ᠱᠢᠯᠦᠭ ᠮᠡᠨᠳᠦᠯᠡᠬᠦ᠌ ᠭᠱᠠᠨ᠎ᠳᠤ ᠪᠢ ᠭᠠᠳᠠᠭ᠎ᠠ ᠪᠠᠢᠬᠤ ᠶᠤᠮ
ᠤᠪᠠᠢᠨ᠎ᠳᠤ ᠦᠭᠡᠢ ᠪᠠᠢᠬᠤ᠎ᠳᠤ ᠱᠢᠯᠦᠭ ᠮᠡᠨᠳᠦᠯᠡᠬᠦ᠌ ᠯᠡ ᠶᠤᠮ
ᠮᠢᠨᠦ᠍ ᠰᠠᠨᠠᠭ᠎ᠠ᠎ᠪᠠᠷ ᠶᠡᠷᠦ᠍᠎ᠨᠢ ᠪᠤᠯᠵᠤ ᠦᠭ᠌ᠬᠦ ᠦᠭᠡᠢ ᠶᠤᠮ
ᠮᠢᠩᠭ᠎ᠠ ᠮᠢᠩᠭᠠᠨ ᠱᠢᠯᠦᠭ ᠢᠩᠬᠢᠵᠦ᠍ ᠶᠢᠷᠲᠢᠨᠴᠦ᠍ ᠵᠤᠯᠠᠢᠳᠠᠬᠤ ᠶᠤᠮ
ᠬᠡᠨ ᠨᠢᠭᠡᠨ ᠨᠠᠳᠠ᠎ᠳᠤ ᠬᠠᠢᠷ᠎ᠠ ᠱᠢᠪᠡᠨᠡᠬᠦ᠌ᠳᠤ ᠱᠢᠯᠦᠭ ᠲᠦᠷᠦᠭ᠌ᠳᠡᠬᠦ᠌ ᠶᠤᠮ
ᠬᠡᠳᠦᠢ᠎ᠳᠤ ᠬᠠᠮᠢᠶ᠎ᠠ ᠦᠭᠡᠢ ᠭᠡᠴᠡᠬᠦᠦ ᠲᠦᠯᠢᠬᠦ᠌ ᠶᠤᠮ
ᠬᠡᠩᠭᠡᠷᠭᠡ ᠴᠠᠩ᠎ᠲᠠᠢ ᠢᠷᠡᠬᠦ᠌ ᠦᠭᠡᠢ ᠲᠡᠷᠡ ᠦᠷ᠎ᠡ
ᠭᠡᠭᠦᠳᠡᠭ ᠴᠡᠭᠡᠵᠢ᠎ᠶ᠋ᠢ ᠭᠡᠢᠭᠦᠯᠦᠭᠡᠳ ᠬᠠᠴᠢᠨ ᠠᠮᠤᠷᠯᠢᠬᠤ ᠶᠤᠮ
ᠰᠠᠯᠬᠢ ᠬᠦᠭᠡᠮᠡᠢᠯᠡᠬᠦ᠌ᠳᠤ ᠱᠢᠯᠦᠭ ᠪᠦᠳᠦᠬᠦ᠌ ᠶᠤᠮ
ᠰᠠᠢᠨ ᠤᠤ ᠪᠠᠢᠬᠳᠤᠨ ᠰᠠᠢᠨ ᠭᠡᠳ ᠳᠠᠭᠤᠯᠠᠭᠠᠳ ᠪᠠᠢᠬᠤ ᠶᠤᠮ
ᠰᠠᠯᠠᠭ᠎ᠠ ᠰᠡᠬᠦᠯ᠎ᠢᠶᠠᠨ ᠮᠢᠳᠠᠰ ᠭᠤᠳᠤᠰ ᠬᠢᠯᠭᠡᠭᠡᠳ ᠱᠠᠭᠠᠵᠠᠭᠠᠢ ᠱᠠᠭ᠍ᠰᠢᠭᠠᠳ ᠪᠠᠢᠬᠤ ᠶᠤᠮ
ᠰᠠᠢᠬᠠᠨ ᠪᠦᠬᠦᠨ᠎ᠤ ᠲᠡᠢᠰᠢ ᠽᠠᠮᠪᠦᠯᠢᠩ ᠡᠷᠭᠢᠬᠦ᠌ ᠰᠤᠪᠢᠩ᠎ᠲᠠᠢ ᠶᠤᠮ
ᠨᠠᠷᠠᠲᠠᠢ ᠪᠤᠷᠤᠭ᠎ᠠ ᠤᠷᠤᠬᠤ᠎ᠳᠤ ᠱᠢᠯᠦᠭ ᠠᠪᠤᠨ ᠲᠦᠷᠡᠯᠵᠡᠬᠦ᠌ ᠶᠤᠮ
ᠨᠠᠮᠠᠶ᠋ᠢ ᠤᠷᠤᠯᠠᠵᠤ ᠵᠤᠨ᠎ᠤ ᠴᠡᠴᠡᠭᠡᠰ ᠪᠤᠢᠯᠠᠵᠤ ᠪᠠᠢᠬᠤ ᠶᠤᠮ
ᠨᠠᠮᠬᠠᠨ ᠠᠭᠤᠯᠠᠰ ᠨᠠᠳᠠ᠎ᠲᠠᠢ ᠠᠳᠠᠯᠢ ᠵᠢᠷᠭᠠᠵᠤ ᠪᠠᠢᠬᠤ ᠶᠤᠮ
ᠨᠠᠮᠠᠭᠠᠨ᠎ᠳᠤᠨᠢ ᠡᠭᠦᠷᠯᠡᠬᠦ᠌ ᠰᠠᠷᠠᠨ ᠬᠦᠮᠦᠰᠭᠡᠯᠡᠭᠡᠳ ᠪᠠᠢᠬᠤ ᠶᠤᠮ
ᠭᠤᠷᠤᠬᠠᠨᠤ ᠠᠶᠠᠯᠭᠤᠳᠤ ᠤᠳᠤᠳ ᠰᠠᠭᠠᠮᠠᠱᠢᠬᠤᠳᠤ ᠱᠢᠯᠦᠭ ᠦᠨᠡᠭᠡᠴᠢᠯᠡᠬᠦ᠌ ᠶᠤᠮ
ᠠᠷᠪᠠᠢ ᠬᠡᠭᠡᠷ᠎ᠡ᠎ᠶ᠋ᠢᠨ ᠠᠮᠢᠰᠭᠤᠭ᠎ᠠ᠎ᠶ᠋ᠢ ᠱᠢᠨ᠎ᠤᠨ ᠠᠮᠰᠠᠬᠤ ᠶᠤᠮ
ᠨᠠᠮ ᠭᠥᠮᠢ ᠬᠢᠷᠦᠭᠡᠳᠡᠨ ᠲᠤᠤᠭᠠᠷᠭᠠᠬᠤ ᠦᠳᠡᠰᠢ᠎ᠶ᠋ᠢᠨ ᠲᠤᠯᠠᠭᠠᠨ ᠶᠤᠮ
ᠠᠳᠤᠭᠣᠳ ᠲᠤᠷᠭᠢᠬᠤ᠎ᠳᠤ ᠠᠢᠯ᠎ᠤᠨ ᠠᠮᠤᠭᠤᠯᠠᠩ ᠬᠠᠶᠠᠭᠠᠨ᠎ᠳᠤ ᠬᠡᠪᠢᠬᠦ᠌ ᠶᠤᠮ
ᠡᠷᠦᠭᠡ᠎ᠪᠠᠨ ᠰᠡᠭᠦᠲᠡᠯᠡ ᠦᠷᠯᠦᠭᠡ᠎ᠶ᠋ᠢᠨ ᠠᠭᠠᠷ ᠴᠢᠳᠭᠤᠯᠠᠨ ᠤᠷᠤᠵᠤ ᠢᠷᠡᠬᠦ᠌ ᠶᠤᠮ
ᠪᠦᠬᠦ᠌ ᠪᠡᠶ᠎ᠡ᠎ᠶ᠋ᠢ ᠰᠠᠮᠨᠠᠨ ᠲᠤᠳᠤᠭ᠍ᠰᠢᠯᠠᠬᠤᠨᠢ ᠱᠢᠯᠦᠭ ᠶᠤᠮ
ᠡᠬᠡ ᠤᠷᠤᠨ᠎ᠠᠴᠠ ᠪᠦᠳᠦᠬᠦ᠌ ᠲᠤᠷᠤᠨ᠎ᠠ᠎ᠶ᠋ᠢᠨ ᠽᠠᠮᠪᠤᠯᠢᠩ ᠶᠤᠮ
ᠡᠳᠦᠷ ᠪᠦᠷᠢ᠎ᠶ᠋ᠢᠨ ᠠᠯᠠᠭᠠᠨ᠎ᠳᠤ ᠲᠡᠯᠭᠡᠷᠡᠬᠦ᠌ ᠭᠡᠭᠡᠨ ᠲᠠᠪᠢᠯᠠᠩ ᠶᠤᠮ
ᠱᠢᠷᠬᠡᠭ ᠡᠪᠡᠰᠦᠨ᠎ᠠᠴᠠ ᠤᠩᠱᠢᠭ᠍ᠳᠠᠬᠤ ᠨᠤᠳᠤᠭ᠎ᠤᠨ ᠦᠨᠦᠷᠳᠡᠢ ᠱᠢᠯᠦᠭ ᠶᠤᠮ
ᠱᠢᠩᠭᠡᠨ ᠪᠦᠷᠦᠢ᠎ᠶ᠋ᠢᠨ ᠲᠤᠤᠷ᠎ᠠ ᠲᠤᠮᠤᠭ᠍ᠷᠠᠬᠤ ᠴᠢᠮᠡᠭᠡ ᠦᠭᠡᠢ ᠦᠯᠡᠮᠵᠢ᠎ᠶ᠋ᠢᠨ ᠴᠢᠨᠠᠷ ᠶᠤᠮ
ᠱᠢᠮᠳᠠᠨ ᠴᠢᠩᠨᠠᠬᠤ ᠬᠠᠯᠠᠭᠤᠨ ᠱᠢᠷᠤᠢ᠎ᠶ᠋ᠢᠨ ᠠᠩᠬᠢᠯᠤᠮ᠎ᠠ ᠬᠦᠰᠡᠯ ᠶᠤᠮ
ᠲᠦᠷᠪᠡᠨ ᠴᠠᠭ᠎ᠤᠨ ᠲᠦᠷᠦᠭᠡᠨ᠎ᠳᠤ ᠲᠡᠯᠪᠢᠯᠡᠬᠦ᠌ ᠰᠦ ᠶᠤᠮ
ᠭᠠᠵᠠᠷ ᠲᠡᠭ᠌ᠷᠢ᠎ᠶ᠋ᠢᠨ ᠰᠠᠪᠰᠠᠯᠭᠠᠨᠳᠤ ᠨᠡᠬᠦᠳᠡᠯᠯᠡᠬᠦ ᠨᠢ ᠤᠨ ᠵᠢᠯ᠎ᠤᠳ ᠶᠤᠮ
ᠭᠠᠯᠪᠠ᠎ᠶ᠋ᠢᠨ ᠥᠨᠳᠡᠭᠡ ᠲᠠᠷᠤᠬᠤ ᠱᠢᠪᠠᠭᠤᠨ᠎ᠤ ᠡᠯᠢᠭᠡᠨ ᠢᠯᠴᠢ᠎ᠨᠢ ᠱᠢᠯᠦᠭ ᠶᠤᠮ
ᠭᠠᠨᠳᠢ᠎ᠶ᠋ᠢᠨ ᠮᠤᠳᠤᠨ ᠲᠠᠶᠠᠭ ᠲᠤᠤᠷᠠᠬᠢ ᠠᠭᠤᠤ ᠶᠡᠭᠡ ᠠᠭᠤᠯᠠ ᠤᠰᠤᠨ ᠶᠤᠮ
ᠬᠤᠷᠤᠭᠤᠨ ᠤᠷᠤᠮ᠎ᠠᠴᠠ ᠬᠠᠩᠬᠤᠯᠬᠤ ᠤᠷᠳᠤᠷᠢᠭ ᠦᠷᠭᠡᠷᠢᠭ ᠶᠤᠮ
ᠬᠦᠷᠡᠩ ᠪᠦᠷᠭᠦᠳ ᠢᠨᠴᠠᠭᠠᠬᠤ᠎ᠳᠤ ᠱᠢᠯᠦᠭ᠎ᠤᠨ ᠦᠳᠦ ᠰᠤᠳᠤ ᠪᠦᠷᠢᠳᠬᠦ᠌ ᠶᠤᠮ
ᠬᠦᠨᠦᠭ᠎ᠲᠤ ᠠᠢᠷᠠᠭ ᠭᠡᠴᠡᠬᠦᠦ ᠱᠤᠤᠬᠢᠬᠤ ᠶᠤᠮ
ᠬᠦᠯᠤᠨ ᠬᠠᠯᠠᠭᠤᠨ ᠮᠦᠷ ᠳᠦᠭᠦᠷᠡᠩ ᠤᠷᠴᠢᠯᠠᠩ᠎ᠤᠨ ᠭᠡᠭᠡ ᠠᠨᠢᠷᠯᠠᠬᠤ ᠶᠤᠮ
ᠬᠦᠯᠦᠭ᠎ᠤᠨ ᠳᠡᠯ᠎ᠳᠤ ᠲᠦᠷᠡᠯᠵᠡᠬᠦ᠌ ᠲᠤᠤᠯᠢ᠎ᠶ᠋ᠢᠨ ᠲᠡᠯᠡᠭᠡᠢ᠎ᠪᠠᠨ ᠲᠡᠬᠦᠷᠬᠦ᠌ ᠶᠤᠮ
ᠨᠠᠪᠴᠢᠨ᠎ᠤ ᠦᠩᠭᠡ ᠳᠡᠷᠡᠯᠡᠬᠦ᠌ ᠱᠢᠯᠦᠭ᠎ᠤᠨ ᠬᠡᠯᠡ ᠰᠦᠨᠡᠰᠦ᠎ᠲᠠᠢ ᠶᠤᠮ
ᠨᠠᠮᠤᠷ ᠨᠠᠮᠤᠷ ᠨᠢᠭᠡ ᠤᠳᠠᠭ᠎ᠠ ᠦᠨᠳᠦᠰᠦ᠎ᠪᠠᠨ ᠦᠭᠡᠢᠯᠡᠵᠦ᠍ ᠪᠤᠴᠠᠬᠤ ᠶᠤᠮ
ᠨᠠᠮᠠᠶ᠋ᠢ ᠴᠢᠮᠠᠶ᠋ᠢ ᠬᠦᠨᠳᠡᠭᠡᠬᠦ᠌ ᠬᠦᠨ ᠠᠯᠤᠰ᠎ᠤᠨ ᠮᠦᠷᠦᠭᠡᠳᠦᠯ ᠶᠤᠮ
ᠨᠠᠰᠤ ᠨᠡᠮᠡᠵᠦ᠍ ᠨᠠᠷᠠᠲᠤ᠎ᠠᠴᠠ ᠤᠯᠬᠤ ᠭᠤᠶᠤ ᠠᠯᠳᠠᠭ᠎ᠠ ᠶᠤᠮ
ᠠᠯᠳᠠᠢ᠎ᠶ᠋ᠢᠨ ᠡᠵᠡᠯᠡᠬᠦᠨ᠎ᠠᠴᠠ ᠠᠮᠰᠠᠬᠤ ᠪᠠᠭ᠍ᠠᠷᠬᠠᠯ᠎ᠨᠢ ᠱᠢᠯᠦᠭ ᠶᠤᠮ
ᠠᠮᠠᠷᠠᠭ ᠤᠰᠤᠨ᠎ᠠᠴᠠ᠎ᠪᠠᠨ ᠬᠤᠨᠲᠠᠭᠠᠯᠠᠵᠤ ᠲᠠᠢᠪᠤᠱᠢᠷᠠᠬᠤ ᠶᠤᠮ
ᠠᠪᠤ᠎ᠶ᠋ᠢᠨ ᠰᠦᠷ᠎ᠲᠠᠢ ᠬᠠᠢᠷᠬᠠᠨ᠎ᠢᠶᠠᠨ ᠮᠦᠩᠭᠡᠯᠡᠳᠡᠭ ᠶᠤᠮ
ᠠᠯᠳᠠᠨ ᠠᠶᠠᠭᠠᠨ᠎ᠠᠴᠠ ᠤᠰᠤ ᠤᠤᠭᠤᠬᠤ ᠵᠠᠶᠠᠭ᠎ᠠ᠎ᠪᠠᠨ ᠭᠠᠮᠨᠠᠳᠠᠭ ᠶᠤᠮ