ᠲᠦᠩᠯᠢᠶᠣᠣ ᠬᠣᠲᠠ᠎ᠶᠢᠨ ᠨᠣᠮ᠎ᠤᠨ ᠰᠠᠩ᠎ᠤᠨ ᠲᠤᠰᠬᠠᠢ ᠰᠡᠳᠦᠪᠲᠦ ᠦᠵᠡᠭᠥᠯᠭᠡ ᠵᠢᠨ ᠣᠷᠳᠣᠨ ᠨᠡᠭᠡᠭᠡᠭᠳᠡᠵᠡᠢ
2025-12-03 11:29:52
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

11 ᠰᠠᠷ᠎ᠠ᠎ᠶᠢᠨ 26᠎ᠤ ᠡᠳᠦᠷ᠂ ᠲᠦᠩᠯᠢᠶᠣᠣ ᠬᠣᠲᠠ᠎ᠶᠢᠨ ᠨᠣᠮ᠎ᠤᠨ ᠰᠠᠩ᠎ᠳᠤ ᠪᠠᠢᠭᠤᠯᠤᠭᠰᠠᠨ ᠰᠤᠳᠤᠷ ᠪᠢᠴᠢᠭ᠎ᠦᠨ ᠣᠷᠳᠣᠨ᠂ ᠣᠷᠣᠨ ᠨᠤᠲᠤᠭ᠎ᠤᠨ ᠲᠤᠯᠭᠤᠷ ᠪᠢᠴᠢᠭ᠎ᠦᠨ ᠣᠷᠳᠣᠨ ᠵᠢᠩᠬᠢᠨᠢ᠎ᠪᠡᠷ ᠡᠬᠦᠳᠡ ᠪᠠᠨ ᠨᠡᠭᠡᠭᠡᠪᠡ᠃

ᠲᠤᠰ ᠤᠳᠠᠭ᠎ᠠ᠎ᠶᠢᠨ ᠨᠡᠭᠡᠭᠡᠭᠰᠡᠨ ᠣᠷᠣᠨ ᠨᠤᠲᠤᠭ᠎ᠤᠨ ᠲᠤᠯᠭᠤᠷ ᠪᠢᠴᠢᠭ᠎ᠦᠨ ᠣᠷᠳᠣᠨ ᠨᠢ ᠲᠦᠷᠪᠡᠨ ᠪᠦᠯᠦᠭ ᠬᠣᠪᠣᠷ ᠨᠠᠨᠳᠢᠨ ᠭᠡᠷᠡᠯ ᠵᠢᠷᠤᠭ ᠪᠣᠯᠣᠨ ᠡᠬᠡ ᠨᠣᠣᠷᠠᠭ᠎ᠢᠶᠠᠷ ᠵᠣᠬᠢᠶᠠᠯᠴᠢ ᠸᠠᠩ ᠯᠧᠢ ᠠᠪᠤᠭᠠᠢ᠎ᠶᠢᠨ ᠭᠣᠢᠳᠠ ᠰᠠᠢᠬᠠᠨ ᠠᠮᠢᠳᠤᠷᠠᠯ᠂ ᠵᠣᠬᠢᠶᠠᠨ ᠪᠦᠲᠦᠭᠡᠭᠰᠡᠨ ᠥᠩᠭᠡᠷᠡᠯᠲᠡ᠂ ᠤᠷᠠᠯᠢᠭ᠋᠎ᠤᠨ ᠠᠮᠵᠢᠯᠲᠠ ᠵᠢᠴᠢ ᠲᠠᠯ᠎ᠠ ᠨᠤᠲᠤᠭ᠎ᠤᠨ ᠠᠷᠠᠳ ᠲᠦᠮᠡᠨ ᠯᠦ᠍ᠭᠡ᠎ᠶᠢᠨ ᠭᠦᠨ ᠵᠤᠵᠠᠭᠠᠨ ᠨᠥᠬᠥᠷᠯᠡᠯ᠎ᠢ ᠢᠯᠡᠷᠡᠭᠦᠯᠦᠭᠰᠡᠨ ᠪᠠᠢᠨ᠎ᠠ᠃

ᠸᠠᠩ ᠯᠧᠢ ᠠᠪᠤᠭᠠᠢ (1928 — 2023)᠂ ᠱᠠᠨᠳᠦ᠋ᠩ᠎ᠦᠨ ᠯᠢᠶᠤᠤᠴᠸᠩ᠎ᠦᠨ ᠬᠥᠮᠥᠨ᠃ ᠥᠪᠥᠷ ᠮᠣᠩᠭᠣᠯ᠎ᠤᠨ ᠠᠷᠠᠳ᠎ᠤᠨ ᠬᠡᠪᠯᠡᠯ᠎ᠦᠨ ᠬᠣᠷᠢᠶ᠎ᠠ᠎ᠶᠢᠨ ᠤᠳᠬ᠎ᠠ ᠤᠷᠠᠯᠢᠭ᠋᠎ᠤᠨ ᠳᠤᠭᠤᠢᠯᠠᠩ᠎ᠤᠨ ᠳᠠᠷᠤᠭ᠎ᠠ᠂ 《ᠲᠠᠯ᠎ᠠ ᠨᠤᠲᠤᠭ》 ᠰᠡᠳᠬᠦᠯ᠎ᠦᠨ ᠰᠢᠯᠦᠭ ᠳᠠᠭᠤᠯᠠᠯ᠎ᠤᠨ ᠨᠠᠢᠷᠠᠭᠤᠯᠤᠭ᠍ᠴᠢ᠂ 《ᠬᠣᠷᠴᠢᠨ᠎ᠤ ᠤᠳᠬ᠎ᠠ ᠵᠣᠬᠢᠶᠠᠯ》 ᠤ᠋ᠨ ᠭᠣᠣᠯ ᠨᠠᠢᠷᠠᠭᠤᠯᠤᠭ᠍ᠴᠢ᠂ ᠵᠢᠷᠢᠮ ᠠᠢᠮᠠᠭ (ᠣᠲᠣ᠌᠎ᠶᠢᠨ ᠲᠦᠩᠯᠢᠶᠣᠣ ᠬᠤᠲᠠ) ᠤ᠋ᠨ ᠤᠳᠬ᠎ᠠ ᠤᠷᠠᠯᠢᠭ᠋᠎ᠤᠨ ᠬᠢᠨ᠎ᠦ ᠬᠣᠯᠪᠣᠭ᠎ᠠ᠎ᠶᠢᠨ ᠤᠳᠤᠷᠢᠳᠤᠯᠭ᠎ᠠ ᠵᠡᠷᠭᠡ ᠲᠤᠰᠢᠶᠠᠯ᠎ᠢ ᠬᠠᠷᠢᠭᠤᠴᠠᠵᠤ ᠥᠩᠭᠡᠷᠡᠪᠡ᠃ 《ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠤᠨ᠎ᠢ ᠡᠰᠡᠷᠭᠦᠴᠡᠭᠰᠡᠨ ᠳᠠᠶ᠋ᠢᠨ ᠢᠯᠠᠯᠲᠠ ᠣᠯᠣᠭᠰᠠᠨ 70 ᠵᠢᠯ᠎ᠦᠨ ᠣᠶ᠎ᠶᠢᠨ ᠳᠤᠷᠠᠰᠬᠠᠯ᠎ᠤᠨ ᠲᠡᠮᠳᠡᠭ》᠂ ᠠᠩᠬᠠᠳᠤᠭᠠᠷ ᠬᠤᠭᠤᠴᠠᠭᠠᠨ᠎ᠤ ᠲᠦᠩᠯᠢᠶᠣᠣ ᠬᠣᠲᠠ᠎ᠶᠢᠨ ᠬᠣᠷᠴᠢᠨ ᠰᠣᠶᠣᠯ᠎ᠤᠨ ᠵᠠᠰᠠᠭ᠎ᠤᠨ ᠣᠷᠳᠣᠨ᠎ᠤ ᠱᠠᠩᠨᠠᠯ᠎ᠤᠨ 《ᠣᠨᠴᠠᠭᠠᠶ ᠬᠤᠪᠢ ᠨᠡᠮᠡᠷᠢ ᠦᠵᠡᠭᠦᠯᠦᠭᠰᠡᠨ ᠱᠠᠩᠨᠠᠯ》᠂ ᠳᠤᠮᠳᠠᠳᠤ ᠤᠯᠤᠰ᠎ᠤᠨ ᠵᠣᠬᠢᠶᠠᠯᠴᠢᠳ᠎ᠤᠨ ᠡᠪᠯᠡᠯ᠎ᠦᠨ 《ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ ᠬᠢᠭᠰᠡᠨ 70 ᠵᠢᠯ᠎ᠦᠨ ᠣᠶ》 ᠵᠢᠨ ᠢᠷᠠᠭᠤ ᠠᠯᠳᠠᠷ᠎ᠤᠨ ᠦᠨᠡᠮᠯᠡᠯ ᠵᠡᠷᠭᠡ ᠵᠢ ᠢᠷᠠᠭᠤ ᠠᠯᠳᠠᠷᠲᠠᠢ᠎ᠪᠠᠷ ᠭᠥᠷᠳᠡᠪᠡ᠃ ᠨᠢᠭᠡ ᠨᠠᠰᠤᠨ᠎ᠳᠠᠭᠠᠨ 20 ᠭᠠᠷᠤᠢ ᠰᠢᠯᠦᠭ᠂ ᠨᠠᠢᠷᠠᠭᠤᠯᠤᠯ ᠵᠡᠷᠭᠡ ᠵᠣᠬᠢᠶᠠᠯ᠎ᠤᠨ ᠲᠡᠭᠦᠪᠦᠷᠢ᠎ᠶᠢ ᠬᠡᠪᠯᠡᠭᠦᠯᠵᠦ᠂ ᠥᠷᠭᠡᠨ ᠳᠡᠯᠭᠡᠷ ᠮᠠᠭᠲᠠᠭᠠᠯ ᠰᠠᠢᠰᠢᠶᠠᠯ᠎ᠢ ᠭᠥᠷᠳᠡᠭᠰᠡᠨ ᠪᠠᠢᠨ᠎ᠠ᠃

ᠲᠦᠩᠯᠢᠶᠣᠣ ᠬᠤᠳᠠ᠎ᠶᠢᠨ ᠨᠣᠮ᠎ᠤᠨ ᠰᠠᠩ᠎ᠤᠨ ᠰᠤᠳᠤᠷ ᠪᠢᠴᠢᠭ᠎ᠦᠨ ᠣᠷᠳᠣᠨ ᠨᠢ ᠳᠤᠮᠳᠠᠳᠤ᠎ᠶᠢᠨ ᠰᠤᠳᠤᠷ ᠪᠢᠴᠢᠭ᠎ᠦᠨ ᠬᠤᠪᠢᠰᠤᠯᠲᠠ᠎ᠶᠢᠨ ᠶᠠᠪᠤᠴᠠ᠎ᠶᠢ ᠰᠢᠰᠲ᠋ᠧᠮ ᠲᠠᠢ ᠡᠮᠬᠢᠯᠡᠵᠦ᠂ ᠡᠷᠲᠡᠨ᠎ᠦ ᠨᠣᠮ ᠪᠢᠴᠢᠭ᠎ᠦᠨ ᠵᠠᠰᠠᠯ ᠴᠢᠮᠡᠭᠯᠡᠯ᠎ᠦᠨ ᠮᠡᠷᠭᠡᠵᠢᠯ ᠪᠣᠯᠣᠨ ᠤᠩᠰᠢᠯᠭ᠎ᠠ᠎ᠶᠢᠨ ᠬᠡᠯᠪᠡᠷᠢ᠎ᠶᠢᠨ ᠬᠤᠪᠢᠷᠠᠯᠲᠠ᠎ᠶᠢ ᠠᠮᠢᠳᠤᠯᠢᠭ᠋᠎ᠢᠶᠠᠷ ᠢᠯᠡᠷᠡᠭᠦᠯᠪᠡ᠃ ᠦᠵᠡᠭᠦᠯᠭᠡ᠎ᠶᠢᠨ ᠠᠭᠤᠯᠭ᠎ᠠ ᠨᠢ ᠤᠯᠠᠮᠵᠢᠯᠠᠯᠲᠤ ᠺᠦᠩᠽᠢ᠎ᠶᠢᠨ ᠰᠤᠷᠭᠠᠯᠲᠠᠨ᠎ᠤ ᠰᠣᠩᠭᠣᠳᠠᠭ ᠵᠣᠬᠢᠶᠠᠯ᠂ ᠲᠡᠦᠬᠡᠨ ᠪᠢᠴᠢᠭ᠂ ᠪᠠᠢᠯᠳᠤᠭᠠᠨᠳᠥ ᠤᠯᠤᠰ᠎ᠤᠨ ᠴᠠᠬ ᠥᠶ᠎ᠡ ᠵᠢᠨ ᠤᠯᠠᠨ ᠥᠵᠡᠯ ᠰᠠᠨᠠᠭᠠᠨ᠎ᠤ ᠤᠷᠤᠰᠬᠠᠯ ᠪᠥᠯᠥᠭ᠎ᠤᠨ ᠰᠤᠩᠭᠤᠳᠠᠬ ᠵᠤᠬᠢᠶᠠᠯ᠂ ᠲᠡᠭᠦᠪᠦᠷᠢ ᠵᠡᠷᠭᠡ ᠳᠥᠷᠪᠡᠨ ᠠᠩᠭᠢᠯᠠᠯ᠎ᠤᠨ ᠠᠷᠭ᠎ᠠ᠎ᠶᠢ ᠵᠢᠷᠤᠮᠯᠠᠨ᠂ ᠳᠤᠮᠳᠠᠳᠤ ᠤᠯᠤᠰ᠎ᠤᠨ ᠡᠷᠲᠡᠨ᠎ᠦ ᠰᠣᠩᠭᠣᠳᠠᠭ ᠤᠳᠬ᠎ᠠ ᠵᠣᠬᠢᠶᠠᠯ᠎ᠤᠨ ᠭᠠᠷᠮᠠᠭᠠᠢ ᠠᠮᠵᠢᠯᠲᠠ ᠪᠦᠲᠦᠮᠵᠢ᠎ᠶᠢ ᠳᠡᠯᠭᠡᠨ ᠥᠵᠡᠭᠥᠯᠵᠤ᠂ ᠡᠷᠬᠢᠮ ᠨᠠᠨᠳᠢᠨ ᠰᠤᠳᠤᠷ ᠪᠢᠴᠢᠭ᠎ᠢᠶᠡᠷ ᠳᠠᠮᠵᠢᠭᠤᠯᠤᠨ ᠳᠤᠮᠳᠠᠳᠤ᠎ᠶᠢᠨ ᠦᠨᠳᠦᠰᠦᠲᠡᠨ᠎ᠦ ᠥᠨᠢ ᠤᠳᠠᠭᠠᠨ ᠲᠡᠤᠬᠡ᠎ᠲᠠᠢ ᠣᠶᠤᠨ ᠤᠬᠠᠭᠠᠨ᠎ᠤ ᠤᠯᠠᠮᠵᠢᠯᠠᠯ ᠪᠠ ᠠᠮᠢᠨ ᠰᠤᠳᠠᠰᠤ᠎ᠶᠢ ᠢᠯᠡᠷᠡᠭᠦᠯᠬᠦ᠎ᠪᠡᠷ ᠴᠢᠷᠮᠠᠢᠬᠰᠠᠨ ᠪᠠᠢᠨ᠎ᠠ᠃

ᠡᠭᠦᠨ᠎ᠡᠴᠡ ᠭᠠᠳᠠᠨ᠎ᠠ᠂ ᠰᠤᠳᠤᠷ ᠪᠢᠴᠢᠭ᠎ᠦᠨ ᠣᠷᠳᠣᠨ᠎ᠳᠤ ᠪᠠᠰᠠ ᠡᠷᠲᠡᠨ᠎ᠦ ᠨᠣᠮ ᠪᠢᠴᠢᠭ᠎ᠢ ᠰᠡᠯᠪᠢᠨ ᠰᠡᠷᠭᠥᠭᠡᠬᠥ ᠪᠠᠭᠠᠵᠢ ᠬᠡᠷᠡᠭᠰᠡᠯ ᠵᠢᠴᠢ ᠰᠡᠯᠪᠢᠨ ᠰᠡᠷᠭᠥᠭᠡᠭᠰᠡᠨ᠎ᠤ ᠳᠠᠷᠠᠭᠠᠬᠢ ᠡᠮᠦᠨ᠎ᠡ ᠬᠣᠢᠨᠠᠬᠢ ᠬᠠᠷᠢᠴᠠᠭᠤᠯᠤᠯ᠎ᠢ ᠣᠨᠴᠠᠭᠠᠶ ᠳᠡᠯᠭᠡᠨ ᠦᠵᠡᠭᠦᠯᠵᠦ᠂ 《ᠡᠷᠳᠡᠨ᠎ᠤ ᠬᠢ ᠵᠢ ᠡᠷᠳᠡᠨ᠎ᠤ ᠬᠢ ᠮᠡᠲᠦ ᠰᠡᠷᠭᠥᠭᠡᠬᠥ》 ᠵᠡᠷᠭᠡ ᠡᠷᠲᠡᠨ᠎ᠦ ᠨᠣᠮ ᠪᠢᠴᠢᠭ᠎ᠢ ᠬᠠᠮᠠᠭᠠᠯᠠᠬᠤ ᠵᠠᠷᠴᠢᠮ ᠪᠠ ᠮᠡᠷᠭᠡᠵᠢᠯ᠎ᠢ ᠮᠡᠳᠡᠷᠡᠭᠥᠯᠪᠡ᠃ ᠲᠦᠩᠯᠢᠶᠣᠣ ᠬᠣᠲᠠ᠎ᠶᠢᠨ ᠨᠣᠮ᠎ᠤᠨ ᠰᠠᠩ ᠨᠢ ᠡᠷᠲᠡᠨ᠎ᠦ ᠨᠣᠮ ᠪᠢᠴᠢᠭ᠎ᠦᠨ ᠬᠠᠮᠠᠭᠠᠯᠠᠯᠲᠠ᠎ᠶᠢᠨ ᠲᠥᠪ ᠪᠠᠶ᠋ᠢᠭᠤᠯᠬᠤ᠎ᠪᠠᠷ ᠠᠯᠤᠰ ᠬᠡᠳᠦ᠎ᠶᠢᠨ ᠬᠠᠷᠠᠯᠲᠠ᠎ᠪᠠᠨ ᠪᠣᠯᠭᠠᠵᠤ᠂ ᠡᠷᠲᠡᠨ᠎ᠦ ᠨᠣᠮ ᠪᠢᠴᠢᠭ᠎ᠦᠨ ᠣᠨᠴᠠ ᠬᠠᠳᠠᠭᠠᠯᠠᠮᠵᠢ᠎ᠶᠢᠨ ᠬᠥᠮᠥᠷᠭᠡ᠎ᠶᠢ ᠨᠢᠭᠡᠨᠲᠡ ᠲᠥᠯᠥᠪᠵᠢᠭᠦᠯᠦᠨ ᠪᠠᠶ᠋ᠢᠭᠤᠯᠬᠤ᠎ᠶᠢᠨ ᠬᠠᠮᠲᠤ ᠠᠩᠬ᠎ᠠ ᠠᠯᠬᠤᠮ᠎ᠤᠨ ᠲᠥᠬᠥᠭᠡᠷᠥᠮᠵᠢ᠎ᠶᠢ ᠲᠣᠬᠢᠷᠠᠭᠤᠯᠥᠨ᠂ ᠤᠮᠠᠷᠠᠲᠤ᠎ᠶᠢᠨ ᠲᠠᠯ᠎ᠠ ᠨᠤᠲᠤᠭ᠎ᠤᠨ ᠰᠣᠶᠣᠯ᠎ᠤᠨ ᠣᠨᠴᠠᠯᠢᠭ᠋᠎ᠲᠠᠢ ᠮᠣᠩᠭᠣᠯ ᠲᠥᠪᠡᠳ᠎ᠦᠨ ᠨᠣᠮ ᠰᠤᠳᠤᠷ᠎ᠤᠨ ᠲᠤᠯᠭᠤᠷ ᠪᠢᠴᠢᠭ  ᠵᠡᠷᠭᠡ ᠡᠬᠢ ᠪᠠᠶᠠᠯᠢᠭ᠋᠎ᠢ ᠢᠳᠡᠪᠬᠢᠲᠡᠢ᠎ᠪᠡᠷ ᠣᠷᠣᠭᠤᠯᠵᠤ᠂ ᠡᠷᠲᠡᠨ᠎ᠦ ᠨᠣᠮ ᠪᠢᠴᠢᠭ᠎ᠢ ᠬᠠᠮᠠᠭᠠᠯᠠᠬᠤ᠂ ᠰᠤᠳᠤᠯᠬᠤ᠂ ᠳᠡᠯᠭᠡᠷᠡᠭᠦᠯᠬᠦ ᠪᠠ ᠤᠯᠠᠮᠵᠢᠯᠠᠬᠤ᠎ᠪᠠᠷ ᠴᠢᠷᠮᠠᠢᠨ᠂ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠢ ᠪᠦᠲᠦᠭᠡᠯᠴᠢ᠎ᠪᠡᠷ ᠬᠤᠪᠢᠷᠠᠭᠤᠯᠬᠤ ᠪᠠ ᠰᠢᠨ᠎ᠡ᠎ᠶᠢ ᠡᠭᠦᠳᠬᠦ ᠴᠢᠨᠠᠷᠲᠠᠢ᠎ᠪᠠᠷ ᠬᠥᠭᠵᠢᠭᠦᠯᠬᠦ᠎ᠶᠢ ᠪᠦᠲᠦᠮᠵᠢᠲᠡᠶ ᠠᠬᠢᠭᠤᠯᠬᠤ᠎ᠳᠤ ᠬᠦᠴᠦᠨ ᠴᠢᠳᠠᠯ᠎ᠢᠶᠠᠨ ᠡᠷᠭᠦᠬᠥ ᠪᠡᠷ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号