ᠨᠠᠪᠴᠢ ᠱᠤᠤᠬᠢᠵᠥ᠍ ᠱᠢᠪᠠᠭᠤ ᠵᠢᠷᠬᠢᠬᠦ᠌ ᠶᠠᠭᠠᠬᠢᠬᠤ ᠪᠤᠢ
ᠨᠠᠮ ᠵᠢᠮ᠎ᠤᠨ ᠲᠤᠮᠳᠠ ᠪᠢ ᠦᠪᠡᠷ ᠲᠡᠬᠡᠨ ᠠᠭᠤᠰᠳᠠᠭ ᠶᠤᠮ
ᠨᠠᠷᠢᠬᠠᠨ ᠵᠦᠷᠢᠭ᠎ᠢᠶᠠᠷ ᠡᠪᠡᠰᠤ ᠤᠷᠭᠤᠬ᠍ᠰᠠᠨ ᠴᠤ᠌ ᠶᠠᠭᠠᠬᠢᠬᠤ ᠪᠤᠢ
ᠨᠠᠷᠠ ᠢᠨᠢᠶᠡᠭ᠌ᠰᠡᠨ ᠵᠠᠯᠠᠭᠤ᠎ᠶ᠋ᠢᠨ ᠮᠦᠷ᠎ᠢᠶᠠᠨ ᠪᠢ ᠬᠠᠢᠳᠠᠭ ᠶᠤᠮ
ᠮᠦᠰᠦ ᠴᠠᠩ᠎ᠲᠠᠢ ᠶᠢᠰᠤ᠎ᠶ᠋ᠢᠨ ᠬᠦᠢᠳᠡᠨ ᠴᠤ᠌ ᠶᠠᠭᠠᠬᠢᠬᠤ ᠪᠤᠢ
ᠮᠦᠩᠬᠦᠨ ᠴᠠᠰᠤ᠎ᠶ᠋ᠢ᠎ᠨᠢ ᠴᠡᠴᠡᠭ ᠯᠡ ᠬᠡᠵᠥ᠍ ᠪᠢ ᠪᠤᠳᠤᠳᠠᠭ ᠶᠤᠮ
ᠡᠰᠡᠨᠢᠯ ᠲᠤᠮᠳᠠ ᠲᠡᠯᠬᠡᠷᠡᠬᠡᠳ ᠪᠠᠰᠠ ᠵᠤᠯᠭᠠᠷᠠᠳᠠᠭ
ᠡᠬᠡᠨᠡᠭ᠌ᠰᠢᠯ ᠲᠤᠮᠳᠠ ᠬᠠᠢᠷᠠᠯᠠᠭᠠᠳ ᠪᠠᠰᠠ ᠬᠠᠭᠠᠴᠠᠳᠠᠭ
ᠡᠬᠡᠬᠡ ᠯᠡ ᠵᠢᠮ᠎ᠠ ᠦᠬᠡᠢ ᠬᠦᠮᠤᠨ ᠠᠭᠠᠯᠢ᠎ᠶ᠋ᠢᠨ ᠤᠯᠠᠷᠢᠯ
ᠡᠨᠡ ᠪᠦᠬᠦᠨ᠎ᠢ ᠮᠢᠨᠤ ᠰᠡᠳᠭᠢᠯ ᠲᠡᠬᠡᠷ᠎ᠡ ᠱᠢᠪᠡᠳᠡᠭᠠᠴᠠ
ᠡᠷᠬᠢᠴᠡᠬᠦᠯᠦᠯ᠎ᠳᠤ ᠬᠦᠨᠳᠤᠬᠡᠨ ᠦᠩᠬᠡᠷᠡᠭ᠌ᠰᠡᠨ ᠴᠠᠭ᠎ᠤᠨ ᠬᠠᠭᠤᠳᠠᠰᠤ᠎ᠶ᠋ᠢ
ᠡᠷᠬᠢᠵᠥ᠍ ᠰᠡᠬᠦᠬᠡᠳ ᠶᠠᠭᠠᠬᠢᠬᠤ ᠶᠤᠮ ᠪᠤᠢ? ᠶᠠᠭᠠᠬᠢᠬᠤ ᠶᠤᠮ ᠪᠤᠢ?
ᠡᠬᠦᠷᠢᠳᠡ᠎ᠶ᠋ᠢᠨ ᠨᠠᠮ ᠵᠢᠮᠳᠤ ᠠᠭᠤᠰᠴᠤ᠌ ᠠᠮᠢᠳᠤᠷᠠᠬᠤ᠎ᠨᠢ
ᠡᠬᠡᠯᠬᠡᠨ ᠮᠢᠨᠤ ᠵᠢᠷᠤᠬᠡᠨ᠎ᠳᠤ ᠮᠠᠨᠠᠬ᠍ᠳᠠᠬ᠍ᠰᠠᠨ ᠬᠦᠰᠡᠯ ᠶᠤᠮ ᠳ᠋ᠠ ᠁
ᠦᠨᠡᠬᠡᠷ ᠪᠢ ᠶᠠᠭᠤ ᠪᠦᠬᠦᠨ᠎ᠢ ᠮᠠᠷᠳᠠᠬ᠍ᠰᠠᠨ ᠮᠡᠳᠤ ᠪᠠᠢᠶ᠎ᠠ
ᠨᠠᠮ ᠵᠢᠮ᠎ᠤᠨ ᠲᠤᠮᠳᠠ ᠦᠪᠡᠷ ᠲᠡᠬᠡᠨ ᠠᠭᠤᠰᠴᠤ᠌ ᠶᠠᠪᠤᠶ᠎ᠠ
ᠦᠨᠡᠨ ᠮᠦᠨᠳᠤ ᠰᠦᠵᠢᠭ᠎ᠢᠶᠠᠷ ᠰᠠᠮ ᠤᠨᠠᠭᠠᠳ
ᠨᠠᠷᠢᠬᠠᠨ ᠪᠤᠷᠤ ᠬᠦᠵᠢ ᠪᠤᠯᠵᠥ᠍ ᠦᠪᠡᠷ᠎ᠢ᠎ᠪᠠᠨ ᠠᠰᠠᠭᠠᠵᠥ᠍ ᠶᠠᠪᠤᠶ᠎ᠠ
ᠨᠠᠰᠤ᠎ᠪᠠᠨ ᠮᠠᠷᠲᠠᠬᠤ᠎ᠶ᠋ᠢᠨ ᠬᠦᠬᠡᠷᠤᠬᠦᠨ ᠲᠤᠭᠠᠯᠠᠯ᠎ᠢᠶᠠᠷ
ᠨᠠᠷᠠᠪᠴᠢᠨ ᠲᠡᠭᠡᠷ᠎ᠡ᠎ᠠᠴᠠ ᠲᠤᠷᠤᠨ᠎ᠠ ᠵᠦᠭ ᠰᠠᠷᠠᠪᠴᠢᠯᠠᠶᠠ
ᠨᠠᠮ ᠵᠢᠮ ᠰᠡᠬᠦᠢᠳᠡᠭ ᠨᠤᠳᠤᠭ᠎ᠤᠨ ᠴᠡᠩᠬᠡᠷ ᠠᠭᠤᠯᠠᠰ
ᠨᠠᠭᠠᠰᠢ᠎ᠪᠠᠨ ᠶᠤᠭᠤᠭᠠᠳ ᠪᠠᠢᠬᠤ ᠶᠤᠮ᠂ ᠶᠤᠭᠤᠭᠠᠳ ᠪᠠᠢᠬᠤ ᠶᠤᠮ ᠡ!