​ᠵᠠᠷ ᠮᠡᠳᠡᠭᠡ ᠵᠢ ᠲᠣᠷ᠎ᠠ ᠪᠡᠷ ᠨᠠᠭᠠᠬᠣ ᠪᠡᠨ ᠪᠣᠯᠢᠭᠠᠴᠢ
2025-12-01 11:41:41
ᠵᠣᠬᠢᠶᠠᠭ᠍ᠴᠢ᠄
ᠱᠢ ᠹᠧᠩ
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ ᠰᠠᠭᠤᠭᠠᠯᠢ ᠠᠷᠠᠳ᠎ᠤᠨ ᠲᠤᠰᠬᠠᠭᠰᠠᠨ᠎ᠢᠶᠠᠷ᠂ ᠠᠰᠠᠷ᠎ᠦᠨ ᠬᠢᠨᠢ ᠶᠡᠬᠡ ᠡᠭᠦᠳᠡᠨ᠎ᠲᠡᠭᠡᠷ᠎ᠡ ᠵᠠᠷ ᠮᠡᠳᠡᠭᠡ ᠲᠦᠭᠦᠷᠡᠲᠡᠯ᠎ᠡ ᠨᠠᠭᠠᠵᠦ ᠬᠠᠶᠠᠴᠢᠬᠠᠭᠠᠳ ᠬᠦᠮᠦᠰ᠎ᠢ ᠦᠪᠡᠷ᠎ᠦᠨ ᠬᠡᠷ᠎ᠦᠨ ᠡᠬᠦᠳᠡ ᠪᠠᠨ ᠲᠠᠨᠢᠬᠣ ᠦᠬᠡᠢ ᠪᠣᠯᠭᠠᠬᠣ ᠬᠡᠮᠵᠢᠶᠡᠨ᠎ᠳᠦ ᠬᠦᠷᠬᠡᠵᠡᠢ᠃ ᠵᠢᠵᠢᠭ ᠵᠢᠵᠢᠭ ᠵᠠᠷ ᠮᠡᠳᠡᠭᠡ ᠵᠢ ᠬᠣᠳᠠ ᠵᠢᠨ 《ᠦᠬᠡᠷ ᠢᠯᠢᠳᠦ》 ᠬᠡᠮᠡᠨ ᠶᠠᠷᠢᠳᠠᠭ᠃ ᠡᠬᠦᠳᠡ᠂ ᠠᠰᠠᠷ᠎ᠤᠨ ᠬᠡᠷᠡᠮ᠂ ᠭᠠᠯ ᠤᠨᠲᠠᠷᠠᠭᠠᠭᠤᠷ ᠵᠡᠷᠭᠡ ᠭᠠᠵᠠᠷ᠎ᠦᠳ᠎ᠲᠦ ᠣᠨᠢᠰᠣ ᠨᠡᠭᠡᠭᠡᠬᠦ᠂ ᠣᠰᠣᠨ ᠬᠣᠭᠣᠯᠠᠢ ᠨᠡᠪᠳᠡᠷᠡᠬᠦᠯᠬᠦ᠂ ᠭᠡᠷ᠎ᠦᠨ ᠶᠠᠪᠤᠳᠠᠯ᠎ᠤᠨ ᠦᠢᠯᠡᠴᠢᠯᠡᠭᠡᠨ᠎ᠦ ᠲᠥᠷᠥᠯ᠎ᠦᠨ ᠵᠠᠷ ᠮᠡᠳᠡᠭᠡ ᠨᠦᠭᠦᠳ᠎ᠢ ᠶᠠᠬᠰᠢᠷᠠᠳᠠᠯ᠎ᠠ ᠨᠠᠭᠠᠭᠠᠰᠣᠳᠠᠢ ᠪᠠᠢᠳᠠᠭ᠃ 


QQ截图20251001113555.png


ᠨᠢᠬᠡ᠎ᠳᠦ᠂ ᠴᠡᠪᠡᠷᠯᠡᠬᠦ᠎ᠳᠦ ᠬᠦᠴᠢᠷᠲᠡᠢ᠂ 《ᠥᠩᠭᠡᠷᠡᠭᠰᠡᠨ᠎ᠳᠦ ᠵᠡᠷ ᠮᠡᠳᠡᠭᠡ ᠵᠢ ᠭᠠᠵᠠᠷ ᠪᠣᠯᠭᠠᠨ᠎ᠳᠦ ᠨᠠᠭᠠᠵᠦ ᠬᠠᠶᠠᠴᠢᠬᠠᠳᠠᠭ ᠪᠠᠢᠬᠰᠠᠨ ᠪᠣᠯ ᠣᠳᠣ ᠬᠠᠷᠢᠨ ᠰᠦᠷᠴᠢᠵᠦ ᠳᠠᠷᠤᠮᠠᠯᠯᠠᠭᠠᠳ ᠲᠠᠯᠪᠢᠴᠢᠬᠠᠬᠣ ᠪᠣᠯᠵᠠᠢ》; ᠬᠣᠶᠠᠷ᠎ᠲᠤ᠂ 《ᠡᠷᠦᠬᠡ᠎ᠳᠦ ᠦᠷᠭᠡᠨ ᠪᠦᠰᠠ ᠵᠢᠨ ᠰᠦᠯᠵᠢᠶ᠎ᠡ ᠣᠷᠣᠭᠣᠯᠵᠦ ᠦᠭᠬᠦᠨ᠎ᠠ》᠂ 《ᠪᠡᠶ᠎ᠡ ᠴᠢᠭᠢᠷᠠᠭᠵᠢᠭᠤᠯᠬᠤ ᠲᠥᠪ ᠠᠵᠢᠯ ᠡᠬᠢᠯᠡᠪᠡ》 ᠵᠡᠷᠭᠡ ᠵᠡᠷ ᠮᠡᠳᠡᠭᠡ ᠨᠢ ᠬᠠᠣᠯᠢ᠎ᠳᠦ ᠨᠡᠢᠴᠡᠭᠰᠡᠨ ᠵᠡᠷ ᠮᠡᠳᠡᠭᠡ᠎ᠳᠦ ᠲᠣᠭᠠᠴᠠᠭᠳᠠᠨ᠎ᠠ᠃ ᠭᠡᠲᠡᠯ᠎ᠡ ᠵᠠᠷᠢᠮ ᠵᠠᠷ ᠮᠡᠳᠡᠭᠡ᠎ᠶᠢᠨ ᠠᠭᠤᠯᠭ᠎ᠠ᠎ᠨᠢ ᠬᠠᠤᠯᠢ᠎ᠠᠴᠠ ᠵᠥᠷᠢᠴᠡᠭᠰᠡᠨ ᠪᠠᠢᠳᠠᠭ᠎ᠴᠤ ᠪᠣᠢ᠃ ᠬᠠᠤᠯᠢ ᠲᠣᠭᠲᠠᠭᠠᠯ᠎ᠤᠨ ᠲᠠᠯ᠎ᠠ᠎ᠪᠠᠷ ᠲᠡᠭᠦᠯᠳᠡᠷ ᠪᠤᠰᠤ ᠵᠢᠴᠢ ᠬᠡᠷᠡᠮ ᠬᠠᠨ᠎ᠠ ᠲᠡᠭᠡᠷ᠎ᠡ ᠵᠢᠵᠢᠭ ᠵᠠᠷ ᠮᠡᠳᠡᠭᠡ ᠨᠠᠭᠠᠬᠣ ᠵᠢᠨ ᠬᠠᠤᠯᠢ᠎ᠠᠴᠠ ᠵᠥᠷᠢᠴᠡᠬᠦ ᠥᠷᠲᠡᠭ ᠳᠣᠣᠷ᠎ᠠ ᠵᠡᠷᠭᠡ ᠰᠢᠯᠲᠠᠭᠠᠨ᠎ᠡᠴᠡ ᠪᠣᠯᠵᠤ ᠵᠠᠰᠠᠨ ᠴᠡᠭᠴᠡᠯᠡᠬᠦ᠎ᠳᠦ ᠬᠦᠴᠢᠷ ᠪᠠᠢᠨ᠎ᠠ᠃ ᠡᠬᠦᠨ᠎ᠢ ᠵᠠᠰᠠᠨ ᠴᠡᠭᠴᠡᠯᠡᠬᠦ᠎ᠳᠦ ᠨᠢᠬᠡ ᠲᠠᠯ᠎ᠠ ᠪᠡᠷ ᠣᠲᠣ᠌᠎ᠶᠢᠨ ᠬᠠᠤᠯᠢ ᠲᠣᠭᠲᠠᠭᠠᠯ᠎ᠢ ᠲᠡᠭᠦᠯᠳᠡᠷᠵᠢᠭᠦᠯᠵᠦ᠂ ᠦᠨᠳᠦᠰᠦᠨ ᠱᠠᠲᠤᠨ᠎ᠤ ᠬᠠᠤᠯᠢ ᠬᠡᠷᠡᠭᠵᠢᠭᠦᠯᠬᠦ᠎ᠳᠦ ᠦᠨᠡᠨ ᠪᠣᠳᠠᠲᠠᠢ ᠦᠨᠳᠦᠰᠦᠯᠡᠯ ᠬᠠᠩᠭᠠᠵᠤ᠂ ᠬᠠᠤᠯᠢ ᠪᠤᠰᠤ ᠵᠢᠵᠢᠭ ᠵᠠᠷ ᠮᠡᠳᠡᠭᠡ᠎ᠳᠦ ᠬᠦᠴᠦᠲᠡᠢ ᠠᠷᠭ᠎ᠠ ᠬᠡᠮᠵᠢᠶ᠎ᠡ ᠠᠪᠣᠪᠠᠯ ᠲᠠᠭᠠᠷᠠᠨ᠎ᠠ᠃ ᠨᠥᠭᠥᠭᠡ ᠲᠠᠯ᠎ᠠ᠎ᠪᠠᠷ ᠬᠠᠤᠯᠢ᠎ᠳᠦ ᠨᠡᠢᠴᠡᠭᠰᠡᠨ ᠵᠠᠷ᠎ᠮᠡᠳᠡᠭᠡ᠎ᠳᠦ ᠣᠷᠣᠰᠢᠨ ᠲᠣᠭᠲᠠᠨᠢᠬᠤ ᠣᠷᠣᠨ ᠵᠠᠢ ᠦᠯᠡᠳᠡᠭᠡᠵᠦ ᠥᠭᠪᠡᠯ ᠵᠤᠬᠢᠨ᠎ᠡ᠃ 

—  《ᠠᠵᠦ ᠠᠬᠣᠢ ᠵᠢᠨ ᠡᠳᠦᠷ ᠎ᠦᠨ ᠰᠣᠨᠢᠨ》 ᠡᠴᠡ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号