦᠭ ᠲᠡᠭᠡᠨ ᠶᠠᠪᠤᠭᠤᠯᠵᠦ ᠪᠠᠷᠠᠪᠠᠯ ᠡᠦ ᠴᠢᠡᠭ ᠱᠠᠨ ᠳᠠᠬᠢᠭᠠᠳ ᠯᠠ ᠪᠤᠭᠴᠤ
ᠪᠠᠨ ᠡᠬᠦᠷᠦᠬᠡᠳ ᠰᠤᠨᠢᠨ ᠮᠡᠳᠡᠭᠡᠨ ᠤ ᠰᠢᠨ᠎ᠡ ᠡᠷᠢᠯ ᠳᠤ ᠮᠤᠷᠳᠠᠨ᠎ᠠ᠃ ᠨᠠᠢ᠍ᠮᠠᠨ ᠬᠤᠰᠢᠭᠤᠨᠤ ᠵᠢᠷ ᠤᠨ
ᠨᠢᠬᠡᠨ ᠮᠠᠯᠴᠢᠨ ᠲᠠᠷᠢᠶᠠᠴᠢᠨ ᠤ ᠠᠳᠠᠯ ᠠᠮᠢᠳᠤᠷᠠᠯ ᠡᠴᠡ ᠡᠬᠢᠯᠡᠬᠡᠳ ᠠᠯᠢ ᠨᠢᠬᠡᠨ ᠠᠵᠦ ᠠᠬᠤᠢᠯᠠᠯ ᠠᠯᠪᠠᠨ
ᠪᠠᠢᠭᠤᠯᠭ᠎ᠠ ᠵᠢᠨ ᠬᠦᠭᠵᠢᠯᠲᠡ ᠬᠤᠪᠢᠷᠠᠯᠲᠠ ᠬᠦᠷᠳᠡᠯ᠎ᠡ᠂ ᠴᠢᠨᠠᠭᠰᠢᠯᠠᠨ ᠡᠮ ᠡᠮᠨᠡᠯᠬᠡ᠂ ᠰᠤᠷᠭᠠᠨ ᠬᠦᠮᠦᠵᠢᠯ᠂
ᠵᠠᠮ ᠬᠠᠷᠢᠯᠴᠠᠭ᠎ᠠ᠂ ᠠᠮᠢ ᠠᠬᠤᠢ ᠁ ᠡᠦ ᠴᠢᠡᠭ ᠱᠠᠨ ᠤ ᠠᠵᠢᠯ ᠲᠠᠢ ᠬᠤᠯᠪᠤᠭᠳᠠᠬᠤ ᠦᠬᠡᠢ ᠨᠢ ᠨᠢᠬᠡ ᠴᠤ᠌ ᠪᠠᠢᠬᠤ
ᠦᠬᠡᠢ᠃ ᠲᠡᠷᠡ ᠤᠳᠠᠭᠰᠠᠨ ᠴᠤ᠌ ᠦᠬᠡᠢ ᠠᠵᠢᠯ ᠳᠠᠭᠠᠨ ᠭᠠᠷᠰᠢᠵᠦ᠂ ᠠᠰᠠᠭᠤᠨ
ᠰᠤᠷᠪᠤᠯᠵᠢᠯᠠᠬᠤ᠂ ᠪᠢᠴᠢᠵᠦ ᠨᠠᠢᠷᠠᠭᠤᠯᠬᠤ᠂ ᠰᠡᠬᠦᠳᠡᠷᠯᠡᠵᠦ
ᠰᠢᠨᠭᠭᠡᠭᠡᠬᠦ᠂ ᠡᠰᠭᠡᠵᠦ ᠦᠢᠯᠡᠳᠬᠦ ᠪᠦᠬᠦ ᠠᠵᠢᠯ ᠢ ᠭᠠᠭᠴᠠᠭᠠᠷ ᠵᠢᠨᠨ ᠪᠡᠶ᠎ᠡ ᠪᠠᠨ ᠳᠠᠭᠠᠭᠠᠨ ᠪᠡᠶᠡᠯᠡᠬᠦᠯᠵᠦ
ᠳᠡᠢᠯᠬᠦ ᠪᠤᠯᠤᠭᠰᠠᠨ ᠵᠢᠡᠷ ᠪᠠᠷᠠᠬᠤ ᠦᠬᠡᠢ ᠬᠢᠲᠠᠳ ᠮᠤᠨᠭᠭᠤᠯ ᠬᠤᠶᠠᠷ ᠬᠡᠯᠡ ᠵᠢᠨ ᠤᠷᠴᠢᠭᠤᠯᠭ᠎ᠠ ᠳᠤ ᠴᠤ᠌
ᠴᠠᠭᠠᠷᠠᠵᠦ ᠡᠬᠢᠯᠡᠪᠡ᠃ ᠨᠠᠢ᠍ᠮᠠᠨ ᠬᠤᠰᠢᠭᠤ ᠨᠢ 37.5 ᠲᠦᠮᠡᠨ ᠡᠯ᠎ᠡ ᠦᠨᠳᠦᠰᠦᠲᠡᠨ ᠤ ᠬᠦᠮᠦᠨ ᠠᠮᠠ ᠲᠠᠢ
ᠪᠠᠢᠵᠦ᠂ ᠡᠬᠦᠨᠳᠤ ᠮᠤᠨᠭᠭᠤᠯ ᠦᠨᠳᠦᠰᠦᠲᠡᠨ ᠤ ᠬᠦᠮᠦᠨ ᠠᠮᠠ 16 ᠲᠦᠮᠡ ᠪᠠᠢᠳᠠᠭ᠃ ᠡᠢᠮᠦ ᠡᠴᠡ ᠪᠠᠨ
ᠰᠤᠨᠢᠨ ᠮᠡᠳᠡᠭᠡᠨ ᠤ ᠤᠬᠠᠭᠤᠯᠭ᠎ᠠ ᠵᠢᠨ ᠠᠵᠢᠯ ᠳᠤ ᠬᠢᠲᠠᠳ ᠮᠤᠨᠭᠭᠤᠯ ᠬᠤᠤᠰ ᠬᠡᠯᠡᠨ ᠤ ᠦᠢᠯᠡᠴᠢᠯᠡᠬᠡ
ᠲᠤᠯᠭᠠᠮ᠎ᠠ ᠱᠠᠭᠠᠷᠲᠠᠭᠳᠠᠬᠤ ᠨᠢ ᠬᠡᠯᠡᠯᠬᠡᠨ ᠦᠬᠡᠢ᠃ ᠡᠦ ᠴᠢᠡᠭ ᠱᠠᠨ ᠰᠤᠷᠪᠤᠯᠵᠢᠯᠠᠭᠴᠢ ᠪᠤᠯᠤᠭᠰᠠᠨ ᠲᠡᠷᠡ
ᠴᠠᠭ ᠡᠴᠡ ᠪᠠᠨ ᠵᠢᠯ ᠪᠦᠷᠢ ᠲᠦᠷᠦ ᠵᠢᠨ ᠪᠤᠳᠤᠯᠭ᠎ᠠ ᠵᠢ ᠤᠬᠠᠭᠤᠯᠬᠤ᠂ ᠦᠨᠳᠦᠰᠦᠲᠡᠨ
ᠤ ᠪᠦᠯᠬᠦᠮᠳᠡᠯ ᠢ ᠴᠢᠨᠭᠭᠠᠳᠬᠠᠬᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢ ᠲᠦᠭᠡᠮᠡᠯᠵᠢᠬᠦᠯᠬᠦ᠂
ᠬᠠᠦᠯᠢ ᠴᠠᠭᠠᠵᠠ ᠵᠢ ᠲᠠᠢᠯᠪᠤᠷᠢᠯᠠᠬᠤ ᠭᠡᠬᠦ ᠮᠡᠲᠦ ᠵᠢᠨ ᠠᠭᠤᠯᠭ᠎ᠠ ᠪᠦᠬᠦᠢ ᠬᠡᠳᠦᠨ ᠵᠠᠭᠤᠨ ᠬᠤᠪᠢ
ᠮᠤᠨᠭᠭᠤᠯ ᠬᠡᠯᠡᠨ ᠤ ᠤᠬᠠᠭᠤᠯᠭ᠎ᠠ ᠵᠢᠨ ᠮᠠᠲᠧᠷᠢᠶᠠᠯᠢ ᠤᠷᠴᠢᠭᠤᠯᠤᠨ ᠦᠢᠯᠡᠳᠴᠦ ᠦᠷᠭᠡᠨ ᠲᠦᠮᠡᠨᠳᠡᠭᠡᠨ ᠦᠢᠯᠡᠴᠢᠯᠡᠭᠰᠡᠭᠡᠷ ᠢᠷᠡᠵᠡᠢ᠃
ᠲᠡᠬᠦᠨ ᠤ ᠰᠤᠷᠪᠤᠯᠵᠢᠯᠠᠨ ᠦᠢᠯᠡᠳᠦᠭᠰᠡᠨ ᠰᠤᠨᠢᠨ ᠮᠡᠳᠡᠭᠡ ᠦᠪᠦᠷ
ᠮᠤᠨᠭᠭᠤᠯ ᠤᠨ ᠤᠳᠤᠨ ᠲᠧᠯᠸᠢᠰ ᠵᠢᠡᠷ ᠵᠢᠯ ᠳᠤ ᠳᠠᠯ᠎ᠠ ᠨᠠᠶᠠᠨ ᠵᠤᠷᠪᠤᠰ ᠵᠢᠡᠷ ᠨᠡᠪᠲᠡᠷᠡᠭᠦᠯᠦᠭᠳᠡᠵᠦ᠂
ᠲᠦᠨᠭᠯᠢᠶᠤᠤ ᠬᠤᠲᠠ ᠵᠢᠨ ᠲᠧᠯᠸᠢᠰ ᠬᠤᠷᠢᠶ᠎ᠠ ᠵᠢᠨ ᠰᠤᠨᠢᠨ ᠮᠡᠳᠡᠭᠡᠨ ᠤ ᠨᠡᠪᠲᠡᠷᠡᠬᠦᠯᠬᠡ ᠪᠡᠷ ᠬᠠᠮᠤᠭ
ᠤᠯᠠᠨ ᠳᠠᠭᠠᠨ ᠨᠢᠬᠡ ᠰᠠᠷ᠎ᠠ ᠵᠢᠨ ᠳᠤᠲᠤᠷ᠎ᠠ 24 ᠵᠤᠷᠪᠤᠰ ᠰᠤᠨᠢᠨ ᠮᠡᠳᠡᠭᠡ ᠨᠡᠪᠲᠡᠷᠡᠬᠦᠯᠦᠭᠳᠡᠵᠦ
ᠦᠨᠭᠭᠡᠷᠡᠪᠡ᠃ ᠡᠬᠦᠨ ᠡᠴᠡ ᠭᠠᠳᠠᠨ᠎ᠠ ᠲᠡᠷᠡ ᠪᠠᠰᠠ ᠦᠷᠬᠦᠯᠵᠢ ᠲᠦᠪ ᠤᠨ ᠪᠤᠯᠤᠨ ᠦᠪᠡᠷᠲᠡᠭᠡᠨ ᠵᠠᠰᠠᠬᠤ
ᠤᠷᠤᠨ ᠪᠠ ᠬᠤᠲᠠ ᠵᠢᠨ ᠷᠠᠳᠢᠣ᠋᠂ ᠰᠤᠨᠢᠨ ᠵᠡᠷᠭᠡᠳᠤ ᠦᠷᠬᠦᠯᠵᠢ ᠡᠬᠡ ᠪᠢᠴᠢᠭ ᠢᠯᠡᠭᠡᠵᠦ᠂ ᠨᠤᠲᠤᠭ ᠤᠰᠤᠨ
ᠤ ᠪᠠᠨ ᠡᠯ᠎ᠡ ᠠᠵᠢᠯ ᠲᠦᠷᠦᠯ ᠤᠨ ᠠᠮᠵᠢᠯᠲᠠ ᠪᠦᠲᠦᠮᠵᠢ ᠵᠢ ᠴᠢᠨᠡᠬᠡ ᠮᠡᠳᠡᠨ ᠤᠬᠠᠭᠤᠯᠵᠦ ᠪᠠᠢᠪᠠ᠃ ᠲᠡᠬᠦᠨᠤ ᠰᠤᠷᠪᠤᠯᠵᠢᠯᠠᠵᠦ ᠨᠠᠢᠷᠠᠭᠤᠯᠤᠭᠰᠠᠨ ᠰᠤᠨᠢᠨ ᠮᠡᠳᠡᠭᠡ ᠡᠯ᠎ᠡ
ᠱᠠᠲᠤᠨ ᠤ ᠮᠡᠳᠡᠭᠡ ᠵᠠᠭᠤᠴᠢᠯᠠᠭᠤᠷᠤᠳ ᠵᠢᠡᠷ ᠨᠡᠢᠳᠡᠮ
ᠳᠠᠮᠵᠢᠭᠤᠯᠤᠭᠳᠠᠵᠦ᠂ ᠡᠦ ᠴᠢᠡᠭ ᠱᠠᠨ ᠨᠠᠢ᠍ᠮᠠᠨ ᠨᠤᠲᠤᠭ ᠤᠨ ᠭᠠᠳᠠᠭᠰᠢ ᠤᠬᠠᠭᠤᠯᠤᠯ ᠢ ᠦᠷᠭᠡᠳᠭᠡᠬᠦ ᠪᠠ ᠨᠡᠷ᠎ᠡ
ᠠᠯᠳᠠᠷᠰᠢᠯ ᠢ ᠨᠢ ᠳᠡᠭᠡᠭᠰᠢᠯᠡᠬᠦᠯᠬᠦ ᠳᠤ ᠦᠪᠡᠷ ᠤᠨ ᠭᠡᠬᠦ ᠨᠢᠬᠡ ᠬᠡᠮᠵᠢᠶᠡᠨ ᠤ ᠬᠦᠴᠦᠨ ᠵᠢᠳᠬᠦᠯ
ᠵᠢᠨᠨ ᠦᠵᠡᠬᠦᠯᠦᠭᠰᠡᠭᠡᠷ ᠢᠷᠡᠵᠡᠢ᠃ ᠵᠢᠯ ᠤᠨ ᠡᠴᠦᠰ ᠪᠤᠯᠬᠤ ᠳᠤ ᠪᠠᠢᠭᠤᠯᠭ᠎ᠠ ᠵᠢᠨ ᠬᠢᠨᠢ ᠭᠠᠳᠠᠭᠰᠢ
ᠤᠬᠠᠭᠤᠯᠭ᠎ᠠ ᠵᠢᠨ ᠱᠠᠨᠭᠨᠠᠯ ᠤᠨ ᠮᠦᠨᠭᠭᠦ ᠵᠢᠨ ᠬᠢᠨᠢ ᠭᠤᠷᠪᠠᠨ ᠤ ᠬᠤᠶᠠᠷ ᠨᠢ ᠪᠦᠷ ᠡᠦ ᠴᠢᠡᠭ ᠱᠠᠨᠤ
ᠪᠤᠯᠴᠢᠬᠠᠳᠠᠭ ᠪᠠᠢᠵᠦ᠂ 《ᠠᠵᠢᠯ ᠤᠨ ᠪᠦᠲᠦᠮᠵᠢ ᠦᠨᠳᠦᠷ ᠰᠤᠷᠪᠤᠯᠵᠢᠯᠠᠭᠴᠢ》᠂ 《ᠠᠵᠢᠯ ᠳᠠᠭᠠᠨ ᠰᠢᠭᠤᠷᠬᠠᠢ
ᠵᠠᠯᠠᠭᠤ》᠂ 《ᠭᠠᠳᠠᠭᠰᠢ ᠤᠬᠠᠭᠤᠯᠭ᠎ᠠ ᠵᠢᠨ ᠭᠠᠪᠢᠶᠠᠳᠦ ᠰᠤᠷᠪᠤᠯᠵᠢᠯᠠᠭᠴᠢ》᠂ 《ᠬᠤᠤᠰ ᠬᠡᠯᠡ ᠲᠠᠢ
ᠴᠢᠳᠠᠪᠤᠷᠢᠲᠠᠨ》 ᠭᠡᠬᠦ ᠮᠡᠲᠦ ᠪᠡᠷ ᠨᠡᠷᠡᠯᠡᠭᠳᠡᠵᠦ ᠤᠯᠠᠨ ᠤ ᠪᠠᠨ ᠳᠤᠮᠳᠠ ᠤᠳᠤ ᠪᠤᠯᠤᠨ ᠬᠢᠯᠠᠯᠵᠠᠵᠠᠢ᠃
ᠶᠠᠭ ᠲᠡᠭᠡᠵᠦ ᠴᠢᠷᠮᠠᠢᠨ ᠠᠵᠢᠯᠯᠠᠭᠰᠠᠨ ᠤ ᠪᠠᠨ ᠠᠴᠢ ᠪᠡᠷ ᠡᠦ ᠴᠢᠡᠭ ᠱᠠᠨ 2013 ᠤᠨ ᠤ 7 ᠰᠠᠷ᠎ᠠ ᠳᠤ
ᠤᠨᠴᠠ ᠴᠢᠳᠠᠪᠤᠷᠢᠲᠠᠨ ᠵᠢᠡᠷ ᠤᠷᠤᠨ ᠲᠤᠭ᠎ᠠ ᠲᠠᠢ ᠪᠤᠯᠵᠦ᠂ ᠲᠤᠰ ᠵᠢᠯᠳᠤ ᠪᠠᠨ ᠨᠠᠢ᠍ᠮᠠᠨ ᠬᠤᠰᠢᠭᠤᠨ ᠤ ᠲᠧᠯᠸᠢᠰ
ᠬᠤᠷᠢᠶ᠎ᠠ ᠵᠢᠨ ᠮᠤᠨᠭᠭᠤᠯ ᠨᠠᠢᠷᠠᠭᠤᠯᠬᠤ ᠬᠡᠯᠳᠡᠰ ᠤᠨ ᠡᠷᠬᠢᠯᠡᠭᠴᠢ ᠵᠢᠨ ᠲᠤᠰᠢᠶᠠᠯ ᠳᠤ
ᠳᠡᠪᠰᠢᠬᠦᠯᠦᠭᠳᠡᠪᠡ᠃
2018 ᠤᠨ ᠤ 5 ᠰᠠᠷ᠎ᠠ ᠡᠴᠡ 2021 ᠤᠨ ᠤ 9 ᠰᠠᠷ᠎ᠠ ᠪᠤᠯᠳᠠᠯᠠᠬᠢ ᠭᠤᠷᠪᠠᠨ ᠵᠢᠯ
ᠬᠠᠭᠠᠰ ᠤᠨ ᠬᠤᠭᠤᠴᠠᠭᠠᠨ ᠳᠤ ᠡᠦ ᠴᠢᠡᠭ ᠱᠠᠨ ᠨᠠᠢ᠍ᠮᠠᠨ ᠬᠤᠰᠢᠭᠤᠨ ᠤ ᠴᠢᠡᠭ ᠯᠦᠡᠭ ᠱᠠᠨ ᠪᠠᠯᠭᠠᠰᠤ
ᠵᠢᠨ ᠬᠦᠨᠳᠡᠢ ᠵᠢᠨ ᠭᠤᠤ ᠲᠤᠰᠬᠤᠨ ᠳᠤ ᠤᠨᠢᠨ ᠳᠡᠭᠡᠷ᠎ᠡ ᠨᠢ ᠶᠠᠳᠠᠭᠤ ᠵᠢ ᠲᠡᠳᠬᠦᠬᠦ ᠲᠤᠰᠬᠤᠨᠳᠤ
ᠰᠠᠭᠤᠬᠤ ᠨᠢᠬᠡᠳᠦᠬᠡᠷ ᠱᠦᠵᠢ᠂ ᠠᠵᠢᠯᠯᠠᠬᠤ
ᠳᠤᠭᠤᠢᠯᠠᠡᠭ ᠤᠨ ᠳᠠᠷᠤᠭ᠎ᠠ ᠪᠡᠷ ᠠᠵᠢᠯᠯᠠᠪᠠ᠃ ᠨᠢᠬᠡᠨ ᠴᠡᠪᠡᠷ ᠮᠤᠨᠭᠭᠤᠯ ᠦᠨᠳᠦᠰᠦᠲᠡᠨ ᠤ ᠺᠠᠳ᠋ᠷ ᠴᠤᠯᠤ
ᠬᠢᠲᠠᠳ ᠦᠨᠳᠦᠰᠦᠲᠡᠨ ᠵᠢᠡᠷ ᠪᠦᠷᠢᠯᠳᠦᠭᠰᠡᠨ ᠨᠢᠬᠡ ᠲᠤᠰᠬᠤᠨ ᠤ ᠮᠢᠨᠭᠭᠠ ᠭᠠᠷᠤᠢ ᠤᠯᠠᠨ ᠲᠦᠮᠡᠨ ᠢ
ᠳᠠᠢᠴᠢᠯᠠᠨ ᠳᠠᠭᠠᠭᠤᠯᠤᠨ᠎ᠠ ᠭᠡᠳᠡᠭ ᠪᠤᠳᠤᠪᠠᠯ ᠪᠠᠰᠠ ᠲᠡᠢᠮᠦ ᠬᠢᠯᠪᠠᠷ ᠬᠡᠷᠡᠭ ᠪᠢᠰᠢ ᠶᠤᠮ᠃ ᠭᠡᠬᠦ ᠳᠡᠭᠡᠨ
ᠡᠦ ᠴᠢᠡᠭ ᠱᠠᠨ ᠬᠤᠪᠢᠳᠠᠭᠰᠠᠨ ᠲᠡᠷᠡ ᠲᠤᠰᠬᠤᠨ ᠤ ᠪᠠᠨ ᠤᠳᠠᠭᠠᠨ ᠵᠢᠯ ᠤᠨ ᠤᠯᠠᠨ ᠠᠰᠠᠭᠤᠳᠠᠯ ᠢ ᠤᠬᠤᠷᠬᠠᠨ
ᠬᠡᠳᠦᠨ ᠵᠢᠯ ᠲᠤᠳᠤᠷ᠎ᠠ ᠪᠦᠷ ᠰᠢᠢᠳᠪᠦᠷᠢᠯᠡᠵᠦ ᠦᠭᠬᠦ ᠪᠡᠷ ᠠᠷᠭ᠎ᠠ ᠪᠦᠬᠦᠨᠢ ᠰᠦᠪᠡᠭᠴᠢᠯᠡᠨ ᠪᠦᠬᠦ ᠴᠢᠳᠠᠯ
ᠵᠢᠨᠨ ᠰᠢᠪᠬᠠᠵᠠᠢ᠃ ᠬᠦᠨᠳᠡᠢ ᠵᠢᠨ ᠭᠤᠤ ᠲᠤᠰᠬᠤᠨ ᠨᠢ
ᠳᠦᠷᠪᠡᠨ ᠲᠠᠯ᠎ᠠ ᠪᠡᠷ ᠵᠢᠨᠨ ᠠᠭᠤᠯᠠ ᠪᠡᠷ ᠬᠦᠷᠢᠶᠡᠯᠡᠭᠳᠡᠭᠰᠠᠨ ᠬᠤᠲᠤᠭᠤᠷ ᠭᠠᠵᠠᠷ ᠲᠤ᠌ ᠪᠠᠢᠷᠢᠰᠢᠵᠦ᠂
ᠪᠦᠬᠦ ᠲᠤᠰᠬᠤᠨ ᠵᠢᠡᠷ ᠵᠢᠨᠨ ᠨᠡᠢᠲᠡ 300 ᠭᠠᠷᠤᠢ ᠡᠷᠦᠬᠡ᠂ 1100 ᠭᠠᠷᠤᠢ ᠠᠮᠠᠨ ᠲᠤᠭ᠎ᠠ ᠲᠠᠢ ᠪᠠᠢᠵᠦ᠂
ᠠᠮᠠᠨ ᠲᠤᠭ᠎ᠠ ᠪᠦᠷᠢ ᠳᠤ ᠬᠤᠪᠢᠳᠠᠬᠤ ᠲᠠᠷᠢᠶᠠᠨ ᠭᠠᠵᠠᠷ ᠨᠢ 5 ᠮᠤ᠌ ᠴᠤ᠌ ᠬᠦᠷᠬᠦ ᠦᠬᠡᠢ ᠪᠠᠢᠳᠠᠭ᠃
ᠤᠨᠴᠠᠭᠠᠢ ᠭᠠᠵᠠᠷ ᠵᠦᠢ ᠵᠢᠨ ᠪᠠᠢᠷᠢᠰᠢᠯ ᠡᠴᠡ ᠪᠠᠨ ᠪᠤᠯᠵᠦ ᠲᠡᠨᠳᠡᠬᠢ ᠵᠢᠨ ᠵᠠᠮ ᠬᠠᠷᠢᠯᠴᠠᠭ᠎ᠠ ᠪᠤᠢᠳᠠ
ᠪᠦᠭᠯᠡᠬᠦᠦ ᠪᠦᠬᠡᠳ ᠤᠯᠠᠨ ᠲᠦᠮᠡᠨ ᠮᠦᠨ ᠯᠠ ᠲᠡᠭᠷᠢ ᠵᠢ ᠲᠦᠰᠢᠵᠦ ᠲᠠᠷᠢᠶᠠᠯᠠᠵᠦ ᠮᠠᠯᠵᠢᠬᠤ ᠤᠯᠠᠮᠵᠢᠯᠯᠠᠲᠤ
ᠬᠡᠯᠪᠡᠷᠢ ᠡᠴᠡ ᠪᠠᠨ ᠰᠠᠯᠵᠦ ᠳᠡᠢᠯᠦᠬᠡᠳᠦᠢ ᠪᠠᠢᠵᠦ᠂ ᠠᠷᠠᠳ ᠤᠨ ᠠᠮᠢᠳᠤᠷᠠᠯ ᠠᠨᠠᠢᠬᠠᠨ ᠪᠠᠢᠪᠠ᠃
ᠡᠦ ᠴᠢᠡᠭ ᠱᠠᠨ ᠲᠡᠷᠡ ᠲᠤᠰᠬᠤᠨ ᠳᠤ ᠠᠨᠭᠬ᠎ᠠ ᠬᠦᠷᠬᠦ ᠳᠡᠭᠡᠨ ᠲᠤᠰᠬᠤᠨ ᠤ ᠵᠦᠪᠯᠡᠯ
ᠤᠨ ᠭᠡᠷ ᠢ ᠨᠢ ᠦᠵᠡᠬᠡᠳ ᠨᠢᠬᠡ ᠯᠠ ᠠᠳᠬᠤ ᠪᠤᠯᠵᠠᠢ᠃ ᠬᠡᠳᠦᠨ ᠲᠠᠰᠤᠯᠭ᠎ᠠ ᠭᠡᠷ ᠤᠨ ᠬᠢᠨᠢ ᠨᠢᠬᠡ ᠯᠠ
ᠲᠠᠰᠤᠯᠭ᠎ᠠ ᠭᠡᠷ ᠨᠢ ᠬᠡᠷᠡᠭᠯᠡᠵᠦ ᠪᠤᠯᠬᠤ ᠪᠦᠬᠡᠳ ᠪᠤᠰᠤᠳ ᠨᠢ ᠡᠬᠦᠳᠡ ᠴᠤᠨᠭᠬᠤ ᠨᠢ ᠴᠦᠮ ᠪᠠᠯᠪᠠᠷᠠᠭᠠᠳ
ᠠᠪᠬᠤ ᠵᠢᠨ ᠠᠷᠭ᠎ᠠ ᠦᠬᠡᠢ ᠪᠤᠯᠴᠢᠬᠠᠵᠠᠢ᠃ ᠲᠡᠢᠮᠦ ᠲᠤᠮᠤ ᠲᠤᠰᠬᠤᠨ ᠤ ᠵᠦᠪᠯᠡᠯ ᠤᠨ ᠭᠡᠷ ᠭᠡᠵᠦ ᠪᠠᠢᠭᠠᠳ
ᠬᠤᠳᠳᠤᠭ ᠴᠤ᠌ ᠦᠬᠡᠢ ᠪᠠᠢᠵᠦ᠂ ᠪᠤᠰᠤᠳ ᠡᠷᠦᠬᠡ ᠡᠴᠡ ᠤᠰᠤ ᠵᠦᠭᠡᠭᠡᠨ ᠬᠡᠷᠡᠭᠯᠡᠵᠦ ᠪᠠᠢᠪᠠ᠃ ᠲᠡᠬᠦᠨ ᠢ ᠤᠴᠢᠬᠤ
ᠳᠤ ᠲᠡᠷᠡ ᠲᠤᠰᠬᠤᠨ ᠨᠢ ᠨᠠᠮ ᠤᠨ ᠡᠬᠦᠷ ᠤᠨ ᠱᠦᠵᠢ ᠦᠬᠡᠢ ᠪᠦᠬᠡᠳ ᠨᠠᠮ ᠤᠨ ᠡᠬᠦᠷ ᠤᠨ ᠬᠡᠰᠢᠬᠦᠨ ᠴᠤ᠌
ᠦᠬᠡᠢ ᠪᠠᠢᠵᠦ᠂ ᠭᠠᠴᠠᠭᠠᠨ ᠳᠠᠷᠤᠭ᠎ᠠ ᠪᠤᠯᠤᠨ ᠨᠢᠬᠲᠠᠯᠠᠨ ᠪᠤᠳᠤᠭᠴᠢ ᠬᠤᠶᠠᠭᠤᠯᠠ ᠡᠴᠡ ᠨᠢ ᠤᠨᠳᠤᠤ ᠲᠤᠰᠬᠤᠨ
ᠤ ᠵᠦᠪᠯᠡᠯ ᠤᠨ ᠬᠡᠰᠢᠬᠦᠨ ᠴᠤ᠌ ᠦᠬᠡᠢ ᠪᠠᠢᠪᠠ᠃ ᠤᠤᠯ ᠤᠨ ᠱᠦᠵᠢ ᠪᠠᠨ ᠵᠠᠭᠠᠯᠳᠤᠵᠦ ᠤᠨᠠᠭᠠᠭᠰᠠᠨ ᠪᠦᠬᠡᠳ
ᠰᠡᠬᠦᠯᠡᠷ ᠨᠢ ᠪᠠᠯᠭᠠᠰᠤᠨ ᠤ ᠺᠠᠳ᠋ᠷ ᠱᠦᠵᠢ ᠵᠢᠨ ᠠᠵᠢᠯ ᠢ ᠨᠢ ᠬᠡᠰᠡᠭ ᠬᠤᠭᠤᠴᠠᠭ᠎ᠠ ᠬᠠᠷᠢᠭᠤᠴᠠᠭᠠᠳ ᠬᠢᠵᠦ
ᠳᠡᠢᠯᠦᠭᠰᠡᠨ ᠦᠬᠡᠢ ᠳᠤᠷᠭᠤᠨ ᠬᠠᠶᠠᠴᠢᠬᠠᠭᠠᠳ ᠪᠠᠢᠪᠠ᠃ ᠲᠡᠷᠡ ᠠᠢᠯ ᠨᠢ ᠶᠠᠳᠠᠭᠤ ᠬᠤᠴᠤᠷᠤᠨᠭᠭᠤᠢ ᠵᠢᠨ
ᠳᠡᠭᠡᠷ᠎ᠡ ᠵᠠᠷᠭᠤ ᠵᠠᠭᠠᠯᠳᠤᠭᠠᠨ ᠠᠷᠪᠢᠨ ᠪᠠᠢᠵᠦ ᠳᠡᠭᠡᠷ᠎ᠡ ᠱᠠᠲᠤᠨ ᠤ ᠬᠠᠮᠢᠶ᠎ᠠ ᠪᠦᠬᠦᠢ ᠰᠠᠯᠠᠭ᠎ᠠ
ᠮᠦᠴᠢᠷ ᠤᠨ ᠬᠢᠨ ᠢ ᠠᠷᠭ᠎ᠠ ᠪᠠᠷᠠᠭᠳᠠᠭᠤᠯᠵᠦ ᠪᠠᠢᠭᠰᠠᠨ ᠭᠡᠳᠡᠭ ᠢ ᠲᠡᠷᠡ ᠤᠴᠢᠭᠠᠳ ᠬᠡᠳᠦᠨ ᠡᠳᠦᠷ
ᠰᠠᠭᠤᠭᠠᠳ ᠰᠠᠶᠢ ᠮᠡᠳᠡᠵᠡᠢ᠃ ᠲᠡᠷᠡ ᠪᠠᠢᠳᠠᠯ ᠳᠤ ᠨᠢᠬᠡᠳᠦᠬᠡᠷ ᠱᠦᠵᠢ ᠪᠡᠷ ᠲᠤᠮᠢᠯᠠᠭᠳᠠᠵᠦ ᠤᠴᠢᠭᠰᠠᠨ ᠡᠦ
ᠴᠢᠡᠭ ᠱᠠᠨ ᠭᠠᠴᠠᠭᠠᠨ ᠤ ᠨᠠᠮ ᠤᠨ ᠡᠬᠦᠷ ᠤᠨ ᠱᠦᠵᠢ ᠵᠢᠨ ᠲᠤᠰᠢᠶᠠᠯ ᠢ ᠨᠢ ᠬᠠᠪᠰᠤᠷᠭᠠᠨ
ᠬᠠᠷᠢᠭᠤᠴᠠᠵᠦ ᠲᠡᠷᠡ ᠲᠤᠰᠬᠤᠨ ᠢ ᠰᠢᠨ᠎ᠡ ᠦᠨᠭᠭᠡ ᠲᠦᠷᠬᠦ ᠤᠷᠤᠭᠤᠯᠬᠤ ᠪᠡᠷ ᠴᠢᠨᠡᠬᠡ ᠮᠡᠳᠡᠨ
ᠴᠢᠷᠮᠠᠢᠵᠠᠢ᠃ ᠴᠢᠳᠠᠨ᠎ᠠ ᠤᠤ? ᠦᠬᠡᠢ ᠤᠤ? ᠭᠡᠳᠡᠭ ᠪᠤᠯ ᠴᠢᠳᠠᠯ ᠤᠨ ᠠᠰᠠᠭᠤᠳᠠᠯ᠂ ᠴᠢᠳᠠᠯ ᠵᠢᠨᠨ
ᠭᠠᠷᠭᠠᠵᠦ ᠴᠢᠷᠮᠠᠢᠵᠦ ᠤᠴᠢᠳᠠᠭ ᠨᠢ ᠭᠠᠷᠮᠠᠭᠠᠢ ᠬᠦᠮᠦᠨ ᠤ ᠵᠠᠡᠭ ᠶᠤᠮ ᠭᠠᠵᠠᠷ ᠡᠦ ᠴᠢᠡᠭ ᠱᠠᠨ ᠲᠡᠷᠡ
ᠨᠤᠲᠤᠭ ᠤᠨ ᠤᠯᠠᠨ ᠲᠦᠮᠡᠨ ᠤ ᠠᠮᠢᠳᠤᠷᠠᠯ ᠤᠨ ᠨᠦᠬᠦᠴᠡᠯ ᠢ ᠰᠠᠢᠵᠢᠷᠠᠭᠤᠯᠬᠤ ᠪᠡᠷ ᠵᠢᠷᠦᠭᠡᠨ ᠲᠠᠮᠢᠷ
ᠵᠢᠨᠨ ᠰᠢᠪᠬᠠᠵᠠᠢ᠃ ᠬᠠᠮᠤᠭ ᠤᠷᠢᠳᠠᠪᠠᠷ ᠲᠡᠷᠡ
ᠬᠠᠮᠢᠶ᠎ᠠ ᠪᠦᠬᠦᠢ ᠰᠠᠯᠠᠭ᠎ᠠ ᠮᠦᠴᠢᠷ ᠢ ᠡᠷᠢᠵᠦ ᠪᠠᠢᠭᠠᠳ 7 ᠲᠦᠮᠡ ᠭᠠᠷᠤᠢ ᠲᠦᠬᠦᠷᠢᠭ ᠵᠤᠭᠤᠰ ᠭᠤᠶᠤᠴᠢᠯᠠᠨ
ᠤᠯᠵᠦ ᠠᠪᠬᠤ ᠵᠢᠨ ᠲᠠᠮᠳᠤᠭ ᠦᠬᠡᠢ ᠪᠤᠯᠤᠭᠠᠳ ᠪᠠᠢᠭᠰᠠᠨ ᠲᠤᠰᠬᠤᠨ ᠤ ᠵᠦᠪᠯᠡᠯ ᠤᠨ ᠭᠡᠷ ᠬᠦᠷᠢᠶ᠎ᠡ ᠵᠢ ᠨᠢ
ᠰᠢᠨᠡᠳᠭᠡᠬᠦ ᠵᠢᠨ ᠬᠠᠮᠲᠤ ᠬᠤᠳᠳᠤᠭ ᠴᠤᠬᠢᠵᠦ ᠤᠰᠤ ᠬᠡᠷᠡᠭᠯᠡᠬᠦ ᠠᠰᠠᠭᠤᠳᠠᠯ ᠢ ᠰᠢᠢᠳᠪᠦᠷᠢᠯᠡᠪᠡ᠃

ᠡᠦ ᠴᠢᠡᠭ ᠱᠠᠨ ᠡᠷᠦᠬᠡ ᠪᠡᠷ ᠬᠦᠨᠵᠡᠬᠡᠢᠷᠡᠬᠦ ᠲᠤᠮᠳᠠ ᠪᠠᠨ ᠵᠠᠡᠭ ᠶᠦᠡᠭ ᠯᠢ ᠬᠡᠮᠡᠬᠦ
ᠨᠢᠬᠡᠨ ᠭᠤᠤᠨᠢ ᠪᠡᠶ᠎ᠡ ᠨᠠᠰᠤᠲᠠᠨ(ᠲᠠᠪᠤᠨ ᠪᠠᠲᠤᠯᠠᠭᠠᠲᠤ ᠡᠷᠦᠬᠡ) ᠤ ᠬᠢᠨ ᠭᠤᠴᠢᠨ ᠵᠢᠯ ᠴᠠᠬᠢᠯᠭᠠᠨ
ᠤᠷᠤᠭᠠᠳᠤᠢ ᠪᠦᠬᠡᠳ ᠬᠤᠳᠳᠤᠭ ᠴᠤ᠌ ᠦᠬᠡᠢ ᠪᠠᠢᠬᠤ ᠵᠢ ᠮᠡᠳᠡᠭᠡᠳ ᠲᠦᠢᠯ ᠵᠢᠡᠷ ᠰᠡᠳᠬᠢᠯ ᠬᠦᠳᠡᠯᠵᠡᠢ᠃
ᠠᠳᠠᠯᠢᠬᠠᠨ ᠬᠦᠵᠦᠬᠦᠦ ᠲᠤᠯᠤᠭᠠᠢ ᠲᠠᠢ ᠬᠦᠮᠦᠨ ᠪᠠᠢᠵᠦ ᠪᠠᠢᠭᠠᠳ ᠡᠪᠡᠳᠴᠢᠨ ᠡᠮᠭᠡᠭ ᠲᠠᠢ᠂ ᠳᠤᠷᠤᠢ
ᠪᠠᠭᠤᠷᠠᠢ ᠭᠠᠭᠴᠠ ᠪᠡᠶ᠎ᠡ ᠨᠠᠰᠤᠲᠠᠨ ᠢ ᠢᠨᠭᠭᠢᠵᠦ ᠤᠮᠳᠤᠭᠠᠢᠯᠠᠭᠠᠳ ᠶᠠᠭᠠᠬᠢᠵᠦ ᠪᠤᠯᠤᠨ᠎ᠠ ᠪᠤᠢ⁈ᠲᠡᠷᠡ ᠬᠤᠰᠢᠭᠤᠨ ᠤ ᠴᠠᠬᠢᠯᠭᠠᠨ ᠬᠦᠴᠦᠨ ᠤ ᠺᠤᠮᠫᠠᠨᠢ ᠲᠠᠢ
ᠬᠠᠷᠢᠴᠠᠵᠦ ᠪᠠᠢᠭᠠᠳ ᠴᠠᠬᠢᠯᠭᠠᠨ ᠤᠷᠤᠭᠤᠯᠵᠦ
ᠦᠭᠭᠦᠭᠰᠡᠨ ᠪᠦᠬᠡᠳ ᠬᠤᠰᠢᠭᠤᠨ ᠤ ᠰᠢᠯᠵᠢᠬᠡ ᠬᠤᠯᠪᠤᠭ᠎ᠠ ᠵᠢᠨ ᠺᠤᠮᠫᠠᠨᠢ ᠡᠴᠡ ᠲᠦᠮᠡᠨ ᠲᠦᠬᠦᠷᠢᠭ ᠤᠯᠵᠦ
ᠬᠤᠤᠳᠳᠤᠭ ᠮᠠᠯᠳᠠᠵᠦ ᠦᠭᠪᠡ᠃ ᠲᠡᠷᠡ ᠪᠠᠰᠠ ᠬᠤᠰᠢᠭᠤᠨ ᠤ ᠤᠰᠤᠨ ᠠᠰᠢᠭᠯᠠᠯᠲᠠ ᠵᠢᠨ ᠲᠤᠪᠴᠢᠶ᠎ᠠ ᠵᠢ ᠡᠷᠢᠵᠦ
ᠪᠠᠢᠭᠠᠳ 700 ᠭᠠᠷᠤᠢ ᠲᠦᠮᠡᠨ ᠲᠦᠬᠦᠷᠢᠭ ᠲᠦᠷᠦᠯ ᠵᠦᠢᠯ ᠤᠨ ᠪᠡᠯᠡ ᠮᠦᠨᠭᠭᠦ ᠭᠤᠶᠤᠴᠢᠯᠠᠨ ᠤᠯᠵᠦ ᠬᠦᠨᠳᠡᠢ
ᠵᠢᠨ ᠭᠤᠤ ᠲᠤᠰᠬᠤᠨ ᠤ 500 ᠭᠠᠷᠤᠢ ᠮᠤ᠌ ᠲᠠᠷᠢᠶ᠎ᠠ ᠵᠢ ᠤᠰᠤᠯᠠᠵᠦ ᠳᠡᠢᠯᠬᠦ ᠪᠤᠯᠭᠠᠭᠰᠠᠨ ᠵᠢᠡᠷ ᠮᠤ᠌
ᠪᠦᠷᠢ ᠡᠷᠳᠡᠨᠢ ᠰᠢᠰᠢ ᠵᠢᠨ ᠤᠨᠠᠯᠲᠠ ᠵᠢ 400 ᠡᠴᠡ 500 ᠵᠢᠡᠭ ᠨᠡᠮᠡᠭᠳᠡᠬᠦᠯᠪᠡ᠃ ᠲᠡᠷᠡ ᠮᠦᠨ ᠵᠠᠮ
ᠬᠠᠷᠢᠯᠴᠠᠭᠠᠨ ᠤ ᠲᠤᠪᠴᠢᠶ᠎ᠠ ᠵᠢ ᠡᠷᠢᠵᠦ ᠪᠠᠢᠭᠠᠳ 600 ᠭᠠᠷᠤᠢ ᠲᠦᠮᠡᠨ ᠲᠦᠬᠦᠷᠢᠭ ᠲᠦᠷᠦᠯ ᠵᠦᠢᠯ ᠤᠨ
ᠪᠡᠯᠡ ᠮᠦᠨᠭᠭᠦ ᠭᠤᠶᠤᠴᠢᠯᠠᠨ ᠤᠯᠵᠦ 5.6 ᠺᠢᠯᠤᠮᠧᠲ᠋ᠷ ᠤᠨ ᠱᠦᠢᠨᠢ ᠵᠠᠮ ᠳᠡᠪᠢᠰᠦᠨ ᠦᠭᠴᠦ᠂ ᠲᠤᠰᠬᠤᠨ ᠤ
ᠠᠷᠠᠳ ᠤᠨ ᠭᠠᠷᠴᠦ ᠤᠷᠤᠬᠤ ᠳᠤ ᠳᠦᠬᠦᠮ ᠦᠬᠡᠢ ᠪᠠᠢᠭᠰᠠᠨ᠂ ᠮᠠᠯ ᠲᠠᠷᠢᠶ᠎ᠠ ᠪᠠᠨ ᠬᠤᠳᠠᠯᠳᠤᠬᠤᠳᠤ
ᠳᠦᠬᠦᠮ ᠦᠬᠡᠢ ᠪᠠᠢᠭᠰᠠᠨ ᠲᠡᠦᠬᠡ ᠵᠢ ᠡᠴᠦᠰᠯᠡᠬᠦᠯᠵᠡᠢ᠃ ᠲᠡᠷᠡ ᠪᠠᠰᠠ ᠲᠦᠨᠭᠯᠢᠶᠤᠤ ᠬᠤᠲᠠ ᠵᠢᠨ
ᠦᠭᠡᠷᠡᠴᠢᠯᠡᠯᠲᠡ ᠬᠦᠭᠵᠢᠬᠦᠯᠦᠯᠲᠡ ᠵᠢᠨ ᠵᠦᠪᠯᠡᠯ ᠲᠠᠢ
ᠬᠠᠷᠢᠴᠠᠵᠦ ᠪᠠᠢᠭᠠᠳ 90 ᠭᠠᠷᠤᠢ ᠲᠦᠮᠡᠨ ᠲᠦᠬᠦᠷᠢᠭ ᠤᠨ ᠲᠦᠷᠦᠯ ᠵᠦᠢᠯ ᠤᠨ ᠪᠡᠯᠡ ᠮᠦᠨᠭᠭᠦ ᠭᠤᠶᠤᠴᠢᠯᠠᠨ
ᠤᠯᠵᠦ ᠲᠤᠰᠬᠤᠨ ᠤ ᠳᠤᠮᠳᠠ ᠵᠠᠮ ᠤᠨ ᠳ᠋ᠧᠡᠭ ᠤᠭᠰᠠᠷᠠᠵᠦ ᠦᠭᠭᠦᠭᠡᠳ ᠠᠭᠤᠯᠠᠨ ᠭᠠᠵᠠᠷ ᠤᠨ ᠬᠦᠮᠦᠰ ᠤᠨ
ᠦᠳᠡᠰᠢ ᠤᠷᠤᠢ ᠪᠡᠷ ᠶᠠᠪᠤᠵᠦ ᠰᠠᠭᠤᠬᠤ ᠳᠤ ᠲᠦᠬᠦᠮ ᠦᠬᠡᠢ ᠪᠠᠢᠭᠰᠠᠨ ᠬᠦᠴᠢᠷᠳᠡᠯ ᠢ ᠨᠢ ᠰᠢᠢᠳᠪᠦᠷᠢᠯᠡᠨ
ᠦᠭᠴᠡᠢ᠃
ᠡᠦ ᠴᠢᠡᠭ ᠱᠠᠨ ᠬᠦᠨᠳᠡᠢ ᠵᠢᠨ ᠭᠤᠤ ᠲᠤᠰᠬᠤᠨ ᠤ ᠤᠳᠠᠭᠠᠨ ᠵᠢᠯ ᠤᠨ ᠰᠢᠬᠢᠷᠯᠢᠭ ᠲᠦᠮᠦᠰᠦ
ᠲᠠᠷᠢᠭᠰᠠᠨ ᠲᠡᠦᠬᠡ ᠲᠠᠢ ᠳᠠᠪᠠᠭᠤᠯᠢᠬ ᠨᠦᠬᠦᠴᠡᠯ ᠳᠤ ᠨᠢ ᠲᠤᠬᠢᠷᠠᠭᠤᠯᠵᠦ᠂ ᠤᠨᠢᠨ ᠳᠡᠭᠡᠷ᠎ᠡ ᠨᠢ ᠶᠠᠳᠠᠭᠤ
ᠵᠢ ᠳᠡᠳᠬᠦᠬᠦ ᠲᠤᠰᠬᠠᠢ ᠲᠦᠷᠦᠯ ᠤᠨ ᠪᠡᠯᠡ ᠮᠦᠨᠭᠭᠦ ᠵᠢ ᠲᠡᠮᠡᠴᠡᠨ ᠤᠯᠵᠦ ᠶᠠᠳᠠᠭᠤ ᠬᠦᠴᠢᠷᠲᠡᠢ ᠡᠷᠦᠬᠡᠤᠳ ᠵᠢᠡᠷ ᠰᠢᠬᠢᠷᠯᠢᠭ ᠲᠦᠮᠦᠰᠦ ᠲᠠᠷᠢᠭᠤᠯᠬᠤ ᠵᠢᠨ ᠬᠠᠮᠲᠤ ᠲᠤᠰᠬᠤᠨ ᠳᠤ ᠨᠢ ᠹᠧᠨᠲ᠋ᠢᠶᠤᠤᠷ ᠤᠨ
ᠦᠢᠯᠡᠳᠪᠦᠷᠢ ᠭᠠᠷᠭᠠᠨ ᠦᠭᠴᠦ᠂ ᠤᠯᠠᠨ ᠲᠦᠮᠡᠨ ᠤ ᠰᠢᠬᠢᠷᠯᠢᠭ ᠲᠦᠮᠦᠰᠦ ᠪᠡᠷ ᠵᠢᠨ ᠹᠧᠨᠲ᠋ᠢᠶᠤᠤᠷ ᠬᠢᠵᠦ
ᠬᠤᠳᠠᠯᠳᠤᠬᠤ ᠵᠢ ᠨᠢ ᠵᠤᠷᠢᠭᠵᠢᠭᠤᠯᠪᠠ᠃ ᠡᠦ ᠴᠢᠡᠭ ᠱᠠᠨ ᠬᠡᠳᠦᠨ ᠵᠢᠯ ᠳᠠᠷᠠᠭᠠᠯᠠᠨ ᠲᠡᠳᠡᠭᠡᠷ ᠡᠯᠪᠡᠭ
ᠬᠤᠷᠢᠶᠠᠭᠰᠠᠨ ᠰᠢᠬᠢᠷᠯᠢᠭ ᠲᠦᠮᠦᠰᠦ ᠪᠤᠯᠤᠨ ᠬᠤᠪᠢ ᠪᠡᠷ ᠵᠢᠨᠨ ᠦᠢᠯᠡᠳᠪᠦᠷᠢᠯᠡᠭᠰᠡᠨ ᠹᠧᠨᠲ᠋ᠢᠶᠤᠤᠷ ᠵᠢᠨᠨ
ᠵᠤᠭᠤᠰ ᠪᠤᠯᠭᠠᠬᠤ ᠵᠢᠨ ᠲᠦᠯᠦᠬᠡ ᠪᠦᠬᠦ ᠨᠠᠢ᠍ᠮᠠᠨ ᠬᠤᠰᠢᠭᠤ ᠵᠢ ᠪᠠᠷᠠᠳᠠᠯ᠎ᠠ ᠶᠠᠪᠤᠵᠦ ᠬᠤᠪᠢ ᠵᠢᠨ
ᠬᠠᠷᠢᠴᠠᠭ᠎ᠠ ᠶᠠᠪᠤᠯᠴᠠᠭ᠎ᠠ ᠪᠠᠨ ᠠᠰᠢᠭᠯᠠᠨ ᠦᠨᠳᠦᠷ ᠦᠨ᠎ᠡ ᠪᠡᠷ ᠬᠤᠳᠠᠯᠳᠤᠨ ᠦᠭᠪᠡ᠃ ᠦᠷᠭᠡᠨ ᠤᠯᠠᠨ
ᠮᠠᠯᠴᠢᠨ ᠲᠠᠷᠢᠶᠠᠴᠢᠳ ᠤᠨ ᠵᠢᠨᠨ ᠰᠤᠶᠤᠯ ᠤᠨ ᠠᠮᠢᠳᠤᠷᠠᠯ ᠢ ᠨᠢ ᠪᠠᠶᠠᠯᠢᠭᠵᠢᠭᠤᠯᠵᠦ᠂ ᠪᠦᠬᠦᠢᠯᠡ
ᠲᠤᠰᠬᠤᠨᠳᠤ ᠰᠠᠢᠨ ᠰᠠᠢᠬᠠᠨ ᠠᠮᠢᠳᠤᠷᠠᠯ ᠤᠨ ᠠᠭᠤᠷ ᠠᠮᠢᠰᠬᠤᠯ ᠲᠠᠢ ᠪᠤᠯᠭᠠᠬᠤ ᠵᠢᠨ ᠲᠦᠯᠦᠬᠡ ᠡᠦ ᠴᠢᠡᠭ
ᠱᠠᠨ ᠬᠤᠪᠢ ᠵᠢᠨ ᠬᠠᠷᠮᠠᠨ ᠡᠴᠡ ᠪᠠᠨ 5000 ᠲᠦᠬᠦᠷᠢᠭ
ᠵᠤᠭᠤᠰ ᠭᠠᠷᠭᠠᠬᠤ ᠵᠢᠨ ᠬᠠᠮᠲᠤ ᠤᠢᠷ᠎ᠠ ᠬᠠᠪᠢ ᠵᠢᠨ ᠠᠵᠦ ᠠᠬᠤᠢᠯᠠᠯᠲᠠᠨ᠂ ᠲᠠᠨᠢᠯ ᠠᠬ᠎ᠠ ᠳᠡᠬᠦᠦ ᠨᠠᠷ
ᠵᠢᠨᠨ ᠡᠷᠢᠵᠦ ᠪᠠᠢᠭᠠᠳ ᠨᠡᠢᠲᠡ 4 ᠲᠦᠮᠡ ᠭᠠᠷᠤᠢ ᠲᠦᠬᠦᠷᠢᠭ ᠵᠤᠭᠤᠰ ᠬᠤᠷᠠᠮᠳᠤᠭᠤᠯᠤᠨ ᠬᠦᠭᠵᠢᠮᠳᠡᠬᠦᠷ ᠪᠠ
ᠬᠤᠪᠴᠠᠰᠤ ᠬᠤᠨᠠᠷ ᠬᠤᠳᠠᠯᠳᠤᠨ ᠠᠪᠴᠦ ᠬᠦᠨᠳᠡᠢ ᠵᠢᠨ ᠭᠤᠤ ᠲᠤᠰᠬᠤᠨ ᠳᠤ ᠵᠠᠭᠤᠨ ᠬᠦᠮᠦᠨ ᠤ ᠶᠠᠨᠭᠭᠠᠷ
ᠤᠨ ᠪᠦᠯᠬᠦᠮ ᠭᠠᠷᠭᠠᠪᠠ᠋᠃ ᠲᠡᠷᠡ ᠪᠠᠰᠠ ᠲᠠᠷᠢᠶᠠᠯᠠᠡᠭ ᠤᠨ ᠪᠠᠩᠭᠢ ᠲᠠᠢ ᠬᠠᠷᠢᠴᠠᠵᠦ ᠪᠠᠢᠭᠠᠳ ᠠᠷᠠᠳ
ᠢ ᠬᠠᠷᠠᠭᠠᠯᠵᠠᠬᠤ ᠲᠠᠷᠢᠶᠠᠯᠠᠡᠭ ᠤᠨ ᠵᠢᠬᠡᠯᠡᠯᠬᠡ ᠵᠢ ᠬᠤᠢᠨ᠎ᠠ ᠡᠮᠦᠨ᠎ᠡ ᠨᠡᠢᠲᠡ 1000 ᠭᠠᠷᠤᠢ ᠲᠦᠮᠡᠨ
ᠲᠦᠬᠦᠷᠢᠭ ᠵᠢᠬᠡᠯᠡᠨ ᠦᠭᠴᠦ᠂ ᠲᠤᠰᠬᠤᠨ ᠤ ᠤᠯᠠᠨ ᠲᠦᠮᠡᠨ ᠤ ᠮᠠᠯ ᠲᠡᠵᠢᠬᠡᠪᠦᠷᠢ ᠲᠡᠵᠢᠬᠡᠬᠦ ᠵᠡᠷᠭᠡ ᠳᠤ
ᠨᠢ ᠲᠤᠰᠠᠯᠠᠵᠠᠢ᠃ ᠬᠦᠨᠳᠡᠢ ᠵᠢᠨ ᠭᠤᠤ ᠲᠤᠰᠬᠤᠨ ᠤ ᠤᠯᠠᠨ ᠲᠦᠮᠡᠨ ᠤ ᠲᠡᠵᠢᠭᠡᠭᠰᠡᠨ ᠨᠤᠲᠤᠭ ᠤᠨ ᠲᠠᠬᠢᠶ᠎ᠠ
ᠵᠢ ᠨᠢ ᠬᠤᠳᠠᠯᠳᠤᠵᠦ ᠦᠭᠬᠦ᠂ ᠵᠦᠬᠡᠢ ᠲᠡᠵᠢᠬᠡᠵᠦ ᠪᠠᠯ ᠭᠠᠷᠭᠠᠳᠠᠭ ᠲᠠᠷᠢᠶᠠᠴᠢᠳ ᠤᠨ ᠵᠦᠬᠡᠢ ᠵᠢᠨ ᠪᠠᠯ
ᠢ ᠨᠢ ᠪᠤᠷᠤᠯᠠᠭᠤᠯᠵᠦ ᠦᠭᠬᠦ ᠬᠡᠮᠡᠨ ᠲᠡᠷᠡ ᠦᠪᠡᠷ ᠤᠨ ᠲᠦᠷᠦᠯ ᠰᠠᠲᠤᠨ ᠡᠴᠡ ᠪᠠᠨ ᠡᠬᠢᠯᠡᠬᠡᠳ ᠬᠠᠮᠲᠤ
ᠠᠵᠢᠯᠯᠠᠭᠰᠠᠳ᠂ ᠨᠠᠢᠵᠠ ᠨᠦᠬᠦᠳ ᠵᠢᠨᠨ ᠪᠠᠷᠠᠳᠠᠯ᠎ᠠ ᠡᠷᠢᠵᠦ ᠬᠦᠶᠦᠪᠡ᠃ ᠵᠠᠷᠢᠮ ᠠᠯᠵᠠᠭᠤ ᠵᠠᠯᠬᠠᠭᠤ ᠬᠦᠮᠦᠰ
ᠲᠤ᠌ ᠨᠢ ᠡᠦ ᠴᠢᠡᠭ ᠱᠠᠨ ᠬᠤᠪᠢ ᠵᠢᠨ ᠬᠠᠷᠢᠴᠠᠭ᠎ᠠ ᠪᠠᠨ ᠠᠰᠢᠭᠯᠠᠨ ᠠᠵᠢᠯ ᠤᠯᠵᠦ ᠦᠭᠭᠦᠨ ᠬᠢᠯᠭᠡᠵᠦ᠂
ᠵᠠᠷᠢᠮ ᠢ ᠨᠢ ᠪᠠᠰᠠ ᠪᠡᠶ᠎ᠡ ᠪᠡᠷ ᠵᠢᠨᠨ ᠳᠠᠭᠠᠭᠤᠯᠵᠦ ᠪᠠᠢᠭᠠᠳ ᠬᠦᠷᠢᠶ᠎ᠡ ᠬᠠᠰᠢᠶ᠎ᠠ ᠵᠢ ᠨᠢ
ᠴᠡᠪᠡᠷᠯᠡᠬᠦᠯᠵᠦ ᠨᠤᠭᠤᠭ᠎ᠠ ᠵᠢᠮᠢᠰ ᠲᠠᠷᠢᠭᠤᠯᠪᠠ᠃ ᠠᠢᠯ ᠠᠢᠮᠠᠬ ᠬᠤᠭᠤᠷᠤᠨᠳᠦ ᠵᠢᠨ ᠵᠦᠷᠢᠴᠡᠯ
ᠮᠦᠷᠬᠦᠯᠳᠦᠬᠡᠨ᠂ ᠠᠬ᠎ᠠ ᠳᠡᠬᠦᠦ ᠬᠤᠶᠠᠭᠤᠯᠠ ᠵᠢᠨ ᠳᠤᠮᠳᠠᠬᠢ ᠬᠡᠷᠡᠬᠦᠯ ᠶᠠᠷᠬᠢᠶᠠᠨ ᠢ ᠴᠤ᠌ ᠡᠦ ᠴᠢᠡᠭ
ᠱᠠᠨ ᠡᠪ ᠵᠦᠢ ᠵᠢ ᠨᠢ ᠦᠵᠡᠵᠦ ᠡᠶᠡᠲᠡᠢ ᠰᠠᠢᠬᠠᠨ ᠰᠢᠢᠳᠪᠦᠷᠢᠯᠡᠵᠦ ᠦᠭᠬᠦᠨ᠎ᠡ᠃ ᠤᠨᠴᠠᠭᠠᠢ ᠡᠪᠡᠳᠴᠢᠨ
ᠡᠮᠭᠡᠭ ᠲᠠᠢ ᠵᠢ ᠨᠢ ᠦᠪᠡᠷ ᠵᠢᠨᠨ ᠳᠠᠭᠠᠭᠤᠯᠵᠦ ᠠᠪᠠᠴᠢᠭᠠᠳ ᠡᠮᠨᠡᠬᠦᠯᠵᠦ ᠠᠪᠤᠨ᠎ᠠ᠂ ᠬᠠᠮᠢᠶ᠎ᠠ ᠪᠦᠬᠦᠢ
ᠰᠠᠯᠠᠭ᠎ᠠ ᠮᠦᠴᠢᠷ ᠢ ᠡᠷᠢᠵᠦ ᠪᠠᠢᠭᠠᠳ ᠬᠠᠷᠠᠭᠠᠯᠵᠠᠯ ᠦᠵᠡᠬᠦᠯᠵᠦ ᠨᠦᠬᠦᠪᠦᠷᠢ ᠬᠦᠷᠲᠡᠭᠡᠨ᠎ᠡ᠃ ᠲᠡᠷᠡ
ᠪᠠᠰᠠ ᠵᠢᠯ ᠪᠤᠯᠭᠠᠨ ᠬᠤᠰᠢᠭᠤᠨ ᠤ ᠮᠤᠨᠭᠭᠤᠯ ᠡᠮᠨᠡᠯᠬᠡ ᠵᠢᠨ ᠬᠤᠷᠢᠶ᠎ᠠ ᠵᠡᠷᠭᠡ ᠲᠠᠢ ᠬᠠᠷᠢᠴᠠᠵᠦ
ᠲᠤᠰᠬᠤᠨ ᠤ ᠤᠯᠠᠨ ᠲᠦᠮᠡᠨ ᠳᠤ ᠰᠦᠢᠳᠭᠡᠯ ᠬᠤᠷᠢᠶᠠᠬᠤ ᠦᠬᠡᠢ ᠪᠡᠷ ᠠᠯᠪᠠᠨ ᠵᠢᠷᠤᠮ ᠤᠨ ᠡᠮᠴᠢᠯᠡᠬᠡ
ᠬᠢᠯᠬᠡᠬᠦ; ᠲᠠᠷᠢᠶᠠᠯᠠᠡᠭ ᠮᠠᠯ ᠠᠵᠦ ᠠᠬᠤᠢ ᠵᠢᠨ ᠲᠤᠪᠴᠢᠶ᠎ᠠ ᠵᠢᠨ ᠮᠡᠷᠭᠡᠵᠢᠯᠲᠡᠳ ᠢ ᠤᠷᠢᠵᠦ ᠲᠠᠷᠢᠵᠦ
ᠲᠡᠵᠢᠬᠡᠬᠦ ᠲᠤᠬᠠᠢ ᠪᠤᠯᠪᠠᠰᠤᠷᠠᠯ ᠬᠦᠷᠲᠡᠭᠡᠬᠦ ᠭᠡᠬᠦ ᠮᠡᠲᠦ ᠪᠡᠷ ᠤᠯᠠᠨ ᠲᠦᠮᠡᠨ ᠤ ᠡᠷᠡᠬᠦᠯ ᠮᠡᠨᠳᠦ᠂
ᠦᠢᠯᠡᠳᠪᠦᠷᠢᠯᠡᠯ ᠠᠮᠢᠳᠤᠷᠠᠯ ᠳᠤ ᠠᠴᠢ ᠲᠤᠰᠠ ᠲᠠᠢ ᠠᠵᠢᠯ ᠢ ᠠᠷᠪᠢᠨ ᠬᠢᠵᠡᠢ᠃ ᠡᠨᠡ ᠮᠡᠲᠦ ᠪᠡᠷ ᠭᠤᠷᠪᠠᠨ
ᠵᠢᠯ ᠬᠠᠭᠠᠰ ᠠᠵᠢᠯᠯᠠᠬᠤ ᠳᠤ ᠬᠦᠨᠳᠡᠢ ᠵᠢᠨ ᠭᠤᠤ ᠲᠤᠰᠬᠤᠨ ᠤ ᠦᠨᠭᠭᠡ ᠳᠦᠷᠬᠦ ᠦᠬᠡᠷᠡᠴᠢᠯᠡᠭᠳᠡᠵᠦ᠂
ᠤᠯᠠᠨ ᠲᠦᠮᠡᠨ ᠤ ᠢᠲᠡᠭᠡᠯ ᠵᠤᠷᠢᠭ ᠬᠦᠪᠴᠢᠯᠡᠭᠳᠡᠵᠦ ᠠᠵᠢᠯᠯᠠᠬᠤ ᠢᠳᠡᠪᠬᠢᠵᠢᠯ ᠨᠢ ᠰᠠᠢᠵᠢᠷᠠᠵᠦ ᠢᠷᠡᠪᠡ᠃《ᠪᠢᠳᠡ ᠡᠦ ᠱᠦᠵᠢ ᠳᠡᠭᠡᠨ
ᠬᠡᠵᠢᠶᠡᠳᠡ ᠲᠠᠯᠠᠷᠬᠠᠵᠦ ᠶᠠᠪᠤᠳᠠᠭ᠂ ᠲᠡᠷᠡ ᠮᠠᠨᠤᠰᠢ ᠵᠤᠷᠢᠭᠵᠢᠭᠤᠯᠤᠨ ᠪᠠᠯᠲᠤ ᠵᠦᠬᠡᠢ ᠲᠡᠵᠢᠬᠡᠯᠭᠡᠭᠰᠡᠨ
ᠪᠦᠬᠡᠳ ᠪᠠᠰᠠ ᠪᠢᠳᠡᠨ ᠢ ᠬᠠᠪᠰᠤᠷᠤᠨ ᠵᠦᠬᠡᠢ ᠵᠢᠨ ᠪᠠᠯ ᠢ ᠭᠠᠳᠠᠭᠰᠢ ᠬᠤᠳᠠᠯᠳᠤᠵᠦ ᠦᠭᠴᠡᠢ᠃ ᠵᠦᠬᠡᠢ
ᠲᠡᠵᠢᠬᠡᠵᠦ ᠪᠠᠯ ᠬᠤᠳᠠᠯᠳᠤᠭᠰᠠᠨ ᠵᠢᠡᠷ ᠮᠠᠨ ᠤ ᠠᠮᠢᠳᠤᠷᠠᠯ ᠶᠡᠬᠡᠪᠡᠷ ᠰᠠᠢᠵᠢᠷᠠᠭᠰᠠᠨ ᠰᠢᠦ》 ᠭᠡᠵᠦ
ᠬᠦᠨᠳᠡᠢ ᠵᠢᠨ ᠭᠤᠤ ᠲᠤᠰᠬᠤᠨ ᠤ ᠠᠷᠠᠳ ᠯᠢ ᠬᠦᠧᠧ ᠱᠧᠡᠭ ᠰᠡᠳᠬᠢᠯ ᠳᠤᠭᠳᠤᠯᠤᠨ ᠶᠠᠷᠢᠵᠦ ᠪᠠᠢᠯ᠎ᠠ᠃ ᠪᠤᠰᠤᠳ
ᠲᠤ᠌ ᠮᠡᠳᠡᠷᠡᠭᠳᠡᠨ᠎ᠡ ᠭᠡᠳᠡᠭ ᠪᠤᠰᠤᠳ ᠤᠨ ᠲᠦᠯᠦᠬᠡ ᠴᠢᠷᠮᠠᠢᠨ ᠠᠵᠢᠯᠯᠠᠭᠰᠠᠨ ᠤ ᠬᠢᠨᠢ ᠬᠠᠷᠢᠭᠤ ᠪᠠᠢᠵᠦ
ᠲᠠᠭᠠᠷᠠᠨ᠎ᠠ᠃ ᠡᠦ ᠴᠢᠡᠭ ᠱᠠᠨ ᠭᠡᠭᠴᠢ ᠨᠠᠮ ᠵᠠᠰᠠᠭ ᠡᠴᠡ ᠲᠡᠬᠦᠨ ᠳᠤ ᠳᠠᠭᠠᠭᠠᠯᠭᠠᠭᠰᠠᠨ ᠡᠬᠦᠷᠬᠡ ᠪᠠᠨ
ᠢᠨᠭᠭᠢᠵᠦ ᠬᠢᠯᠠᠷᠠᠲᠠᠯ᠎ᠠ ᠪᠡᠶᠡᠯᠡᠬᠦᠯᠳᠡᠭ ᠰᠤᠳᠤᠨ ᠰᠤᠷᠪᠤᠯᠵᠢᠯᠠᠭᠴᠢ ᠪᠤᠯᠬᠤ ᠶᠤᠮ᠃
2023 ᠤᠨ ᠡᠴᠡ ᠤᠳᠤ ᠪᠤᠯᠳᠠᠯ᠎ᠠ ᠡᠦ ᠴᠢᠡᠭ ᠱᠠᠨ ᠨᠠᠢ᠍ᠮᠠᠨ ᠬᠤᠰᠢᠭᠤᠨ ᠤ ᠬᠠᠮ
ᠵᠠᠭᠤᠴᠢᠯᠠᠭᠤᠷ ᠤᠨ ᠲᠦᠪ ᠤᠨ ᠨᠠᠮ ᠤᠨ ᠡᠬᠦᠷ ᠤᠨ ᠬᠡᠰᠢᠬᠦᠨ᠂ ᠰᠤᠷᠪᠤᠯᠵᠢᠯᠠᠵᠦ ᠬᠠᠷᠢᠯᠴᠠᠬᠤ ᠬᠡᠯᠳᠡᠰ ᠤᠨ ᠡᠷᠬᠢᠯᠡᠭᠴᠢ
ᠪᠤᠯᠤᠨ ᠮᠤᠨᠭᠭᠤᠯ ᠨᠠᠢᠷᠠᠭᠤᠯᠬᠤ ᠬᠡᠯᠳᠡᠰ ᠤᠨ ᠡᠷᠬᠢᠯᠡᠭᠴᠢ ᠵᠢᠨ ᠲᠤᠰᠢᠶᠠᠯᠢ ᠬᠠᠪᠰᠤᠷᠭᠠᠨ ᠬᠠᠷᠢᠭᠤᠴᠠᠵᠦ
ᠪᠠᠢᠨ᠎ᠠ᠃ ᠡᠦ ᠴᠢᠡᠭ ᠱᠠᠨ ᠤᠷᠢᠳ ᠬᠤᠵᠢᠳ ᠬᠤᠳᠠ ᠪᠠ ᠬᠤᠰᠢᠭᠤᠨ ᠳᠡᠰ ᠤᠨ 《ᠲᠡᠷᠢᠬᠦᠨ ᠤ ᠰᠤᠨᠢᠨ ᠮᠡᠳᠡᠭᠡᠨ ᠤ ᠠᠵᠢᠯᠲᠠᠨ》᠂ 《ᠭᠠᠳᠠᠭᠰᠢ ᠤᠬᠠᠭᠤᠯᠤᠯ
ᠤᠨ ᠰᠢᠯᠢᠳᠡᠭ ᠰᠤᠷᠪᠤᠯᠵᠢᠯᠠᠭᠴᠢ》᠂ 《ᠲᠤᠰᠬᠤᠨ ᠳᠤ ᠰᠠᠭᠤᠭᠰᠠᠨ ᠰᠢᠯᠢᠳᠡᠭ ᠺᠠᠳ᠋ᠷ》᠂ 《ᠪᠦᠬᠦ ᠤᠷᠤᠨ ᠤ ᠠᠵᠢᠯ ᠦᠢᠯᠡᠰ ᠤᠨ ᠨᠢᠬᠡᠴᠡ ᠵᠢᠨ ᠶᠠᠳᠠᠭᠤ ᠡᠴᠡ
ᠠᠩᠭᠢᠵᠢᠷᠠᠭᠤᠯᠵᠦ ᠪᠡᠬᠢᠯᠡᠯᠲᠡ ᠰᠢᠪᠲᠤᠯᠤᠭᠰᠠᠨ ᠲᠤᠰᠬᠠᠢ ᠲᠦᠷᠦᠯ ᠤᠨ ᠱᠠᠨᠭᠨᠠᠯ ᠬᠦᠷᠲᠡᠭᠴᠢ》ᠵᠡᠷᠭᠡ ᠮᠠᠰᠢ ᠤᠯᠠᠨ ᠢᠷᠠᠭᠤ ᠠᠯᠳᠠᠷ ᠵᠢᠡᠷ ᠡᠨᠭᠭᠡᠷ ᠵᠢᠨᠨ
ᠮᠢᠯᠢᠶᠠᠯᠭᠠᠵᠠᠢ᠃ 2024 ᠤᠨ ᠤ 3 ᠰᠠᠷ᠎ᠠ ᠡᠴᠡ ᠡᠦ ᠴᠢᠡᠭ ᠱᠠᠨ ᠡᠬᠡᠨᠡᠷ ᠲᠠᠢ ᠪᠠᠨ ᠬᠤᠶᠠᠭᠤᠯᠠ
ᠬᠤᠰᠢᠭᠤᠨ ᠤ ᠪᠠᠨ 《 ᠰᠢᠨ ᠾᠧᠡᠭ》 ᠬᠠᠢᠷ᠎ᠠ ᠰᠡᠳᠬᠢᠯ ᠵᠢᠨᠨ ᠬᠠᠨᠳᠢᠪᠯᠠᠬᠤ ᠪᠦᠯᠬᠦᠮ ᠤᠨ ᠬᠡᠰᠢᠬᠦᠨ
ᠪᠤᠯᠵᠦ᠂ ᠰᠠᠷ᠎ᠠ ᠪᠦᠷᠢ ᠦᠪᠡᠷ ᠤᠨ ᠨᠢᠬᠡ ᠬᠤᠪᠢ ᠬᠠᠯᠠᠭᠤᠨ ᠰᠡᠳᠬᠢᠯ ᠤᠨ ᠬᠠᠨᠳᠢᠪ ᠵᠢᠡᠷ ᠵᠢᠨᠨ ᠬᠢᠲᠠᠳ
ᠮᠤᠨᠭᠭᠤᠯ ᠢᠯᠭᠠᠯ ᠦᠬᠡᠢ ᠲᠡᠳᠡᠭᠡᠷ ᠵᠤᠪᠠᠵᠦ ᠵᠦᠳᠡᠭᠰᠡᠨ ᠬᠦᠮᠦᠰ ᠲᠤ᠌ ᠲᠤᠰᠠᠯᠠᠵᠦ ᠪᠤᠢ᠃ ᠲᠡᠷᠡ ᠤᠳᠦ ᠠᠵᠢᠯ ᠤᠨ ᠵᠠᠪ ᠴᠢᠯᠦᠬᠡ ᠪᠡᠷ ᠵᠢᠨᠨ ᠮᠤᠷᠢᠨ ᠬᠤᠭᠤᠷ᠂
ᠡᠯᠧᠺᠲ᠋ᠷᠦᠨ ᠬᠦᠭᠵᠢᠮ ᠵᠡᠷᠭᠡ ᠵᠢ ᠰᠤᠷᠴᠦ ᠪᠠᠢᠬᠤ ᠡᠴᠡ ᠭᠠᠳᠠᠨ᠎ᠠ ᠪᠠᠰᠠ ᠬᠠᠦᠯᠢ ᠴᠠᠭᠠᠵᠠ ᠵᠢᠨ ᠮᠡᠳᠡᠯᠬᠡ
ᠪᠤᠯᠤᠨ ᠰᠡᠳᠬᠢᠴᠡ ᠵᠢᠨ ᠤᠬᠠᠭᠠᠨ ᠰᠤᠷᠤᠯᠴᠠᠵᠦ ᠡᠳᠡᠭᠡᠷ ᠮᠡᠷᠭᠡᠵᠢᠯ ᠵᠢᠡᠷ ᠵᠢᠨᠨ ᠤᠯᠠᠨ ᠲᠦᠮᠡᠨ ᠳᠡᠭᠡᠨ ᠨᠡᠡᠭ
ᠰᠠᠢᠨ ᠵᠢᠡᠷ ᠦᠢᠯᠡᠴᠢᠯᠡᠬᠦ ᠪᠡᠷ ᠴᠢᠷᠮᠠᠢᠨ ᠠᠵᠢᠯᠯᠠᠵᠦ ᠪᠤᠢ᠃