ᠡᠪᠤᠯ ᠢᠷᠡᠭ᠌ᠰᠡᠨ ᠱᠢᠦ
2025-12-03 15:12:36
ᠵᠣᠬᠢᠶᠠᠭ᠍ᠴᠢ᠄
ᠪᠤ·ᠤᠶᠤᠨᠰᠣᠪᠤᠳ
ᠣᠩᠱᠢᠭ᠍ᠰᠠᠨ ᠣᠳᠠᠭ᠎ᠠ᠄
★★★☆☆

              (ᠭᠠᠲᠠᠨ᠎ᠠ ᠨᠢᠭᠡ)

ᠪᠦᠳᠡᠭ᠌ᠬᠡᠨ ᠲᠡᠭ᠌ᠷᠢ᠎ᠲᠠᠢ᠂ ᠪᠦᠷ ᠰᠠᠢᠬᠠᠨ ᠴᠠᠰᠤ᠎ᠲᠠᠢ

ᠴᠠᠰᠤᠨ᠎ᠳᠤ ᠴᠣᠷᠣᠯᠵᠠᠬᠤ ᠡᠪᠡᠰᠦᠨ᠎ᠤ ᠵᠢᠷᠤᠭ᠎ᠲᠠᠢ

ᠴᠠᠰᠤ᠎ᠶ᠋ᠢ ᠱᠢᠬᠢᠳᠭᠡᠭ᠌ᠰᠡᠨ ᠠᠯᠠᠭ ᠨᠠᠪᠴᠢᠰ᠎ᠲᠠᠢ

ᠡᠪᠤᠯ᠎ᠤᠨ ᠠᠭᠤᠷ ᠨᠠᠮ ᠨᠠᠮᠤᠭᠤᠬᠠᠨ ᠬᠦᠷᠦᠭᠡᠳ ᠢᠷᠡᠵᠡᠢ

ᠡᠵᠢ᠎ᠶ᠋ᠢᠨ ᠭᠡᠷ᠎ᠤᠨ ᠲᠤᠯᠭ᠎ᠠ᠎ᠶ᠋ᠢᠨ ᠢᠯᠴᠢᠨ᠎ᠳᠤ ᠪᠦᠯᠢᠶᠡᠰᠬᠦ᠌ ᠭᠡᠵᠤ ᠢᠷᠡᠵᠡᠢ


ᠴᠡᠪᠡᠷᠬᠡᠨ ᠠᠮᠢᠰᠭᠤᠭ᠎ᠠ᠎ᠲᠠᠢ᠂ ᠪᠦᠷ ᠶᠡᠭᠡ ᠮᠠᠨᠠᠨ᠎ᠲᠠᠢ

ᠲᠡᠷᠯᠢᠭ ᠨᠡᠪᠲᠡ ᠵᠢᠩᠳᠡᠭᠦᠦ ᠬᠦᠢᠳᠡᠨ᠎ᠲᠠᠢ

ᠲᠡᠭ᠌ᠷᠢ᠎ᠶ᠋ᠢᠨ ᠬᠢᠵᠠᠭᠠᠷ ᠎ᠢ ᠨᠡᠪᠲᠡᠯᠦᠮ᠎ᠡ ᠴᠡᠭᠡᠨ ᠭᠡᠷᠡᠯ᠎ᠲᠠᠢ

ᠡᠪᠤᠯ᠎ᠤᠨ ᠠᠭᠤᠷ ᠴᠠᠭ᠎ᠤᠨ ᠡᠭᠡᠯᠵᠢᠨ᠎ᠳᠡᠭᠡᠨ ᠰᠡᠮ ᠰᠡᠮᠬᠡᠨ ᠢᠷᠡᠵᠡᠢ

ᠠᠪᠤ᠎ᠶ᠋ᠢᠨ ᠠᠷᠠᠰᠤᠨ ᠳᠠᠬᠤ᠎ᠳᠤ ᠲᠤᠯᠠᠭᠠᠴᠠᠬᠤ ᠭᠡᠵᠤ ᠢᠷᠡᠵᠡᠢ


ᠪᠤᠷᠣ ᠤᠰᠣᠨ᠎ᠤ ᠠᠩᠭᠢᠷ ᠶᠤᠮ ᠦᠦ ᠳ᠋ᠠ ᠪᠢᠳᠡ


ᠰᠡᠳᠭᠢᠯ᠎ᠤᠨ ᠦᠨᠦᠷ᠂ ᠤᠬᠠᠭᠠᠨ᠎ᠤ ᠭᠡᠷᠡᠯ ᠠᠰᠭᠠᠷᠠᠭ᠍ᠰᠠᠨ ᠪᠤᠷᠣ ᠤᠰᠣᠨ᠎ᠤ

ᠨᠠᠷᠠ ᠰᠠᠷᠠ᠎ᠲᠠᠢ᠎ᠪᠠᠨ ᠡᠭᠡᠯᠵᠢᠯᠡᠨ ᠠᠮᠠᠷᠠᠭᠠᠳ ᠭᠠᠷᠤᠭ᠍ᠰᠠᠨ

ᠪᠤᠷᠣ ᠪᠤᠷᠣ᠎ᠶ᠋ᠢᠨ ᠱᠢᠪᠠᠭᠤᠳ᠎ᠨᠢ ᠶᠣᠮ ᠦᠦ ᠳ᠋ᠠ ᠪᠢᠳᠡ

ᠪᠠᠢᠨ ᠪᠠᠢᠨ ᠮᠦᠷᠦᠭᠡᠳᠦᠯ᠎ᠳᠤ ᠬᠤᠷᠭᠤᠳᠠᠭᠠᠳ

ᠪᠤᠴᠠᠬᠤ᠎ᠪᠠᠨ ᠮᠠᠷᠳᠠᠭ᠍ᠰᠠᠨ ᠡᠩᠬᠦᠷᠡᠢ ᠶᠤᠮ ᠦᠦ ᠳ᠋ᠠ ᠪᠢᠳᠡ


ᠬᠠᠢᠷ᠎ᠠ᠎ᠶ᠋ᠢᠨ ᠪᠠᠶᠠᠨ᠂ ᠵᠢᠰᠦᠨ᠎ᠤ ᠭᠡᠭᠡᠨ᠎ᠳᠡᠭᠡᠨ ᠴᠡᠮᠴᠡᠢᠭ᠌ᠰᠡᠨ ᠴᠢᠪᠠᠭ᠎ᠠ᠎ᠶ᠋ᠢᠨ ᠠᠭᠤᠯᠠᠨ᠎ᠤ

ᠽᠠᠮᠪᠤᠯᠢᠩ᠎ᠤᠨ ᠴᠠᠰᠦ᠂ ᠭᠤᠪᠢ᠎ᠶ᠋ᠢᠨ ᠰᠠᠯᠬᠢ᠎ᠲᠠᠢ᠎ᠪᠠᠨ ᠬᠦᠯ ᠠᠯᠳᠠᠭᠠᠳ ᠰᠠᠭᠠᠳᠠᠭᠰᠠᠨ

ᠴᠢᠨ ᠴᠢᠨ᠎ᠤ ᠱᠢᠪᠠᠭᠤᠳ ᠨᠢ ᠶᠤᠮ ᠦᠦ ᠳ᠋ᠠ ᠪᠢᠳᠡ

ᠪᠠᠶᠠᠷ ᠭᠤᠨᠢᠭ᠎ᠲᠤ ᠠᠳᠠᠯᠢᠬᠠᠨ ᠠᠭᠤᠰᠤᠯᠴᠠᠭ᠍ᠰᠠᠨ

ᠡᠷᠲᠡᠨ᠎ᠤ ᠲᠠᠭᠤᠤ ᠬᠤᠭᠤᠷ᠎ᠤᠨ ᠡᠭᠡᠱᠢᠭ᠎ᠨᠢ ᠶᠤᠮ ᠦᠦ ᠳ᠋ᠠ ᠪᠢᠳᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号