ᠡᠪᠦᠯ᠎ᠤᠨ ᠡᠬᠢᠨ᠎ᠳᠤ᠂ ᠤᠷᠠᠳ᠎ᠤᠨ ᠬᠤᠢᠳᠤ ᠬᠤᠱᠢᠭᠤᠨ᠎ᠤ ᠪᠠᠶᠠᠨᠪᠤᠯᠠᠭ ᠪᠠᠯᠭᠠᠰᠤᠨ᠎ᠤ ᠲᠤᠸᠠᠨ ᠵᠢᠶᠧ ᠲᠣᠰᠭᠤᠨ᠎ᠤ ᠪᠠᠷᠢᠮᠵᠢᠶᠠᠵᠢᠭᠤᠯᠤᠭ᠍ᠰᠠᠨ ᠯᠠᠵᠤᠤ ᠶᠢᠨ ᠲᠠᠷᠢᠶᠠᠨ᠎ᠳᠤ ᠣᠷᠣᠬᠤ᠎ᠳᠤ᠂ ᠠᠷᠪᠠᠨ ᠬᠡᠳᠦᠨ ᠲᠠᠷᠢᠶᠠᠴᠢᠨ ᠬᠤᠯᠤᠰᠤᠨ ᠰᠠᠬ᠍ᠰᠤ᠂ ᠬᠠᠳᠤᠭᠤᠷᠪᠠᠷᠢᠵᠤ᠂ ᠤᠯᠠᠭᠠᠨ ᠯᠠᠵᠤᠤ ᠪᠠᠨ ᠬᠠᠳᠤᠵᠤ ᠬᠤᠷᠢᠶᠠᠨ᠎ᠠ᠃
《ᠥᠩᠭᠡᠷᠡᠭ᠌ᠰᠡᠨ᠎ᠳᠤ ᠤᠯᠠᠮᠵᠢᠯᠠᠯᠲᠤ ᠲᠠᠷᠢᠮᠠᠯ ᠳᠠᠷᠢᠵᠤ᠂ ᠨᠢᠭᠡ ᠮᠣ᠌ ᠠᠴᠠ ᠬᠡᠳᠦᠨ ᠵᠠᠭᠤᠨ ᠲᠥᠭᠦᠷᠢᠭ᠎ᠤᠨ ᠬᠤᠷᠢᠶᠠᠯᠳᠠ ᠯᠠ ᠣᠯᠳᠠᠭ᠃ ᠣᠳᠣ ᠲᠥᠷᠥ᠎ᠶ᠋ᠢᠨ ᠪᠣᠳᠣᠯᠭ᠎ᠠ ᠵᠢᠨ ᠰᠠᠢᠨ ᠵᠢᠡᠷ 《ᠯᠠᠵᠤᠤ᠎ᠶ᠋ᠢᠨ ᠵᠠᠮ》᠎ᠢ᠋ ᠭᠡᠷ᠎ᠤᠨ ᠡᠭᠦᠳᠡᠨ ᠡᠴᠡ ᠪᠠᠨ ᠳᠡᠪᠢᠰᠴᠦ᠍᠂ ᠱᠢᠨ᠎ᠡ ᠡᠬᠦᠯᠳᠡᠷ᠎ᠤᠨ ᠴᠢᠬᠢ ᠵᠢ ᠱᠢᠭᠤᠳ ᠲᠠᠷᠢᠶᠠᠨ᠎ᠳᠤ ᠬᠦᠷᠭᠡᠨ᠂ ᠲᠤᠰᠬᠠᠢ ᠮᠡᠷᠭᠡᠵᠢᠯᠲᠡᠳ ᠲᠠᠷᠢᠶᠠᠨ ᠭᠠᠵᠠᠷ᠎ᠲᠤ ᠬᠦᠨᠵᠡᠬᠡᠢᠷᠠᠨ ᠵᠢᠭᠠᠨ ᠵᠢᠯᠤᠭᠤᠳᠴᠦ᠂ ᠬᠤᠷᠢᠶᠠᠯᠳᠠ ᠶ᠋ᠢᠨ ᠬᠤᠭᠤᠴᠠᠭᠠᠨ᠎ᠳᠤ ᠠᠵᠤ ᠠᠬᠤᠢᠯᠠᠯ᠎ᠠᠴᠠ ᠬᠠᠮᠤᠭ᠎ᠤᠨ ᠨᠠᠭᠠᠳᠤ ᠵᠠᠬ᠎ᠠ᠎ᠶ᠋ᠢᠨ ᠦᠨ᠎ᠡ᠎ᠪᠠᠷ ᠶᠡᠭᠡ ᠬᠡᠪᠴᠢᠶ᠎ᠠ᠎ᠪᠠᠷ ᠬᠤᠷᠢᠶᠠᠵᠤ᠂ ᠨᠢᠭᠡ ᠮᠣ᠌ ᠴᠤᠤ ᠲᠢᠶᠠᠨ ᠵᠢᠶᠤᠤ᠎ᠶ᠋ᠢᠨ ᠤᠷᠣᠯᠭ᠎ᠠ ᠦᠩᠭᠡᠷᠡᠭ᠌ᠰᠡᠨ᠎ᠤ ᠬᠡᠳᠦᠠ ᠮᠣ᠌ ᠡᠷᠳᠡᠨᠢ ᠱᠢᠰᠢ᠎ᠶ᠋ᠢᠨ ᠤᠷᠣᠯᠭ᠎ᠠ᠎ᠲᠠᠢ ᠲᠠᠩᠴᠡᠵᠤ ᠪᠤᠢ》 ᠭᠡᠵᠤ ᠲᠣᠸᠠᠨ ᠵᠢᠶᠧ ᠲᠣᠰᠭᠣᠨ᠎ᠤ ᠨᠠᠮ᠎ᠤᠨ ᠡᠭᠦᠷ᠎ᠦᠨ ᠱᠦᠵᠢ ᠯᠤ᠌ ᠵᠢᠶᠦ᠋ᠨ ᠵᠢᠶᠧ ᠢᠨᠢᠶᠡᠮᠰᠦᠭ᠌ᠯᠡᠨ ᠦᠬᠦᠯᠡᠨᠠ᠃
ᠡᠬᠦᠯᠳᠡᠷ ᠴᠢᠬᠢ᠂ ᠱᠢᠯᠢᠳᠡᠭ ᠮᠡᠷᠭᠡᠵᠢᠯ᠂ ᠰᠠᠢᠨ ᠦᠨ᠎ᠡ ᠬᠠᠩᠰᠢ᠎ᠨᠢ ᠲᠠᠷᠢᠶᠠᠴᠢᠳ᠎ᠤᠨ 《ᠶᠠᠭᠤ ᠲᠠᠷᠢᠬᠤ᠂ ᠶᠠᠭᠠᠬᠢᠵᠤ ᠳᠠᠷᠢᠬᠤ᠂ ᠬᠡᠨ᠎ᠳᠤ ᠬᠤᠳᠠᠯᠳᠤᠬᠤ》 ᠠᠰᠠᠭᠤᠳᠠᠯ᠎ᠢ ᠲᠦᠢᠯᠪᠤᠷᠢᠳᠠᠢ ᠰᠢᠢᠳᠪᠦᠷᠢᠯᠡᠪᠠ᠃ ᠣᠳᠣᠬᠠᠨ᠎ᠳ᠋ᠤ᠂ ᠤᠷᠠᠳ᠎ᠤ᠋ᠨ ᠬᠣᠢᠲᠤ ᠬᠤᠱᠢᠭᠤᠨᠤ᠋ ᠭᠠᠯ ᠤᠯᠠᠭᠠᠨ ᠴᠤᠤ ᠲᠢᠶᠠᠨ ᠵᠢᠶᠣᠤ ᠡᠯᠪᠡᠭ ᠬᠤᠷᠢᠶᠠᠯᠲᠠ ᠣᠯᠵᠤ᠂ ᠶᠠᠭ ᠰᠦᠯᠵᠢᠶᠡᠨ ᠳᠡᠭᠡᠷᠡᠬᠢ ᠪᠠ ᠪᠤᠳᠠᠳᠤ ᠴᠤᠭᠴᠠ ᠵᠢᠨ ᠣᠯᠠᠨ ᠡᠱᠢᠲᠦ ᠠᠷᠭ᠎ᠠ ᠵᠠᠮ᠎ᠵᠢᠡᠷ ᠪᠦᠬᠦ᠌ ᠤᠯᠤᠰ᠎ᠤ᠋ᠨ ᠬᠣᠭᠣᠯᠠᠨ ᠱᠢᠷᠡᠬᠡᠠᠳᠤ ᠭᠠᠷᠭᠠᠵᠤ ᠪᠠᠢᠨ᠎ᠠ᠃
《ᠡᠨᠡ ᠵᠢᠯ ᠮᠠᠨ᠎ᠤ ᠬᠤᠷᠱᠢᠶ᠎ᠠ ᠨᠡᠢᠳᠠ 2000 ᠲᠣᠨ ᠴᠤᠤ ᠲᠢᠶᠠᠨ ᠵᠢᠶᠤᠤ ᠬᠤᠷᠢᠶᠠᠪᠠ᠂ ᠡᠭᠦᠨ᠎ᠳᠤ 1500 ᠲᠣᠨ᠎ᠢ ᠬᠠᠲᠠᠭᠠᠭ᠍ᠰᠠᠨᠤ ᠳᠠᠷᠠᠭ᠎ᠠ ᠰᠧᠴᠤᠧᠠᠠ᠂ ᠬᠤᠨᠠᠨ ᠵᠡᠷᠭᠡ ᠭᠠᠵᠠᠷ᠎ᠲᠤ ᠱᠢᠭᠤᠳ ᠠᠷᠠᠯᠵᠢᠶᠠᠯᠠᠵᠣ᠂ ᠦᠯᠡᠳᠡᠭ᠌ᠰᠡᠨ 500 ᠲᠣᠨ᠎ᠢ ᠯᠠᠵᠤᠤ᠎ᠶ᠋ᠢᠨ ᠨᠤᠨᠲᠠᠭ ᠪᠤᠯᠭᠠᠵᠣ᠂ ᠨᠡᠮᠡᠯᠲᠡ ᠦᠷᠳᠡᠭ᠎ᠨᠢ ᠬᠤᠶᠠᠷ ᠳᠠᠬᠢᠨ ᠨᠡᠮᠡᠭ᠌ᠳᠡᠵᠦ᠍᠂ ᠶᠡᠷᠦᠩᠬᠡᠶ ᠣᠷᠣᠯᠭ᠎ᠠ᠎ᠨᠢ 200 ᠲᠦᠮᠡᠨ ᠲᠥᠭᠦᠷᠢᠭ ᠢ ᠳᠠᠪᠠᠪᠠ》 ᠭᠡᠵᠤ ᠤᠷᠠᠳ᠎ᠤ᠋ᠨ ᠬᠣᠢᠲᠤ ᠬᠤᠱᠢᠭᠤᠨᠤ᠋ ᠵᠸᠨ ᠫᠢᠨ ᠶᠤᠸᠠᠨ ᠲᠠᠷᠢᠶᠠᠯᠠᠩ ᠮᠠᠯ ᠠᠵᠤ ᠠᠬᠤᠢ᠎ᠶᠢᠨ ᠲᠤᠰᠭᠠᠢ ᠬᠣᠷᠱᠢᠶᠠᠵᠢᠯᠤ᠋ᠨ ᠬᠠᠷᠢᠭᠤᠴᠠᠯᠭᠠᠲᠠᠨ ᠸᠠᠩ ᡁᠢ ᠶᠠᠷᠢᠨ᠎ᠠ᠃
ᠬᠤᠷᠱᠢᠶᠠᠨ᠎ᠤ ᠦᠷ᠎ᠡ ᠠᠱᠢᠭ ᠰᠠᠢᠨ᠂ ᠯᠠᠵᠤᠤ ᠲᠠᠷᠢᠬ᠍ᠰᠡᠠ ᠲᠠᠷᠢᠶᠠᠴᠢᠳ᠎ᠤᠨ ᠤᠷᠣᠯᠭ᠎ᠠ ᠴᠦ᠍ ᠨᠡᠮᠡᠭ᠌ᠳᠡᠵᠦ᠍᠂ ᠲᠤᠬᠠᠶ᠎ᠶ᠋ᠢᠨ ᠭᠠᠵᠠᠷ᠎ᠲᠤ ᠲᠦᠷ ᠴᠠᠭ᠎ᠤᠨ ᠬᠥᠯᠥᠰᠥᠨ ᠠᠵᠢᠯ ᠬᠢᠭᠦ᠌ ᠠᠵᠤ ᠠᠬᠤᠶ ᠴᠤ᠌ ᠬᠥᠭ᠌ᠵᠢᠶᠡᠨᠲᠡᠶ ᠪᠣᠯᠪᠠ᠃ ᠲᠤᠸᠠᠨ ᠵᠢᠶᠧ ᠲᠣᠰᠭᠤᠨ᠎ᠤ ᠠᠷᠠᠳ ᠪᠦᠦ ᠹᠧᠩ ᠱᠢᠶᠠᠨ ᠥᠪᠡᠷ᠎ᠤᠨ ᠡᠷᠳᠡᠨᠢ ᠱᠢᠰᠢ᠎ᠶ᠋ᠢᠨ ᠲᠠᠷᠢᠶ᠎ᠠ᠎ᠪᠠᠨ ᠬᠥᠭ᠌ᠰᠢᠨᠳᠤᠪᠠᠨ ᠥᠭ᠌ᠴᠦ᠂ ᠡᠳᠦᠷ ᠪᠤᠯᠭᠠᠠ ᠯᠠᠵᠤᠤ᠎ᠶ᠋ᠢᠨ ᠲᠠᠷᠢᠶᠠᠨ᠎ᠳᠤ ᠭᠦᠷᠴᠦ ᠬᠥᠯᠥᠰᠥᠨ ᠠᠵᠢᠯ ᠬᠢᠵᠦ᠍ ᠪᠠᠢᠪᠠ᠃ 《ᠭᠡᠷ᠎ᠤᠨ ᠵᠢᠡᠨ ᠡᠭᠦᠳᠡᠨ᠎ᠳᠤ ᠬᠥᠯᠥᠰᠥᠨ ᠠᠵᠢᠯ ᠬᠢᠵᠦ᠍᠂ ᠳᠤᠯᠤᠭᠠᠠ ᠡᠳᠦᠷ᠎ᠲᠤ ᠭᠤᠷᠪᠠᠨ ᠮᠢᠩᠭ᠎ᠠ ᠭᠠᠷᠤᠶ ᠲᠥᠭᠦᠷᠢᠭ ᠣᠯᠵᠠᠢ》 ᠭᠡᠵᠤ ᠲᠠᠷᠠ ᠪᠠᠶᠠᠷᠳᠠᠢ ᠶᠠᠷᠢᠨ᠎ᠠ᠃ ᠣᠳᠣᠬᠠᠨ᠎ᠳᠤ᠂ ᠪᠥᠬᠦ᠌ ᠬᠤᠱᠢᠭᠤᠨ᠎ᠳᠤ ᠪᠦᠦ ᠹᠧᠩ ᠱᠢᠶᠠᠨ᠎ᠲᠠᠢ ᠠᠳᠠᠯᠢ ᠯᠠᠵᠤᠣ ᠬᠤᠷᠢᠶᠠᠬᠤ ᠣᠬᠤᠷ ᠬᠤᠭᠤᠴᠠᠭᠠᠠ᠎ᠤ ᠠᠵᠢᠯᠴᠢᠨ ᠨᠢᠭᠡᠨᠲᠡ 300 ᠬᠥᠮᠦᠨ᠎ᠢ ᠳᠠᠪᠠᠵᠤ᠂ ᠵᠢᠱ᠌ᠢᠯᠳᠠ᠎ᠪᠠᠷ ᠬᠥᠮᠦᠨ ᠳᠤᠮᠳᠠᠴᠢ᠎ᠶ᠋ᠢᠨ ᠣᠷᠣᠯᠭ᠎ᠠ 5 ᠮᠢᠩᠭᠠᠨ ᠲᠥᠭᠦᠷᠢᠭ᠎ᠠᠴᠠ ᠳᠡᠭᠡᠭ᠌ᠰᠢ ᠨᠡᠮᠡᠭ᠌ᠳᠡᠵᠦ᠍᠂ ᠵᠢᠵᠢᠭ ᠯᠠᠵᠤᠤ ᠦᠨᠡᠨ ᠬᠦ᠌ 《ᠬᠠᠮᠲᠤ᠎ᠪᠠᠷ ᠴᠢᠨᠡᠭᠡᠯᠢᠭ᠌ᠵᠢᠬᠦ᠌ ᠬᠡᠯᠬᠢᠶ᠎ᠡ》 ᠶ᠋ᠢ ᠰᠦᠯᠵᠢᠪᠡ᠃
ᠲᠠᠷᠢᠮᠠᠯ᠎ᠤᠨ ᠲᠠᠭᠠᠳᠭᠠᠯ᠂ ᠦᠢᠯᠡᠳᠪᠦᠷᠢᠯᠡᠯ᠎ᠤᠨ ᠨᠥᠬᠦᠪᠥᠷᠢ᠎ᠠᠴᠠ ᠲᠠᠷᠢᠶᠠᠴᠢᠨ ᠠᠵᠤ ᠠᠬᠤᠢᠯᠠᠯ᠎ᠤᠨ ᠠᠱᠢᠭ ᠲᠤᠰᠠ᠎ᠶ᠋ᠢᠨ ᠬᠤᠯᠪᠤᠭᠠᠨ᠎ᠤ ᠲᠣᠭ᠍ᠲᠠᠴᠠ ᠬᠦᠷᠲᠡᠯ᠎ᠡ᠂ ᠬᠤᠱᠢᠭᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠣᠷᠳᠣᠨ ᠪᠥᠬᠦ᠌ ᠬᠡᠯᠬᠢᠶ᠎ᠡ᠎ᠪᠠᠷ ᠲᠡᠳᠬᠦᠵᠦ᠍᠂ ᠤᠯᠠᠭᠠᠨ ᠯᠠᠵᠤᠣᠶ᠋ᠢ ᠦᠨᠡᠨ ᠬᠦ᠌ ᠠᠷᠠᠳ᠎ᠤᠨ ᠣᠷᠣᠯᠭ᠎ᠠ᠎ᠵᠢ ᠨᠡᠮᠡᠭ᠌ᠳᠡᠭᠦᠯᠬᠦ᠌ ᠵᠠᠮ ᠪᠤᠯᠭᠠᠠ ᠬᠤᠪᠢᠷᠠᠭᠤᠯᠵᠠᠶ᠃ ᠲᠠᠷᠠᠭᠠᠴᠢ᠎ᠪᠠᠷ᠂ ᠤᠷᠠᠳ᠎ᠤᠨ ᠬᠤᠢᠲᠤ ᠬᠤᠱᠢᠭᠤ ᠦᠷᠭᠦᠯᠵᠢᠯᠡᠨ 《ᠺᠣᠮᠫᠠᠨᠢ᠂ ᠬᠤᠷᠱᠢᠶ᠎ᠠ᠂ ᠲᠠᠷᠢᠶᠠᠴᠢᠨ ᠡᠷᠦᠬᠡ》᠎ᠶ᠋ᠢᠨ ᠲᠣᠭ᠍ᠲᠠᠴᠠ᠎ᠶ᠋ᠢ ᠭᠦᠨᠵᠡᠭᠡᠢᠷᠡᠭᠦᠯᠵᠦ᠍᠂ ᠠᠵᠤ ᠦᠢᠯᠡᠰ᠎ᠤᠨ ᠬᠡᠯᠬᠢᠶ᠎ᠡ᠎ᠶ᠋ᠢ ᠤᠷᠲᠤᠳᠭᠠᠵᠤ᠂ ᠨᠡᠮᠡᠯᠲᠡ ᠥᠷᠲᠡᠭ᠎ᠢ ᠳᠡᠭᠡᠭ᠌ᠰᠢᠯᠡᠭᠦᠯᠵᠦ᠍᠂ ᠵᠢᠵᠢᠭ ᠯᠠᠵᠤᠤ᠎ᠶ᠋ᠢ ᠲᠠᠷᠢᠶᠠᠴᠢᠳ᠎ᠤᠨ ᠦᠷᠭᠦᠯᠵᠢᠯᠡᠨ ᠪᠠᠶᠠᠵᠢᠬᠤ᠂ ᠬᠥᠳᠡᠭᠡ ᠲᠣᠰᠭᠤᠨ᠎ᠤ ᠠᠵᠤ ᠦᠢᠯᠡᠰ᠎ᠤᠨ ᠬᠥᠭ᠌ᠵᠢᠯᠲᠡ᠎ᠶ᠋ᠢᠨ ᠶᠡᠭᠡ ᠲᠤᠯᠭᠠᠭᠤᠷᠢᠯᠠᠯ ᠪᠤᠯᠭᠠᠬᠤ ᠪᠤᠯᠤᠨ᠎ᠠ᠃