ᠲᠦᠷᠦᠭᠦᠬᠡᠨ᠂ ᠵᠡᠭᠦᠨ ᠦᠵᠦᠮᠦᠴᠢᠨ ᠬᠣᠱᠢᠭᠤᠨ᠎ᠤ ᠠᠷᠠᠳ᠎ᠤᠨ ᠱᠢᠭᠦᠬᠦ᠌ ᠬᠣᠷᠢᠶ᠎ᠠ ᠪᠠᠭ᠎ᠠ ᠲᠣᠭᠠᠨ᠎ᠤ ᠵᠠᠷᠭᠤ᠎ᠶ᠋ᠢᠨ ᠵᠢᠷᠤᠮ᠎ᠤᠨ 《ᠬᠦᠷᠭᠡᠬᠦ᠌ ᠨᠢ ᠲᠦᠷᠭᠡᠨ᠂ ᠲᠢᠩᠬᠢᠮ ᠨᠡᠭᠡᠭᠡᠬᠦ᠌ ᠨᠢ ᠲᠦᠷᠭᠡᠨ᠂ ᠱᠢᠭᠦᠬᠦ᠌ ᠬᠤᠭᠤᠴᠠᠭ᠎ᠠ ᠨᠢ ᠣᠬᠣᠷ᠂ ᠪᠢᠴᠢᠭ ᠮᠠᠲᠸᠷᠢᠶᠡᠯ ᠨᠢ ᠳᠥᠭᠥᠮ᠂ ᠴᠤᠪᠤᠷᠠᠯ ᠨᠢ ᠲᠦᠭᠦᠮ》 ᠪᠠᠢᠬᠤ ᠳᠠᠪᠠᠭᠤᠯᠢᠭ᠎ᠢ ᠭᠦᠶ᠋ᠴᠡᠳ ᠪᠠᠳᠠᠷᠠᠭᠤᠯᠵᠤ᠂ ᠬᠤᠳᠠᠯᠳᠤᠭᠠᠨ ᠤ᠋ ᠭᠡᠷ᠎ᠡ᠎ᠶ᠋ᠢᠨ ᠵᠠᠭᠤᠷᠠᠯᠳᠤᠭᠠᠨ᠎ᠤ 1 ᠬᠡᠷᠡᠭ᠎ᠢ ᠠᠮᠵᠢᠯᠳᠠ ᠲᠠᠢ ᠱᠢᠶ᠋ᠳᠪᠦᠷᠢᠯᠡᠪᠡ᠃
ᠣᠢᠯᠠᠭᠠᠭ᠍ᠰᠠᠨ᠎ᠢᠶᠠᠷ᠂ ᠰᠠ᠊ ᠣᠪᠣᠭ᠍ᠲᠤ᠂ ᠨᠠ᠊ ᠣᠪᠣᠭ᠍ᠲᠤ᠂ ᠲᠠ᠊ ᠣᠪᠣᠭ᠍ᠲᠤ᠂ ᠪᠠ᠊ ᠣᠪᠣᠭ᠍ᠲᠤ ᠳᠥᠷᠪᠡᠭᠦᠯᠡ ᠯᠢᠦ ᠣᠪᠣᠭ᠍ᠲᠤ᠎ᠶ᠋ᠢᠨ ᠡᠵᠡᠩᠨᠡᠵᠦ᠍ ᠪᠠᠢᠭ᠎ᠠ ᠬᠡᠲᠦ ᠳᠡᠯᠭᠡᠭᠦᠷ᠎ᠡᠴᠡ ᠪᠠᠷᠠᠭ᠎ᠠ ᠲᠠᠸᠠᠷ ᠵᠢᠭᠡᠯᠡᠵᠦ ᠠᠪᠤᠪᠠ᠃ ᠰᠡᠭᠦᠯᠡᠷ ᠨᠢ ᠯᠢᠦ ᠣᠪᠣᠭ᠍ᠲᠤ ᠡᠴᠨ ᠲᠦᠷᠪᠡᠬᠦᠯᠡ ᠲᠠᠢ ᠲᠣᠰ ᠲᠣᠰ ᠪᠠᠷᠠᠭᠠᠨ᠎ᠤ ᠵᠣᠭᠣᠰ ᠢ᠋ ᠪᠤᠳᠤᠵᠤ ᠥᠷᠢ᠎ᠶ᠋ᠢᠨ ᠪᠠᠷᠢᠮᠲᠠ ᠵᠢ ᠭᠠᠷᠳᠠᠭᠤᠯᠪᠠ᠃ ᠡᠭᠦᠨ᠎ᠳᠦ ᠰᠡ᠊ ᠣᠪᠣᠭ᠍ᠲᠤ᠂ ᠨᠠ᠊ ᠣᠪᠣᠭ᠍ᠲᠤ ᠳᠡᠯᠭᠡᠭᠦᠷ᠎ᠲᠦ 3 ᠲᠦᠮᠡᠨ ᠲᠥᠭᠥᠷᠢᠭ ᠥᠷᠢᠳᠡᠵᠦ᠂ ᠲᠡ᠊ ᠣᠪᠣᠭ᠍ᠲᠤ ᠬᠡᠲᠦ ᠳᠡᠯᠭᠡᠭᠦᠷ᠎ᠲᠦ 0 .7 ᠲᠦᠮᠡᠨ ᠲᠥᠭᠥᠷᠢᠭ ᠥᠷᠢᠲᠦᠵᠦ᠍᠂ ᠪᠠ᠊ ᠣᠪᠣᠭ᠍ᠲᠤ ᠬᠡᠲᠦ ᠳᠡᠯᠭᠡᠭᠦᠷ᠎ᠲᠦ 1.1 ᠲᠦᠮᠡᠨ ᠲᠥᠭᠥᠷᠢᠭ᠎ᠦᠨ ᠪᠠᠷᠠᠭᠠᠨ᠎ᠤ ᠵᠣᠭᠣᠰ ᠥᠷᠢᠲᠦᠪᠡ᠃ ᠯᠢᠦ ᠣᠪᠣᠭ᠍ᠲᠤ ᠣᠯᠠᠨ ᠤᠳᠠᠭ᠎ᠠ ᠨᠡᠬᠡᠭᠰᠡᠨ ᠪᠣᠯᠪᠠᠴᠤ᠌ ᠲᠦᠷᠪᠡᠬᠦᠯᠡ ᠵᠦᠢᠯ ᠵᠦᠢᠯ᠎ᠦᠨ ᠱᠢᠯᠲᠠᠭ᠎ᠢᠶᠠᠷ ᠵᠤᠭᠤᠰ ᠵᠢᠡᠨ ᠪᠤᠴᠠᠭᠠᠬᠤ ᠦᠭᠡᠢ ᠪᠠᠢᠯ᠎ᠠ᠃
ᠲᠤᠬᠠᠢ᠎ᠶ᠋ᠢᠨ ᠬᠥᠮᠦᠨ᠎ᠦ ᠬᠣᠭᠣᠷᠣᠨᠳᠣᠬᠢ ᠵᠥᠷᠢᠴᠡᠯ ᠵᠠᠭᠤᠷᠠᠯᠳᠤᠭᠠᠨ᠎ᠢ ᠲᠣᠬᠢᠲᠠᠢ ᠱᠢᠢᠳᠪᠦᠷᠢᠯᠡᠬᠦ᠌᠎ᠶ᠋ᠢᠨ ᠲᠥᠯᠥᠭᠡ᠂ ᠱᠢᠭᠦᠬᠦ᠌ ᠲᠤᠱᠢᠶᠠᠯᠲᠠᠨ ᠡᠴᠨ ᠲᠦᠷᠪᠡᠨ ᠵᠠᠭᠠᠯᠳᠤᠭ᠍ᠳᠠᠭ᠍ᠴᠢ ᠲᠠᠢ ᠲᠢᠩᠬᠢᠮ ᠨᠡᠭᠡᠭᠡᠬᠦ᠌ ᠴᠠᠭ᠎ᠢ ᠲᠣᠭ᠍ᠲᠠᠵᠤ᠂ ᠬᠡᠷᠡᠭ᠎ᠢ ᠡᠶᠡᠳᠡᠭᠦᠯᠬᠦ᠌ ᠠᠵᠢᠯ᠎ᠢ ᠵᠣᠬᠢᠶᠠᠨ ᠪᠠᠢᠭᠤᠯᠤᠨ ᠥᠷᠨᠢᠭᠦᠯᠪᠡ᠃ ᠡᠶᠡᠳᠡᠭᠦᠯᠬᠦ᠌ ᠶᠠᠪᠤᠴᠠ᠎ᠳᠤ᠂ ᠳᠠᠭᠠᠭᠠᠨ ᠠᠪᠴᠤ᠌ ᠱᠢᠢᠳᠪᠦᠷᠢᠯᠡᠬᠦ᠌ ᠱᠢᠭᠦᠬᠦ᠌ ᠲᠤᠱᠢᠶᠠᠯᠲᠠᠨ ᠬᠣᠶᠠᠷ ᠲᠠᠯ᠎ᠠ᠎ᠶ᠋ᠢᠨ ᠲᠤᠬᠠᠢ᠎ᠶ᠋ᠢᠨ ᠬᠥᠮᠦᠨ᠎ᠦ ᠲᠤᠭᠠᠴᠠᠯᠲᠠ ᠪᠠ ᠰᠠᠨᠠᠯ᠎ᠢ ᠬᠦᠯᠢᠴᠡᠩᠭᠦᠢ᠎ᠪᠡᠷ ᠰᠣᠨᠣᠰᠴᠤ᠌᠂ ᠬᠠᠤᠯᠢ ᠴᠠᠭᠠᠵᠠ᠎ᠶ᠋ᠢᠨ ᠲᠣᠭ᠍ᠲᠠᠭᠠᠯ᠂ ᠵᠠᠷᠭᠤ᠎ᠶ᠋ᠢᠨ ᠦᠷᠳᠡᠭ ᠵᠡᠷᠭᠡ ᠲᠠᠯ᠎ᠠ᠎ᠠᠴᠠ ᠡᠭᠦᠰᠦᠨ᠂ ᠬᠠᠤᠯᠢ ᠶᠣᠰᠣ ᠵᠢ ᠲᠣᠳᠣᠷᠬᠠᠢᠯᠠᠨ ᠲᠠᠢᠯᠪᠤᠷᠢᠯᠠᠪᠠ᠃ ᠱᠢᠭᠦᠭ᠌ᠴᠢ᠎ᠶ᠋ᠢᠨ ᠡᠶᠡᠳᠡᠭᠦᠯᠭᠡ᠎ᠪᠡᠷ ᠯᠢᠦ ᠣᠪᠣᠭ᠍ᠲᠤ ᠲᠤᠰ ᠲᠤᠰ ᠲᠦᠷᠪᠡᠨ ᠬᠥᠮᠦᠨ᠎ᠲᠡᠶ ᠵᠣᠭᠣᠰ ᠪᠤᠴᠠᠭᠠᠬᠤ ᠰᠠᠨᠠᠯ ᠲᠤᠬᠢᠷᠠᠯᠴᠠᠵᠤ᠂ ᠡᠶᠡᠳᠡᠭᠦᠯᠭᠡ᠎ᠶ᠋ᠢᠨ ᠬᠡᠯᠡᠯᠴᠡᠭᠡᠷ ᠲᠣᠭ᠍ᠲᠠᠵᠤ ᠬᠡᠷᠡᠭ᠎ᠢ ᠠᠮᠵᠢᠯᠲᠠ᠎ᠲᠠᠶ ᠱᠢᠢᠳᠪᠦᠷᠢᠯᠡᠪᠡ᠃
ᠲᠤᠰ ᠬᠡᠷᠡᠭ ᠪᠣᠯ ᠡᠳ᠋ ᠪᠠᠷᠠᠭᠠᠨ᠎ᠤ ᠵᠣᠭᠣᠰ᠎ᠢ ᠪᠤᠳᠤᠵᠤ ᠥᠭ᠌ᠬᠦ ᠪᠠᠢᠩᠭᠤ ᠲᠣᠬᠢᠶᠠᠯᠳᠤᠳᠠᠭ ᠬᠤᠳᠠᠯᠳᠤᠭᠠᠨ ᠤ᠋ ᠭᠡᠷ᠎ᠡ᠎ᠶ᠋ᠢᠨ ᠵᠠᠭᠤᠷᠠᠯᠳᠤᠭᠠᠨ ᠮᠥᠨ᠂ ᠬᠡᠷᠡᠭ ᠲᠸ᠋ ᠬᠤᠯᠪᠤᠬᠳᠠᠬᠰᠠᠨ ᠵᠤᠭᠤᠰ ᠮᠦᠡᠭᠭᠦ ᠵᠢᠨ ᠲᠣᠭ᠎ᠠ ᠨᠢ ᠪᠠᠭ᠎ᠠ᠂ ᠬᠠᠤᠯᠢ ᠴᠠᠭᠠᠵᠠ᠎ᠶ᠋ᠢᠨ ᠬᠠᠷᠢᠴᠠᠭ᠎ᠠ ᠨᠢ ᠲᠣᠳᠣᠷᠬᠠᠢ ᠪᠠᠢᠵᠤ᠂ ᠲᠦᠷᠭᠡᠨ ᠲᠠᠰᠤᠯᠤᠨ ᠲᠦᠷᠭᠡᠨ ᠱᠢᠭᠦᠬᠦ᠌᠎ᠪᠡᠷ ᠳᠠᠮᠵᠢᠨ ᠬᠡᠷᠡᠭ᠎ᠢ ᠱᠢᠭᠦᠬᠦ᠌᠎ᠡᠴᠡ ᠡᠮᠦᠨ᠎ᠡ ᠡᠶᠡᠳᠡᠬᠦᠯᠦᠨ ᠰᠢᠢᠳᠪᠤᠷᠢᠯᠡᠵᠦ᠂ ᠬᠡᠷᠡᠭ ᠤ᠋ᠨ ᠲᠤᠬᠠᠢ᠎ᠶ᠋ᠢᠨ ᠬᠥᠮᠦᠨ᠎ᠳᠦ ᠲᠦᠬᠦᠮ ᠦᠵᠡᠭᠦᠯᠪᠡ᠃