ᠤᠨᠢᠶᠠᠷᠳᠤᠨ ᠤᠨᠢᠶᠠᠷᠳᠤᠬᠤ ᠬᠢᠩᠭᠠᠨ᠎ᠤ ᠱᠢᠭᠤᠢ
ᠡᠯᠳᠡᠩ ᠴᠡᠯᠡᠭᠡᠷ ᠡᠪᠡᠰᠦ ᠪᠡᠯᠴᠢᠭᠡᠷ
ᠤᠮᠠᠷ᠎ᠠ ᠵᠦᠭ᠎ᠤᠨ ᠭᠠᠵᠠᠷ᠎ᠤᠨ ᠮᠡᠯᠮᠡᠢ
ᠣᠯᠠᠭᠠᠨ ᠵᠢᠷᠦᠬᠡᠨ᠎ᠤ ᠮᠢᠨᠢ ᠠᠷᠭᠠᠮᠵᠢᠶ᠎ᠠ
ᠮᠢᠨᠦᠬᠢ ᠭᠡᠳᠡᠭ ᠠᠭᠤᠯᠠᠨ ᠲᠤᠰᠭᠤᠨ
ᠤᠨᠠᠭᠠᠨ ᠪᠠᠭᠤᠴᠠ ᠬᠠᠷᠠᠵᠢᠷᠦᠬᠡ
ᠪᠠᠭ᠎ᠠ ᠨᠠᠰᠤᠨ᠎ᠤ ᠦᠯᠢᠭᠡᠷ ᠤᠷᠤᠰᠤᠭ᠍ᠰᠠᠨ ᠪᠤᠳᠠᠩ᠎ᠳᠤ ᠭᠤᠪᠢ
ᠪᠦᠳᠦᠷᠢᠬᠦ᠌ᠳᠤ ᠴᠢᠯᠠᠭᠤ᠎ᠪᠠᠨ ᠵᠦᠭᠡᠯᠡᠯᠡᠭ᠌ᠰᠡᠨ ᠭᠠᠵᠠᠷ ᠱᠢᠷᠤᠢ ᠮᠢᠨᠢ
ᠪᠤᠳᠠ ᠰᠦᠬᠡᠭ᠎ᠲᠠᠢ ᠵᠦᠷᠢᠭ᠎ᠢᠶᠠᠷ ᠬᠦᠳᠦᠯᠵᠦ᠍ ᠬᠦᠯᠳᠤ ᠤᠷᠤᠭᠤᠯᠤᠭ᠍ᠰᠠᠨ
ᠪᠠᠯᠪᠠᠷᠬᠠᠢ ᠷᠠᠳᠢᠣ᠋᠎ᠶ᠋ᠢᠨ ᠬᠤᠭᠤᠷ᠎ᠤᠨ ᠦᠯᠢᠭᠡᠷ ᠤᠬᠠᠭ᠎ᠠ ᠰᠡᠷᠭᠦᠭᠡᠭ᠌ᠰᠡᠨ
ᠴᠤᠩᠬᠤᠨ ᠲᠤᠱᠢᠶᠠ ᠰᠠᠷᠠᠨ᠎ᠤ ᠭᠡᠭᠡ ᠠᠭᠤᠯᠠᠨ ᠲᠤᠰᠭᠤᠨ᠎ᠤ ᠦᠳᠡᠰᠢ᠎ᠶ᠋ᠢ ᠤᠩᠱᠢᠵᠤ
ᠴᠢᠮ᠎ᠠ᠎ᠳᠤ ᠯᠠ ᠭᠡᠬᠦ᠌ ᠰᠡᠳᠭᠢᠯ᠎ᠤᠨ ᠬᠦᠨᠳᠦᠭᠦᠷᠢ ᠲᠤᠳᠤᠭ᠍ᠰᠢᠪᠠᠨ ᠤᠷᠤᠰᠤᠨ᠎ᠠ ᠳ᠋ᠠ ᠨᠤᠳᠤᠭ ᠮᠢᠨᠦ᠍
ᠬᠠᠷ᠎ᠠ ᠮᠤᠳᠤᠨ ᠭᠤᠪᠢ᠎ᠠᠴᠠ ᠲᠦᠯᠡᠭᠡ᠎ᠪᠠᠨ ᠲᠡᠭᠡᠭᠡᠳᠡᠭ
ᠬᠠᠷ᠎ᠠ ᠭᠤᠣᠯ᠎ᠤᠨ ᠤᠰᠤ᠎ᠪᠠᠷ ᠠᠩᠭᠠᠭ᠎ᠠ ᠪᠠᠨ ᠲᠠᠢᠯᠳᠠᠭ
ᠬᠠᠪᠠ ᠠᠪᠠᠯᠠᠭ᠍ᠴᠢᠶ᠋ᠢᠨ ᠭᠤᠪᠢ᠎ᠠᠴᠠ ᠭᠠᠨᠵᠤᠭ᠎ᠠ ᠲᠤᠰᠤᠳᠠᠳᠠᠭ
ᠬᠠᠢᠵᠢᠬᠢ ᠪᠠᠢᠱᠢᠩ᠎ᠤᠨ ᠱᠢᠷᠤᠢᠨ ᠬᠠᠨᠵᠤᠨ᠎ᠳᠤ ᠬᠡᠦᠬᠡᠳ ᠨᠠᠰᠤ ᠲᠤᠷᠨᠢᠭ᠍ᠰᠠᠨ
ᠬᠤᠯᠠ᠎ᠶ᠋ᠢᠨ ᠬᠢᠵᠠᠭᠠᠷ ᠲᠡᠭᠦᠯᠢᠬᠦ᠌ ᠭᠡᠵᠦ᠍ ᠬᠤᠶᠠᠷ ᠨᠢᠳᠦ ᠴᠤᠴᠢᠮᠠᠭ ᠭᠡᠷᠡᠯᠳᠦᠳᠡᠭ
ᠬᠠᠷᠠᠵᠢᠷᠦᠬᠡ ᠭᠡᠵᠦ᠍ ᠡᠪᠦᠭᠡᠳ᠎ᠤᠨ ᠮᠢᠨᠢ ᠦᠯᠦᠭᠡᠢ
ᠬᠠᠷ᠎ᠠ᠎ᠳᠤᠨᠢ ᠴᠦ᠍ ᠪᠢ ᠬᠠᠢᠷᠠᠳᠠᠢ ᠪᠤᠯᠬᠤᠷ
ᠬᠠᠷ᠎ᠠ᠎ᠪᠠᠨ ᠴᠦ᠍ ᠴᠠᠭᠠᠨ ᠭᠡᠵᠦ᠍ ᠪᠤᠳᠤᠳᠠᠭ
ᠬᠠᠷᠢ ᠬᠤᠯᠠ᠎ᠠᠴᠠ ᠨᠤᠳᠤᠭ᠎ᠤᠨ ᠪᠠᠷ᠎ᠠ ᠬᠠᠷᠠᠬᠤ᠎ᠳᠤ
ᠬᠠᠷᠢᠭᠠᠳ ᠢᠷᠡᠪᠡᠦ ᠭᠡᠳ ᠵᠢᠷᠦᠬᠡᠨ ᠠᠭᠤᠯᠠ᠎ᠨᠢ ᠦᠨᠳᠡᠯᠵᠡᠨ᠎ᠡ
ᠤᠯᠠᠷᠢᠯ᠎ᠤᠨ ᠵᠠᠳᠠᠭᠠᠢ ᠰᠠᠯᠬᠢᠨ᠎ᠢ ᠠᠭ᠍ᠰᠤᠮᠨᠠᠪᠠᠴᠤ᠌ ᠭᠠᠮᠱᠢᠭ ᠪᠤᠯᠬᠤ ᠦᠭᠡᠢ
ᠠᠭᠤᠯᠠᠨ ᠦᠶᠡᠷ᠎ᠨᠢ ᠲᠤᠢᠯᠪᠠᠴᠤ᠌ ᠲᠦᠳᠡᠭᠡᠨ ᠨᠠᠮᠳᠠᠳᠠᠭ
ᠮᠦᠩᠭᠦᠷᠡᠨ ᠤᠷᠤᠬᠤ ᠪᠤᠷᠤᠭᠠᠨ᠎ᠢ ᠮᠦᠬᠦ᠌᠎ᠶ᠋ᠢᠨ ᠬᠦᠷᠢᠶ᠎ᠡ ᠲᠠᠳᠠᠳᠠᠭ
ᠮᠠᠯ ᠲᠠᠷᠢᠶᠠᠯᠠᠩ ᠬᠤᠣᠰᠯᠠᠭ᠍ᠰᠠᠨ᠎ᠠᠴᠠ ᠡᠪᠡᠰᠦ ᠪᠤᠳᠠᠭ᠎ᠠ ᠢᠵᠢᠯᠢᠬᠡᠨ ᠵᠢᠩ᠎ᠲᠠᠢ
ᠡᠭᠡᠯᠢ᠎ᠶ᠋ᠢᠨ ᠲᠤᠯᠠᠭᠠᠨ ᠡᠪᠦᠷ᠎ᠲᠤ ᠴᠢᠨᠢ ᠶᠠᠭᠤᠨ᠎ᠳᠠᠭᠠᠨ ᠪᠢ ᠨᠠᠯᠠᠯᠠ
ᠡᠷᠬᠡᠰ ᠲᠡᠭ᠌ᠷᠢ᠎ᠶ᠋ᠢᠨ ᠵᠠᠢᠴᠢᠨᠳᠡᠬᠢ ᠮᠢᠨᠦ᠍ ᠨᠤᠳᠤᠭ ᠬᠠᠷᠠᠵᠢᠷᠦᠬᠡ ᠡ!
ᠬᠦᠭᠡ ᠡᠪᠦᠭᠡᠳ᠎ᠨᠢ ᠬᠦᠷᠴᠢᠭᠢᠨᠡᠭᠡ ᠭᠡᠨ᠎ᠡ
ᠬᠡᠳᠦᠭᠦᠯᠡ ᠨᠡᠢᠯᠡᠮᠡᠭ᠌ᠴᠡ ᠬᠡᠯᠡᠨ ᠪᠠᠢᠯᠳᠤᠭᠠᠨ ᠪᠤᠯᠳᠠᠭ ᠭᠡᠨ᠎ᠡ
ᠬᠠᠯᠠᠮᠱᠢᠯ ᠵᠤᠭᠤᠭᠢᠨᠢ ᠬᠠᠭᠤᠴᠢᠯᠠᠭ᠍ᠰᠠᠭᠠᠷ ᠪᠠᠢᠨ᠎ᠠ
ᠬᠠᠳᠠᠭᠤ ᠪᠡᠷᠭᠡ ᠴᠠᠭ᠎ᠲᠤ ᠲᠡᠭᠡᠳᠦᠰ ᠮᠢᠨᠢ ᠰᠡᠳᠭᠢᠯ ᠪᠠᠶᠠᠨ ᠶᠠᠪᠤᠵᠠᠢ
ᠬᠤᠣᠳᠤᠣ ᠬᠠᠷ᠎ᠠ᠎ᠲᠠᠢ᠎ᠪᠠᠨ ᠨᠤᠴᠤᠯᠳᠤᠭ᠍ᠰᠠᠭᠠᠷ ᠪᠠᠢᠭᠠᠳ
ᠬᠤᠷᠸ᠎ᠠ᠎ᠶ᠋ᠢᠨ ᠵᠠᠮ᠎ᠢᠶᠠᠷ ᠲᠡᠳᠡ ᠮᠢᠨᠢ ᠴᠦᠬᠡᠷᠡᠭ᠌ᠰᠡᠭᠡᠷ
ᠠᠶᠠᠭᠠᠨ ᠲᠤᠭᠤᠷᠢᠮ᠎ᠤᠨ ᠲᠤᠩᠭᠠᠯᠠᠭ ᠤᠰᠤᠨ ᠴᠢᠯᠳᠡᠩ ᠨᠠᠰᠤ᠎ᠶ᠋ᠢ ᠲᠤᠯᠢᠳᠠᠬᠤ
ᠠᠯᠠᠭ᠍ᠯᠠᠨ ᠤᠯᠠᠢᠬᠤ ᠱᠠᠭᠠᠷᠢᠭᠤᠨ ᠨᠠᠪᠴᠢ᠎ᠶ᠋ᠢ ᠪᠠᠳᠤᠴᠠᠭᠠᠨ᠎ᠢᠶᠠᠷ ᠲᠦᠰᠦᠭᠡᠯᠡᠬᠦ᠌
《ᠵᠢᠷᠦᠬᠡᠨ ᠬᠤᠯᠪᠤᠭ᠎ᠠ》 ᠬᠦᠬᠦᠷᠭᠡ᠎ᠨᠢ ᠨᠠᠮ ᠠᠷᠠᠳ᠎ᠢ ᠬᠤᠯᠪᠤᠬᠤᠢ
ᠵᠢᠯ ᠲᠠᠷᠠᠭᠠᠯᠠᠨ ᠨᠡᠮᠡᠭ᠌ᠳᠡᠭ᠌ᠰᠡᠨ ᠲᠠᠪᠤᠨ ᠲᠠᠷᠢᠶᠠᠨ᠎ᠤ ᠬᠤᠷᠢᠶᠠᠯᠳᠠ᠎ᠲᠠᠢ
ᠡᠩ ᠲᠡᠯᠡᠬᠡᠢ ᠦᠷᠭᠡᠨ ᠬᠤᠷᠸ᠎ᠠ᠎ᠳᠤ ᠡᠷᠡᠬᠡᠢ᠎ᠶ᠋ᠢᠨ ᠴᠢᠨᠡᠬᠡᠨ ᠴᠦ᠍
ᠠᠯᠠᠭ᠎ᠠ ᠲᠠᠷᠤᠮ᠎ᠠ ᠱᠢᠪᠠᠭᠤᠨ᠎ᠤ ᠲᠤᠯᠠᠭᠠᠨ ᠬᠡᠪᠳᠡᠷᠢ ᠱᠢᠭ
ᠵᠢᠩᠳᠡᠭ᠌ᠰᠡᠨ ᠵᠢᠷᠦᠬᠡ᠎ᠶ᠋ᠢ ᠮᠢᠨᠢ ᠪᠦᠭᠡᠴᠡᠢᠯᠡᠳᠡᠭ
ᠦᠷᠢᠯ᠎ᠤᠨ ᠵᠢᠯᠠᠭ᠎ᠠ᠂ ᠡᠪᠦᠭᠡᠳ᠎ᠤᠨ ᠭᠤᠪᠢ᠂ ᠮᠦᠮᠦ᠍ᠶ᠋ᠢᠨ ᠠᠭᠤᠯᠠ
ᠤᠳᠠ᠎ᠶ᠋ᠢᠨ ᠵᠢᠯᠠᠭ᠎ᠠ᠂ ᠰᠦᠮ᠎ᠡ᠎ᠶ᠋ᠢᠨ ᠭᠤᠪᠢ᠂ ᠬᠠᠮᠠᠷ ᠠᠭᠤᠯᠠ ᠁
ᠴᠡᠯᠡᠯᠵᠡᠬᠦ᠌ ᠨᠢᠳᠦᠨ᠎ᠳᠤ ᠪᠦᠷᠳᠦᠯᠵᠡᠬᠦ᠌ ᠪᠠᠷ᠎ᠠ᠎ᠲᠠᠢ
ᠴᠢᠮ᠎ᠠ᠎ᠳᠠᠭᠠᠨ ᠪᠢ ᠱᠢᠯᠦᠭ ᠲᠠᠳᠠᠯᠠᠬᠤᠳᠤ ᠠᠪᠢᠶᠠᠰ ᠭᠦᠢᠴᠡᠭᠦ᠌ ᠦᠭᠡᠢ
ᠴᠢᠮ᠎ᠠ᠎ᠳᠠᠭᠠᠨ ᠪᠢ ᠤᠶᠠᠩᠭ᠎ᠠ ᠡᠷᠭᠦᠬᠦ᠌᠎ᠳᠤ ᠪᠢᠯᠢᠭ ᠬᠦᠷᠬᠦ ᠦᠭᠡᠢ
ᠭᠡᠷᠡᠯᠳᠦ ᠤᠪᠤᠭᠠᠨ᠎ᠤ ᠠᠮᠤᠭᠤᠯᠠᠩ ᠢᠪᠡᠭᠡᠯ᠎ᠲᠠᠢ
ᠭᠡᠭᠡᠬᠡᠨ ᠰᠡᠳᠭᠢᠯ᠎ᠳᠤ ᠦᠨᠢᠳᠡ ᠬᠤᠨᠤᠭ᠍ᠰᠢᠬᠤ
ᠬᠠᠷᠠᠵᠢᠷᠦᠬᠡᠳᠡᠭᠡᠨ ᠲᠡᠩᠳᠡᠭᠦᠤ ᠬᠠᠢᠷᠠᠳᠠᠢ᠃