ᠨᠠᠨᠳᠢᠨ ᠲᠣᠷᠠᠳᠬᠠᠯ᠎ᠤᠨ ᠭᠡᠷᠡᠯ ᠵᠢᠷᠣᠬ ᠪᠣᠶᠣ ᠨᠢᠭᠡ ᠵᠢᠷᠠᠨ᠎ᠤ ᠲᠣᠣᠯᠢ
2025-12-03 11:36:26
ᠵᠣᠬᠢᠶᠠᠭ᠍ᠴᠢ᠄
ᠸᠠᠩ ᠰᠢᠶᠣᠣ ᠮᠢᠩ ᠴᠢᠮᠡᠭᠡᠯᠡᠭᠴᠢ ᠭᠡᠭᠡᠷᠡᠯᠲᠦ
ᠣᠩᠱᠢᠭ᠍ᠰᠠᠨ ᠣᠳᠠᠭ᠎ᠠ᠄
★★★☆☆

— 60 ᠵᠢᠯ᠎ᠤᠨ ᠡᠮᠦᠨ᠎ᠡ ᠲᠠᠳᠠᠭᠤᠯᠤᠭᠰᠠᠨ ᠨᠢᠭᠡ ᠬᠤᠪᠢ ᠭᠡᠷᠡᠯ ᠵᠢᠷᠤᠭ ᠡᠴᠡ ᠤᠯᠠᠭᠠᠨᠮᠦᠢ᠍ᠴᠢᠷ᠎ᠤᠨ ᠵᠤᠷᠢᠭ ᠰᠠᠨᠠᠭ᠎ᠠ ᠵᠢ ᠬᠠᠷᠠᠬᠤᠢ

 

ᠦᠩᠭᠡᠷᠡᠬᠦ ᠡᠬᠦᠯᠡ ᠣᠷᠢᠳ᠎ᠤᠨ ᠬᠡᠷᠡᠭ᠎ᠢ ᠮᠠᠷᠲᠠᠭᠣᠯᠵᠦ ᠣᠷᠬᠢᠲᠠᠬ ᠪᠣᠯᠪᠠᠴᠣ ᠤᠨ ᠣᠲᠠᠬᠰᠠᠨ ᠭᠡᠷᠡᠯ ᠵᠢᠷᠣᠬ ᠪᠠᠰᠠ ᠣᠢ ᠲᠣᠷᠠᠳᠬᠠᠯ᠎ᠢ ᠰᠡᠬᠦᠵᠦ ᠲᠠᠬᠢᠨ ᠰᠠᠨᠠᠬᠲᠠᠭᠣᠯᠲᠠᠬ ᠭᠡᠨᠡᠮ᠃ ᠬᠠᠭᠣᠴᠢᠨ ᠭᠡᠷᠡᠯ ᠵᠢᠷᠣᠬ᠎ᠢ ᠬᠠᠷᠠᠬᠣ ᠪᠣᠯᠭᠠᠨ ᠬᠡᠵᠢᠶ᠎ᠡ ᠣᠷᠢᠳᠤ ᠵᠢᠨ ᠬᠦᠮᠦᠨ ᠬᠢᠭᠡᠳ ᠬᠡᠷᠡᠭ ᠶᠠᠪᠣᠲᠠᠯ ᠠᠶᠠᠨᠲᠠᠭᠠᠨ ᠲᠣᠲᠣᠷᠠᠬᠣ ᠰᠢᠬ ᠪᠣᠯᠣᠨ᠎ᠠ᠃ ᠲᠦᠩᠯᠢᠶᠣᠣ ᠬᠣᠲᠠ᠎ᠶᠢᠨ ᠬᠣᠷᠴᠢᠨ ᠵᠡᠬᠦᠨ ᠭᠠᠷᠣᠨ ᠲᠣᠮᠲᠠᠲᠣ ᠬᠣᠰᠢᠭᠣᠨ᠎ᠤ ᠱᠸᠪᠠᠷᠲᠣ ᠪᠠᠯᠭᠠᠰᠣ᠎ᠶᠢᠨ ᠪᠣᠣ ᠨᠢᠦ ᠨᠠᠰᠣᠲᠠᠨ ᠬᠠᠭᠠᠰ ᠵᠠᠭᠣᠨ᠎ᠤ ᠲᠡᠷᠲᠡᠭᠡᠬᠢ ᠨᠢᠭᠡᠨ ᠬᠠᠭᠣᠴᠢᠨ ᠭᠡᠷᠡᠯ ᠵᠢᠷᠣᠬ᠎ᠢ ᠡᠷᠳᠡᠨᠢ ᠮᠡᠲᠦ ᠨᠠᠨᠳᠢᠩᠨᠠᠨ ᠬᠠᠲᠠᠭᠠᠯᠠᠬᠰᠠᠭᠠᠷ᠃ ᠡᠨᠡ ᠪᠣᠯ ᠲᠡᠬᠦᠨ᠎ᠤ ᠲᠠᠭᠣ ᠲᠠᠢ ᠱᠣᠣ ᠲᠠᠢ ᠵᠠᠯᠠᠭᠣ ᠨᠠᠰᠣᠨ᠎ᠤ ᠬᠢᠨᠢ ᠲᠣᠷᠠᠰᠣᠮᠵᠢ ᠪᠣᠯᠣᠬᠰᠠᠨ ᠭᠡᠷᠡᠯ ᠵᠢᠷᠣᠬ ᠪᠣᠯᠬᠣ ᠪᠦᠭᠡᠳ ᠮᠦᠨ ᠴᠦ᠍ ᠲᠡᠬᠦᠨ᠎ᠤ ᠠᠵᠢᠯ᠎ᠤᠨ ᠴᠢᠯᠦᠭᠡᠨ᠎ᠤ ᠣᠯᠠᠭᠠᠨᠮᠦᠢ᠍ᠴᠢᠷ᠎ᠤᠨ ᠲᠣᠬᠯᠠᠬᠴᠢ᠎ᠶᠢᠨ ᠬᠣᠪᠢ ᠪᠡᠷ᠂ ᠣᠷᠠᠯᠢᠬ᠎ᠤᠨ ᠶᠡᠬᠡ ᠪᠠᠬᠰᠢᠲᠠᠨ ᡀᠠᠵᠠᠪ᠂ ᠪᠣᠶᠠᠨᠲᠡᠯᠭᠡᠷ᠂ ᠰᠠᠩᠲᠦᠢ᠍ᠬᠦᠷᠡᠩ ᠨᠠᠷ ᠲᠠᠢ ᠬᠠᠮᠲᠣ ᠲᠠᠲᠠᠭᠣᠯᠣᠬᠰᠠᠨ ᠬᠣᠪᠣᠷ ᠨᠠᠨᠳᠢᠨ ᠭᠡᠷᠡᠯ ᠵᠢᠷᠣᠬ ᠪᠣᠯᠬᠣ ᠶᠣᠮ᠃


QQ20251203-113054.png


— ᠡᠨᠡ ᠭᠡᠷᠡᠯ ᠵᠢᠷᠣᠬ ᠎ᠢ 1966 ᠤᠨ ᠳ᠋ᠦ ᠦᠪᠦᠷ ᠮᠣᠩᠭᠣᠯ᠎ᠤᠨ ᠲᠠᠭᠣᠣ ᠪᠦᠵᠢᠭ᠎ᠤᠨ ᠪᠦᠯᠬᠦᠮ᠎ᠤᠨ ᠣᠬᠠᠭᠣᠯᠬᠣ ᠠᠩᠬᠢ᠎ᠶᠢ ᠦᠲᠡᠨ ᠮᠣᠷᠲᠠᠭᠣᠯᠬᠣ ᠳ᠋ᠦ ᠲᠣᠷᠠᠰᠬᠠᠯ ᠪᠣᠯᠭᠠᠵᠦ ᠰᠡᠬᠦᠲᠡᠷᠯᠡᠭᠰᠡᠨ ᠶᠣᠮ ᠃ ᠦᠪᠦᠷ ᠮᠣᠩᠭᠣᠯ᠎ᠤᠨ ᠲᠠᠭᠣᠣ ᠪᠦᠵᠢᠭ᠎ᠤᠨ ᠪᠦᠯᠬᠦᠮ᠎ᠤᠨ ᠣᠬᠠᠭᠣᠯᠬᠣ ᠠᠩᠬᠢ᠎ᠶᠢᠨ ᠬᠢᠨ ᠮᠠᠨ᠎ᠤ ᠠᠢᠯ ᠳ᠋ᠦ ᠢᠷᠡᠭᠡᠳ ᠵᠢᠯ ᠭᠠᠷᠣᠢ ᠬᠣᠭᠣᠴᠠᠭ᠎ᠠ ᠰᠠᠭᠣᠵᠦ᠂ ᠲᠣᠬᠯᠠᠯᠲᠠ ᠭᠠᠷᠭᠠᠵᠣ ᠪᠠᠢᠬᠰᠠᠨ ᠃ ᠲᠡᠷᠡ ᠦᠶ᠎ᠡ ᠳ᠋ᠦ ᠪᠢ ᠭᠠᠴᠠᠭᠠᠨ᠎ᠤ ᠪᠠᠨ ᠭᠣᠷᠪᠠᠲᠣᠭᠠᠷ ᠪᠠᠷᠢᠭᠠᠲᠠ᠎ᠶᠢᠨ ᠡᠮᠡᠭᠲᠡᠢᠴᠦᠳ᠎ᠤᠨ ᠬᠣᠯᠪᠣᠭ᠎ᠠ᠎ᠶᠢᠨ ᠲᠠᠷᠣᠭ᠎ᠠ ᠮᠦᠷᠲᠡᠭᠡᠨ ᠭᠠᠴᠠᠭᠠᠨ᠎ᠤ ᠣᠯᠠᠭᠠᠨᠮᠦᠢ᠍ᠴᠢᠷ ᠲᠦ᠍ ᠪᠦᠵᠢᠭᠴᠢᠨ ᠶ᠋ᠢᠡᠷ ᠠᠵᠢᠯᠯᠠᠵᠦ ᠪᠠᠢᠯ᠎ᠠ᠃ ᠭᠡᠷᠡᠯ ᠵᠢᠷᠣᠬ ᠲᠡᠬᠢ ᠮᠢᠨᠦ ᠬᠠᠵᠠᠭᠣ ᠳ᠋ᠦ ᠵᠣᠬᠰᠣᠵᠦ ᠪᠠᠢᠭ᠎ᠠ ᠨᠢ ᠲᠠᠷᠬᠠᠨ ᠲᠠᠭᠣᠴᠢᠨ ᠪᠣᠶᠠᠨᠲᠡᠯᠭᠡᠷ᠂ ᠡᠮᠦᠨ᠎ᠡ ᠮᠦᠷ᠎ᠤᠨ ᠵᠠᠬ᠎ᠠ ᠳ᠋ᠦ ᠰᠠᠭᠣᠵᠦ ᠪᠠᠢᠭ᠎ᠠ ᠨᠢ ᠮᠢᠩᠲᠠᠢ ᠲᠠᠷᠣᠭ᠎ᠠ᠂ ᠲᠣᠮᠲᠠᠬᠢ ᠨᠢ ᠲᠠᠷᠬᠠᠨ ᠲᠠᠭᠣᠴᠢᠨ ᠯᠾᠠᠵᠠᠪ ᠁ ᠭᠡᠳ ᠲᠠᠨᠢᠯᠴᠠᠭᠣᠯᠬᠣ ᠳ᠋ᠦ ᠪᠣᠣ ᠨᠢᠦ ᠨᠠᠰᠣᠲᠠᠨ᠎ᠤ ᠨᠢᠲᠦ ᠨᠢ ᠬᠢᠯᠠᠯᠵᠠᠵᠦ᠂ ᠵᠠᠯᠠᠭᠣ᠎ᠶᠢᠨ ᠦᠶ᠎ᠡ ᠳ᠋ᠡᠭᠡᠨ ᠪᠣᠴᠠᠬᠰᠠᠨ ᠮᠡᠲᠦ ᠴᠣᠬ ᠰᠡᠷᠬᠦᠨ᠎ᠡ᠃

ᠡᠨᠡ᠎ᠬᠦ ᠭᠡᠷᠡᠯ ᠵᠢᠷᠣᠬ᠎ᠤᠨ ᠢᠷᠡᠯᠲᠡ ᠪᠣᠯᠣᠨ ᠣᠷᠠᠯᠢᠬ᠎ᠤᠨ ᠶᠡᠬᠡ ᠪᠠᠬᠰᠢᠲᠠᠨ ᠯᠣᠭ᠎ᠠ᠎ᠶᠢᠨ ᠣᠴᠠᠷᠠᠯ ᠪᠠᠷᠢᠯᠲᠣᠯᠭ᠎ᠠ᠎ᠶᠢ ᠲᠣᠲᠣᠷᠠᠭᠣᠯᠬᠣ ᠭᠡᠪᠡᠯ ᠤᠨ ᠴᠠᠬ᠎ᠢ ᠦᠭᠰᠦᠭᠡᠯᠡᠵᠦ ᠲᠡᠭᠡᠷ᠎ᠡ ᠵᠠᠭᠣᠨ᠎ᠤ ᠵᠢᠷᠠᠭᠠᠳ ᠤᠨ᠎ᠤ ᠦᠶ᠎ᠡ ᠪᠣᠯᠣᠨ ᠣᠳᠬ᠎ᠠ ᠣᠷᠠᠯᠢᠬ᠎ᠤᠨ ᠬᠦᠩᠭᠡᠨ ᠮᠣᠷᠢᠲᠣ ᠴᠡᠷᠢᠭ᠎ᠤᠨ ᠨᠢᠭᠡᠨ ᠰᠠᠯᠠᠭ᠎ᠠ ᠪᠣᠯᠣᠬᠰᠠᠨ ᠳ᠋ᠠ ᠾᠦᠸᠸ ᠹᠠᠩ ᠭᠠᠴᠠᠭᠠᠨ᠎ᠤ ᠣᠯᠠᠭᠠᠨᠮᠦᠢ᠍ᠴᠢᠷ ᠡᠴᠡ ᠦᠬᠦᠯᠡᠵᠦ ᠶᠠᠷᠢᠬᠣ ᠣᠴᠢᠷᠲᠠᠢ᠃


ᠭᠡᠷᠡᠯ ᠵᠢᠷᠣᠬ᠎ᠤᠨ ᠢᠷᠡᠯᠲᠡ — ᠨᠢᠭᠡ ᠵᠢᠷᠠᠨ᠎ᠤ ᠨᠠᠨᠳᠢᠨ ᠲᠣᠷᠠᠳᠬᠠᠯ

1963 ᠤᠨ ᠳ᠋ᠦ ᠨᠠᠮ᠎ᠤᠨ ᠲᠦᠪ ᠬᠣᠷᠢᠶ᠎ᠠ ᠡᠴᠡ ᠲᠣᠬᠠᠢ᠎ᠶᠢᠨ ᠦᠶ᠎ᠡ᠎ᠶᠢᠨ ᠠᠵᠦ ᠠᠬᠣᠢ᠎ᠶᠢᠨ ᠬᠦᠴᠢᠷᠲᠡᠯ᠎ᠢ ᠲᠣᠭᠣᠯᠬᠣ᠎ᠶᠢᠨ ᠲᠦᠯᠦᠭᠡ ᠂ ᠣᠯᠣᠰ ᠲᠠᠶᠠᠭᠠᠷ ᠨᠢᠭᠡᠨ ᠣᠲᠠᠭᠠᠨ᠎ᠤ ᠨᠡᠢᠭᠡᠮ ᠵᠢᠷᠣᠮᠲᠦ ᠬᠦᠮᠦᠵᠢᠯ᠎ᠤᠨ ᠬᠦᠲᠡᠯᠭᠡᠭᠡᠨ ᠦᠷᠨᠢᠬᠦᠯᠦᠭᠰᠡᠨ᠎ᠢ ᠲᠡᠦᠬᠡᠨ ᠲᠡᠭᠡᠷ᠎ᠡ 《ᠲᠦᠷᠪᠡ᠎ᠶᠢ ᠴᠡᠪᠡᠷᠯᠡᠬᠦ》 ᠬᠦᠲᠡᠯᠭᠡᠭᠡᠨ ᠭᠡᠮᠡᠳᠡᠭ᠃ ᠲᠣᠬᠠᠢ᠎ᠶᠢᠨ ᠦᠶ᠎ᠡ ᠳ᠋ᠦ ᠣᠳᠬ᠎ᠠ ᠣᠷᠠᠯᠢᠬ᠎ᠤᠨ ᠠᠵᠢᠯᠲᠠᠳ ᠴᠦ᠍ ᠡᠨᠡ᠎ᠬᠦ ᠬᠦᠲᠡᠯᠭᠡᠭᠡᠨ ᠎ᠢ ᠢᠲᠡᠪᠬᠢᠲᠠᠢ ᠴᠣᠣᠷᠢᠶᠠᠲᠣᠨ ᠲᠠᠭᠠᠵᠦ᠂ ᠬᠦᠲᠡᠭᠡ ᠲᠣᠰᠬᠣᠨ ᠶ᠋ᠢᠡᠷ ᠬᠦᠨᠵᠡᠭᠡᠢᠷᠡᠨ ᠣᠬᠠᠭᠣᠯᠭ᠎ᠠ ᠬᠦᠮᠦᠵᠢᠯ᠎ᠤᠨ ᠠᠵᠢᠯᠯᠠᠭ᠎ᠠ ᠦᠷᠨᠢᠬᠦᠯᠵᠡᠢ᠃

1964 ᠤᠨ ᠎ᠤ ᠱᠢᠷᠭᠠᠯ ᠨᠠᠮᠤᠷ᠎ᠤᠨ ᠠᠯᠠᠭ ᠱᠠᠭᠠᠵᠠᠭᠠᠢ ᠠᠮᠠᠨ ᠪᠡᠯᠭᠡ᠎ᠲᠠᠢ ᠱᠠᠭ᠍ᠰᠢᠬ᠍ᠰᠠᠨ ᠨᠢᠬᠡᠨ ᠡᠳᠤᠷ᠂ ᠵᠢᠷᠢᠮ ᠠᠢᠮᠠᠬ (ᠣᠲᠣ᠎ᠶᠢᠨ ᠲᠦᠩᠯᠢᠶᠣᠣ ᠬᠣᠲᠠ) ᠎ᠤ᠋ᠨ ᠬᠤᠷᠴᠢᠨ ᠵᠡᠬᠦᠨ ᠭᠠᠷᠤᠨ ᠲᠤᠮᠳᠠᠳᠤ ᠬᠤᠱᠢᠭᠤᠨ᠎ᠤ ᠬᠤᠸᠠᠬᠤᠱᠢᠭᠤ ᠰᠤᠮᠤ᠎ᠳᠤ ᠦᠪᠤᠷ ᠮᠤᠩᠭᠤᠯ᠎ᠤᠨ ᠲᠠᠭᠤᠤ ᠪᠦᠵᠢᠭ᠎ᠤᠨ ᠪᠦᠯᠬᠦᠮ᠎ᠤᠨ ᠮᠢᠩᠳᠡᠢ᠎ᠪᠠᠷ ᠪᠦᠯᠬᠦᠮ᠎ᠤᠨ ᠲᠡᠷᠤᠭ᠎ᠠ ᠪᠤᠯᠭᠠᠭ᠍ᠰᠡᠨ 《ᠲᠦᠷᠪᠡ᠎ᠶ᠋ᠢ ᠴᠡᠪᠡᠷᠯᠡᠬᠦ》 ᠬᠦᠲᠡᠯᠭᠡᠭᠡᠨ᠎ᠤ᠋ ᠤᠬᠠᠭᠤᠯᠬᠤ ᠠᠩᠬᠢ ᠬᠦᠷᠴᠤ᠌ ᠢᠷᠡᠵᠡᠢ᠃ ᠣᠬᠠᠭᠣᠯᠬᠣ ᠠᠩᠬᠢ ᠳ᠋ᠦ ᠤᠷᠳᠤ᠎ᠶ᠋ᠢᠨ ᠲᠠᠭᠤᠤ᠎ᠶ᠋ᠢᠨ ᠲᠡᠷᠬᠠᠨ ᠲᠠᠭᠤᠴᠢᠨ ᠯᠾᠡᠵᠡᠪ᠂ ᠪᠤᠶᠠᠨᠳᠡᠯᠭᠡᠷ ᠪᠤᠯᠤᠨ ᠠᠯᠳᠡᠷᠳᠤ ᠮᠤᠷᠢᠨ ᠬᠤᠭᠤᠷ᠎ᠤᠨ ᠬᠦᠭ᠌ᠵᠢᠮᠴᠢᠨ ᠰᠡᠩᠳᠦ᠋ᠬᠦᠷᠠᠩ᠂ ᠬᠠᠩᠬᠢᠨᠠᠮ᠎ᠠ ᠬᠤᠭᠤᠯᠠᠢᠳᠤ ᠲᠠᠭᠤᠴᠢᠨ ᠬᠦᠸᠧ ᠳ᠋ᠠᠢ ᠵᠤᠤ᠂ ᠨᠡᠷᠡᠳᠤ ᠵᠦᠴᠤᠭᠡᠴᠢᠨ ᠴᠢᠩᠪᠡᠳᠤ ᠪᠤᠯᠤᠨ ᠱᠢᠶᠤᠤ ᠳ᠋ᠦ᠋᠂ ᠯᠤᠤ ᠶᠢᠨ᠂ ᠭᠠᠨᠵᠤᠤᠷᠵᠡᠪ ᠵᠡᠷᠭᠡ ᠶᠢᠰᠤᠨ ᠤᠷᠠᠯᠢᠭᠴᠢᠨ ᠪᠠᠬᠲᠠᠵᠦ ᠪᠠᠢᠯ᠎ᠠ᠃ ᠲᠡᠳᠡ ᠣᠷᠢᠳ ᠬᠣᠵᠢᠳ ᠬᠣᠸᠠᠬᠣᠰᠢᠭᠣ ᠰᠣᠮᠣ᠎ᠶᠢᠨ ᠬᠠᠷᠢᠶ᠎ᠠ 18 ᠠᠢᠯ ᠭᠠᠴᠠᠭ᠎ᠠ ᠪᠣᠯᠣᠨ ᠦᠭᠡᠷ᠎ᠡ ᠪᠣᠰᠣᠳ ᠰᠣᠮᠣ ᠪᠠᠯᠭᠠᠰᠣ ᠪᠡᠷ ᠬᠦᠨᠵᠡᠭᠡᠢᠷᠡᠨ ᠲᠣᠬᠯᠠᠯᠲᠠ ᠭᠠᠷᠭᠠᠵᠦ᠂ ᠨᠠᠮ᠎ᠤᠨ ᠲᠦᠷᠦ᠎ᠶᠢᠨ ᠪᠣᠲᠣᠯᠭ᠎ᠠ᠎ᠶᠢ ᠣᠬᠠᠭᠣᠯᠣᠬᠰᠠᠨ ᠪᠠᠢᠨ᠎ᠠ᠃ ᠪᠣᠣ ᠨᠢᠦ ᠨᠠᠰᠣᠲᠠᠨ᠎ᠤ ᠡᠷᠬᠢᠴᠡᠬᠦᠯᠬᠦ ᠪᠡᠷ᠂ ᠲᠡᠷᠡ ᠦᠶ᠎ᠡ᠎ᠶᠢᠨ ᠲᠠᠭᠣᠣ ᠪᠦᠵᠢᠭ᠎ᠤᠨ ᠪᠦᠯᠬᠦᠮ᠎ᠤᠨ ᠣᠬᠠᠭᠣᠯᠬᠣ ᠠᠩᠬᠢ᠎ᠶᠢ ᠮᠢᠩᠲᠠᠢ ᠲᠠᠷᠣᠭᠠᠯᠠᠵᠦ᠂ ᠭᠠᠨᠵᠣᠣᠷᠵᠠᠪ ᠣᠲᠣᠷᠢᠲᠣᠭᠠᠵᠦ᠂ ᠯᠾᠠᠵᠠᠪ ᠪᠣᠯᠣᠨ ᠪᠣᠶᠠᠨᠲᠡᠯᠭᠡᠷ ᠲᠠᠭᠣᠯᠠᠵᠦ᠂ ᠰᠠᠩᠲᠦᠢ᠍ᠬᠦᠷᠡᠩ ᠬᠦᠭᠵᠢᠮᠲᠡᠵᠦ᠂ ᠯᠣᠣ ᠶᠢᠨ ᠠᠷᠣ ᠲᠠᠯ᠎ᠠ᠎ᠶᠢᠨ ᠠᠵᠢᠯ᠎ᠢ ᠬᠠᠮᠢᠶᠠᠷᠴᠣ ᠪᠠᠢᠬᠰᠠᠨ ᠭᠡᠲᠡᠭ᠃

ᠦᠩᠭᠡᠷᠡᠭᠰᠡᠨ ᠡᠳᠦᠭᠡ᠎ᠶᠢ ᠰᠢᠬᠦᠮᠵᠢᠯᠡᠬᠦ ᠵᠠᠭᠣᠷ᠎ᠠ ᠤᠨ ᠴᠠᠬ ᠵᠢᠷᠣᠪ ᠵᠠᠷᠣᠪ᠃ ᠨᠢᠭᠡ ᠮᠡᠳᠡᠬᠦ ᠳ᠋ᠦ ᠵᠢᠯ ᠭᠠᠷᠣᠢ ᠪᠣᠯᠵᠦ᠂ ᠣᠬᠠᠭᠣᠯᠬᠣ ᠠᠩᠬᠢ᠎ᠶᠢᠨ ᠬᠢᠨ ᠡᠬᠦᠷᠭᠡ ᠪᠠᠨ ᠪᠡᠶᠡᠯᠡᠬᠦᠯᠦᠭᠡᠳ ᠪᠣᠴᠠᠬᠣ ᠪᠣᠯᠣᠯ᠎ᠠ᠃ ᠢᠷᠦᠭᠡᠯ ᠶ᠋ᠢᠡᠷ ᠠᠭᠣᠯᠵᠠᠵᠦ ᠢᠲᠡᠭᠡᠯ ᠶ᠋ᠢᠡᠷ ᠲᠠᠰᠣᠯᠴᠠᠬᠰᠠᠨ ᠣᠯᠠᠭᠣᠯᠠ ᠰᠠᠯᠵᠦ ᠶᠠᠲᠠᠬᠣ᠎ᠶᠢᠨ ᠡᠷᠬᠡ ᠪᠡᠷ ᠡᠷᠬᠢᠭᠡᠳ ᠠᠭᠣᠯᠵᠠᠬᠣ᠎ᠶᠢᠨ ᠵᠦᠩᠨᠡᠯ ᠲᠡᠪᠰᠢᠬᠦᠯᠵᠦ᠂ 1966 ᠤᠨ᠎ᠤ ᠡᠬᠢ ᠪᠡᠷ ᠣᠬᠠᠭᠣᠯᠬᠣ ᠠᠩᠬᠢ᠎ᠶᠢᠨ ᠬᠢᠨ ᠭᠠᠷᠴᠣ ᠢᠷᠡᠬᠦ ᠡᠴᠡ ᠡᠮᠦᠨᠡᠬᠡᠨ ᠱᠸᠪᠡᠷᠲᠦ ᠳ᠋ᠦ ᠬᠦᠷᠴᠦ ᠂ ᠬᠠᠮᠲᠣ᠎ᠶᠢᠨ ᠭᠡᠷᠡᠯ ᠵᠢᠷᠣᠬ ᠲᠠᠲᠠᠭᠣᠯᠵᠦ ᠲᠣᠷᠠᠰᠬᠠᠯ ᠦᠯᠡᠲᠡᠭᠡᠭᠰᠡᠨ ᠪᠠᠢᠵᠠᠢ ᠃ ᠡᠨᠡ ᠭᠡᠷᠡᠯ ᠵᠢᠷᠣᠬ ᠶ᠋ᠢᠡᠨ ᠪᠣᠣ ᠨᠢᠦ ᠨᠠᠰᠣᠲᠠᠨ ᠣᠲᠣ ᠪᠣᠯᠲᠠᠯ᠎ᠠ ᠡᠷᠳᠡᠨᠢ ᠮᠡᠲᠦ ᠬᠢᠮᠠᠭᠠᠲᠠᠨ ᠨᠠᠨᠳᠢᠩᠨᠠᠵᠦ ᠂ ᠬᠡᠳᠦ ᠣᠲᠠᠭ᠎ᠠ ᠭᠡᠷ ᠨᠡᠬᠦᠵᠦ ᠬᠡᠷᠡᠭ ᠡᠴᠡ ᠭᠠᠷᠣᠬᠰᠠᠨ ᠬᠠᠭᠣᠴᠢᠨ ᠡᠳ᠋ ᠬᠣᠬᠰᠢᠯ ᠶ᠋ᠢᠡᠨ ᠬᠠᠶᠠᠬᠣ᠎ᠶᠢ ᠨᠢ ᠬᠠᠶᠠᠬᠰᠠᠨ ᠭᠡᠲᠡᠭ ᠪᠣᠯᠪᠠᠴᠣ ᠡᠨᠡ᠎ᠬᠦ ᠭᠡᠷᠡᠯ ᠵᠢᠷᠣᠬ ᠶ᠋ᠢᠡᠨ ᠬᠠᠷᠢᠨ ᠬᠣᠷᠭᠣᠨ ᠳ᠋ᠠᠭᠠᠨ ᠬᠢᠵᠦ ᠬᠣᠷᠢᠶᠠᠭᠠᠳ᠂ ᠬᠠᠶᠠ ᠬᠠᠶᠠ ᠭᠠᠷᠭᠠᠵᠦ ᠦᠵᠡᠭᠡᠳ ᠬᠠᠯᠠᠭᠣᠨ ᠵᠠᠯᠠᠭᠣ ᠨᠠᠰᠣ ᠪᠠᠨ ᠡᠷᠬᠢᠴᠡᠬᠦᠯᠦᠨ ᠲᠣᠷᠠᠰᠲᠠᠬ ᠠᠵᠢ ᠃

ᠠᠯᠲᠠᠷᠲᠣ ᠲᠠᠭᠣᠴᠢᠨ ᠯᠾᠠᠰᠦᠢ᠍ᠷᠦᠩ᠎ᠤᠨ ᠲᠣᠷᠠᠳᠬᠠᠵᠦ ᠪᠢᠴᠢᠭᠰᠡᠨ《ᠪᠣᠶᠠᠨᠲᠡᠯᠭᠡᠷ᠎ᠤᠨ ᠨᠠᠮᠲᠠᠷ》 ᠭᠡᠬᠦ ᠨᠣᠮ ᠳ᠋ᠦ ᠡᠨᠡ ᠲᠣᠬᠠᠢ ᠦᠩᠭᠡᠷᠡᠯᠲᠡ᠎ᠵᠢ ᠪᠠᠰᠠ ᠴᠣᠬᠣᠨ ᠲᠡᠮᠲᠡᠭᠯᠡᠵᠦ 《᠁ ᠲᠣᠮᠲᠠᠲᠣ ᠣᠯᠣᠰ᠎ᠤᠨ ᠲᠠᠭᠣᠣ ᠬᠦᠭᠵᠢᠮ᠎ᠤᠨ ᠲᠡᠭᠡᠲᠦ ᠰᠣᠷᠭᠠᠭᠣᠯᠢ ᠳ᠋ᠦ ᠰᠣᠷᠣᠯᠴᠠᠭᠣᠯᠵᠦ ᠪᠠᠢᠬᠰᠠᠨ ᠪᠣᠶᠠᠨᠲᠡᠯᠭᠡᠷ᠎ᠢ ᠲᠦᠷᠭᠡᠨ ᠲᠠᠭᠣᠲᠠᠯᠭ᠎ᠠ ᠪᠡᠷ ᠬᠦᠬᠡᠬᠣᠲᠠ ᠳ᠋ᠦ ᠢᠷᠡᠬᠦᠯᠦᠭᠡᠳ ᠬᠦᠲᠡᠭᠡ ᠲᠣᠰᠬᠣᠨ᠎ᠤ 〈ᠲᠦᠷᠪᠡ᠎ᠶᠢ ᠴᠡᠪᠡᠷᠯᠡᠬᠦ〉 ᠬᠦᠲᠡᠯᠭᠡᠭᠡᠨ ᠳ᠋ᠦ ᠣᠷᠣᠯᠴᠠᠭᠣᠯᠬᠣ ᠪᠡᠷ ᠵᠢᠷᠢᠮ ᠠᠢᠮᠠᠬ ᠲᠦ᠍ ᠲᠣᠮᠢᠯᠠᠵᠦ᠂ ᠲᠠᠷᠬᠠᠨ ᠬᠣᠰᠢᠭᠣ  (ᠬᠣᠷᠴᠢᠨ ᠵᠡᠬᠦᠨ ᠭᠠᠷᠣᠨ ᠲᠣᠮᠲᠠᠲᠣ ᠬᠣᠰᠢᠭᠣ ) ᠶ᠋ᠢᠨ ᠱᠸᠪᠠᠷᠲᠣ ᠂ ᠳ᠋ᠠ ᠾᠦᠸᠸ ᠹᠠᠩ᠂ ᠱᠠᠩᠰᠢ᠎ᠶᠢᠨ ᠠᠢᠯ᠂ ᠪᠠᠶᠠᠨᠲᠠᠯ᠎ᠠ᠂ ᠭᠣᠸᠠ ᠮᠣᠲᠣ᠂ ᠶᠣᠯᠣᠨᠮᠣᠲᠣ᠎ᠶᠢᠨ ᠠᠢᠯ᠂ ᠪᠣᠣᠺᠠᠩ᠂ ᠮᠠᠨᠢᠲᠣ᠎ᠶᠢᠨ ᠰᠦᠮ᠎ᠡ ᠪᠡᠷ ᠮᠢᠩᠲᠠᠢ᠂ ᠰᠠᠩᠳᠦᠢ᠍ᠬᠦᠷᠡᠩ᠂ ᠭᠠᠨᠵᠤᠤᠷ ᠂ ᠬᠦᠸᠸ ᠳ᠋ᠠᠢ ᠵᠣᠣ ᠨᠠᠷ 〈ᠲᠦᠷᠪᠡ᠎ᠶᠢ ᠴᠡᠪᠡᠷᠯᠡᠬᠦ〉 ᠠᠵᠢᠯ᠎ᠤᠨ ᠲᠠᠭᠠᠣ ᠲᠣᠬᠯᠠᠯᠲᠠ ᠭᠠᠷᠭᠠᠨ ᠠᠷᠠᠳ ᠶ᠋ᠢᠡᠨ ᠪᠠᠶᠠᠰᠬᠠᠵᠦ ᠶᠠᠪᠣᠬᠣ ᠳ᠋ᠦ ᠠᠷᠠᠳ ᠲᠦᠮᠡᠨ ᠶᠡᠷᠦ ᠡᠴᠡ ᠨᠡᠷᠡᠲᠦ ᠣᠷᠠᠯᠢᠬᠴᠢᠨ ᠮᠠᠨ ᠳ᠋ᠦ ᠬᠡᠷᠡᠭ ᠦᠭᠡᠢ ᠭᠡᠵᠦ ᠶᠠᠷᠢᠭ᠎ᠠ ᠦᠭᠡᠢ᠃ ᠬᠠᠷᠢᠨ ᠠᠷᠠᠳ ᠤ᠋ᠤᠨ ᠭᠣᠶᠣᠭᠠᠳ ᠪᠣᠯᠬᠣ ᠦᠭᠡᠢ ᠪᠣᠯᠬᠣᠷ ᠲᠣᠬᠯᠠᠯᠲᠠ ᠪᠡᠷ ᠮᠣᠬᠣᠷᠲᠠᠬᠣ ᠳ᠋ᠠᠭᠠᠨ ᠪᠦᠵᠢᠭᠴᠢᠨ ᠭᠠᠨᠵᠣᠣᠷ᠂ ᠪᠣᠶᠠᠨᠲᠡᠯᠭᠡᠷ ᠬᠣᠶᠠᠷ ᠰᠢᠨᠵᠢᠶᠠᠩ᠎ᠤᠨ ᠲᠦᠷᠰᠦᠯᠡᠯ ᠲᠠᠭᠣᠯᠠᠯᠲᠦ ᠪᠦᠵᠢᠭ ᠲᠢᠭᠯᠡᠭᠡᠳ ᠦᠰᠦᠷᠴᠦ ᠲᠠᠭᠣᠯᠠᠵᠦ ᠰᠦᠢᠳ ᠪᠣᠯᠣᠬᠰᠨᠨ ᠳ᠋ᠦ ᠠᠷᠠᠳ ᠤ᠋ᠤᠨ ᠲᠠᠢᠰᠠᠨ ᠡᠴᠡ ᠪᠠᠭᠣᠯᠭᠠᠬᠣ ᠦᠭᠡᠢ ᠪᠠᠢᠬᠰᠠᠨ ᠁》 ᠭᠡᠵᠦ ᠲᠡᠮᠲᠡᠭᠯᠡᠭᠰᠡᠨ ᠪᠠᠢᠨ᠎ᠠ᠃

ᠬᠠᠭᠣᠴᠢᠨ ᠶᠠᠭᠣᠮ᠎ᠠ ᠲᠣᠷᠠᠰᠬᠠᠯ ᠪᠣᠯᠵᠦ᠂ ᠰᠢᠨ᠎ᠡ ᠶᠠᠭᠣᠮ᠎ᠠ ᠣᠷᠣᠰᠬᠠᠯ ᠪᠣᠯᠲᠠᠬ᠃ ᠴᠠᠬ ᠬᠣᠭᠣᠴᠠᠭ᠎ᠠ ᠰᠠᠢᠬᠠᠨ ᠵᠠᠯᠠᠭᠣ ᠨᠠᠰᠣ᠎ᠶᠢ ᠠᠪᠴᠣ ᠣᠲᠣᠲᠠᠬ ᠪᠣᠯᠪᠠᠴᠣ ᠰᠢᠷᠠᠯᠠᠵᠦ ᠬᠠᠭᠣᠴᠢᠷᠠᠬᠰᠠᠨ ᠭᠡᠷᠡᠯ ᠵᠢᠷᠣᠬ ᠨᠠᠨᠳᠢᠨ ᠲᠣᠷᠠᠳᠬᠠᠯ ᠪᠣᠯᠵᠦ᠂ ᠣᠨ ᠵᠢᠯ ᠬᠢᠭᠡᠳ ᠣᠨᠴᠠᠭᠠᠢ ᠬᠣᠪᠢ ᠪᠠᠷᠢᠯᠲᠣᠯᠭ᠎ᠠ᠎ᠶᠢ ᠦᠬᠦᠯᠡᠵᠦ ᠬᠦᠦᠷᠨᠢᠭᠰᠡᠭᠡᠷ᠃

ᠭᠡᠷᠡᠯ ᠵᠢᠷᠣᠬ᠎ᠤᠨ ᠴᠠᠭᠠᠨ᠎ᠠ — ᠭᠠᠴᠠᠭᠠᠨ᠎ᠤ ᠣᠯᠠᠭᠠᠨᠮᠦᠢ᠍ᠴᠢᠷ

ᠦᠭᠡᠨ ᠳ᠋ᠦ ᠣᠴᠢᠷ ᠪᠣᠢ᠂ ᠮᠣᠲᠣᠨ ᠳ᠋ᠦ ᠦᠨᠳᠦᠰᠦ ᠪᠣᠢ ᠃ ᠲᠣᠰ ᠭᠡᠷᠡᠯ ᠵᠢᠷᠣᠬ ᠲᠡᠬᠢ ᠦᠪᠦᠷ ᠮᠣᠩᠭᠣᠯ᠎ᠤᠨ ᠲᠠᠭᠣᠣ ᠪᠦᠵᠢᠭ᠎ᠤᠨ ᠪᠦᠯᠬᠦᠮ᠎ᠤᠨ ᠣᠬᠠᠭᠣᠯᠬᠣ ᠠᠩᠬᠢ᠎ᠶᠢᠨ ᠬᠢᠨ ᠲᠠᠢ ᠬᠠᠮᠲᠣ ᠰᠡᠬᠦᠲᠡᠷᠯᠡᠭᠰᠡᠨ ᠨᠢ ᠴᠣᠬᠣᠮ ᠶᠠᠮᠠᠷ ᠬᠦᠮᠦᠰ ᠪᠣᠯᠪᠠ? ᠭᠡᠪᠡᠯ ᠬᠣᠸᠠᠬᠣᠰᠢᠭᠣ ᠰᠣᠮᠣ᠎ᠶᠢᠨ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ᠎ᠤᠨ ᠭᠡᠰᠢᠬᠦᠳ ᠪᠣᠯᠬᠣ ᠶᠣᠮ᠃

ᠲᠣᠬᠠᠢ᠎ᠶᠢᠨ ᠦᠶ᠎ᠡ ᠳ᠋ᠦ ᠦᠪᠦᠷ ᠮᠣᠩᠭᠣᠯ᠎ᠤᠨ ᠲᠠᠭᠣᠣ ᠪᠦᠵᠢᠭ᠎ᠤᠨ ᠪᠦᠯᠬᠦᠮ᠎ᠤᠨ ᠣᠬᠠᠭᠣᠯᠬᠣ ᠠᠩᠬᠢ᠎ᠶᠢᠨ ᠬᠢᠨ ᠬᠣᠸᠠᠬᠣᠰᠢᠭᠣ ᠰᠣᠮᠣ(ᠲᠣᠬᠠᠢ᠎ᠶᠢᠨ ᠦᠶ᠎ᠡ ᠳ᠋ᠦ ᠨᠢᠭᠡᠲᠦᠯ ᠭᠡᠮᠡᠵᠦ ᠪᠠᠢᠵᠠᠢ)  ᠳ᠋ᠦ ᠢᠷᠡᠭᠡᠳ ᠮᠠᠯᠴᠢᠳ᠎ᠤᠨ ᠲᠤᠮᠳᠠ ᠬᠦᠨᠵᠡᠭᠡᠢᠷᠡᠵᠤ᠂ ᠨᠠᠮ᠎ᠤᠨ ᠲᠦᠷᠤ᠎ᠶ᠋ᠢᠨ ᠪᠤᠳᠤᠯᠭ᠎ᠠ᠎ᠶ᠋ᠢ ᠤᠬᠠᠭᠤᠯᠬᠣ ᠳ᠋ᠠᠭᠠᠨ ᠬᠡᠷᠬᠢᠨ ᠣᠬᠠᠭᠣᠯᠭ᠎ᠠ ᠬᠦᠮᠦᠵᠢᠯ ᠬᠢᠬᠦ ᠬᠡᠯᠪᠡᠷᠢ ᠮᠠᠶᠢᠬ ᠶ᠋ᠢᠡᠨ ᠵᠦᠪᠲᠡᠯᠴᠡᠵᠦ ᠶᠠᠷᠢᠯᠴᠠᠬᠣ ᠪᠡᠷ ᠲᠠᠮᠵᠢᠭᠣᠯᠣᠨ ᠣᠯᠠᠭᠠᠨᠮᠦᠢ᠍ᠴᠢᠷ᠎ᠤᠨ ᠬᠡᠯᠪᠡᠷᠢ ᠪᠡᠷ ᠣᠬᠠᠭᠣᠯᠭ᠎ᠠ ᠬᠢᠬᠦ ᠪᠡᠷ ᠲᠣᠬᠲᠠᠵᠦ᠂ ᠪᠠᠭ᠎ᠠ ᠰᠣᠷᠭᠠᠭᠣᠯᠢ᠎ᠶᠢᠨ ᠲᠠᠭᠣᠣ ᠬᠦᠭᠵᠢᠮ᠎ᠤᠨ ᠪᠠᠬᠰᠢ ᠪᠡᠷ ᠠᠵᠢᠯᠯᠠᠵᠦ ᠪᠠᠢᠬᠰᠠᠨ ᠴᠸᠨ ᠰᠦᠸᠸ ᠲᠠᠢ ᠬᠠᠷᠢᠯᠴᠠᠵᠦ᠂ ᠳ᠋ᠠ ᠡᠾᠦ᠋ᠸᠧ ᠹᠠᠨᠭ᠌ ᠭᠠᠴᠠᠭ᠎ᠠ᠎ᠪᠠᠷ ᠭᠤᠤᠯ ᠪᠤᠯᠭᠠᠵᠤ᠂ ᠬᠣᠸᠠᠬᠣᠰᠢᠭᠣ ᠰᠤᠮᠤ᠎ᠶ᠋ᠢᠨ ᠠᠷᠪᠠᠨ ᠨᠠᠢ᠍ᠮᠠᠨ ᠠᠢᠯ ᠪᠠᠷᠢᠭᠠᠳᠡ᠎ᠠᠴᠠ ᠲᠠᠭᠣᠯᠠᠵᠦ ᠪᠦᠵᠢᠭᠯᠡᠬᠦ ᠳ᠋ᠡᠭᠡᠨ ᠠᠪᠢᠶᠠᠰ ᠲᠠᠢ ᠵᠠᠯᠠᠭᠣᠴᠣᠳ᠎ᠢ ᠰᠤᠩᠭᠤᠵᠤ ᠬᠤᠸᠠᠬᠤᠱᠢᠭᠤ ᠰᠤᠮᠤ᠎ᠶ᠋ᠢᠨ ᠳ᠋ᠠ ᠡᠾᠦ᠋ᠸᠧ ᠹᠠᠨᠭ᠌ ᠭᠠᠴᠠᠭ᠎ᠠ᠎ᠶᠢᠨ ᠤᠯᠠᠭᠠᠨᠮᠦᠴᠢᠷ᠎ᠢ ᠡᠬᠦᠰᠭᠡᠨ ᠪᠠᠢᠭᠤᠯᠣᠬᠰᠠᠨ ᠪᠠᠢᠨ᠎ᠠ᠃

ᠪᠣᠣ ᠨᠢᠦ ᠨᠠᠰᠣᠲᠠᠨ ᠪᠣᠯ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ᠎ᠤᠨ ᠲᠦᠷᠦᠬᠦᠦ ᠪᠦᠯᠦᠭ᠎ᠤᠨ ᠲᠣᠬᠯᠠᠬᠴᠢ ᠪᠣᠯᠣᠨ᠎ᠠ᠃ ᠲᠡᠬᠦᠨ ᠲᠠᠢ ᠬᠠᠮᠲᠣ ᠣᠯᠠᠭᠠᠨᠮᠦᠢ᠍ᠴᠢᠷ᠎ᠤᠨ ᠭᠡᠰᠢᠬᠦᠨ ᠶ᠋ᠢᠡᠷ ᠠᠵᠢᠯᠯᠠᠵᠦ ᠪᠠᠢᠬᠰᠠᠨ ᠬᠦᠮᠦᠰ ᠲᠦ᠍ ᠴᠧᠨ ᠰᠦᠸᠧ᠂ ᠯᠠᠪᠵᠡᠢ᠂ ᠪᠠᠢ ᠯᠢᠤ ᠱ᠌ᠢ ᠪᠠ᠂ ᠪᠠᠢ ᠲᠢᠶᠧ ᠵᠣᠸᠠᠩ᠂ ᠸᠧᠢ ᠪᠤᠤ᠂ ᠰᠠᠢᠬᠠᠨᠴᠡᠴᠡᠭ᠂ ᠲᠢᠶᠠᠨ ᠯᠢᠶᠠᠩ᠂ ᠯᠦᠡᠭᠲᠠᠩ ᠪᠣᠯᠣᠨ ᠬᠦᠷᠰᠢ ᠵᠡᠷᠭᠡᠯᠡᠲᠡᠭᠡ ᠠᠢᠯ ᠭᠠᠴᠠᠭ᠎ᠠ᠎ᠶᠢᠨ ᠮᠠᠨᠳᠡᠷᠸ᠎ᠠ᠂ ᠸᠠᠩ ᠭᠧᠨ ᠱᠢᠶᠤᠤ᠂ ᠡᠤ ᠯᠢᠩ ᡁᠢ᠂ ᠲᠡᠬᠦᠤᠢᠷ᠎ᠠ᠂ ᠮᠢ ᠵᠢᠶᠧ᠂ ᠵᠢᠮᠢᠰ ᠵᠡᠷᠭᠡ ᠠᠷᠪᠠᠨ ᠲᠠᠪᠣᠨ ᠬᠦᠮᠦᠨ ᠪᠠᠬᠲᠠᠵᠦ ᠪᠠᠢᠵᠠᠢ᠃ ᠣᠯᠠᠭᠠᠨᠮᠦᠢ᠍ᠴᠢᠷ᠎ᠤᠨ ᠲᠣᠬᠯᠠᠬᠴᠢ ᠨᠢ ᠣᠢᠷ᠎ᠠ ᠬᠠᠪᠢ᠎ᠶᠢᠨ ᠬᠡᠳᠦᠨ ᠠᠢᠯ ᠪᠠᠷᠢᠭᠠᠲᠠ ᠡᠴᠡ ᠢᠷᠡᠯᠲᠡ ᠲᠠᠢ ᠭᠡᠬᠦ ᠪᠣᠯᠪᠠᠴᠣ ᠳ᠋ᠠ ᠾᠦᠸᠸ ᠹᠠᠩ ᠭᠠᠴᠠᠭ᠎ᠠ ᠵᠢᠨ ᠬᠦᠮᠦᠰ ᠵᠣᠩᠬᠢᠯᠠᠬᠣ ᠲᠣᠭ᠎ᠠ᠎ᠶᠢ ᠡᠵᠡᠯᠡᠵᠦ᠂ ᠦᠷᠬᠦᠯᠵᠢ ᠳ᠋ᠠ ᠾᠦᠸᠸ ᠹᠠᠩ ᠭᠠᠴᠠᠭ᠎ᠠ ᠳ᠋ᠦ ᠲᠣᠬᠯᠠᠯᠲᠠ ᠪᠠᠨ ᠪᠣᠯᠪᠠᠰᠣᠷᠠᠲᠠᠬ ᠪᠣᠯᠬᠣᠷ ᠠᠭᠠᠵᠢᠮ ᠶ᠋ᠢᠡᠷ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ ᠭᠡᠵᠦ ᠨᠡᠷᠡᠰᠢᠭᠰᠡᠨ ᠠᠵᠢ᠃ ᠲᠡᠳᠡ ᠦᠪᠤᠷ ᠮᠤᠩᠭᠤᠯ᠎ᠤᠨ ᠲᠠᠭᠤᠤ ᠪᠦᠵᠢᠭ᠎ᠤᠨ ᠪᠦᠯᠬᠦᠮ᠎ᠤᠨ ᠣᠬᠠᠭᠣᠯᠬᠣ ᠠᠩᠬᠢ᠎ᠶᠢᠨ ᠶᠢᠰᠤᠨ ᠣᠷᠠᠯᠢᠬᠴᠢᠨ᠎ᠤ ᠵᠢᠭᠠᠨ ᠵᠢᠯᠣᠭᠣᠲᠣᠯᠭ᠎ᠠ ᠪᠡᠷ ᠲᠠᠷᠢᠶᠠᠨ ᠠᠵᠢᠯ᠎ᠤᠨ ᠵᠠᠪ ᠴᠢᠯᠦᠭᠡ ᠪᠡᠷ ᠶ᠋ᠢᠡᠨ ᠬᠣᠸᠠᠬᠣᠰᠢᠭᠣ ᠰᠤᠮᠤ᠎ᠶ᠋ᠢᠨ ᠳ᠋ᠠ ᠡᠾᠦ᠋ᠸᠧ ᠹᠠᠨᠭ᠌ ᠭᠠᠴᠠᠭ᠎ᠠ᠎ᠳᠤ ᠴᠤᠭ᠍ᠯᠡᠷᠡᠵᠤ ᠲᠤᠭ᠍ᠯᠠᠯᠳᠡ᠎ᠪᠠᠨ ᠪᠤᠯᠪᠡᠰᠤᠷᠠᠵᠦ ᠪᠠᠢᠵᠠᠢ ᠃

— ᠲᠡᠷᠡ ᠦᠶ᠎ᠡ ᠳ᠋ᠦ ᠪᠢᠳᠡ ᠡᠳᠦᠷ ᠪᠣᠯ ᠣᠯᠠᠨ ᠲᠠᠢ ᠬᠠᠮᠲᠣ ᠪᠠᠷᠢᠭᠠᠲᠠ᠎ᠶᠢᠨ ᠠᠵᠢᠯ ᠳ᠋ᠦ ᠣᠷᠣᠯᠴᠠᠨ᠎ᠠ᠃ ᠲᠠᠷᠢᠶ᠎ᠠ ᠠᠷᠴᠢᠬᠣ᠂ ᠪᠣᠷᠲᠣᠭᠣᠷ ᠴᠣᠬᠯᠠᠭᠣᠯᠬᠣ᠂ ᠦᠲᠦᠷᠮ᠎ᠡ ᠠᠪᠬᠣ ᠭᠡᠬᠦᠴᠢᠯᠡᠨ ᠠᠵᠢᠯ ᠳ᠋ᠦ ᠶᠠᠭᠠᠷᠠᠵᠦ ᠡᠳᠦᠷ᠎ᠤᠨ ᠬᠣᠪᠢ ᠪᠠᠨ ᠲᠡᠮᠲᠡᠭᠯᠡᠨ᠎ᠡ᠃ ᠣᠷᠣᠢ ᠪᠣᠯᠪᠠᠯ ᠲᠣᠬᠯᠠᠯᠲᠠ ᠪᠠᠨ ᠪᠣᠯᠪᠠᠰᠣᠷᠠᠬᠣ ᠪᠦᠭᠡᠳ ᠣᠯᠠᠩᠬᠢ ᠳ᠋ᠠᠭᠠᠨ ᠰᠦᠨᠢ ᠲᠦᠯᠢ ᠪᠣᠯᠲᠠᠯ᠎ᠠ ᠲᠣᠬᠯᠠᠵᠦ ᠪᠣᠯᠪᠠᠰᠣᠷᠠᠲᠠᠬ᠃ ᠵᠠᠯᠠᠭᠣ᠎ᠪᠠᠢᠬᠰᠠᠨ ᠪᠦᠭᠡᠳ ᠲᠠᠭᠣᠯᠠᠵᠦ ᠪᠦᠵᠢᠭᠯᠡᠬᠦ ᠳ᠋ᠦ ᠪᠠᠬᠠᠲᠠᠢ ᠪᠣᠯᠬᠣᠷ ᠶᠠᠲᠠᠷᠠᠬᠣ᠎ᠶᠢ ᠮᠡᠳᠡᠬᠦ ᠦᠭᠡᠢ ᠶᠠᠭᠠᠷᠠᠵᠦ ᠪᠠᠢᠯ᠎ᠠ᠃ ᠬᠠᠶᠠ ᠵᠠᠷᠢᠮ ᠳ᠋ᠠᠭᠠᠨ ᠣᠬᠠᠭᠣᠯᠬᠣ ᠠᠩᠬᠢ᠎ᠶᠢᠨ ᠪᠠᠬᠰᠢ ᠨᠠᠷ ᠪᠠᠰᠠ ᠰᠣᠨᠢᠨ ᠣᠩᠰᠢᠵᠦ ᠲᠦᠷᠦ᠎ᠶᠢᠨ ᠪᠣᠲᠣᠯᠭ᠎ᠠ᠎ᠶᠢ ᠲᠠᠢᠯᠪᠣᠷᠢᠯᠠᠲᠠᠬ ᠭᠡᠵᠦ ᠪᠣᠣ ᠨᠢᠦ ᠨᠠᠰᠣᠲᠠᠨ ᠡᠷᠬᠢᠴᠡᠬᠦᠯᠦᠨ ᠶᠠᠷᠢᠨ᠎ᠠ᠃

ᠦᠪᠤᠷ ᠮᠤᠩᠭᠤᠯ᠎ᠤᠨ ᠲᠠᠭᠤᠤ ᠪᠦᠵᠢᠭ᠎ᠤᠨ ᠪᠦᠯᠬᠦᠮ᠎ᠤᠨ ᠤᠬᠠᠭᠤᠯᠬᠤ ᠠᠩᠬᠢ᠎ᠶ᠋ᠢᠨ ᠪᠠᠬᠰᠢ ᠨᠠᠷ᠎ᠤ᠋ᠨ ᠨᠡᠷᠢᠨ ᠨᠢᠮᠪᠡᠢ ᠵᠢᠭᠠᠨ ᠵᠢᠯᠣᠭᠣᠲᠣᠯᠭ᠎ᠠ ᠪᠠᠷ ᠳ᠋ᠠ ᠡᠾᠦ᠋ᠸᠧ ᠹᠠᠨᠭ᠌ ᠭᠠᠴᠠᠭ᠎ᠠ᠎ᠶᠢᠨ ᠤᠯᠠᠭᠠᠨᠮᠦ᠋ᠴᠢᠷ᠎ᠤᠨ ᠲᠣᠬᠯᠠᠬᠴᠢᠳ ᠣᠲᠠᠯ ᠦᠭᠡᠢ ᠵᠤᠬᠢᠬᠤ ᠬᠡᠮᠵᠢᠶᠠᠨ᠎ᠤ ᠤᠷᠠᠯᠢᠭ᠎ᠤᠨ ᠣᠷ᠎ᠠ ᠮᠡᠷᠭᠡᠰᠢᠯ ᠡᠵᠡᠮᠰᠢᠵᠦ᠂ ᠡᠬᠢᠯᠡᠭᠡᠳ ᠬᠤᠸᠠᠬᠤᠱᠢᠭᠤ ᠰᠤᠮᠤ᠎ᠶ᠋ᠢᠨ ᠠᠷᠪᠠᠨ ᠨᠠᠢ᠍ᠮᠠᠨ ᠠᠢᠯ ᠭᠠᠴᠠᠭ᠎ᠠ ᠪᠡᠷ ᠲᠣᠭᠣᠷᠢᠨ ᠲᠤᠭ᠍ᠯᠠᠯᠳᠡ ᠭᠠᠷᠭᠠᠵᠦ ᠪᠠᠢᠬᠰᠠᠨ ᠶ᠋ᠢᠡᠨ ᠬᠣᠵᠢᠮ ᠨᠢ ᠪᠠᠰᠠ ᠬᠣᠰᠢᠭᠣᠨ ᠲᠦᠪ ᠪᠣᠣᠺᠠᠩ ᠪᠠᠯᠭᠠᠰᠣᠨ ᠳ᠋ᠦ ᠬᠦᠷᠴᠦ ᠲᠣᠬᠯᠠᠯᠲᠠ ᠭᠠᠷᠭᠠᠵᠦ ᠪᠠᠢᠵᠠᠢ᠃

《ᠱᠸᠪᠠᠷᠲᠣ》 ᠨᠣᠲᠣᠬ᠎ᠤᠨ ᠭᠠᠷᠣᠯᠲᠠ᠎ᠶᠢᠨ ᠺᠣᠮᠫᠠᠨᠢ ᠡᠴᠡ ᠠᠵᠢᠯ᠎ᠤᠨ ᠠᠮᠠᠷᠠᠯᠲᠠ ᠠᠪᠣᠬᠰᠠᠨ ᠡᠨᠡ ᠵᠢᠯ 79 ᠨᠠᠰᠣᠲᠠᠢ ᠪᠠᠢ ᠯᠢᠦ ᠱᠢ ᠪᠠ ᠨᠠᠰᠣᠲᠠᠨ ᠪᠣᠯ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ᠎ᠤᠨ ᠲᠦᠷᠦᠬᠦᠦ ᠪᠦᠯᠦᠭ᠎ᠤᠨ ᠲᠣᠬᠯᠠᠬᠴᠢ ᠪᠣᠯᠣᠨ᠎ᠠ᠃ ᠪᠠᠢ ᠯᠢᠦ ᠱᠢ ᠪᠠ᠎ᠶᠢᠨ ᠬᠠᠭᠣᠴᠢᠯᠠᠬᠣ ᠪᠡᠷ᠂ ᠭᠠᠴᠠᠭᠠᠨ᠎ᠤ ᠤᠯᠠᠭᠠᠨᠮᠦᠢ᠍ᠴᠢᠷ ᠨᠢ ᠪᠠᠶᠠᠷ ᠲᠣᠷᠠᠰᠬᠠᠯ᠎ᠤᠨ ᠡᠳᠦᠷ ᠲᠦ᠍ ᠲᠣᠬᠯᠠᠯᠲᠠ ᠭᠠᠷᠭᠠᠬᠣ ᠪᠦᠭᠡᠳ ᠰᠢᠨ᠎ᠡ ᠵᠢᠯ ᠴᠠᠭᠠᠨ ᠰᠠᠷ᠎ᠠ ᠪᠣᠯᠪᠠᠯ ᠪᠠᠰᠠ ᠣᠢᠷ᠎ᠠ ᠣᠷᠴᠢᠮ᠎ᠤᠨ ᠠᠢᠯ ᠭᠠᠴᠠᠭ᠎ᠠ ᠪᠡᠷ ᠲᠣᠭᠣᠷᠢᠵᠦ ᠲᠣᠬᠯᠠᠯᠲᠠ ᠭᠠᠷᠭᠠᠲᠠᠬ᠃ ᠵᠠᠮ ᠬᠠᠷᠢᠯᠴᠠᠭ᠎ᠠ ᠲᠦᠬᠦᠮ ᠦᠭᠡᠢ᠂ ᠲᠡᠷᠭᠡ ᠬᠦᠰᠭᠡ ᠭᠡᠮᠡᠨ ᠣᠯᠲᠠᠬᠣ ᠦᠭᠡᠢ ᠲᠡᠷᠡ ᠦᠶ᠎ᠡ ᠳ᠋ᠦ ᠵᠠᠷᠢᠮ ᠳ᠋ᠠᠭᠠᠨ ᠲᠣᠬᠯᠠᠯᠲᠠ᠎ᠶᠢᠨ ᠪᠠᠭᠠᠵᠢ ᠬᠡᠷᠡᠭᠰᠡᠯ ᠶ᠋ᠢᠡᠨ ᠡᠬᠦᠷᠴᠦ ᠠᠷᠪᠠᠨ ᠬᠡᠳᠦᠨ ᠭᠠᠵᠠᠷ᠎ᠢ ᠶᠠᠪᠠᠭᠠᠨ ᠶ᠋ᠢᠡᠷ ᠵᠠᠮᠨᠠᠵᠦ ᠲᠣᠬᠯᠠᠯᠲᠠ ᠭᠠᠷᠭᠠᠲᠠᠬ᠃ ᠲᠡᠷᠡᠴᠢᠯᠡᠨ ᠲᠣᠬᠯᠠᠬᠴᠢᠳ ᠨᠢ ᠠᠷᠣ ᠳ᠋ᠠᠭᠠᠨ ᠪᠠᠰᠠ ᠣᠯᠠᠭᠠᠨᠮᠦᠢ᠍ᠴᠢᠷ᠎ᠤᠨ ᠵᠣᠷᠢᠬ ᠰᠠᠨᠠᠭ᠎ᠠ᠎ᠶᠢ ᠣᠬᠠᠭᠣᠯᠣᠬᠰᠠᠨ《ᠦᠷᠡᠭ᠌ᠳᠡᠯ ᠰᠤᠢᠳᠤᠯ᠎ᠠᠴᠠ ᠠᠶᠤᠬᠤ ᠦᠭᠡᠢ᠂ ᠲᠦᠮᠡᠨ ᠪᠡᠷᠭᠡᠱᠢᠶᠡᠯ᠎ᠢ ᠲᠡᠪᠡᠵᠤ ᠢᠯᠠᠯᠳᠡ᠎ᠶ᠋ᠢ ᠲᠡᠮᠡᠴᠡᠨ ᠤᠯᠤᠨ᠎ᠠ 》 ᠭᠡᠰᠡᠨ ᠫᠠᠢᠰᠠ ᠵᠡᠬᠦᠵᠦ ᠲᠣᠬᠯᠠᠬᠣ ᠪᠦᠭᠡᠳ ᠬᠤᠱᠢᠭᠤᠨ᠎ᠤ ᠭᠤᠷᠪᠠᠨ ᠱᠡᠳᠤᠨ᠎ᠤ ᠬᠤᠷᠡᠯ ᠲᠡᠭᠡᠷ᠎ᠡ ᠲᠤᠭ᠍ᠯᠠᠯᠳᠡ ᠭᠠᠷᠭᠠᠬᠤ᠎ᠪᠠᠷ ᠶᠠᠪᠣᠬᠣ ᠵᠠᠮ ᠭᠣᠲᠣᠰ  ᠲᠠᠭᠠᠨ ᠭᠠᠯᠲᠦ ᠲᠡᠷᠭᠡᠨ ᠲᠡᠭᠡᠷ᠎ᠠ ᠲᠤᠭ᠍ᠯᠠᠯᠳᠡ ᠭᠠᠷᠭᠠᠵᠦ ᠣᠯᠠᠨ᠎ᠢ ᠪᠠᠶᠠᠰᠬᠠᠵᠦ ᠪᠠᠢᠬᠰᠠᠨ ᠶᠣᠮ᠃

ᠣᠳᠬ᠎ᠠ ᠣᠷᠠᠯᠢᠬ᠎ᠤᠨ ᠬᠦᠩᠭᠡᠨ ᠮᠣᠷᠢᠲᠣ ᠴᠡᠷᠢᠭ ᠭᠡᠮᠡᠭᠲᠡᠭᠰᠡᠨ ᠣᠯᠠᠭᠠᠨᠮᠦᠢ᠍ᠴᠢᠷ᠎ᠤᠨ ᠨᠢᠭᠡᠨ ᠰᠠᠯᠠᠭ᠎ᠠ ᠪᠣᠯᠣᠬᠰᠠᠨ᠎ᠤ ᠬᠣᠪᠢ ᠳ᠋ᠦ᠂ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ ᠨᠡᠢᠭᠡᠮ ᠵᠢᠷᠣᠮᠲᠣ ᠨᠡᠢᠭᠡᠮ ᠪᠣᠯᠣᠨ ᠨᠣᠲᠣᠬ ᠣᠰᠣ ᠪᠠᠨ ᠮᠠᠬᠲᠠᠨ ᠲᠠᠭᠣᠯᠠᠬᠰᠠᠨ ᠲᠠᠭᠣᠣ ᠪᠦᠵᠢᠭ ᠵᠣᠬᠢᠶᠠᠨ ᠪᠦᠲᠦᠭᠡᠵᠦ᠂ ᠴᠠᠬ ᠦᠶ᠎ᠡ ᠪᠠᠨ ᠮᠠᠬᠲᠠᠨ ᠲᠠᠭᠣᠯᠠᠵᠦ᠂ ᠴᠢᠷᠮᠠᠢᠨ ᠲᠠᠪᠰᠢᠬᠣ ᠵᠣᠷᠢᠬ ᠰᠠᠨᠠᠭ᠎ᠠ᠎ᠶᠢ ᠣᠬᠠᠭᠣᠯᠣᠨ ᠰᠣᠷᠲᠠᠯᠴᠢᠯᠠᠵᠦ ᠪᠠᠢᠵᠠᠢ᠃ ᠡᠬᠦᠨ᠎ᠳᠤ ᠱᠢᠯᠦᠭ ᠠᠶ᠎ᠠ᠎ᠶᠢ ᠴᠸᠨ ᠰᠦᠸᠸ ᠵᠤᠬᠢᠶᠠᠨ ᠪᠦᠳᠤᠭᠡᠭ᠌ᠰᠡᠨ《 ᠴᠡᠴᠡᠭ᠌ᠯᠡᠨ ᠬᠦᠭ᠌ᠵᠢᠭᠡ ᠳ᠋ᠠ ᠡᠾᠦ᠋ᠸᠧ ᠹᠠᠨᠭ᠌》 ᠬᠡᠬᠦ ᠲᠠᠭᠤᠤ᠂ ᠮᠢᠩᠳᠡᠢ ᠪᠠᠭ᠍ᠰᠢ᠎ᠶ᠋ᠢᠨ ᠵᠣᠬᠢᠶᠠᠬᠰᠠᠨ《ᠰᠠᠭᠠᠯᠢ᠎ᠶ᠋ᠢᠨ ᠪᠦᠵᠢᠭ》᠂ ᠴᠢᠩᠪᠡᠳᠤ ᠂ ᠭᠠᠨᠵᠤᠤᠷᠵᠡᠪ ᠬᠤᠶᠡᠷ ᠪᠠᠭ᠍ᠰᠢ᠎ᠶ᠋ᠢᠨ ᠵᠦᠴᠤᠭᠡ᠎ᠶ᠋ᠢᠨ ᠪᠦᠳᠤᠭᠡᠯ 《ᠲᠡᠷᠤᠭ᠎ᠠ᠎ᠶ᠋ᠢᠨ ᠠᠪᠠ᠎ᠶ᠋ᠢᠨ ᠨᠤᠬᠠᠢ》 ᠪᠤᠯᠤᠨ ᠯᠾᠡᠵᠡᠪ ᠪᠠᠭ᠍ᠰᠢ᠎ᠶ᠋ᠢᠨ 《ᠵᠢᠷᠤᠭ᠎ᠠ᠎ᠶ᠋ᠢᠨ ᠵᠢᠷᠤᠭ᠎ᠠ 》᠂ ᠪᠤᠶᠠᠨᠳᠡᠯᠭᠡᠷ ᠪᠠᠭ᠍ᠰᠢ᠎ᠶ᠋ᠢᠨ《ᠰᠡᠷᠠᠭᠤᠯ ᠲᠡᠯ᠎ᠠ》᠂ ᠲᠦᠷᠰᠤᠯᠡᠯᠳᠤ ᠲᠠᠭᠤᠤ 《ᠤᠢᠭᠤᠷᠵᠢᠨ᠎ᠤ ᠦᠨᠤᠳᠤᠷ 》᠂ 《ᠢᠮᠢᠨ ᠭᠤᠤᠯ》 ᠵᠢᠴᠢ ᠱᠢᠶᠤᠤ ᠳ᠋ᠦ᠋ ᠪᠠᠭ᠍ᠰᠢ᠎ᠶ᠋ᠢᠨ ᠵᠤᠬᠢᠶᠠᠭ᠍ᠰᠡᠨ 《ᠬᠢᠯᠢ᠎ᠶ᠋ᠢᠨ ᠬᠠᠷᠠᠭᠤᠯ 》 ᠵᠡᠷᠭᠡ ᠤᠷᠡᠨ ᠪᠦᠳᠤᠭᠡᠯ᠎ᠢᠶᠠᠷ ᠭᠤᠤᠯ ᠲᠤᠭ᠍ᠯᠠᠯᠳᠡ ᠪᠤᠯᠭᠠᠵᠤ ᠪᠤᠯᠪᠡᠰᠤᠷᠡᠨ ᠲᠤᠭ᠍ᠯᠠᠵᠤ ᠪᠠᠢᠵᠠᠢ᠃

ᠣᠯᠠᠭᠠᠨᠮᠦᠢ᠍ᠴᠢᠷ ᠬᠦᠷᠦᠭᠰᠡᠨ ᠭᠠᠵᠠᠷ ᠪᠣᠯᠭᠠᠨ ᠳ᠋ᠦ ᠬᠦᠷᠢᠶᠡᠯᠡᠯ ᠲᠠᠢ᠂ ᠣᠯᠠᠨ ᠲᠦᠮᠡᠨ᠎ᠤ ᠣᠬᠲᠣᠯᠭ᠎ᠠ᠎ᠶᠢ ᠣᠯᠵᠦ ᠪᠠᠢᠵᠠᠢ᠃ ᠪᠠᠷᠢᠭᠠᠳᠡ᠎ᠶ᠋ᠢᠨ ᠲᠡᠷᠤᠭ᠎ᠠ ᠨᠡᠷ ᠨᠢ ᠤᠯᠠᠭᠠᠨᠮᠦ᠋ᠴᠢᠷ᠎ᠤᠨ ᠲᠤᠭ᠍ᠯᠠᠭ᠍ᠴᠢᠳ᠎ᠢ ᠬᠣᠶᠠᠷ ᠭᠣᠷᠪᠠ ᠪᠡᠷ ᠬᠣᠪᠢᠶᠠᠵᠦ᠂ ᠮᠠᠯᠴᠢᠨ ᠡᠷᠤᠭᠡ᠎ᠳᠤ ᠲᠣᠬᠢᠷᠠᠭᠣᠯᠣᠨ ᠬᠣᠨᠣᠬᠣ ᠪᠠᠢᠷᠢ ᠬᠠᠩᠭᠠᠵᠦ ᠲᠡᠳᠡᠨ᠎ᠤ ᠠᠮᠡᠷᠡᠵᠤ ᠬᠡᠪᠳᠡᠬᠦ᠌᠎ᠶᠢ ᠨᠢ ᠪᠠᠲᠣᠯᠠᠵᠦ᠂ ᠡᠷᠦᠬᠡ ᠲᠠᠷᠠᠭᠠᠯᠠᠨ ᠡᠭᠡᠯᠵᠢᠯᠡᠵᠦ ᠡᠷᠢᠨ᠎ᠤ ᠬᠤᠭᠤᠯᠠ᠎ᠶ᠋ᠢ ᠨᠢ ᠲᠤᠬᠢᠷᠠᠭᠤᠯᠲᠠᠬ᠃ ᠮᠠᠯᠴᠢᠳ᠎ᠤᠨ ᠬᠡᠷ᠎ᠲᠤ ᠪᠠᠭᠤᠳᠠᠯᠯᠠᠬᠰᠠᠨ ᠣᠯᠠᠭᠠᠨᠮᠦᠢ᠍ᠴᠢᠷ᠎ᠤᠨ ᠲᠤᠭ᠍ᠯᠠᠭ᠍ᠴᠢᠳ ᠴᠦ᠍ ᠠᠮᠣᠷ ᠵᠢᠮᠦᠷ ᠰᠠᠭᠤᠳᠠᠭ ᠦᠭᠡᠢ᠂ ᠬᠦᠷᠢᠶ᠎ᠠ ᠬᠠᠱᠢᠶ᠎ᠠ᠎ᠶᠢ ᠨᠢ ᠴᠡᠪᠡᠷᠯᠡᠬᠦ᠌᠂ ᠤᠰᠤ ᠲᠦᠯᠡᠭᠡ᠎ᠶᠢ ᠨᠢ ᠤᠢᠷᠡᠳᠤᠭᠤᠯᠬᠤ ᠵᠡᠷᠭᠡ ᠭᠡᠷ ᠵᠠᠭᠣᠷ᠎ᠠ᠎ᠶᠢᠨ ᠠᠵᠢᠯ ᠳ᠋ᠣ ᠬᠠᠮᠵᠢᠵᠦ᠂ ᠠᠮᠢᠲᠣᠷᠠᠯ ᠲᠠᠢ ᠣᠢᠷᠠᠲᠣᠵᠦ ᠣᠯᠠᠨ ᠲᠦᠮᠡᠨ ᠲᠠᠢ ᠣᠢᠷᠠᠲᠣᠬᠣ ᠣᠳᠬ᠎ᠠ ᠣᠷᠠᠯᠢᠬ᠎ᠤᠨ ᠬᠦᠡᠭ᠌ᠭᠡᠨ ᠮᠤᠷᠢᠳᠤ ᠴᠡᠷᠢᠭ᠎ᠤᠨ ᠤᠢᠯᠡᠳᠤᠯ᠎ᠢᠶᠠᠨ ᠬᠦᠢᠴᠡᠳ ᠪᠠᠲᠠᠷᠠᠭᠣᠯᠣᠬᠰᠠᠨ ᠪᠠᠢᠨ᠎ᠠ᠃

ᠭᠡᠷᠡᠯ ᠵᠢᠷᠣᠬ᠎ᠤᠨ ᠦᠷᠬᠦᠯᠵᠢᠯᠡᠯ — ᠣᠯᠠᠭᠠᠨᠮᠦᠢ᠍ᠴᠢᠷ᠎ᠤᠨ ᠲᠣᠬ ᠨᠠᠮᠢᠷᠠᠬᠰᠠᠭᠠᠷ

ᠭᠡᠷᠡᠯ ᠵᠢᠷᠣᠬ ᠬᠢᠯᠡᠰ ᠬᠣᠷᠣᠮ ᠳ᠋ᠦ ᠮᠦᠩᠬᠡ᠎ᠶᠢᠨ ᠲᠣᠷᠠᠳᠬᠠᠯ ᠦᠯᠡᠲᠡᠭᠡᠵᠦ ᠴᠢᠲᠠᠲᠠᠬ ᠪᠣᠯ ᠲᠡᠬᠦᠨ ᠡᠴᠡ ᠡᠷᠴᠢ ᠢᠯᠴᠢ ᠠᠪᠣᠨ ᠬᠦᠴᠦ ᠲᠠᠮᠢᠷ ᠰᠡᠯᠪᠢᠵᠦ ᠪᠠᠢᠭᠣᠯᠣᠬᠲᠠᠬᠰᠠᠨ ᠣᠯᠠᠭᠠᠨᠮᠦᠢ᠍ᠴᠢᠷ᠎ᠤᠨ ᠲᠣᠬ ᠨᠢ ᠦᠨᠦ ᠪᠣᠯᠲᠠᠯ᠎ᠠ ᠦᠷᠬᠦᠯᠵᠢᠯᠡᠨ ᠨᠠᠮᠢᠷᠠᠬᠰᠠᠭᠠᠷ᠃

ᠪᠣᠣ ᠨᠢᠦ ᠨᠠᠰᠣᠲᠠᠨ ᠣᠯᠠᠭᠠᠨᠮᠦᠢ᠍ᠴᠢᠷ᠎ᠤᠨ ᠭᠡᠰᠢᠬᠦᠨ ᠶ᠋ᠢᠡᠷ ᠲᠠᠪᠣᠨ ᠵᠢᠯ ᠭᠠᠷᠣᠢ ᠠᠵᠢᠯᠯᠠᠭᠠᠳ ᠠᠢᠯ ᠭᠡᠷ ᠪᠣᠯᠣᠬᠰᠠᠨ᠎ᠤ ᠬᠣᠢᠨ᠎ᠠ ᠠᠭᠠᠵᠢᠮ ᠶ᠋ᠢᠡᠷ ᠲᠣᠬᠯᠠᠯᠲᠠ᠎ᠶᠢᠨ ᠲᠠᠢᠰᠠᠨ ᠡᠴᠡ ᠬᠣᠯᠠᠲᠠᠵᠠᠢ᠃ ᠲᠡᠬᠦᠨ ᠲᠠᠢ ᠠᠲᠠᠯᠢ ᠪᠡᠷ᠂ ᠭᠠᠴᠠᠭ᠎ᠠ᠎ᠶᠢᠨ ᠣᠯᠠᠭᠠᠨᠮᠦᠢ᠍ᠴᠢᠷ᠎ᠤᠨ ᠲᠦᠷᠦᠬᠦᠦ ᠪᠦᠯᠦᠭ᠎ᠤᠨ ᠲᠣᠬᠯᠠᠬᠴᠢ ᠪᠠᠢᠬᠰᠠᠨ ᠪᠠᠢ ᠯᠢᠦ ᠱᠢ ᠪᠠ ᠴᠦ᠍ ᠬᠣᠷᠢᠨ ᠨᠢᠭᠡᠲᠡᠢ ᠳ᠋ᠡᠭᠡᠨ ᠬᠣᠷᠢᠮᠯᠠᠵᠦ᠂ ᠠᠢᠯ ᠭᠡᠷ ᠪᠣᠯᠣᠨ ᠣᠯᠠᠭᠠᠨᠮᠦᠢ᠍ᠴᠢᠷ᠎ᠤᠨ ᠲᠣᠬᠯᠠᠯᠲᠠ ᠭᠡᠬᠦ ᠬᠣᠶᠠᠷ ᠦᠵᠦᠬᠦᠷ᠎ᠤᠨ ᠠᠯᠢ ᠠᠯᠢᠨ ᠳ᠋ᠣᠨᠢ ᠴᠦ᠍ ᠠᠮᠵᠢᠬᠣ ᠦᠭᠡᠢ ᠪᠣᠯᠬᠣ ᠳ᠋ᠠᠭᠠᠨ ᠲᠣᠬᠯᠠᠯᠲᠠ ᠪᠣᠯᠪᠠᠰᠣᠷᠠᠯ ᠡᠴᠡ ᠵᠠᠢᠲᠠᠵᠦ᠂ ᠨᠣᠲᠣᠬ᠎ᠤᠨ ᠭᠠᠷᠣᠯᠲᠠ᠎ᠶᠢᠨ ᠺᠣᠮᠫᠠᠨᠢ ᠶ᠋ᠢᠨ ᠵᠢᠯᠣᠭᠣᠴᠢ ᠪᠡᠷ ᠨᠠᠭᠠᠰᠢ ᠴᠠᠭᠠᠰᠢ ᠬᠦᠶᠦᠬᠦ ᠪᠣᠯᠵᠠᠢ᠃ ᠠᠵᠢᠯ ᠠᠮᠢᠲᠣᠷᠠᠯ᠎ᠤᠨ ᠣᠯᠠᠨ ᠰᠢᠯᠲᠠᠭᠠᠨ ᠡᠴᠡ ᠪᠣᠯᠵᠦ ᠂ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ᠎ᠤᠨ ᠲᠣᠬᠯᠠᠬᠴᠢᠳ ᠪᠦᠯᠬᠦᠮ᠎ᠤᠨ ᠲᠠᠷᠣᠭ᠎ᠠ᠎ᠶᠢ ᠭᠠᠷᠭᠠᠪᠠᠯ ᠪᠣᠰᠣᠳ ᠬᠦᠮᠦᠰ ᠨᠢ ᠠᠢᠯ ᠭᠡᠷ ᠪᠣᠯᠵᠦ ᠠᠮᠢᠲᠣᠷᠠᠯ ᠪᠣᠰᠬᠠᠪᠠᠯ ᠠᠶᠠᠨᠲᠠᠭᠠᠨ ᠣᠯᠠᠭᠠᠨᠮᠦᠢ᠍ᠴᠢᠷ ᠡᠴᠡ ᠪᠠᠨ ᠬᠠᠯᠠᠬᠲᠠᠬᠣ ᠪᠦᠭᠡᠳ ᠦᠭᠡᠷ᠎ᠡ ᠪᠣᠰᠣᠳ ᠵᠠᠯᠠᠭᠣᠴᠣᠳ ᠲᠡᠲᠡᠨᠣᠰ᠎ᠤᠨ ᠠᠵᠢᠯ᠎ᠢ ᠦᠷᠬᠦᠯᠵᠢᠯᠡᠨ ᠵᠠᠯᠭᠠᠮᠵᠢᠯᠠᠵᠦ ᠣᠯᠠᠭᠠᠨᠮᠦᠢ᠍ᠴᠢᠷ᠎ᠤᠨ ᠠᠮᠢᠵᠢᠷᠠᠯ᠎ᠤᠨ ᠬᠦᠴᠦᠨ᠎ᠢ ᠪᠠᠲᠣᠯᠠᠬᠰᠠᠭᠠᠷ ᠢᠷᠡᠵᠡᠢ᠃ ᠤᠯᠠᠭᠠᠨᠮᠦᠢ᠍ᠴᠢᠷ᠎ᠤᠨ ᠲᠤᠭ᠍ᠯᠠᠭ᠍ᠴᠢᠳ ᠨᠢᠭᠡ ᠨᠢᠭᠡ ᠪᠦᠯᠦᠭ ᠶ᠋ᠢᠡᠷ ᠡᠭᠡᠯᠵᠢᠯᠡᠨ ᠰᠣᠯᠢᠬᠲᠠᠬᠰᠠᠭᠠᠷ᠂ ᠲᠦᠷᠦᠬᠦᠦ ᠪᠦᠯᠦᠭ ᠲᠦ᠍ 15 ᠲᠣᠬᠯᠠᠬᠴᠢ ᠪᠠᠢᠬᠰᠠᠨ ᠡᠴᠡ ᠪᠠᠨ ᠣᠲᠣ ᠪᠤᠯᠬᠤ᠎ᠳᠤ ᠨᠢᠭᠡᠨᠲᠡ ᠵᠢᠷᠭᠣᠲᠣᠭᠠᠷ ᠦᠶ᠎ᠡ᠎ᠪᠤᠯᠵᠦ ᠂ 23 ᠲᠤᠭ᠍ᠯᠠᠭ᠍ᠴᠢ᠎ᠲᠠᠢ ᠪᠤᠯᠤᠭᠰᠠᠨ ᠪᠦᠭᠡᠳ ᠲᠠᠭᠣᠯᠠᠵᠦ ᠪᠦᠵᠢᠭᠯᠡᠬᠦ ᠲᠣᠬᠯᠠᠯᠲᠠ ᠪᠠᠨ ᠪᠠᠷᠢᠮᠲᠠᠯᠠᠬᠰᠠᠭᠠᠷ᠃ ᠵᠢᠷᠠᠨ ᠵᠢᠯ᠎ᠤᠨ ᠲᠣᠷᠰᠢ᠂ ᠳ᠋ᠠ ᠡᠾᠦ᠋ᠸᠧ ᠹᠠᠨᠭ᠌ ᠭᠠᠴᠠᠭ᠎ᠠ᠎ᠶᠢᠨ ᠤᠯᠠᠭᠠᠨᠮᠦᠢ᠍ᠴᠢᠷ᠎ᠠᠴᠠ ᠲᠡᠪᠳᠡᠷᠢᠨ ᠨᠢᠰᠦᠭᠰᠡᠨ ᠣᠷᠠᠯᠢᠬᠴᠢᠳ ᠲᠦ᠍ ᠤᠯᠤᠰ᠎ᠤᠨ ᠨᠢᠭᠡᠳᠤᠭᠡᠷ ᠲᠡᠰ᠎ᠤᠨ ᠬᠦᠭᠵᠢᠮ᠎ᠤᠨ ᠵᠣᠬᠢᠶᠠᠯᠴᠢ ᠵᠤᠤ᠎ᠶ᠋ᠢᠨ ᠪᠤᠤ᠂ ᠬᠢᠷᠢᠨ ᠮᠤᠵᠢ᠎ᠶ᠋ᠢᠨ ᠡᠮᠤᠨᠡᠲᠦ ᠭᠤᠷᠯᠤᠰ᠎ᠤᠨ ᠲᠡᠯ᠎ᠠ ᠨᠤᠳᠤᠭ᠎ᠤᠨ ᠰᠤᠶᠤᠯ᠎ᠤᠨ ᠬᠡᠷ᠎ᠤᠨ ᠲᠡᠷᠤᠭ᠎ᠠ ᠪᠤᠤ ᠭᠠᠷᠤᠳᠢ᠂ ᠬᠣᠷᠴᠢᠨ ᠵᠡᠬᠦᠨ ᠭᠠᠷᠣᠨ ᠲᠣᠮᠲᠠᠲᠣ ᠬᠤᠱᠢᠭᠤᠨ᠎ᠤ ᠤᠯᠠᠭᠠᠨᠮᠦᠢ᠍ᠴᠢᠷ᠎ᠤᠨ ᠪᠦᠯᠬᠦᠮ᠎ᠤᠨ ᠲᠡᠷᠤᠭ᠎ᠠ ᠠᠬᠰᠠᠨ ᠸᠠᠩ ᠢᠤᠢ ᠵᠤ᠌᠂ ᠲᠦᠡᠭ᠌ᠯᠢᠶᠤᠤ ᠬᠤᠳᠠ᠎ᠶ᠋ᠢᠨ ᠵᠤᠬᠢᠶᠠᠨ ᠪᠦᠳᠤᠭᠡᠬᠦ᠌ ᠲᠠᠰᠤᠭ᠎ᠤᠨ ᠲᠡᠷᠤᠭ᠎ᠠ ᠵᠣᠸᠠᠩ ᠰᠠ ᠁ ᠵᠡᠷᠭᠡ ᠦᠯᠡᠮᠵᠢ ᠣᠯᠠᠨ ᠤᠷᠠᠯᠢᠭ᠎ᠤᠨ ᠠᠪᠢᠶᠠᠰᠳᠡᠨ ᠴᠣᠯᠭᠣᠷᠠᠨ ᠭᠠᠷᠴᠣ᠂ ᠲᠣᠰ ᠲᠣᠰ᠎ᠤᠨ ᠠᠵᠢᠯ᠎ᠤᠨ ᠪᠠᠢᠷᠢ᠎ᠳᠠᠭᠠᠨ ᠲᠣᠬ ᠪᠣᠯᠣᠨ ᠬᠢᠯᠠᠯᠵᠠᠵᠦ᠂ ᠤᠷᠠᠯᠢᠭ᠎ᠤᠨ ᠪᠦᠲᠦᠭᠡᠯ ᠶ᠋ᠢᠡᠷ ᠶ᠋ᠢᠡᠨ ᠬᠦᠮᠤᠨ ᠵᠤᠨ ᠶ᠋ᠢᠡᠨ ᠪᠠᠶᠠᠰᠬᠠᠬᠰᠠᠨ ᠪᠢᠯᠡ᠃

ᠰᠢᠨ᠎ᠡ ᠵᠠᠭᠣᠨ ᠳ᠋ᠦ ᠣᠷᠣᠬᠰᠠᠨ᠎ᠤ ᠲᠠᠷᠠᠭ᠎ᠠ᠂ ᠳ᠋ᠠ ᠡᠾᠦ᠋ᠸᠧ ᠹᠠᠨᠭ᠌ ᠭᠠᠴᠠᠭ᠎ᠠ᠎ᠶᠢᠨ ᠤᠯᠠᠭᠠᠨᠮᠦᠢ᠍ᠴᠢᠷ ᠮᠠᠯᠴᠢᠨ ᠲᠡᠷᠢᠶᠠᠴᠢᠨ ᠡᠷᠤᠭᠡ᠎ᠳᠤ ᠬᠦᠨᠵᠡᠭᠡᠢᠷᠡᠬᠦ᠌ ᠶ᠋ᠢ ᠱᠢᠨᠵᠢᠯᠡᠬᠦ᠌ ᠤᠬᠠᠭᠠᠨᠴᠢ᠎ᠪᠠᠷ ᠣᠶᠠᠯᠲᠣᠭᠣᠯᠵᠦ᠂ ᠬᠠᠮᠳᠤᠯᠢᠭ᠎ᠤᠨ ᠬᠡᠯᠪᠡᠷᠢ ᠎ᠪᠠᠷ ᠤᠯᠠᠭᠠᠨᠮᠦᠢ᠍ᠴᠢᠷ᠎ᠤᠨ ᠠᠵᠢᠯ᠎ᠢᠶᠠᠨ ᠦᠷᠬᠦᠯᠵᠢᠯᠡᠬᠦᠯᠵᠦ᠂ ᠭᠤᠷᠪᠠ ᠲᠡᠪᠤᠨ ᠬᠦᠮᠤᠨ᠎ᠢᠶᠠᠷ ᠪᠦᠷᠢᠯᠲᠦᠭᠰᠡᠨ ᠬᠠᠮᠳᠤᠯᠢᠭ᠎ᠤᠨ ᠬᠡᠯᠪᠡᠷᠢ ᠪᠡᠷ ᠦᠵᠡᠬᠦᠯᠭᠡ ᠲᠣᠬᠯᠠᠯᠲᠠ ᠪᠠᠨ ᠦᠷᠬᠦᠯᠵᠢᠯᠡᠵᠦ ᠪᠠᠢᠯ᠎ᠠ ᠃ ᠡᠬᠦᠨ᠎ᠳᠤ ᠂ 《ᠮᠦᠡᠭ᠌ᠬᠦᠨ ᠲᠤᠯᠭ᠎ᠠ ᠬᠠᠮᠳᠤᠯᠢᠭ 》 ᠂ 《ᠪᠠᠶᠠᠨ ᠤᠪᠤᠭ᠎ᠠ ᠬᠠᠮᠳᠤᠯᠢᠭ 》 ᠂ 《ᠠᠬ᠎ᠠ ᠲᠡᠬᠦᠦ ᠬᠠᠮᠳᠤᠯᠢᠭ 》᠂ 《ᠦᠯᠵᠡᠢᠳᠤ ᠬᠠᠮᠳᠤᠯᠢᠭ 》 ᠂ 《ᠱᠢᠨ᠎ᠠ ᠡᠷᠢᠨ ᠬᠠᠮᠳᠤᠯᠢᠭ 》 ᠂ 《 ᠬᠠᠰ᠎ᠤᠨ ᠴᠤᠤᠷᠢᠶ᠎ᠠ ᠬᠠᠮᠳᠤᠯᠢᠭ 》 ᠂ 《 ᠤᠷᠡᠨ ᠬᠠᠰ ᠬᠠᠮᠳᠤᠯᠢᠭ 》᠂ 《ᠬᠦᠭᠡ ᠮᠦᠴᠢᠷ ᠬᠠᠮᠳᠤᠯᠢᠭ 》 ᠂ 《ᠰᠤᠯᠤᠩᠭ᠎ᠠ ᠬᠠᠮᠳᠤᠯᠢᠭ 》 ᠁ ᠬᠡᠬᠦ᠌ ᠮᠡᠳᠤ᠎ᠶ᠋ᠢᠨ ᠬᠠᠮᠳᠤᠯᠢᠭ ᠪᠦᠯᠬᠦᠮ᠎ᠤᠨ ᠬᠡᠯᠪᠡᠷᠢ᠎ᠪᠠᠷ ᠤᠷᠡᠨ ᠰᠠᠢᠬᠠᠨ᠎ᠤ ᠲᠤᠭ᠍ᠯᠠᠯᠳᠡ᠎ᠪᠠᠨ ᠡᠷᠴᠢᠮ᠎ᠲᠠᠢ᠂ ᠬᠦᠭ᠌ᠵᠢᠶᠠᠨᠳᠡᠢ᠂ ᠴᠢᠯᠤᠭᠡ᠎ᠲᠠᠢ ᠦᠷᠨᠢᠬᠦᠯᠵᠦ᠂ ᠣᠳᠬ᠎ᠠ ᠣᠷᠠᠯᠢᠬ᠎ᠤᠨ ᠬᠦᠩᠭᠡᠨ ᠮᠣᠷᠢᠲᠣ ᠴᠡᠷᠢᠭ᠎ᠤᠨ ᠦᠢᠯᠡᠲᠦᠯ ᠶ᠋ᠢᠡᠨ ᠪᠠᠲᠠᠷᠠᠭᠣᠯᠣᠬᠰᠠᠭᠠᠷ ᠢᠷᠡᠵᠡᠢ᠃ ᠬᠠᠮᠲᠣᠯᠢᠬ ᠪᠣᠯᠣᠨ ᠪᠦᠯᠬᠦᠮ᠎ᠤᠨ ᠬᠡᠯᠪᠡᠷᠢ᠎ᠶ᠋ᠢᠨ ᠲᠤᠭ᠍ᠯᠠᠯᠳᠡ᠎ᠨᠢ ᠨᠠᠭᠠᠰᠢ ᠴᠠᠭᠠᠰᠢ ᠶᠠᠪᠤᠵᠤ ᠰᠠᠭᠣᠬᠣ᠎ᠳᠤ ᠲᠦᠬᠦᠮ ᠪᠦᠭᠡᠳ ᠲᠣᠬᠯᠠᠯᠲᠠ ᠭᠠᠷᠭᠠᠵᠦ ᠲᠠᠭᠤᠯᠠᠵᠤ ᠬᠦᠭ᠌ᠵᠢᠮᠳᠡᠬᠦ᠌᠎ᠳᠤ ᠠᠮᠠᠷᠬᠠᠨ ᠪᠠᠢᠵᠦ ᠂ ᠮᠠᠯᠴᠢᠨ ᠡᠷᠤᠭᠡ᠎ᠪᠠᠷ ᠬᠦᠨᠵᠡᠭᠡᠢᠷᠡᠨ ᠲᠤᠭ᠍ᠯᠠᠬᠤ᠎ᠳᠤ ᠲᠤᠬᠢᠷᠠᠮᠵᠢᠳᠡᠢ ᠪᠣᠯᠬᠣᠷ ᠮᠠᠯᠴᠢᠨ ᠲᠡᠷᠢᠶᠠᠴᠢᠨ᠎ᠤ ᠬᠦᠷᠢᠶᠡᠯᠡᠯ᠎ᠢ ᠣᠯᠵᠠᠢ᠃ 2023 ᠤᠨ᠎ᠤ 9 ᠰᠡᠷ᠎ᠠ᠎ᠳᠤ᠂  ᠴᠠᠬ ᠦᠶ᠎ᠡ᠎ᠶᠢᠨ ᠬᠦᠭᠵᠢᠯᠲᠡ᠎ᠶᠢᠨ ᠪᠠᠢᠲᠠᠯ ᠳ᠋ᠦ ᠵᠣᠬᠢᠴᠠᠭᠣᠯᠣᠨ᠂ ᠬᠣᠸᠠᠬᠣᠰᠢᠭᠣ ᠰᠣᠮᠣ᠎ᠶᠢᠨ ᠨᠠᠮ᠎ᠤᠨ ᠬᠣᠷᠢᠶ᠎ᠠ ᠵᠠᠰᠠᠬ᠎ᠤᠨ ᠣᠷᠲᠣᠨ ᠡᠴᠡ ᠣᠯᠠᠭᠠᠨᠮᠦᠢ᠍ᠴᠢᠷ᠎ᠤᠨ ᠬᠠᠮᠳᠤᠯᠢᠭ᠎ᠢ ᠡᠮᠬᠢᠯᠡᠨ ᠴᠡᠭ᠌ᠴᠡᠯᠡᠵᠤ᠂ ᠲᠤᠭ᠍ᠯᠠᠭ᠍ᠴᠢᠳ᠎ᠢᠶᠠᠨ ᠲᠠᠬᠢᠨ ᠰᠢᠯᠢᠨ ᠰᠣᠩᠭᠣᠵᠦ᠂ ᠬᠠᠮᠳᠤᠯᠢᠭ᠎ᠤᠨ ᠢᠳᠡᠪᠬᠢᠳᠡᠢ ᠲᠡᠯ᠎ᠠ᠎ᠶ᠋ᠢ ᠤᠯᠠᠮᠵᠢᠯᠠᠨ ᠪᠠᠲᠠᠷᠠᠭᠣᠯᠵᠦ᠂ ᠤᠯᠠᠭᠠᠨᠮᠦᠢ᠍ᠴᠢᠷ᠎ᠤᠨ ᠪᠠᠢᠭᠣᠯᠣᠮᠵᠢ ᠲᠣᠬᠲᠠᠴᠠ ᠪᠠᠨ ᠲᠣᠬᠢᠷᠠᠭᠣᠯᠣᠨ ᠰᠢᠯᠢᠲᠡᠭᠵᠢᠬᠦᠯᠵᠡᠢ᠃ ᠣᠯᠠᠭᠠᠨᠮᠦᠢ᠍ᠴᠢᠷ᠎ᠤᠨ ᠠᠵᠢᠯ᠎ᠢ ᠴᠢᠩᠭᠠᠳᠬᠠᠬᠰᠠᠨ᠎ᠤ ᠲᠠᠷᠠᠭ᠎ᠠ ᠬᠤᠸᠠᠬᠤᠱᠢᠭᠤ ᠰᠤᠮᠤ᠎ᠶ᠋ᠢᠨ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠱᠢᠬᠦᠨ ᠰᠤᠷᠭᠤᠭ ᠪᠣᠯᠣᠨ ᠰᠤᠮᠤ᠎ᠶ᠋ᠢᠨ ᠰᠤᠶᠤᠯ᠎ᠤᠨ ᠦᠷᠳᠡᠭᠡᠨ᠎ᠤ ᠲᠡᠷᠤᠭ᠎ᠠ ᠡᠤ ᠮᠸᠢ ᠬᠤᠸᠨ ᠲᠤᠭ᠍ᠯᠠᠯᠳᠡ᠎ᠶ᠋ᠢᠨ ᠴᠢᠨᠡᠷ ᠴᠢᠨᠰᠠᠭ᠎ᠠ᠎ᠶ᠋ᠢ ᠠᠳᠭᠤᠵᠤ᠂ ᠵᠢᠯ ᠴᠠᠭᠠᠨ ᠰᠡᠷ᠎ᠠ᠂ ᠪᠠᠶᠡᠷ ᠲᠤᠷᠡᠰᠭᠠᠯ᠎ᠤᠨ ᠡᠳᠤᠷ᠎ᠤᠨ ᠲᠤᠭ᠍ᠯᠠᠯᠳᠡ ᠳ᠋ᠦ ᠦᠨᠳᠤᠰᠤᠳᠡᠨ᠎ᠤ ᠤᠨᠴᠠᠯᠢᠭ᠎ᠢ ᠬᠠᠷᠠᠭᠤᠯᠤᠭ᠍ᠰᠡᠨ ᠲᠤᠭ᠍ᠯᠠᠯᠳᠡ᠎ᠪᠠᠷ ᠭᠤᠤᠯ ᠤᠨᠴᠠᠯᠢᠭ ᠪᠤᠯᠭᠠᠵᠤ᠂ ᠣᠯᠠᠭᠠᠨᠮᠦᠢ᠍ᠴᠢᠷ᠎ᠤᠨ ᠦᠢᠯᠡᠲᠦᠯ ᠶ᠋ᠢᠡᠨ ᠪᠠᠲᠠᠷᠠᠭᠣᠯᠣᠬᠰᠠᠨ ᠪᠠᠢᠨ᠎ᠠ ᠃

ᠨᠢᠭᠡ ᠳ᠋ᠦ ᠴᠠᠭᠠᠷᠠᠵᠦ ᠣᠯᠠᠨ ᠳ᠋ᠦ ᠮᠡᠷᠭᠡᠰᠢᠬᠦ ᠪᠣᠯ ᠣᠯᠠᠭᠠᠨᠮᠦᠢ᠍ᠴᠢᠷ᠎ᠤᠨ ᠦᠨᠳᠦᠰᠦᠨ ᠪᠠᠷᠢᠮᠲᠠᠯᠠᠯ᠃  ᠵᠢᠷᠠᠨ ᠵᠢᠯ᠎ᠤᠨ ᠲᠣᠷᠰᠢ᠂  ᠳ᠋ᠠ ᠡᠾᠦ᠋ᠸᠧ ᠹᠠᠨᠭ᠌ ᠭᠠᠴᠠᠭ᠎ᠠ᠎ᠶᠢᠨ ᠤᠯᠠᠭᠠᠨᠮᠦᠢ᠍ᠴᠢᠷ᠎ᠤᠨ ᠲᠣᠬᠯᠠᠬᠴᠢᠳ᠎ᠤᠨ ᠦᠪᠡᠰᠦᠪᠡᠨ ᠵᠤᠬᠢᠶᠠᠵᠤ᠂ ᠦᠪᠡᠰᠦᠪᠡᠨ ᠲᠤᠭ᠍ᠯᠠᠭ᠍ᠰᠡᠨ ᠲᠤᠭ᠍ᠯᠠᠯᠳᠡ᠎ᠳᠤ 20 ᠲᠠᠭᠤᠤ᠂ 22 ᠬᠤᠯᠪᠤᠭ᠎ᠠ᠂ 9 ᠪᠦᠵᠢᠭ ᠪᠠ 6 ᠵᠦᠴᠤᠭᠡ ᠵᠡᠷᠭᠡ ᠨᠠᠢᠳᠡ ᠲᠡᠪᠢᠨ ᠲᠤᠯᠤᠭᠠᠨ ᠲᠤᠭ᠍ᠯᠠᠯᠳᠡ ᠪᠠᠢᠵᠦ᠂ ᠣᠷᠢᠳ ᠬᠣᠵᠢᠳ 2500 ᠲᠠᠯᠠᠪᠠᠢ ᠲᠣᠬᠯᠠᠯᠲᠠ ᠭᠠᠷᠭᠠᠵᠠᠢ᠃ ᠣᠯᠠᠭᠠᠨᠮᠦᠢ᠍ᠴᠢᠷ᠎ᠤᠨ ᠦᠪᠡᠰᠦᠪᠡᠨ ᠵᠣᠬᠢᠶᠠᠬᠰᠠᠨ ᠬᠠᠮᠤᠭ ᠠᠩᠬᠠᠨ᠎ᠤ ᠲᠠᠭᠤᠤ᠎ᠨᠢ 《ᠴᠡᠴᠡᠭ᠌ᠯᠡᠨ ᠬᠦᠭ᠌ᠵᠢᠭᠡ ᠳ᠋ᠠ ᠡᠾᠦ᠋ᠸᠧ ᠹᠠᠨᠭ᠌》 ᠬᠡᠳᠡᠭ ᠲᠠᠭᠤᠤ ᠪᠠᠢᠵᠤ ᠂ ᠣᠯᠠᠭᠠᠨᠮᠦᠢ᠍ᠴᠢᠷ᠎ᠤᠨ ᠬᠠᠮᠤᠭ ᠠᠩᠬᠠᠨ᠎ᠤ ᠲᠦᠷᠪᠡᠨ ᠤᠳᠡᠰᠤᠳᠤ ᠬᠤᠭᠤᠷᠴᠢ ᠨᠢ ᠯᠠᠪᠵᠡᠢ ᠪᠠᠢᠵᠦ᠂ 《ᠬᠤᠸᠠᠬᠤᠱᠢᠭᠤ᠎ᠶ᠋ᠢᠨ ᠮᠠᠯᠴᠢᠳ ᠠᠮᠤᠭᠤᠯᠠᠩ ᠳ᠋ᠠ》 ᠬᠡᠰᠡᠨ ᠲᠠᠭᠤᠤ ᠨᠢ ᠰᠣᠮᠣ᠎ᠶᠢᠨ ᠰᠦᠯᠲᠡ ᠲᠠᠭᠣᠣ ᠪᠡᠷ ᠲᠣᠬᠲᠠᠭᠠᠬᠲᠠᠵᠦ᠂ ᠠᠩᠬ᠎ᠠ ᠣᠲᠠᠭ᠎ᠠ ᠬᠢᠳᠡᠳ ᠬᠡᠯᠡ᠎ᠪᠠᠷ ᠵᠤᠬᠢᠶᠠᠭ᠍ᠳᠠᠭ᠍ᠰᠡᠨ ᠲᠠᠭᠤᠤ ᠪᠤᠯ 《ᠪᠢᠳᠡ ᠪᠤᠯ ᠵᠠᠮ ᠵᠠᠰᠠᠬᠤ ᠠᠵᠢᠯᠴᠢᠨ》 ᠬᠡᠰᠡᠨ ᠲᠠᠭᠤᠤ ᠪᠠᠢᠵᠤ᠂ ᠣᠯᠠᠭᠠᠨᠮᠦᠢ᠍ᠴᠢᠷ᠎ᠤᠨ ᠦᠪᠡᠰᠦᠪᠡᠨ ᠣᠲᠣᠷᠢᠲᠣᠨ ᠲᠣᠬᠯᠠᠬᠰᠠᠨ ᠬᠠᠮᠤᠭ ᠠᠩᠬᠠᠨ᠎ᠤ ᠴᠠᠭᠠᠨ ᠰᠡᠷ᠎ᠠ᠎ᠶ᠋ᠢᠨ ᠦᠳᠡᠱᠢᠯᠡᠭᠡ ᠪᠤᠯ 《ᠠᠮᠤᠭᠤᠯᠠᠩ ᠬᠤᠸᠠᠬᠤᠱᠢᠭᠤ》 ᠬᠡᠰᠡᠨ ᠴᠠᠭᠠᠨ ᠰᠡᠷ᠎ᠠ᠎ᠶ᠋ᠢᠨ ᠦᠳᠡᠱᠢᠯᠡᠭᠡ ᠪᠠᠢᠵᠤ᠂ ᠪᠠᠰᠠ 《ᠲᠤᠮᠳᠠᠳᠤ᠎ᠶ᠋ᠢᠨ ᠰᠠᠢᠨ ᠬᠦᠮᠤᠨ — ᠪᠤᠤ ᠳ᠋ᠠᠰᠢ》 ᠬᠡᠳᠡᠭ ᠪᠢᠴᠢᠯ ᠺᠢᠨᠣ᠋  ᠪᠠᠨ ᠰᠡᠬᠦᠲᠡᠷᠯᠡᠵᠦ ᠦᠢᠯᠡᠲᠦᠭᠰᠡᠨ ᠪᠠᠢᠨ᠎ᠠ ᠃


ᠵᠢᠷᠠᠨ ᠵᠢᠯ ᠎ᠤᠨ ᠪᠠᠷᠢᠮᠲᠠᠯᠠᠯ᠂ ᠵᠢᠷᠦᠭᠡᠨ ᠡᠴᠡ ᠲᠡᠯᠭᠡᠷᠡᠭᠰᠡᠨ ᠣᠷᠠᠯᠢᠬ᠎ᠤᠨ ᠴᠡᠴᠡᠭᠡᠰ᠃ 2024 ᠤᠨ᠎ᠳᠤ᠂ ᠳ᠋ᠠ ᠡᠾᠦ᠋ᠸᠧ ᠹᠠᠨᠭ᠌ ᠭᠠᠴᠠᠭ᠎ᠠ᠎ᠶᠢᠨ ᠤᠯᠠᠭᠠᠨᠮᠦᠢ᠍ᠴᠢᠷ ᠪᠠᠢᠭᠤᠯᠤᠭ᠍ᠳᠠᠭ᠍ᠰᠡᠨ 60 ᠵᠢᠯ᠎ᠤᠨ ᠤᠢ᠎ᠪᠠᠨ ᠦᠪᠡᠳᠡᠭ᠌ᠰᠢ ᠶᠡᠭᠡ᠎ᠪᠠᠷ ᠲᠡᠮᠲᠡᠭᠯᠡᠵᠦ᠂ ᠣᠷᠠᠨ ᠰᠠᠢᠬᠠᠨ᠎ᠤ ᠭᠣᠴᠣ ᠲᠣᠬᠯᠠᠯᠲᠠ ᠪᠡᠷ ᠶ᠋ᠢᠡᠨ ᠦᠷᠭᠡᠨ ᠣᠯᠠᠨ ᠮᠠᠯᠴᠢᠨ ᠲᠠᠷᠢᠶᠠᠴᠢᠨ᠎ᠤ ᠬᠠᠷᠠᠭ᠎ᠠ ᠰᠣᠨᠣᠷ᠎ᠢ ᠪᠠᠶᠠᠰᠬᠠᠵᠠᠢ᠃ ᠡᠨᠡ ᠵᠢᠯ ᠣᠯᠠᠭᠠᠨᠮᠦᠢ᠍ᠴᠢᠷ ᠨᠢ ᠣᠷᠢᠳ ᠬᠣᠵᠢᠳ ᠬᠣᠸᠠᠬᠣᠰᠢᠭᠣ ᠰᠣᠮᠣ ᠶ᠋ᠢᠨ ᠡᠮᠦᠨ᠎ᠡ ᠲᠡᠮᠡᠭᠡᠨ ᠲᠠᠯᠠᠪᠠᠢ ᠭᠠᠴᠠᠭ᠎ᠠ᠂ ᠬᠠᠬ ᠎ᠤᠨ ᠰᠦᠮ᠎ᠡ ᠭᠠᠴᠠᠭ᠎ᠠ ᠵᠡᠷᠭᠡ ᠪᠡᠷ ᠬᠦᠨᠵᠡᠭᠡᠢᠷᠡᠨ《ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ 》 ᠭᠣᠣᠯ ᠰᠡᠳᠦᠪᠲᠦ ᠲᠣᠭᠣᠷᠢᠨ ᠲᠣᠬᠯᠠᠯᠲᠠ᠎ᠶᠢᠨ ᠠᠵᠢᠯᠯᠠᠭ᠎ᠠ ᠦᠷᠨᠢᠬᠦᠯᠵᠦ᠂ ᠬᠣᠷᠴᠢᠨ ᠵᠡᠬᠦᠨ ᠭᠠᠷᠣᠨ ᠲᠣᠮᠲᠠᠲᠣ ᠬᠣᠰᠢᠭᠣᠨ ᠎ᠤ ᠨᠠᠮ ᠎ᠤᠨ ᠬᠣᠷᠢᠶ᠎ᠠ᠎ᠶᠢᠨ ᠣᠬᠠᠭᠣᠯᠬᠣ ᠬᠡᠯᠲᠡᠰ ᠡᠴᠡ  ᠡᠷᠬᠢᠯᠡᠭᠰᠡᠨ ᠲᠠᠷᠬᠠᠨ ᠲᠠᠭᠣᠴᠢᠨ ᠴᠠᠭᠠᠨᠪᠠᠷᠰ᠎ᠤᠨ ᠮᠡᠨᠲᠦᠯᠡᠭᠰᠡᠨ 100 ᠵᠢᠯ᠎ᠤᠨ ᠣᠢ᠎ᠶᠢ ᠲᠣᠷᠠᠰᠬᠠᠬᠣ ᠬᠣᠷᠴᠢᠨ ᠠᠷᠠᠳ᠎ᠤᠨ ᠲᠠᠭᠣᠣ᠎ᠶᠢᠨ ᠣᠷᠣᠯᠲᠣᠭᠠᠨ ᠳ᠋ᠦ 《ᠬᠠᠮᠣᠬ᠎ᠤᠨ ᠰᠢᠯᠢᠲᠡᠭ ᠲᠣᠬᠯᠠᠯᠲᠠ》 ᠪᠣᠯᠣᠨ《ᠬᠠᠮᠣᠬ ᠡᠴᠡ ᠲᠠᠭᠠᠰᠢᠶᠠᠬᠲᠠᠬᠰᠠᠨ ᠱᠠᠩᠨᠠᠯ》 ᠭᠡᠬᠦ ᠬᠣᠱᠣᠢ ᠱᠠᠩ ᠲᠣᠰᠴᠠᠢ᠃ ᠣᠲᠣᠬᠠᠨ ᠳ᠋ᠦ ᠳ᠋ᠠ ᠾᠦᠸᠸ ᠹᠠᠩ ᠭᠠᠴᠠᠭ᠎ᠠ᠎ᠶᠢᠨ ᠣᠯᠠᠭᠠᠨᠮᠦᠢ᠍ᠴᠢᠷ ᠨᠢ 60 ᠵᠢᠯ᠎ᠤᠨ ᠲᠤᠷᠱᠢᠬᠢ ᠵᠠᠮᠨᠠᠯ ᠶ᠋ᠢᠡᠨ ᠡᠷᠬᠢᠴᠡᠬᠦᠯᠦᠨ ᠲᠡᠢᠰᠠᠨ᠎ᠤ ᠲᠤᠭ᠍ᠯᠠᠯᠳᠡ᠎ᠶ᠋ᠢᠨ ᠮᠠᠲ᠋ᠧᠷᠢᠶᠡᠯ᠎ᠢᠶᠠᠨ ᠡᠮᠬᠢᠳᠭᠡᠵᠦ 《ᠵᠢᠷᠤᠭᠡᠨ᠎ᠠᠴᠠ ᠲᠡᠯᠭᠡᠷᠡᠭ᠌ᠰᠡᠨ ᠤᠷᠠᠯᠢᠭ᠎ᠤᠨ ᠴᠡᠴᠡᠭᠡᠰ》 ᠬᠡᠮᠡᠬᠦ᠌ ᠨᠤᠮ ᠪᠤᠯᠭᠠᠨ ᠬᠡᠪᠯᠡᠬᠦᠯᠵᠦ᠂ ᠦᠨᠳᠦᠰᠦᠨ ᠱᠠᠲᠣᠨ᠎ᠤ ᠤᠯᠠᠭᠠᠨᠮᠦᠢ᠍ᠴᠢᠷ᠎ᠤᠨ ᠲᠠᠭᠤᠤ ᠬᠤᠭᠤᠷ᠎ᠤᠨ ᠡᠭᠡᠱᠢᠭ᠎ᠢ ᠲᠠᠶᠠᠩ ᠤ᠋ᠨ ᠰᠣᠨᠣᠷ᠂ ᠲᠡᠪᠲᠡᠷ ᠨᠤᠮ ᠎ᠤᠨ ᠠᠯᠳᠠᠨ ᠬᠠᠭᠤᠳᠡᠰᠤᠨ᠎ᠠ ᠵᠢᠷᠬᠢᠬᠦᠯᠬᠦ᠌᠎ᠪᠠᠷ ᠮᠡᠷᠠᠢᠨ ᠵᠢᠳᠬᠦᠭᠰᠡᠭᠡᠷ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号