ᠠᠰᠭᠠᠷᠠᠭ᠍ᠰᠠᠨ ᠰᠠᠷᠠᠨ᠎ᠤ ᠭᠡᠷᠡᠯᠳᠤ
ᠠᠩᠭᠠᠭ᠍ᠰᠠᠨ ᠰᠡᠳᠭᠢᠯ᠎ᠢ ᠴᠢᠨᠢ ᠠᠷᠭᠠᠳᠠᠬᠤ ᠭᠡᠵᠤ
ᠪᠢ᠂ ᠪᠣᠷᠤᠭ᠎ᠠ ᠪᠣᠯᠵᠤ ᠱᠢᠪᠡᠷᠡᠯᠡ᠃
ᠡᠭᠦᠯᠡᠨ ᠬᠡ᠎ᠲᠠᠢ ᠣᠭ᠍ᠲᠠᠷᠭᠤᠢ᠎ᠳᠤ
ᠥᠢᠳᠭᠠᠷ ᠭᠤᠨᠢᠭ᠎ᠢ ᠴᠢᠨᠢ ᠠᠷᠴᠢᠬᠤ ᠭᠡᠵᠤ
ᠪᠢ᠂ ᠰᠣᠯᠣᠩᠭ᠎ᠠ ᠪᠣᠯᠵᠤ ᠮᠢᠷᠠᠯᠵᠠᠯᠡ᠃
ᠢᠷᠮᠡᠭᠦᠨ ᠲᠡᠭ᠌ᠷᠢ᠎ᠶ᠋ᠢᠨ ᠬᠠᠶᠠᠭᠠᠨ᠎ᠳᠤ
ᠭᠡᠭᠡᠨ ᠪᠣᠳᠣᠯ᠎ᠢ ᠴᠢᠨᠢ ᠠᠷᠢᠭᠤᠰᠭᠠᠬᠤ ᠭᠡᠵᠦ᠍
ᠪᠢ᠂ ᠠᠭᠢ ᠪᠣᠯᠵᠤ ᠤᠷᠭᠤᠯᠡ᠃
ᠣᠳᠣᠳ ᠲᠦᠭᠡᠬᠦ᠌ᠶ᠋ᠢᠨ ᠲᠣᠭᠠᠯᠠᠩ᠎ᠳᠤ
ᠨᠢᠭᠤᠴᠠᠬᠠᠨ ᠰᠡᠳᠭᠢᠯ᠎ᠢ ᠴᠢᠨᠢ ᠬᠤᠪᠢᠶᠠᠯᠴᠠᠬᠤ ᠭᠡᠵᠦ᠍
ᠪᠢ᠂ ᠰᠠᠯᠬᠢ ᠪᠣᠯᠵᠤ ᠰᠡᠪᠢᠯᠵᠡᠯᠡ᠃
ᠤᠴᠠᠷᠠᠯ᠎ᠤᠨ ᠬᠡ᠎ᠲᠠᠢ ᠬᠤᠷᠸ᠎ᠠ᠎ᠳᠤ
ᠮᠥᠷᠥᠭᠡᠳᠦᠯ ᠬᠦᠰᠡᠯ᠎ᠢ ᠴᠢᠨᠢ ᠭᠦᠢᠴᠡᠬᠦ᠌ ᠭᠡᠵᠦ᠍
ᠪᠢ᠂ ᠱᠢᠪᠠᠭᠤ ᠪᠣᠯᠵᠤ ᠨᠡᠭᠦᠳᠡᠯᠯᠡᠯᠡ᠃
ᠥᠨᠢ ᠮᠥᠩᠬᠡ᠎ᠶ᠋ᠢᠨ ᠬᠤᠨᠳᠠᠭᠠᠨ᠎ᠳᠤ
ᠢᠯᠳᠠᠮᠬᠠᠨ ᠬᠠᠢᠷ᠎ᠡ᠎ᠶ᠋ᠢ ᠴᠢᠨᠢ ᠬᠡᠮᠨᠡᠬᠦ᠌ ᠭᠡᠵᠤ
ᠪᠢ᠂ ᠰᠦ ᠪᠣᠯᠵᠤ ᠮᠡᠯᠮᠡᠷᠡᠯᠡ᠃
ᠦᠨᠡᠨ ᠵᠠᠶᠠᠭᠠᠨ᠎ᠤ ᠲᠤᠤᠯᠢ᠎ᠳᠤ
ᠨᠢᠯᠪᠤᠰᠤ᠎ᠲᠠᠢ ᠨᠢᠳᠦ᠍᠎ᠶ᠋ᠢ ᠴᠢᠨᠢ ᠦᠨᠦᠰᠭᠦ ᠭᠡᠵᠤ
ᠪᠢ᠂ ᠱᠢᠯᠦᠭ ᠪᠣᠯᠵᠤ ᠤᠶᠠᠩᠭᠠᠷᠠᠯᠡ᠃
ᠴᠢᠨᠦ᠍ ᠵᠦᠭ᠎ᠤᠨ ᠰᠠᠯᠬᠢ
ᠴᠢᠮ᠎ᠡ ᠵᠦᠭ ᠭᠡᠭᠡᠯᠵᠡᠬᠦᠢ ᠰᠡᠳᠭᠢᠯ
ᠡᠭᠡᠱᠢᠭ ᠳᠣᠯᠣᠭᠠᠨ ᠠᠶᠠᠯᠭᠤᠨ᠃
ᠨᠤᠲᠤᠭ ᠵᠦᠭ᠎ᠢᠶᠠᠨ ᠰᠡᠮᠡᠷᠡᠬᠦᠢ ᠰᠡᠳᠭᠢᠯ ᠮᠢᠨᠢ
ᠰᠡᠳᠭᠢᠯ ᠵᠦᠭ ᠤᠶᠠᠷᠠᠬᠤᠢ ᠴᠢ ᠮᠢᠨᠢ
ᠨᠠᠷᠠᠨ᠎ᠠᠴᠠ ᠣᠢᠷᠠᠬᠠᠨ ᠳᠡᠯᠡᠬᠡᠢ ᠮᠢᠨᠢ
ᠨᠠᠳᠠ᠎ᠠᠴᠠ ᠣᠢᠷᠠᠬᠠᠨ ᠬᠠᠢᠷ᠎ᠡ ᠮᠢᠨᠢ ᠁
ᠪᠣᠷᠣᠭᠠᠨ᠎ᠤ ᠲᠤᠰᠤᠯ ᠪᠣᠯᠵᠣ ᠴᠢᠮ᠎ᠠ ᠳᠡᠭᠡᠷ᠎ᠡ ᠠᠰᠭᠠᠷᠠᠬᠤ ᠶᠣᠮ ᠰᠠᠨ
ᠱᠢᠪᠡᠷᠡᠭᠡ ᠪᠣᠷᠣᠭᠠᠨ᠎ᠢᠶᠠᠷ ᠴᠢᠮ᠎ᠠ᠎ᠪᠠᠨ ᠰᠠᠨᠠᠯ᠎ᠠ
ᠱᠢᠪᠡᠨᠡᠵᠦ᠍ ᠶᠠᠷᠢᠭ᠍ᠰᠠᠨ ᠬᠡᠳᠦᠨ ᠦᠭᠡ ᠴᠢᠨᠢ
ᠱᠢᠯᠦᠭ᠎ᠤᠨ ᠮᠢᠨᠢ ᠳᠠᠯᠳᠠ ᠬᠤᠯᠪᠣᠭᠠᠰᠣ ᠪᠠᠢᠵᠠᠢ
ᠰᠡᠳᠭᠢᠯ ᠢᠭ᠌ᠳᠦᠯᠦᠨ ᠤᠶᠡᠩᠭᠠᠷᠠᠭᠠᠳ ᠯᠠ᠁
ᠨᠠᠮᠢᠷᠠᠭ᠎ᠠ ᠪᠣᠷᠣᠭᠠᠨ᠎ᠢᠶᠠᠷ ᠴᠢᠮ᠎ᠠ᠎ᠪᠠᠨ ᠰᠠᠨᠠᠯ᠎ᠠ
ᠨᠠᠬᠢᠯᠵᠠᠨ ᠨᠤᠷᠭᠠᠬᠤ ᠬᠤᠩᠭᠤᠷᠬᠠᠨ ᠢᠨᠢᠶᠡᠳᠦ ᠴᠢᠨᠢ
ᠨᠠᠳᠠ ᠵᠦᠭ ᠴᠢᠪᠬᠠᠳᠠᠬᠤ ᠴᠢᠨᠤ ᠠᠶᠠᠯᠭᠤᠨ ᠪᠠᠢᠵᠠᠢ
ᠨᠢᠭᠤᠴᠠᠬᠠᠨ ᠰᠡᠳᠭᠢᠯ᠎ᠳᠤ ᠬᠡᠬᠡᠯᠵᠡᠭᠡᠳ ᠯᠠ ᠁
ᠵᠦᠰᠡᠷᠡᠬᠦ᠌ ᠪᠣᠷᠣᠭᠠᠨ᠎ᠢᠶᠠᠷ ᠴᠢᠮ᠎ᠠ᠎ᠪᠠᠨ ᠰᠠᠨᠠᠯ᠎ᠠ
ᠵᠦᠭᠡᠯᠡᠨ ᠢᠯᠳᠠᠮ ᠪᠤᠯᠪᠠᠷᠠᠢᠬᠠᠨ ᠠᠭᠠᠯᠢ ᠴᠢᠨᠢ
ᠵᠦᠩ ᠨᠢᠭᠤᠴᠠᠭᠠᠢ ᠢᠨᠠᠭ᠍ᠬᠠᠨ ᠰᠡᠳᠭᠢᠯ ᠪᠠᠢᠵᠠᠢ
ᠵᠡᠭᠦᠳᠦᠨ᠎ᠳᠤ ᠵᠥᠩᠳᠡᠭᠡᠨ ᠡᠷᠢᠭ᠌ᠳᠡᠭᠡᠳ ᠯᠠ ᠁
ᠠᠰᠭᠠᠷᠠᠬᠤ ᠪᠣᠷᠣᠭᠠᠨ᠎ᠢᠶᠠᠷ ᠴᠢᠮ᠎ᠠ᠎ᠪᠠᠨ ᠰᠠᠨᠠᠯ᠎ᠠ
ᠠᠨᠢᠷ ᠦᠭᠡᠢ᠎ᠶ᠋ᠢᠨ ᠳᠣᠮᠳᠠ ᠭᠡᠷᠡᠯᠲᠦᠬᠦ᠌ ᠴᠢ ᠮᠢᠨᠢ
ᠠᠯᠠᠭ᠍ᠬᠠᠨ ᠵᠢᠷᠦᠬᠡᠨ᠎ᠤ ᠮᠢᠨᠢ ᠠᠷᠭᠠᠮᠵᠢᠶ᠎ᠠ ᠪᠠᠢᠵᠠᠢ
ᠠᠮᠢᠨᠴᠢᠷᠬᠠᠨ ᠪᠣᠳᠣᠯ᠎ᠳᠤ ᠪᠦᠷᠲᠦᠯᠵᠡᠭᠡᠳ ᠯᠠ ᠁
ᠪᠣᠷᠣᠭᠠᠨ᠎ᠤ ᠲᠤᠰᠤᠯ ᠪᠣᠯᠣᠨ
ᠴᠢᠮ᠎ᠠ ᠳᠡᠭᠡᠷ᠎ᠡ ᠠᠰᠭᠠᠷᠠᠬᠤ ᠶᠣᠮ ᠰᠠᠨ
ᠪᠤᠳᠤᠯ᠎ᠤᠨ ᠬᠠᠨ᠎ᠠ᠎ᠶ᠋ᠢ ᠴᠢᠨᠢ ᠨᠡᠪᠲᠡᠯᠦᠨ
ᠰᠡᠮᠬᠡᠨ ᠰᠡᠮᠬᠡᠨ ᠰᠡᠮᠡᠷᠡᠬᠦ᠌ ᠶᠤᠮ ᠰᠠᠨ᠃