ᠬᠦᠬᠡᠬᠤᠳᠠ ᠵᠢᠨ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠰᠠᠯᠪᠤᠷᠢ ᠠᠩᠬᠢ 《 ᠪᠦᠬᠦ ᠤᠯᠤᠰ ᠤ᠋ᠨ ᠵᠠᠮ ᠬᠠᠷᠢᠯᠴᠠᠭᠠᠨ ᠤ᠋ ᠠᠮᠤᠷ ᠲᠦᠪᠰᠢᠨ ᠤ᠋ ᠡᠳᠦᠷ 》 ᠤ᠋ᠨ ᠭᠤᠤᠯ ᠰᠡᠳᠦᠪᠳᠦ ᠠᠵᠢᠯᠯᠠᠭ᠎ᠠ ᠦᠷᠨᠢᠬᠦᠯᠵᠡᠢ
2025-12-23 16:53:36
ᠵᠣᠬᠢᠶᠠᠭ᠍ᠴᠢ᠄
​ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠲᠦᠷᠦᠬᠦᠬᠡᠨ ᠬᠦᠬᠡᠬᠤᠳᠠ ᠵᠢᠨ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠵᠢᠨ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠰᠠᠯᠪᠤᠷᠢ ᠠᠩᠬᠢ ᠡᠴᠨ ᠭᠤᠤᠯᠯᠠᠨ ᠡᠷᠬᠢᠯᠡᠭᠰᠡᠨ ᠠᠷᠪᠠᠨ ᠲᠦᠷᠪᠡᠳᠡᠬᠢ 122 《ᠪᠦᠬᠦ ᠤᠯᠤᠰ ᠤ᠋ᠨ ᠵᠠᠮ ᠬᠠᠷᠢᠯᠴᠠᠭᠠᠨ ᠤ᠋ ᠠᠮᠤᠷ ᠲᠦᠪᠰᠢᠨ ᠤ᠋ ᠡᠳᠦᠷ》 ᠤ᠋ᠨ ᠭᠤᠤᠯ ᠰᠡᠳᠦᠪᠳᠦ ᠠᠬᠤᠢ ᠲᠠᠯᠠᠪᠠᠢ ᠵᠢᠨ ᠠᠵᠢᠯᠯᠠᠭ᠎ᠠ ᠬᠦᠬᠡᠬᠤᠳᠠ ᠳ᠋ᠸ᠋ ᠶᠠᠪᠤᠬᠳᠠᠪᠠ᠃

ᠠᠵᠢᠯᠯᠠᠭ᠎ᠠ ᠨᠢ ᠭᠤᠤᠯ ᠰᠡᠳᠦᠪᠳᠦ ᠤᠬᠠᠭᠤᠯᠭ᠎ᠠ ᠵᠢᠨ ᠹᠢᠯᠢᠮ 《ᠪᠤᠯᠪᠠᠰᠤᠨ ᠵᠠᠮ ᠬᠠᠷᠢᠯᠴᠠᠭ᠎ᠠ ᠂ ᠶᠤᠰᠤ ᠵᠢᠷᠤᠮ ᠲᠠᠢ ᠠᠶᠠᠯᠠᠬᠤ》 ᠪᠡᠷ ᠡᠬᠢᠯᠡᠵᠦ ᠂ ᠲᠡᠯᠬᠡᠴᠡᠨ ᠲᠡᠭᠡᠷᠡᠬᠢ ᠵᠠᠮ ᠬᠠᠷᠢᠯᠴᠠᠭᠠᠨ ᠤ᠋ ᠡᠮᠬᠢ ᠴᠡᠭᠴᠡᠳᠡᠢ ᠨᠡᠪᠳᠡᠷᠡᠬᠦ ᠵᠡᠷᠬᠡ ᠦᠵᠡᠭᠳᠡᠯ ᠨᠢ ᠦᠵᠡᠭᠴᠢᠳ ᠎ᠢ ᠪᠤᠯᠪᠠᠰᠤᠨ ᠵᠠᠮ ᠬᠠᠷᠢᠯᠴᠠᠭ᠎ᠠ ᠵᠢᠨ ᠠᠭᠤᠷ ᠠᠮᠢᠰᠬᠤᠯ ᠳ᠋ᠸ᠋ ᠤᠷᠤᠭᠤᠯᠪᠠ; ᠲᠠᠷᠠᠭ᠎ᠠ ᠳ᠋ᠤᠨᠢ᠂ ᠵᠠᠮ ᠬᠠᠷᠢᠯᠴᠠᠭᠠᠨ ᠤ᠋ ᠴᠠᠬᠳᠠᠭ᠎ᠠ ᠵᠢᠨ 《ᠠᠷᠢᠬᠢ ᠤᠤᠭᠤᠭᠠᠳ ᠮᠠᠰᠢᠨ ᠲᠡᠷᠬᠡ ᠵᠢᠯᠤᠭᠤᠳᠴᠤ ᠪᠤᠯᠬᠤ ᠦᠬᠡᠢ》 ᠬᠡᠬᠦ ᠲᠤᠬᠯᠠᠯᠳᠠ ᠶᠠᠪᠤᠬᠳᠠᠵᠤ᠂ ᠲᠡᠷᠢ ᠲᠡᠭᠰᠢ ᠨᠢᠬᠡᠳᠦᠯᠳᠡᠢ ᠬᠦᠳᠡᠯᠬᠡᠬᠡᠨ ᠂ ᠴᠢᠩᠭ᠎ᠠ ᠬᠦᠴᠦᠳᠡᠢ ᠤᠷᠢᠶ᠎ᠠ  ᠨᠢ 《ᠠᠷᠢᠬᠢ ᠤᠤᠭᠤᠭᠠᠳ ᠮᠠᠰᠢᠨ ᠲᠡᠷᠬᠡ ᠵᠢᠯᠤᠭᠤᠳᠬᠤ  ᠵᠢ  ᠲᠡᠪᠴᠢᠬᠦ》 ᠰᠡᠷᠡᠮᠵᠢᠯᠡᠬᠦᠯᠦᠯ ᠎ᠢ ᠦᠵᠡᠭᠴᠢᠳ ᠤ᠋ᠨ ᠰᠡᠳᠬᠢᠯ ᠳ᠋ᠸ᠋ ᠦᠯᠡᠳᠡᠬᠡᠵᠦ᠂ ᠪᠦᠬᠦ ᠲᠠᠯᠠᠪᠠᠢ ᠵᠢᠨ ᠠᠭᠤᠷ ᠠᠮᠢᠰᠬᠤᠯ ᠎ᠢ ᠬᠦᠭᠵᠢᠬᠡᠵᠡᠢ;《ᠪᠢᠳᠡᠨ ᠤ᠋ ᠢᠳᠡᠬᠡᠯ ᠪᠢᠰᠢᠷᠡᠯ》 ᠭᠡᠬᠦ ᠪᠦᠵᠢᠭ ᠨᠢ ᠠᠷᠠᠳ ᠤ᠋ᠨ ᠴᠠᠬᠳᠠᠭ᠎ᠠ ᠵᠢᠨ 《ᠠᠮᠤᠷ ᠠᠮᠤᠭᠤᠯᠠᠩ᠎ᠢ ᠬᠠᠮᠠᠭᠠᠯᠠᠬᠤ》 ᠤᠬ ᠰᠠᠨᠠᠭ᠎ᠠ ᠠᠭᠤᠯᠤᠬᠳᠠᠨ᠎ᠠ; ᠦᠵᠡᠭᠳᠡᠯᠳᠦ ᠵᠦᠴᠦᠬᠡ 《ᠡᠨᠡ  ᠬᠦ᠌ ᠵᠠᠮ ᠤ᠋ᠨ ᠪᠠᠯᠴᠢᠷ ᠨᠠᠢᠷ ᠲᠠᠯᠪᠢᠬᠰᠠᠨ ᠡᠴᠨ ᠪᠤᠯᠵᠤ ᠬᠠᠯᠠᠭᠤᠨ ᠲᠤᠯᠠᠭᠠᠨ ᠪᠤᠯᠪᠠ》 ᠬᠡᠳᠡᠭ ᠨᠢ ᠦᠨᠡᠨ ᠪᠤᠳᠠᠳᠠᠢ ᠬᠡᠷᠡᠭ ᠤ᠋ᠨ ᠵᠢᠱ᠌ᠢᠶ᠎ᠡ ᠵᠢ  ᠦᠬᠡᠷᠡᠴᠢᠯᠡᠨ ᠨᠠᠢᠷᠠᠭᠤᠯᠵᠤ᠂ ᠶᠠᠪᠠᠭᠠᠨ ᠬᠦᠮᠦᠨ ᠤ᠋ ᠵᠠᠮ ᠤ᠋ᠨ ᠡᠮᠦᠨ᠎ᠡ ᠵᠢᠯᠤᠭᠤᠴᠢ ᠡᠴᠡ ᠨᠠᠰᠤᠳᠠᠢ ᠬᠦᠮᠦᠨ ᠳ᠋ᠸ᠋ ᠨᠠᠢᠷ ᠲᠠᠯᠪᠢᠵᠤ᠂ ᠶᠠᠪᠠᠭᠠᠨ ᠬᠦᠮᠦᠨ ᠲᠤᠯᠤᠭᠠᠢ ᠲᠤᠬᠢᠵᠤ ᠲᠠᠯᠠᠷᠬᠠᠬᠰᠠᠨ ᠰᠡᠳᠬᠢᠯ᠎ᠢᠶᠡᠨ ᠢᠯᠡᠳᠬᠡᠭᠰᠡᠨ  ᠦᠵᠡᠭᠳᠡᠯ ᠎ᠢ ᠲᠤᠬᠯᠠᠪᠠ᠃

ᠠᠵᠢᠯᠯᠠᠭ᠎ᠠ ᠵᠢᠨ ᠠᠬᠤᠢ ᠲᠠᠯᠠᠪᠠᠢ ᠳ᠋ᠸ᠋ ᠪᠠᠰᠠ ᠬᠦᠬᠡᠬᠤᠳᠠ ᠵᠢᠨ ᠲᠤᠳᠤᠭᠠᠳᠤ ᠵᠢ ᠬᠠᠮᠠᠭᠠᠯᠠᠬᠤ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠰᠢᠰᠲᠸᠮ ᠤ᠋ᠨ 2025 ᠤᠨ ᠤ᠋ ᠰᠢᠯᠢᠳᠡᠭ ᠵᠠᠮ ᠬᠠᠷᠢᠯᠴᠠᠭᠠᠨ ᠤ᠋ ᠠᠮᠤᠷ ᠲᠦᠪᠰᠢᠨ ᠤ᠋ ᠤᠬᠠᠭᠤᠯᠭ᠎ᠠ ᠵᠢᠨ ᠸᠢᠳᠢᠣ᠋ ᠵᠢᠨ ᠪᠦᠳᠦᠬᠡᠯ ᠤ᠋ᠨ ᠱᠠᠩᠨᠠᠯ ᠬᠦᠷᠳᠡᠭᠰᠡᠨ ᠬᠠᠮᠳᠤ  ᠨᠡᠢᠳᠡ ᠳ᠋ᠸ᠋ ᠱᠠᠩᠨᠠᠯ ᠭᠠᠷᠳᠠᠭᠤᠯᠵᠠᠢ᠃ ᠭᠤᠤᠯ ᠬᠤᠷᠠᠯ ᠤ᠋ᠨ ᠲᠠᠯᠠᠪᠠᠢ ᠵᠢᠨ ᠭᠠᠳᠠᠨᠠᠬᠢ ᠬᠤᠷᠰᠢᠯ ᠲᠤᠭᠤᠷᠢᠬ ᠨᠢ ᠬᠦᠮᠦᠰ ᠤ᠋ᠨ ᠠᠩᠬᠠᠷᠤᠯ ᠎ᠢ ᠲᠠᠳᠠᠵᠤ᠂ ᠰᠡᠳᠦᠪ ᠬᠠᠷᠢᠭᠤᠯᠬᠤ ᠲᠤᠭᠤᠷᠢᠬ ᠲᠦ᠍ ᠪᠠᠭ᠎ᠠ ᠰᠤᠷᠭᠠᠭᠤᠯᠢ ᠵᠢᠨ ᠰᠤᠷᠤᠬᠴᠢᠳ 《ᠨᠢᠬᠡ ᠲᠤᠭᠤᠯᠠᠭ᠎ᠠ ᠨᠢᠬᠡ ᠠᠮᠤᠷ ᠲᠦᠪᠰᠢᠨ ᠤ᠋ ᠪᠦᠰᠡ》 ᠵᠢᠨ ᠰᠡᠳᠦᠪ ᠬᠠᠷᠢᠭᠤᠯᠬᠤ ᠫᠠᠢᠰᠠ ᠵᠢ ᠡᠷᠬᠦᠵᠦ ᠵᠠᠪᠳᠤᠨ ᠬᠠᠷᠢᠭᠤᠯᠤᠨ᠎ᠠ᠃ ᠠᠵᠢᠯᠯᠠᠭ᠎ᠠ ᠨᠢ ᠠᠮᠵᠢᠯᠳᠠ ᠲᠠᠢ ᠦᠨᠳᠦᠷᠯᠡᠵᠦ᠂ 《ᠪᠤᠯᠪᠠᠰᠤᠨ ᠵᠠᠮ ᠬᠠᠷᠢᠯᠴᠠᠭ᠎ᠠ᠂ ᠶᠤᠰᠤ ᠵᠢᠷᠤᠮ ᠲᠠᠢ ᠠᠶᠠᠯᠠᠬᠤ》 ᠤᠢᠯᠠᠭᠠᠬᠳᠠᠬᠤᠨ ᠎ᠢ ᠬᠦᠮᠦᠰ ᠤ᠋ᠨ ᠴᠡᠬᠡᠵᠢᠨ ᠳ᠋ᠸ᠋ ᠬᠠᠳᠠᠩᠰᠢᠭᠤᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号