ᠰᠢ ᠵᠢᠨ ᠫᠢᠩᠦᠨ ᠠᠮᠢ ᠠᠬᠤᠢᠶᠢᠨ ᠪᠣᠯᠪᠠᠰᠤᠨᠤ ᠦᠵᠡᠯ ᠰᠠᠨᠠᠭ᠎ᠠ ᠪᠠ ᠰᠢ ᠵᠢᠨ ᠫᠢᠩᠦᠨ ᠬᠠᠤᠯᠢ᠎ᠪᠠᠷ ᠵᠠᠰᠠᠬᠤ ᠦᠵᠡᠯ ᠰᠠᠨᠠᠭ᠎ᠠᠶᠢ ᠭᠦᠨᠵᠡᠭᠡᠢ ᠲᠤᠭᠤᠰᠢᠯᠠᠭᠤᠯᠵᠤ᠂ ᠠᠮᠢ ᠠᠬᠤᠢᠤᠷᠴᠢᠨ ᠲᠤᠭᠤᠷᠢᠨ ᠤ᠋ ᠪᠠᠢᠴᠠᠭᠠᠬᠤ ᠤᠨᠤᠯ ᠬᠢᠭᠡᠳ ᠦᠢᠯᠡᠳᠦᠯᠭᠡᠶᠢᠨ ᠭᠦᠨᠵᠡᠭᠡᠢ ᠠᠭᠤᠰᠤᠯᠴᠠᠯᠢ ᠠᠬᠢᠭᠤᠯᠬᠤᠶᠢᠨ ᠲᠥᠯᠥᠭᠡ᠂ 2025 ᠣᠨᠤ 7 ᠰᠠᠷᠠᠳᠤ᠂ ᠠᠷᠠᠳᠤᠨ ᠳᠡᠭᠡᠳᠦ ᠪᠠᠢᠴᠠᠭᠠᠬᠤ ᠬᠣᠷᠢᠶᠠᠨᠤ ᠡᠩᠦᠨ ᠶᠠᠯᠠᠲᠤ ᠠᠵᠢᠯᠯᠠᠭ᠎ᠠᠶᠢ ᠪᠠᠢᠴᠠᠭᠠᠬᠤ ᠲᠢᠩᠬᠢᠮ᠂ ᠠᠷᠠᠳᠤᠨ ᠳᠡᠭᠡᠳᠦ ᠪᠠᠢᠴᠠᠭᠠᠬᠤ ᠬᠣᠷᠢᠶᠠᠨᠤ ᠨᠡᠶ᠋ᠢᠲᠡᠶᠢᠨ ᠠᠰᠠᠷᠠᠮᠵᠢᠶᠢᠨ ᠵᠠᠷᠭᠤᠶᠢᠨ ᠪᠠᠢᠴᠠᠭᠠᠬᠤ ᠲᠢᠩᠬᠢᠮ᠂ ᠠᠷᠠᠳᠤᠨ ᠪᠠᠢᠴᠠᠭᠠᠬᠤ ᠰᠡᠳᠬᠦᠯᠦᠨ ᠬᠣᠷᠢᠶ᠎ᠠ᠂ ᠬᠤᠸᠠᠳ᠋ᠦ᠋ᠩ ᠤ᠋ᠨ ᠤᠯᠤᠰ ᠲᠦᠷᠦ ᠬᠠᠤᠯᠢ ᠴᠠᠭᠠᠵᠠᠶᠢᠨ ᠶᠡᠬᠡ ᠰᠤᠷᠭᠠᠭᠤᠯᠢ ᠬᠠᠮᠲᠤᠷᠠᠨ ᠠᠮᠢ ᠠᠬᠤᠢᠤᠷᠴᠢᠨ ᠲᠤᠭᠤᠷᠢᠨ ᠤ᠋ ᠪᠠᠢᠴᠠᠭᠠᠬᠤ ᠤᠨᠤᠯ ᠬᠢᠭᠡᠳ ᠦᠢᠯᠡᠳᠦᠯᠭᠡᠶᠢᠨ ᠵᠣᠬᠢᠶᠠᠯ ᠡᠯᠰᠡᠬᠦ ᠠᠵᠢᠯᠯᠠᠭ᠎ᠠᠶᠢ ᠥᠷᠨᠢᠭᠦᠯᠪᠡ᠃
ᠲᠣᠰ ᠤᠳᠠᠭ᠎ᠠ ᠵᠢᠨ ᠠᠵᠢᠯᠯᠠᠭ᠎ᠠ ᠨᠢ ᠨᠡᠶ᠋ᠢᠲᠡ 505 ᠵᠣᠬᠢᠶᠠᠯ ᠡᠯᠰᠡᠨ ᠤᠯᠵᠠᠢ᠃ ᠬᠣᠶᠠᠷ ᠡᠭᠡᠯᠵᠢᠶᠢᠨ ᠲᠤᠰᠬᠠᠢ ᠮᠡᠷᠭᠡᠵᠢᠯᠦᠨ ᠰᠢᠯᠭᠠᠷᠠᠭᠤᠯᠤᠯᠲᠠ ᠵᠢ ᠦᠩᠬᠡᠷᠡᠬᠦᠯᠦᠬᠡᠳ᠂ ᠨᠡᠢᠳᠡ 180 ᠥᠭᠦᠯᠡᠯ ᠢ ᠰᠢᠯᠭᠠᠷᠠᠭᠤᠯᠤᠨ ᠭᠠᠷᠭᠠᠵᠤ᠂ 10 ᠨᠢᠭᠡᠳᠦᠭᠡᠷ ᠳᠡᠰᠤᠨ ᠱᠠᠩᠨᠠᠯ᠂ 20 ᠬᠣᠶᠠᠳᠤᠭᠠᠷ ᠳᠡᠰᠤᠨ ᠱᠠᠩᠨᠠᠯ᠂ 50 ᠭᠤᠷᠪᠠᠳᠤᠭᠠᠷ ᠳᠡᠰᠤᠨ ᠱᠠᠩᠨᠠᠯ᠂ 100 ᠰᠢᠯᠢᠳᠡᠭ ᠱᠠᠩᠨᠠᠯ ᠲᠤᠳᠤᠷᠠᠪᠠ᠃ ᠡᠭᠦᠨᠳᠦ᠂ ᠥᠪᠥᠷ ᠮᠣᠩᠭᠣᠯᠤᠨ ᠲᠡᠮᠦᠷ ᠵᠠᠮᠤᠨ ᠵᠦᠬᠡᠬᠡᠪᠦᠷᠢ ᠵᠢᠨ ᠪᠠᠢᠴᠠᠭᠠᠬᠤ ᠪᠠᠢᠭᠤᠯᠭᠠᠶᠢᠨ 3 ᠥᠭᠦᠯᠡᠯ ᠱᠠᠩᠨᠠᠯ ᠭᠥᠷᠳᠡᠪᠡ᠃
ᠰᠦᠩ ᠸᠸᠢ ᠶᠠᠨ᠂ ᠯᠦᠸᠸ ᠽᠢ ᠵᠢᠶᠦ᠋ᠨ᠂ ᠼᠤᠤ ᠵᠢᠨ ᠱᠸᠩ᠂ ᠴᠸᠨ ᠢᠦᠢ ᠹᠸᠩ ᠨᠠᠷ ᠤ᠋ᠨ ᠪᠢᠴᠢᠭᠰᠡᠨ 《ᠤᠷᠴᠢᠨ ᠲᠤᠭᠤᠷᠢᠨ ᠤ᠋ ᠡᠬᠢ ᠪᠠᠶᠠᠯᠢᠬ ᠤ᠋ᠨ ᠲᠦᠷᠦᠯ ᠤ᠋ᠨ ᠬᠡᠷᠡᠭ ᠤ᠋ᠨ ᠡᠷᠡᠬᠦᠦ ᠰᠢᠢᠳᠬᠡᠯᠢ ᠵᠤᠯᠭᠠᠭᠤᠯᠬᠤ ᠲᠤᠬᠳᠠᠴᠠ ᠵᠢᠨ ᠬᠠᠤᠯᠢ ᠲᠤᠬᠳᠠᠭᠠᠬᠤ ᠬᠦᠴᠢᠷᠳᠡᠯ ᠬᠢᠬᠡᠳ ᠲᠡᠬᠦᠯᠳᠡᠷᠵᠢᠯ》 ᠬᠡᠬᠦ ᠦᠬᠦᠯᠡᠯ ᠨᠢ ᠭᠤᠷᠪᠠᠳᠤᠭᠠᠷ ᠲᠡᠰ ᠤ᠋ᠨ ᠱᠠᠩᠨᠠᠯ ᠬᠦᠷᠳᠡᠪᠡ; ᠵᠢᠶᠠ ᠲᠦᠩ ᠲᠦᠩ᠂ ᠵᠤᠤ ᠲᠢᠶᠠᠨ ᠭᠸ ᠵᠢᠨ ᠪᠢᠴᠢᠭᠰᠡᠨ 《ᠶᠡᠬᠡ ᠭᠤᠤᠯ ᠤ᠋ᠨ ᠰᠠᠪᠠ ᠭᠠᠵᠠᠷ ᠤ᠋ᠨ ᠤᠷᠴᠢᠨ ᠲᠤᠭᠤᠷᠢᠨ ᠤ᠋ ᠶᠠᠯᠠᠳᠤ ᠠᠵᠢᠯᠯᠠᠭ᠎ᠠ ᠵᠢᠨ ᠵᠠᠰᠠᠯᠳᠠ ᠪᠠ ᠠᠷᠭᠠᠴᠠᠭᠠᠬᠤ ᠪᠤᠳᠤᠯᠭ᠎ᠠ ᠵᠢᠨ ᠰᠤᠳᠤᠯᠭᠠᠨ — ᠦᠪᠦᠷ ᠮᠤᠩᠭᠤᠯ ᠤ᠋ᠨ ᠲᠡᠮᠦᠷ ᠵᠠᠮ ᠤ᠋ᠨ ᠵᠦᠬᠡᠬᠡᠪᠦᠷᠢ ᠵᠢᠨ ᠪᠠᠢᠴᠠᠭᠠᠬᠤ ᠪᠠᠢᠭᠤᠯᠭ᠎ᠠ ᠵᠢᠨ ᠬᠡᠷᠡᠭ ᠰᠢᠢᠳᠪᠦᠷᠢᠯᠡᠬᠦ ᠦᠢᠯᠡᠳᠦᠯᠬᠡ ᠪᠡᠷ ᠵᠢᠱ᠌ᠢᠶᠡᠯᠡᠬᠦ ᠨᠢ》 ᠬᠡᠬᠦ ᠦᠬᠦᠯᠡᠯ᠂ ᠼᠤᠤ ᠵᠢᠨ ᠱᠸᠩ᠂ ᡂᠢ ᠸᠸᠢ ᠮᠢᠨ᠂ ᠵᠤᠤ ᠲᠢᠶᠠᠨ ᠭᠸ ᠨᠠᠷ ᠤ᠋ᠨ ᠪᠢᠴᠢᠭᠰᠡᠨ 《ᠠᠮᠢ ᠠᠬᠤᠢ ᠤᠷᠴᠢᠨ ᠲᠤᠭᠤᠷᠢᠨ ᠤ᠋ ᠡᠬᠢ ᠪᠠᠶᠠᠯᠢᠬ ᠤ᠋ᠨ ᠲᠦᠷᠦᠯ ᠤ᠋ᠨ ᠶᠠᠯᠠᠳᠤ ᠠᠵᠢᠯᠯᠠᠭ᠎ᠠ ᠵᠢᠨ ᠵᠠᠰᠠᠯᠳᠠ ᠵᠢᠨ ᠠᠷᠭ᠎ᠠ ᠵᠠᠮ ᠤ᠋ᠨ ᠰᠤᠳᠤᠯᠭᠠᠨ》 ᠬᠡᠬᠦ ᠦᠬᠦᠯᠡᠯ ᠨᠢ ᠰᠢᠯᠢᠳᠡᠭ ᠱᠠᠩᠨᠠᠯᠢ ᠬᠦᠷᠳᠡᠵᠡᠢ᠃