ᠪᠣᠯᠵᠣᠭᠠᠨ᠎ᠳᠤ ᠶᠡᠷᠡ ᠶᠢᠰᠦᠨ ᠤᠯᠠᠷᠢᠯ᠎ᠲᠠᠢ
2025-12-03 11:49:10
ᠵᠣᠬᠢᠶᠠᠭ᠍ᠴᠢ᠄
ᠬᠤᠨᠢᠴᠢᠨ ᠠ᠊·ᠵᠢᠷᠠ
ᠣᠩᠱᠢᠭ᠍ᠰᠠᠨ ᠣᠳᠠᠭ᠎ᠠ᠄
★★★☆☆

ᠵᠡᠭᠦᠳᠦᠨ ᠳᠤᠮᠳᠠᠬᠢ ᠠᠮᠠᠷᠠᠭ᠎ᠤᠨ ᠪᠣᠯᠵᠤᠭ᠎ᠠ

ᠡᠳᠦᠷ᠎ᠤᠨ ᠤᠳᠤ ᠮᠡᠲᠦ

ᠵᠤᠯᠠ ᠨᠢᠭᠡᠨᠲᠡ ᠵᠠᠮᠬᠠᠷᠠᠵᠠᠢ ᠁

ᠴᠢ ᠮᠢᠨᠢ ᠥᠷᠯᠦᠭᠡ᠎ᠶ᠋ᠢᠨ ᠱᠢᠭᠦᠳᠡᠷᠢ ᠱᠢᠭ ᠪᠥᠵᠢᠳᠡᠭ ᠪᠣᠯᠬᠤᠷ

ᠠᠯᠳᠠᠷᠠᠭ᠍ᠰᠠᠨ ᠭᠡᠵᠢᠭᠡ᠎ᠶ᠋ᠢ ᠮᠢᠨᠢ ᠢᠯᠪᠢᠬᠦ᠌ ᠮᠡᠲᠦ

ᠠᠯᠠᠭᠠᠨ ᠭᠡ᠎ᠶ᠋ᠢ ᠴᠢᠮ᠎ᠠ᠎ᠪᠠᠨ ᠭᠡᠵᠦ᠍ ᠳᠥᠰᠦᠭᠡᠯᠡᠳᠡᠭ ᠪᠣᠯᠬᠤᠷ

ᠪᠣᠷᠬᠠᠨ᠎ᠠᠴᠠ ᠨᠢᠭᠤᠭ᠍ᠰᠠᠨ ᠪᠣᠯᠵᠤᠭᠠᠨ᠎ᠳᠠᠭᠠᠨ

ᠨᠠᠳᠠ᠎ᠳᠤ ᠨᠢᠯᠬᠠᠷᠠᠬᠤ ᠮᠡᠲᠦ

ᠵᠡᠷᠭᠡᠯᠭᠡᠨ ᠱᠢᠭ ᠤᠯᠠᠷᠢᠯ ᠨᠡᠭᠦᠨ᠎ᠡ

ᠨᠠᠪᠴᠢᠰ ᠨᠠᠮᠤᠷ᠎ᠤᠨ ᠳᠤᠷᠠᠯᠠᠯ ᠪᠣᠯᠬᠤᠷ

ᠬᠡᠢᠰᠴᠦ᠍ ᠤᠨᠠᠬᠤ᠎ᠪᠠᠷ ᠡᠮᠵᠡᠭ᠌ᠯᠡᠳᠡᠭ᠎ᠤᠨ ᠤᠴᠢᠷ

ᠨᠠᠮᠤᠷ᠎ᠤᠨ ᠭᠦᠨ ᠭᠡᠬᠦ᠌᠎ᠪᠠᠷ

ᠲᠤᠷᠠᠳᠭᠠᠯ᠎ᠢᠶᠠᠷ ᠦᠷᠭᠦᠯᠵᠢᠯᠡᠬᠦ᠌ ᠶᠡᠷᠡ ᠶᠢᠰᠦᠨ ᠤᠯᠠᠷᠢᠯ ᠪᠤᠢ

ᠬᠤᠶᠠᠷ ᠬᠤᠨᠳᠠᠭ᠎ᠠ ᠠᠷᠢᠬᠢ ᠪᠣᠯᠵᠤᠭ᠎ᠠ ᠬᠦᠯᠢᠶᠡᠳᠡᠭ᠎ᠠᠴᠠ

ᠬᠤᠭᠤᠷ᠎ᠤᠨ ᠡᠭᠡᠱᠢᠭ᠎ᠲᠤ ᠤᠶᠠᠷᠠᠳᠠᠭ

ᠴᠢ ᠮᠢᠨᠢ ᠨᠣᠢᠷ᠎ᠠᠴᠠ ᠰᠡᠷᠡᠬᠦ᠌ ᠶᠡᠷᠡ ᠶᠢᠰᠦᠨ ᠤᠯᠠᠷᠢᠯ᠎ᠤᠨ ᠨᠢᠭᠡ ᠪᠤᠶᠤ

ᠪᠣᠯᠵᠤᠭ᠎ᠠ ᠲᠤᠷᠠᠯᠠᠯ᠎ᠤᠨ ᠲᠠᠮᠠᠭ᠎ᠠ ᠪᠣᠯᠬᠤᠷ

ᠬᠥᠷᠦᠰᠦᠨ᠎ᠠᠴᠠ ᠡᠬᠢᠯᠡᠵᠦ᠍

ᠰᠠᠨᠰᠠᠷ᠎ᠤᠨ ᠦᠵᠦᠭᠦᠷ ᠬᠦᠷᠬᠦ᠌

ᠠᠶᠠᠯᠠᠯ᠎ᠤᠨ ᠵᠢᠷᠤᠭ᠎ᠢ ᠬᠥᠳᠦᠯᠬᠦ᠌ ᠶᠡᠷᠡ ᠶᠢᠰᠦᠨ ᠤᠯᠠᠷᠢᠯ ᠪᠢᠯᠡ

ᠪᠣᠯᠵᠣᠮᠣᠷ ᠮᠥᠷᠦᠭᠡᠳᠦᠯ᠎ᠤᠨ ᠰᠤᠨᠳᠤᠷ᠎ᠢ ᠭᠡᠯᠬᠢᠵᠦ᠍

ᠪᠢ ᠬᠥᠮᠦᠰᠭᠡ᠎ᠪᠠᠨ ᠵᠢᠷᠤᠵᠤ ᠤᠷᠤᠭᠤᠯ᠎ᠢᠶᠠᠨ ᠪᠣᠳᠤᠬᠤ᠎ᠳᠤ

ᠬᠤᠷᠸ᠎ᠠ ᠰᠤᠯᠤᠩᠭᠠᠨ ᠳᠣᠯᠤᠭᠠᠨ ᠥᠩᠭᠡ᠎ᠪᠠᠷ ᠭᠤᠶᠤᠳᠠᠭ

ᠪᠣᠯᠵᠤᠭ᠎ᠠ ᠶᠡᠷᠡ ᠶᠢᠰᠦᠨ ᠤᠯᠠᠷᠢᠯ᠎ᠢᠶᠠᠷ ᠯᠠ ᠦᠷᠭᠦᠯᠵᠢᠯᠡᠨ᠎ᠡ ᠁

ᠲᠡᠨᠳᠡ ᠤᠳᠠᠭᠠᠨ ᠵᠢᠯ ᠬᠦᠯᠢᠶᠡᠵᠦ᠍ ᠬᠦᠰᠡᠭ᠌ᠰᠡᠨ

ᠡᠭᠦᠯᠡᠰ ᠰᠠᠯᠬᠢ ᠪᠣᠯᠵᠤ ᠬᠤᠪᠢᠯᠤᠨ

ᠡᠪᠦᠯ ᠵᠦᠭ ᠨᠡᠭᠦᠬᠦ᠌᠎ᠳᠤ

ᠢᠨᠢᠶᠡᠳᠦ᠍᠎ᠪᠠᠷ ᠴᠠᠯᠬᠢᠵᠦ᠍ ᠢᠷᠡᠳᠡᠭ

ᠨᠠᠮᠠᠶ᠋ᠢ ᠰᠠᠨᠠᠵᠤ ᠪᠠᠭᠤᠬᠤ

ᠴᠠᠰᠤᠨ ᠱᠢᠷᠬᠡᠭ᠎ᠲᠤ ᠶᠡᠷᠡ ᠶᠢᠰᠦᠨ ᠪᠣᠯᠵᠤᠭ᠎ᠠ᠎ᠲᠠᠢ ᠪᠢᠯᠡ

ᠣᠨᠢᠰᠤ ᠳᠦᠯᠬᠢᠭᠦᠷ ᠬᠤᠶᠠᠷᠬᠠᠨ ᠴᠡᠭ ᠳᠡᠭᠡᠷ᠎ᠡ

ᠣᠨ ᠴᠠᠭ᠎ᠤᠨ ᠬᠦᠷᠲᠤ ᠱᠢᠭ ᠨᠥᠬᠦᠴᠡᠵᠦ᠍

ᠱᠢᠪᠠᠭᠤᠳ ᠶᠠᠭᠤ ᠨᠢᠭᠡ᠎ᠶ᠋ᠢ ᠦᠴᠢᠬᠦ᠌᠎ᠳᠤ

ᠱᠢᠯᠦᠭ᠎ᠲᠤ ᠵᠢᠷᠮᠦᠰᠦᠯᠡᠬᠦ᠌

ᠪᠣᠯᠵᠤᠭᠠᠨ᠎ᠤ ᠶᠡᠷᠡ ᠶᠢᠰᠦᠨ ᠤᠯᠠᠷᠢᠯ ᠮᠢᠨᠢ

ᠳᠡᠪᠡᠯ᠎ᠤᠨ ᠭᠤᠷᠪᠠᠨ ᠡᠮᠵᠢᠶᠡᠷᠢ ᠳᠡᠭᠡᠷ᠎ᠡ ᠢᠨᠢᠶᠡᠮᠰᠦᠭ᠌ᠯᠡᠨ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号