ᠴᠠᠬ ᠣᠯᠠᠷᠢᠯ ᠬᠢᠭᠡᠳ ᠴᠠᠬ ᠠᠭᠣᠷ
2025-12-01 11:17:39
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠴᠠᠰᠣ ᠪᠣᠷᠣᠭᠠᠨ ᠴᠠᠬ ᠤ᠋ᠨ ᠵᠢᠮ᠎ᠠ ᠪᠡᠷ ᠶ᠋ᠢᠡᠨ ᠲᠦᠮᠡᠨ ᠪᠣᠲᠠᠰ ᠢ᠋ ᠣᠮᠲᠠᠯᠠᠵᠦ ᠦᠷᠬᠦᠯᠵᠢᠯᠡᠬᠦ ᠨᠢ ᠰᠠᠢᠬᠠᠨ


ᠡᠪᠦᠯ ᠤ᠋ᠨ ᠠᠭᠣᠷ ᠣᠷᠣᠬᠰᠠᠨ ᠡᠳᠦᠷ ᠬᠦᠬᠡᠬᠣᠲᠠ ᠳ᠋ᠦ ᠬᠦᠢᠲᠡᠨ ᠪᠣᠷᠣᠭᠠᠨ ᠰᠢᠪᠡᠷᠡᠨ᠎ᠡ᠃ ᠵᠣᠨ ᠳ᠋ᠠᠭᠠᠨ ᠣᠷᠣᠵᠦ ᠠᠮᠵᠢᠬᠰᠠᠨ ᠦᠭᠡᠢ ᠪᠣᠷᠣᠭᠠᠨ ᠡᠪᠦᠯ ᠪᠣᠯᠬᠣ ᠳ᠋ᠦ ᠶᠠᠭᠠᠷᠠᠵᠦ ᠭᠡᠨᠡᠳᠲᠡ ᠰᠡᠭᠡᠰᠬᠢᠭᠰᠡᠨ ᠮᠡᠲᠦ ᠢᠩᠬᠢᠵᠦ ᠰᠢᠪᠡᠷᠡᠲᠡᠭ ᠨᠢ ᠭᠠᠢᠬᠠᠯᠲᠠᠢ᠃ ᠲᠠᠯᠠᠨ ᠬᠠᠷ᠎ᠠ ᠠᠭᠣᠯᠠ ᠵᠢᠨ ᠠᠷᠣ ᠳ᠋ᠦ ᠪᠠᠰᠠ ᠴᠠᠰᠣ ᠬᠢᠷᠮᠠᠬᠯᠠᠬᠰᠠᠨ ᠭᠡᠵᠦ ᠰᠦᠯᠵᠢᠶ᠎ᠡ ᠪᠡᠷ ᠰᠠᠴᠣᠬᠲᠠᠵᠦ ᠣᠯᠠᠨ ᠬᠦᠮᠦᠰ ᠱᠣᠣᠬᠢᠯᠲᠣᠨ᠎ᠠ᠃ ᠨᠠᠰᠣᠲᠠᠢᠴᠣᠳ ᠤ᠋ᠨ ᠬᠠᠭᠣᠴᠢᠯᠠᠬᠣ ᠪᠡᠷ᠂ ᠡᠪᠦᠯ ᠤ᠋ᠨ ᠠᠭᠣᠷ ᠣᠷᠣᠬᠰᠠᠨ ᠡᠳᠦᠷ ᠬᠣᠷ᠎ᠠ ᠲᠠᠢ ᠪᠣᠯ ᠢᠷᠡᠬᠦ ᠵᠢᠯ ᠬᠣᠷ᠎ᠠ ᠪᠣᠷᠣᠭᠠᠨ ᠡᠯᠪᠡᠭ ᠭᠡᠯᠴᠡᠲᠡᠭ᠃ 《ᠠᠮᠠᠨ ᠤ᠋ ᠪᠡᠯᠭᠡ ᠡᠴᠡ ᠠᠰᠢᠲᠠ ᠵᠢᠨ ᠪᠡᠯᠭᠡ》 ᠭᠡᠲᠡᠭᠴᠢᠯᠡᠨ ᠣᠬᠲᠣᠨ ᠢᠷᠡᠬᠦ ᠰᠢᠨ᠎ᠡ ᠵᠢᠯ ᠳ᠋ᠦ ᠦᠨᠡᠬᠡᠷ ᠲᠡᠷᠡ ᠶᠣᠰᠣᠭᠠᠷ ᠪᠣᠯᠵᠦ ᠬᠣᠷ᠎ᠠ ᠪᠣᠷᠣᠭᠠᠨ ᠲᠡᠭᠰᠢ᠂ ᠲᠠᠷᠢᠶ᠎ᠠ ᠲᠦᠮᠦᠰᠦ ᠲᠦᠷᠦᠵᠦ᠂ ᠲᠠᠪᠣᠨ ᠬᠣᠰᠢᠭᠣ ᠮᠠᠯ ᠦᠨᠢᠷ ᠦᠰᠪᠡᠯ ᠴᠣᠬᠣᠮ ᠬᠦᠮᠦᠨ ᠠᠷᠠᠳ ᠤ᠋ᠨ ᠵᠢᠷᠭᠠᠯ ᠭᠡᠵᠦ ᠮᠡᠳᠡ⁈

ᠴᠠᠬ ᠣᠯᠠᠷᠢᠯ ᠬᠢᠭᠡᠳ ᠴᠠᠬ ᠠᠭᠣᠷ ᠭᠡᠵᠦ ᠨᠢᠭᠡ ᠯᠡ ᠦᠰᠦᠭ ᠤ᠋ᠨ ᠵᠦᠷᠢᠶᠡᠨ ᠲᠠᠢ ᠪᠣᠯᠪᠠᠴᠣ ᠬᠣᠭᠣᠷᠣᠨᠲᠣ ᠪᠠᠨ ᠨᠠᠷᠢᠨ ᠰᠢᠷᠢᠨ ᠬᠠᠷᠢᠴᠠᠭ᠎ᠠ ᠬᠣᠯᠪᠣᠭ᠎ᠠ ᠲᠠᠢ ᠶᠣᠮ᠃ ᠲᠡᠷᠡ ᠨᠢ ᠪᠦᠷ ᠣᠲᠣᠲᠣ ᠲᠡᠭᠷᠢ᠂ ᠣᠷᠴᠢᠬᠣ ᠴᠠᠬ ᠤ᠋ᠨ ᠦᠵᠡᠭᠲᠡᠯ ᠢᠯᠡᠳᠭᠡᠮᠵᠢ ᠪᠠᠢᠵᠦ ᠲᠠᠭᠠᠷᠠᠨ᠎ᠠ᠃ ᠣᠬᠠᠭᠠᠨᠲᠣ ᠲᠡᠭᠡᠲᠦᠰ ᠮᠢᠨᠢ ᠠᠯᠢ ᠡᠷᠳᠡ ᠡᠴᠡ ᠣᠲᠣᠲᠠᠢ ᠲᠡᠭᠷᠢ ᠣᠷᠴᠢᠵᠦ ᠤᠨ ᠵᠢᠯ ᠣᠯᠠᠷᠢᠬᠣ ᠵᠢᠮ᠎ᠠ ᠶᠣᠰᠣ ᠵᠢ ᠠᠵᠢᠬᠯᠠᠨ ᠰᠢᠨᠵᠢᠯᠡᠵᠦ᠂ ᠭᠠᠷᠠᠬ ᠣᠲᠣᠳ ᠤ᠋ᠨ ᠬᠦᠲᠡᠯᠭᠡᠭᠡᠨ ᠤ᠋ ᠲᠠᠪᠲᠠᠬᠲᠠᠬᠣ ᠴᠠᠬ ᠬᠣᠭᠣᠴᠠᠭ᠎ᠠ ᠵᠢ 360 ᠬᠣᠨᠣᠬ ᠲᠦ᠍ ᠪᠠᠬᠲᠠᠭᠠᠨ ᠨᠢᠭᠡ ᠵᠢᠯ ᠭᠡᠵᠦ ᠨᠡᠷᠡᠯᠡᠨ᠂ ᠲᠡᠬᠦᠨ ᠢ᠋ ᠪᠠᠨ ᠬᠠᠪᠣᠷ᠂ ᠵᠣᠨ᠂ ᠨᠠᠮᠣᠷ᠂ ᠡᠪᠦᠯ ᠭᠡᠵᠦ ᠲᠦᠷᠪᠡᠨ ᠶᠡᠬᠡ ᠣᠯᠠᠷᠢᠯ ᠳ᠋ᠦ ᠬᠣᠪᠢᠶᠠᠵᠦ᠂ ᠣᠯᠠᠷᠢᠯ ᠪᠦᠷᠢ ᠵᠢᠨ ᠨᠠᠷᠢᠨ ᠬᠦᠲᠡᠯᠭᠡᠭᠡᠨ ᠤ᠋ ᠦᠢᠯᠡ ᠶᠠᠪᠣᠴᠠ ᠪᠡᠷ ᠬᠣᠷᠢᠨ ᠲᠦᠷᠪᠡᠨ ᠴᠠᠬ ᠣᠯᠠᠷᠢᠯ ᠭᠡᠵᠦ ᠬᠣᠪᠢᠶᠠᠨ ᠨᠡᠷᠡᠯᠡᠭᠰᠡᠨ ᠪᠢᠯᠡ᠃ ᠲᠡᠭᠡᠬᠦ ᠳ᠋ᠡᠭᠡᠨ ᠵᠣᠬᠢᠬᠣ ᠣᠳᠬ᠎ᠠ ᠡᠴᠡ ᠦᠬᠦᠯᠡᠪᠡᠯ ᠴᠠᠬ ᠣᠯᠠᠷᠢᠯ ᠬᠢᠭᠡᠳ ᠴᠠᠬ ᠠᠭᠣᠷ ᠨᠢ ᠬᠦᠮᠦᠨ ᠲᠦᠷᠦᠯᠬᠢᠲᠡᠨ ᠬᠢᠭᠡᠳ ᠡᠬᠡ ᠪᠠᠢᠭᠠᠯᠢ ᠵᠢᠨ ᠬᠠᠷᠢᠴᠠᠭ᠎ᠠ ᠬᠣᠯᠪᠣᠭ᠎ᠠ ᠵᠢ ᠲᠣᠲᠣᠷᠬᠠᠢᠯᠠᠵᠦ ᠪᠠᠢᠲᠠᠬ ᠶᠣᠮ᠃ ᠲᠦᠷᠪᠡᠨ ᠣᠯᠠᠷᠢᠯ ᠭᠡᠵᠦ ᠲᠦᠯᠵᠢᠬᠦ᠂ ᠲᠡᠯᠭᠡᠷᠡᠬᠦ᠂ ᠭᠣᠨᠲᠠᠬᠣ᠂ ᠵᠣᠯᠭᠠᠷᠠᠬᠣ ᠪᠠᠢᠭᠠᠯᠢ ᠵᠢᠨ ᠵᠢᠮ᠎ᠡ ᠵᠢ ᠬᠠᠷᠠᠭᠣᠯᠬᠣ ᠳ᠋ᠦ ᠲᠦᠷᠦᠬᠦ᠂ ᠦᠰᠬᠦ᠂ ᠦᠲᠡᠯᠬᠦ᠂ ᠦᠬᠦᠬᠦ ᠭᠡᠮᠡᠬᠦ ᠠᠮᠢᠲᠣᠷᠠᠯ ᠤ᠋ᠨ ᠵᠢᠮ᠎ᠠ ᠪᠡᠷ ᠬᠦᠮᠦᠨ ᠨᠡᠢᠭᠡᠮ ᠦᠷᠬᠦᠯᠵᠢᠯᠡᠲᠡᠭ᠃ ᠨᠢᠭᠡ ᠵᠢᠯ ᠳ᠋ᠦ 365 ᠡᠳᠦᠷ ᠲᠠᠢ ᠭᠡᠬᠦ ᠳ᠋ᠦ ᠬᠦᠮᠦᠨ ᠤ᠋ ᠪᠡᠶ᠎ᠡ ᠵᠢᠨ ᠰᠠᠯᠲᠠᠷ ᠲᠦ᠍ 365 ᠪᠡᠯᠴᠢᠷ ᠲᠠᠢ ᠪᠠᠢᠵᠦ᠂ ᠲᠡᠷᠡᠴᠢᠯᠡᠨ ᠬᠦᠮᠦᠨ ᠤ᠋ ᠪᠡᠶ᠎ᠡ ᠵᠢᠨ ᠬᠡᠪ ᠤ᠋ᠨ ᠲᠣᠯᠠᠭᠠᠨ ᠤ᠋ ᠬᠡᠮᠵᠢᠶ᠎ᠡ ᠨᠢ ᠴᠦ᠍ 36.5 ᠭᠷᠡᠳᠦᠢ᠍ᠰ ᠶ᠋ᠢᠡᠷ ᠬᠡᠮᠵᠢᠶᠡᠯᠡᠲᠡᠭ᠃ ᠡᠨᠡ᠎ᠬᠦ ᠲᠣᠭ᠎ᠠ ᠶᠡᠬᠡ ᠰᠣᠨᠢᠷᠬᠠᠯᠲᠠᠢ ᠰᠠᠨᠠᠬᠲᠠᠬᠣ ᠪᠢᠵᠠ? ᠡᠳᠡᠭᠡᠷ ᠲᠣᠭ᠎ᠠ ᠪᠠᠷᠢᠮᠲᠠ ᠪᠦᠬᠦᠨ ᠢ᠋ ᠠᠯᠪᠠ ᠪᠡᠷ ᠲᠣᠬᠣᠵᠦ ᠲᠠᠭᠠᠷᠠᠭᠣᠯᠣᠬᠰᠠᠨ ᠭᠡᠬᠦ ᠳ᠋ᠦ ᠨᠡᠬᠡᠷᠡᠨ ᠢᠲᠡᠭᠡᠵᠦ ᠶᠠᠲᠠᠮᠠᠷ ᠶᠣᠮ᠃

ᠰᠠᠬᠯᠠᠭᠠᠷ ᠮᠣᠲᠣᠨ ᠤ᠋ ᠰᠠᠯᠠᠭᠠᠨ ᠳ᠋ᠦ ᠡᠬᠦᠷᠯᠡᠭᠰᠡᠨ ᠱᠠᠭᠠᠵᠠᠭᠠᠢ ᠬᠦᠷᠲᠡᠯ᠎ᠡ ᠬᠣᠷ᠎ᠠ ᠲᠠᠢ ᠵᠢᠯ ᠪᠣᠯᠣᠨ ᠭᠠᠩ ᠲᠠᠢ ᠵᠢᠯ ᠢ᠋ ᠠᠨᠲᠠᠯ ᠦᠭᠡᠢ ᠮᠡᠳᠡᠵᠦ᠂ ᠡᠬᠦᠷ ᠶ᠋ᠢᠡᠨ ᠵᠠᠰᠠᠵᠦ ᠪᠠᠷᠢᠲᠠᠬ ᠠᠲᠠᠯ᠎ᠠ ᠣᠬᠠᠭᠠᠨᠲᠣ ᠬᠦᠮᠦᠨ ᠲᠦᠷᠦᠯᠬᠢᠲᠡᠨ ᠢ᠋ ᠨᠡᠩ ᠶᠠᠭᠣᠨ ᠦᠬᠦᠯᠡᠬᠦ ᠠᠵᠢ? ᠡᠪᠦᠭᠡ ᠲᠡᠭᠡᠲᠦᠰ ᠮᠠᠨᠢ ᠣᠷᠲᠣ ᠣᠲᠠᠭᠠᠨ ᠬᠣᠭᠣᠴᠠᠭᠠᠨ ᠤ᠋ ᠦᠢᠯᠡᠳᠪᠦᠷᠢᠯᠡᠯ ᠠᠮᠢᠲᠣᠷᠠᠯ ᠤ᠋ᠨ ᠲᠣᠮᠲᠠ ᠪᠠᠨ ᠠᠮᠢᠲᠠᠨ᠂ ᠣᠷᠭᠣᠮᠠᠯ᠂ ᠡᠳ᠋ ᠪᠣᠲᠠᠰ ᠵᠡᠷᠭᠡ ᠵᠢᠨ ᠶᠡᠷᠦ ᠪᠣᠰᠣ ᠵᠢᠨ ᠰᠡᠷᠡᠭᠲᠡᠯ ᠲᠣᠰᠬᠠᠯ᠂ ᠢᠯᠡᠷᠡᠯ ᠬᠣᠪᠢᠷᠠᠯ ᠪᠠ ᠡᠬᠦᠯᠡ᠂ ᠮᠠᠨᠠᠨ᠂ ᠰᠠᠯᠬᠢ᠂ ᠪᠣᠷᠣᠭᠠᠨ᠂ ᠨᠠᠷᠠ᠂ ᠰᠠᠷᠠ᠂ ᠣᠲᠣᠨ ᠮᠡᠴᠢᠳ ᠤ᠋ᠨ ᠡᠯᠲᠡᠪ ᠬᠣᠪᠢᠷᠠᠯ ᠢ᠋ ᠦᠨᠳᠦᠰᠦᠯᠡᠨ ᠴᠠᠬ ᠠᠭᠠᠷ ᠢ᠋ ᠲᠦᠰᠦᠭᠡᠯᠡᠨ ᠰᠢᠨᠵᠢᠵᠦ᠂ 《ᠮᠠᠯ ᠶ᠋ᠢᠡᠨ ᠪᠡᠯᠴᠢᠭᠡᠬᠦ ᠳ᠋ᠡᠭᠡᠨ ᠦᠷᠯᠦᠭᠡ ᠵᠢᠨ ᠨᠠᠷᠠ ᠵᠢ ᠬᠠᠷᠠᠵᠦ᠂ ᠮᠠᠯ ᠶ᠋ᠢᠡᠨ ᠬᠣᠲᠠᠯᠠᠬᠣ ᠳ᠋ᠠᠭᠠᠨ ᠰᠢᠩᠭᠡᠬᠦ ᠨᠠᠷᠠ ᠵᠢ ᠠᠵᠢᠲᠠᠬ》 ᠣᠴᠢᠷ ᠲᠠᠢ᠃ ᠲᠡᠷᠡᠴᠢᠯᠡᠨ ᠠᠵᠢᠯ ᠦᠢᠯᠡ ᠡᠬᠦᠰᠭᠡᠵᠦ ᠰᠡᠲᠦᠬᠦ ᠳ᠋ᠡᠭᠡᠨ ᠴᠦ᠍ ᠡᠳᠦᠷ ᠤ᠋ᠨ ᠰᠠᠢᠨ ᠢ᠋ ᠦᠵᠡᠵᠦ᠂ ᠴᠠᠬ ᠤ᠋ᠨ ᠰᠠᠢᠨ ᠢ᠋ ᠰᠢᠨᠵᠢᠵᠦ᠂ ᠭᠠᠷᠣᠮᠠᠬᠴᠠ ᠭᠠᠨᠵᠣᠭ᠎ᠠ ᠲᠦᠬᠦᠷᠡᠩ ᠪᠣᠯᠬᠣ ᠵᠢ ᠪᠡᠯᠭᠡᠰᠢᠶᠡᠭᠰᠡᠨ ᠨᠢ ᠮᠦᠨ ᠡᠬᠦᠨ ᠡᠴᠡ ᠢᠷᠡᠯᠲᠡ ᠲᠠᠢ ᠭᠡᠯᠲᠡᠢ᠃

ᠴᠠᠬ ᠤ᠋ᠨ ᠶᠠᠭᠣᠮ᠎ᠠ ᠴᠠᠬ ᠲᠠᠭᠠᠨ ᠭᠡᠲᠡᠭ᠃ ᠲᠡᠭᠡᠬᠦ ᠳ᠋ᠡᠭᠡᠨ ᠠᠭᠣᠷ ᠠᠮᠢᠰᠬᠣᠯ ᠣᠯᠠᠷᠢᠯ ᠳ᠋ᠠᠭᠠᠨ ᠵᠣᠬᠢᠴᠠᠵᠦ᠂ ᠴᠠᠰᠣ ᠪᠣᠷᠣᠭᠠᠨ ᠴᠠᠬ ᠤ᠋ᠨ ᠵᠢᠮ᠎ᠠ ᠪᠡᠷ ᠶ᠋ᠢᠡᠨ ᠲᠦᠮᠡᠨ ᠪᠣᠲᠠᠰ ᠢ᠋ ᠣᠮᠲᠠᠯᠠᠵᠦ ᠦᠷᠬᠦᠯᠵᠢᠯᠡᠬᠦ ᠨᠢ ᠴᠦ᠍ ᠰᠠᠢᠬᠠᠨ ᠶᠣᠮ ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号